ᠶᠠᠩᠰᠠᠩ ︵1890 — 1955︶ ᠂ ᠲᠠᠶᠢᠹᠤᠰᠧ ᠵᠡᠬᠦᠨ ᠭᠠᠷ ᠰᠦᠷᠦᠭ ᠤᠨ ᠬᠦᠪᠡᠭᠡᠳᠦ ᠴᠠᠭᠠᠨ | ᠬᠤᠰᠢᠭᠤᠨ ᠤ ᠡᠮᠦᠨ᠎ᠡ ᠵᠢᠷᠠᠨ ᠤᠰᠤᠨ ᠤ ᠬᠦᠮᠦᠨ᠂ ᠭᠡᠷᠡᠶᠢᠳ ᠤᠪᠤᠭ ᠲᠠᠢ ᠂ ᠦᠬᠡᠷ᠎ᠡ ᠨᠡᠷ᠎ᠡ ᠨᠢ | ᠭᠤᠩᠴᠤᠭᠷᠠᠰᠢ᠂ ᠨᠤᠳᠤᠭ ᠤᠨ ᠬᠦᠮᠦᠰ ᠶᠠᠩᠳᠠᠳᠠᠢ ᠬᠡᠵᠦ ᠲᠠᠭᠤᠳᠠᠳᠠᠭ᠃ ᠪᠠᠭ᠎ᠠ ᠠᠴᠠ ᠪᠠᠨ ᠰᠦᠮ᠎ᠡ ᠳᠤ ᠪᠠᠨᠳᠢ | ᠪᠤᠯᠵᠤ ᠱᠠᠪᠢᠯᠠᠨ᠂ ᠮᠤᠩᠭᠤᠯ ᠡᠮᠨᠡᠯᠬᠡ ᠶᠢᠨ ᠠᠨᠠᠭᠠᠬᠤ ᠤᠬᠠᠭᠠᠨ ᠢ ᠬᠢᠴᠢᠶᠡᠩᠬᠦᠶᠢᠯᠡᠨ ᠰᠤᠷᠴᠠᠢ᠃ ᠵᠠᠯᠠᠭᠤ ᠨᠠᠰᠤᠨ | ᠳᠠᠭᠠᠨ ᠪᠠᠷᠠᠭᠤᠨᠰᠢ ᠠᠶᠠᠯᠠᠵᠤ᠂ ᠪᠠᠳᠺᠠᠷ ᠵᠤᠤ᠂ ᠯᠠᠪᠷᠠᠩ ᠬᠡᠶᠢᠳ᠂ ᠬᠦᠮᠪᠦᠮ᠂ ᠯᠾᠠᠰᠠ ︵ᠮᠦᠩᠬᠡ ᠵᠤᠤ︶ ᠵᠡᠷᠭᠡ | ᠭᠠᠵᠠᠷ ᠤᠷᠤᠨ ᠳᠤ ᠶᠠᠪᠠᠭᠠᠨ ᠬᠦᠷᠦᠭᠡᠳ᠂ ᠨᠤᠮ ᠰᠤᠳᠤᠷ᠂ ᠠᠨᠠᠭᠠᠬᠤ ᠤᠬᠠᠭᠠᠨ ᠢ ᠴᠢᠨᠠᠭᠰᠢᠳᠠ ᠰᠤᠳᠤᠯᠤᠨ | ᠰᠤᠷᠤᠯᠴᠠᠭᠰᠠᠨ ᠪᠦᠬᠡᠳ ᠴᠠᠰᠢ ᠪᠠᠨ ᠪᠠᠰᠠ ᠪᠤᠷᠬᠠᠨ ᠤ ᠤᠷᠤᠨ ᠬᠡᠮᠡᠭᠳᠡᠭᠴᠢ ᠨᠧᠫᠧᠯ ᠤᠯᠤᠰ ᠲᠤ ᠬᠦᠷᠴᠦ | ᠮᠦᠷᠬᠦᠯ ᠬᠢᠭᠡᠳ ᠢᠷᠡᠵᠡᠢ᠃ ᠰᠡᠬᠦᠯᠡᠷ ᠨᠢ ᠶᠡᠭᠡ ᠬᠦᠷᠢᠶ᠎ᠡ ︵ ᠤᠳᠤᠬᠢ ᠤᠯᠠᠭᠠᠨᠪᠠᠭᠠᠳᠤᠷ︶ ᠳᠤ ᠤᠴᠢᠵᠤ᠂ | ᠭᠠᠪᠵᠤ ᠴᠤᠯᠠ ᠬᠠᠮᠠᠭᠠᠯᠠᠪᠠ᠃ ᠲᠡᠭᠡᠷ᠎ᠡ ᠵᠠᠭᠤᠨ ᠤ ᠭᠤᠴᠢᠭᠠᠳ ᠤᠨ ᠤ ᠰᠡᠬᠦᠯᠴᠢ ᠪᠠᠷ ᠭᠡᠭᠡᠨ ᠬᠡᠶᠢᠳ ︵ | ᠤᠳᠤᠬᠢ ᠪᠡᠶᠢᠰᠡ ᠶᠢᠨ ᠰᠦᠮ᠎ᠡ︶ ᠳᠤ ᠨᠤᠮ ᠪᠢᠰᠢᠯᠭᠠᠯ ᠬᠢᠬᠦ ᠶᠢᠨ ᠬᠠᠮᠳᠤ ᠡᠪᠡᠳᠴᠢᠨ ᠡᠮᠨᠡᠵᠦ ᠰᠠᠭᠤᠭᠰᠠᠨ | ᠪᠠᠶᠢᠨ᠎ᠠ᠃ 1949 ᠤᠨ ᠳᠤ ᠨᠤᠳᠤᠭ ᠲᠠᠭᠠᠨ ᠪᠤᠴᠠᠵᠤ ᠢᠷᠡᠭᠡᠳ᠂ ᠠᠴᠢ ᠬᠦᠪᠡᠬᠦᠨ ᠪᠦᠷᠵᠢ ᠪᠠᠨ ᠲᠦᠰᠢᠨ | ᠰᠠᠭᠤᠵᠤ᠂ ᠦᠷᠬᠦᠯᠵᠢᠯᠡᠨ ᠡᠮᠨᠡᠯᠬᠡ ᠶᠢᠨ ᠠᠵᠢᠯ ᠢᠶᠠᠨ ᠬᠢᠵᠦ ᠪᠠᠶᠢᠪᠠ᠃ ᠲᠡᠷᠡᠪᠡᠷ ᠤᠯᠠᠨ ᠭᠠᠵᠠᠷ ᠤᠷᠤᠨ ᠢᠶᠠᠷ | ᠶᠠᠪᠤᠵᠤ ᠡᠮ ᠤᠨ ᠮᠠᠲ᠋ᠧᠷᠢᠶᠠᠯ ᠴᠤᠭᠯᠠᠭᠤᠯᠳᠠᠭ ᠪᠤᠯᠬᠤᠷ ᠡᠮ ᠲᠠᠩ ᠨᠢ ᠪᠦᠷᠢᠨ ᠮᠦᠷᠳᠡᠭᠡᠨ ᠴᠢᠨᠠᠷ ᠰᠠᠶᠢᠳᠠᠢ | ᠪᠠᠶᠢᠳᠠᠭ᠃ ᠢᠯᠠᠩᠭᠤᠶ᠎ᠠ ᠬᠠᠪᠤᠳᠠᠷ ᠡᠪᠡᠳᠴᠢᠨ᠂ ᠡᠮᠡᠭᠳᠡᠢ ᠶᠢᠨ ᠡᠪᠡᠳᠴᠢᠨ᠂ ᠲᠠᠪᠤᠨ ᠴᠤᠯᠤ ᠶᠢᠨ ᠡᠪᠡᠳᠴᠢᠨ ᠢ | ᠰᠠᠶᠢᠨ ᠡᠮᠨᠡᠳᠡᠭ᠃ ᠬᠤᠳᠠᠨ ᠤ ᠬᠢᠨᠢ ᠨᠢᠬᠡ ᠬᠡᠦᠭᠡᠳ ᠭᠠᠯᠵᠠᠭᠤ ᠨᠤᠬᠠᠢ ᠳᠤ ᠬᠠᠵᠠᠭᠳᠠᠭᠠᠳ᠂ ᠭᠡᠷ ᠤᠨ ᠬᠢᠨᠢ | ᠠᠷᠭ᠎ᠠ ᠮᠤᠬᠤᠷᠳᠠᠨ ᠰᠠᠨᠳᠤᠷᠴᠤ ᠪᠠᠶᠢᠬᠤ ᠳᠤ ᠶᠠᠩᠰᠠᠩ ᠡᠮᠴᠢ ᠵᠠᠭᠤᠨ ᠬᠤᠨᠤᠭ ᠤᠨ ᠴᠡᠭᠡᠷ ᠬᠢᠵᠦ ᠡᠮ ᠤᠤᠭᠤᠯᠭᠠᠨ | ᠂ ᠰᠢᠭᠡᠰᠦ ᠪᠠᠷ ᠨᠢ ︽ᠲᠤᠯᠤᠭᠠᠨ ᠬᠦᠯᠦᠬᠡ︾ ᠲᠠᠭᠤᠵᠤ ᠭᠠᠷᠭᠠᠭᠠᠳ ᠬᠤᠭ ᠦᠬᠡᠢ ᠡᠳᠡᠭᠡᠭᠡᠭᠰᠡᠨ ᠭᠡᠳᠡᠭ᠃ | ᠶᠠᠩᠰᠠᠩ ᠡᠮᠴᠢ ᠶᠢ ᠨᠠᠰᠤ ᠨᠦᠭᠴᠢᠭᠰᠡᠨ ᠤ ᠲᠠᠷᠠᠭ᠎ᠠ᠂ ᠭᠡᠷ ᠤᠨ ᠬᠦᠮᠦᠰ ᠨᠢ ᠲᠡᠬᠦᠨ ᠤ ᠭᠡᠷᠡᠭᠯᠡᠵᠦ ᠪᠠᠶᠢᠭᠰᠠᠨ | ᠭᠡᠳᠦᠨ ᠲᠦᠮᠡᠨ ᠲᠦᠬᠦᠷᠢᠭ ᠤᠨ ᠦᠷᠳᠡᠭ ᠪᠦᠬᠦᠢ ᠬᠤᠪᠤᠷ ᠴᠤᠬᠠᠭ ᠡᠮ ᠪᠠ ᠡᠮ ᠤᠨ ᠮᠠᠲ᠋ᠧᠷᠢᠶᠠᠯ ᠢ ᠨᠢ | ᠲᠠᠶᠢᠹᠤᠰᠧ ᠬᠤᠰᠢᠭᠤᠨ ᠤ ᠡᠮᠨᠡᠯᠬᠡ ᠶᠢᠨ ᠬᠤᠷᠢᠶ᠎ᠠ ᠳᠤ ᠦᠨ᠎ᠡ ᠲᠦᠯᠦᠪᠦᠷᠢ ᠦᠬᠡᠢ ᠲᠤᠰᠢᠶᠠᠨ ᠦᠭᠴᠡᠢ᠃ |