​ᠶᠦᠩᠷᠦ᠋ᠩᠳᠠᠮᠪᠠ
ᠨᠡᠶᠢᠲᠡᠯᠡᠭᠰᠡᠨ ᠴᠠᠭ᠄
2018/11/28

ᠶᠦᠩᠷᠦ᠋ᠩᠳᠠᠮᠪᠠ ︵1910 —  ︶  ᠂ ᠲᠠᠶᠢᠹᠤᠰᠧ ᠵᠡᠬᠦᠨ ᠭᠠᠷ ᠰᠦᠷᠦᠭ ᠤᠨ ᠬᠦᠯᠦ ᠴᠠᠭᠠᠨ ᠬᠤᠰᠢᠭᠤᠨ ᠤ

ᠲᠤᠮᠳᠠ ᠤᠰᠤᠨ ᠤ ᠬᠦᠮᠦᠨ  ᠃  ᠪᠠᠭ᠎ᠠ ᠠᠴᠠ ᠪᠠᠨ ᠮᠠᠯᠠᠭᠠᠢ ᠶᠢᠨ ᠰᠦᠮ᠎ᠡ ᠳᠤ ᠪᠠᠨᠳᠢ ᠪᠤᠯᠵᠤ ᠨᠤᠮ ᠰᠤᠷᠴᠤ᠂

ᠠᠷᠪᠠᠨ ᠲᠤᠯᠤᠭᠠᠨ ᠨᠠᠰᠤᠨ ᠳᠠᠭᠠᠨ ᠨᠤᠳᠭ ᠠᠴᠠ ᠪᠠᠨ ᠰᠠᠯᠵᠤ ᠡᠬᠦᠷᠭᠡ ᠡᠬᠦᠷᠴᠦ ᠪᠠᠷᠠᠭᠤᠨᠰᠢ ᠠᠶᠠᠯᠠᠵᠠᠢ᠃

ᠲᠡᠭᠡᠷ᠎ᠡ ᠵᠠᠭᠤᠨ ᠤ ᠭᠤᠴᠢᠭᠠᠳ ᠤᠨ ᠤ ᠡᠬᠢ ᠪᠠᠷ ᠤᠯᠠᠭᠠᠨᠴᠠᠪ ᠠᠶᠢᠮᠠᠭ ᠤᠨ ᠲᠦᠷᠪᠡᠳ ᠬᠤᠰᠢᠭᠤᠨ ᠤ

ᠰᠢᠷᠠᠮᠦ᠋ᠷᠡᠨ ᠰᠦᠮ᠎ᠡ ᠳᠤ ᠬᠡᠳᠦᠨ ᠵᠢᠯ ᠨᠤᠮ ᠪᠢᠰᠢᠯᠭᠠᠨ ᠰᠠᠭᠤᠵᠤ᠂ ᠰᠡᠬᠦᠯᠡᠷ ᠨᠢ  ᠬᠦᠬᠡᠨᠠᠭᠤᠷ ᠮᠤᠵᠢ ᠶᠢᠨ

ᠬᠦᠮᠪᠦᠮ ᠬᠡᠶᠢᠳ ᠲᠤ ᠬᠦᠷᠴᠦ᠂ ᠰᠢᠷ᠎ᠠ ᠶᠢᠨ  ᠱᠠᠰᠢᠨ ᠤ ᠨᠤᠮ ᠰᠤᠷᠭᠠᠯ ᠢ ᠤᠳᠠᠭᠠᠨ ᠵᠢᠯ ᠬᠦᠷᠳᠡᠭᠡᠳ᠂

ᠴᠤᠶᠢᠷᠸ᠎ᠠ ᠶᠢᠨ ᠤᠬᠠᠭᠠᠨ ᠤ ᠯᠾᠠᠷᠠᠮᠪᠠ ᠴᠤᠯᠠ  ᠠᠪᠤᠭᠰᠠᠠ ᠪᠠᠶᠢᠨ᠎ᠠ᠃ 1959 ᠤᠨ ᠳᠤ ᠲᠦᠷᠪᠡᠳ ᠬᠤᠰᠢᠭᠤᠨ

 ᠳᠤ ᠢᠷᠡᠵᠦ᠂  ᠰᠢᠷᠡᠮᠦ᠋ᠷᠡᠨ ᠰᠦᠮ᠎ᠡ ᠶᠢᠨ ᠬᠠᠪᠢ ᠪᠠᠷ ᠨᠤᠳᠤᠭᠰᠢᠵᠤ ᠪᠠᠶᠢᠭᠰᠠᠨ ᠢᠶᠠᠨ ︽ᠰᠤᠶᠤᠯ ᠤᠨ ᠬᠤᠪᠢᠰᠬᠠᠯ

︾  ᠦᠩᠭᠡᠷᠡᠭᠰᠡᠨ ᠤ ᠲᠠᠷᠠᠭ᠎ᠠ ᠰᠢᠷᠡᠮᠦ᠋ᠷᠡᠨ ᠰᠦᠮ᠎ᠡ ᠳᠡᠭᠡᠨ ᠤᠴᠢᠵᠤ ᠰᠠᠭᠤᠭᠰᠠᠨ ᠪᠦᠬᠡᠳ ᠰᠦᠮ᠎ᠡ ᠶᠢ ᠰᠡᠷᠬᠦᠬᠡᠨ

ᠵᠠᠰᠠᠵᠤ᠂ ᠱᠠᠰᠢᠨ ᠰᠢᠳᠦᠯᠬᠡ ᠶᠢ ᠬᠠᠮᠠᠭᠠᠯᠠᠵᠤ ᠬᠦᠭᠵᠢᠬᠦᠯᠬᠦ ᠳᠤ ᠵᠢᠳᠬᠦᠯ ᠨᠡᠮᠡᠷᠢᠯᠡᠭᠰᠡᠨ ᠪᠠᠶᠢᠯ᠎ᠠ᠃ ᠲᠡᠷᠡ  ᠪᠠᠰᠠ

ᠡᠪᠡᠳᠴᠢᠨ ᠲᠠᠬᠤᠯ ᠢ ᠠᠨᠠᠭᠠᠵᠤ ᠵᠠᠰᠠᠬᠤ᠂  ᠠᠷᠭᠠᠯᠠᠵᠤ ᠲᠤᠮᠨᠤᠬᠤ᠂  ᠡᠳᠦᠷ ᠰᠤᠳᠤᠷ ᠦᠵᠡᠬᠦ᠂ ᠲᠦᠯᠬᠡ  

ᠪᠠᠷᠢᠬᠤ ᠳᠠᠭᠠᠨ ᠰᠠᠶᠢᠨ ᠪᠤᠯᠬᠤᠷ ᠤᠯᠠᠭᠠᠨᠴᠠᠪ ᠤᠨ ᠮᠤᠩᠭᠤᠯ ᠬᠤᠰᠢᠭᠤᠳ ᠤᠨ ᠲᠤᠳᠤᠷ᠎ᠠ ᠲᠤᠩ ᠶᠡᠭᠡ ᠢᠳᠡᠭᠡᠯ

ᠬᠦᠨᠳᠦ ᠲᠠᠢ ᠪᠤᠯᠵᠤ᠂ ︽ᠬᠠᠯᠵᠠᠨ ᠮᠠᠮᠠ︾ ᠭᠡᠪᠡᠯ ᠪᠠᠷᠤᠭ ᠮᠡᠳᠡᠬᠦ ᠦᠬᠡᠢ ᠬᠦᠮᠦᠨ ᠦᠬᠡᠢ ᠪᠠᠶᠢᠳᠠᠭ᠃  

ᠶᠦᠩᠷᠦ᠋ᠩᠳᠠᠮᠪᠠ ᠲᠦᠷᠪᠡᠳ ᠬᠤᠰᠢᠭᠤᠨ ᠤ ᠤᠯᠤᠰ ᠲᠦᠷᠦ ᠶᠢᠨ ᠵᠦᠪᠯᠡᠯᠬᠡᠨ ᠤ ᠬᠡᠰᠢᠬᠦᠨ  ᠪᠤᠯᠵᠤ ᠦᠩᠭᠡᠷᠡᠭᠰᠡᠨ

ᠪᠦᠬᠡᠳ ᠬᠠᠮᠢᠶ᠎ᠠ ᠪᠦᠬᠦᠢ ᠰᠠᠯᠠᠭ᠎ᠠ ᠮᠦᠴᠢᠷ ᠤᠨ ᠱᠠᠩᠨᠠᠯ ᠰᠠᠶᠢᠰᠢᠶᠠᠯ ᠢ ᠤᠯᠠᠨ ᠤᠳᠠᠭ᠎ᠠ ᠬᠦᠷᠳᠡᠭᠰᠡᠨ ᠪᠠᠶᠢᠨ᠎ᠠ᠃

 
ᠢᠷᠡᠯᠲᠡ᠄ ᠲᠠᠶᠢᠹᠦᠰᠧ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号