ᠵᠦᠩᠨᠡᠢ ᠮᠠᠶᠢᠷᠠᠨ ︵1862 — 1931︶᠂ ᠲᠠᠶᠢᠹᠤᠰᠧ ᠵᠡᠬᠦᠨ ᠭᠠᠷ ᠤᠨ ᠨᠡᠷᠡᠳᠦ ᠭᠠᠷ ᠤᠷᠠᠯᠢᠭᠴᠢᠨ᠂ | ᠤᠷᠠᠨ ᠲᠠᠷᠬᠠᠨ ᠤ ᠨᠢᠬᠡ᠃ ᠵᠡᠬᠦᠨ ᠭᠠᠷ ᠰᠦᠷᠦᠭ ᠤᠨ ᠬᠦᠪᠡᠭᠡᠳᠦ ᠰᠢᠷ᠎ᠠ ᠬᠤᠰᠢᠭᠤᠨ ᠤ ᠠᠳᠤᠭᠤᠨ ᠲᠠᠷᠤᠭ᠎ᠠ | ᠪᠤᠯᠵᠤ ᠦᠩᠭᠡᠷᠡᠵᠡᠢ᠃ ᠪᠠᠭ᠎ᠠ ᠠᠴᠠ ᠪᠠᠨ ᠭᠠᠷ ᠤᠷᠠᠨ᠂ ᠡᠯᠳᠡᠪ ᠠᠮᠢᠳᠠᠨ ᠢ ᠰᠢᠪᠠᠷ ᠢᠶᠠᠷ ᠬᠢᠵᠦ ᠮᠤᠳᠤ ᠪᠠᠷ | ᠰᠡᠶᠢᠯᠬᠦ ᠨᠢ ᠠᠮᠢᠳᠤ ᠶᠤᠮᠰᠢᠭ ᠪᠠᠶᠢᠳᠠᠭ ᠭᠡᠨ᠎ᠡ᠃ ᠲᠡᠬᠦᠨ ᠤ ᠰᠡᠶᠢᠯᠦᠭᠰᠡᠨ ᠮᠤᠩᠭᠤᠯ ᠰᠢᠳᠠᠷ᠎ᠠ ᠶᠢ ᠬᠦᠮᠦᠰ | ᠠᠭᠳᠠ ᠮᠤᠷᠢ ᠪᠠᠷ ᠰᠤᠯᠢᠵᠤ ᠠᠪᠳᠠᠭ ᠭᠡᠰᠡᠨ ᠃ ᠰᠢᠳᠠᠷ᠎ᠠ ᠶᠢᠨ ᠪᠤᠳᠠ ᠪᠠ ᠬᠦᠦ ᠨᠢ ᠲᠤᠰ ᠲᠤᠰ ᠤᠨ ᠤᠨᠴᠠᠯᠢᠭ | ᠲᠦᠷᠢ ᠲᠠᠢ᠂ ᠦᠨᠡᠭᠡᠷ ᠠᠮᠢᠳᠤ ᠭᠡᠮᠡᠷ ᠪᠠᠶᠢᠵᠠᠢ᠃ ᠶᠠᠫᠤᠨ ᠤᠷᠤᠵᠤ ᠢᠷᠡᠭᠰᠡᠨ ᠤ ᠲᠠᠷᠠᠭ᠎ᠠ᠂ ᠲᠡᠬᠦᠨ ᠤ | ᠰᠡᠶᠢᠯᠪᠦᠷᠢᠯᠡᠭᠰᠡᠨ ᠰᠢᠳᠠᠷ᠎ᠠ ᠶᠢ ᠤᠯᠵᠤ ᠦᠵᠡᠭᠡᠳ ᠶᠡᠬᠡᠳᠡ ᠪᠠᠭ᠋ᠠᠷᠬᠠᠨ ᠲᠤᠭᠤᠵᠤ ᠤᠯᠤᠰ ᠲᠠᠭᠠᠨ ᠶᠠᠪᠤᠭᠤᠯᠵᠠᠢ᠃ | ᠶᠠᠫᠤᠨ ᠤ ᠱᠠᠭᠠᠷᠳᠠᠯᠭ᠎ᠠ ᠪᠠᠷ ᠵᠦᠩᠨᠡᠢ ᠮᠠᠶᠢᠷᠠᠨ ᠤ ᠲᠤᠤᠷ᠎ᠠ ᠦᠶ᠎ᠡ ᠪᠤᠯᠬᠤ ᠮᠠᠰᠢᠪᠠᠭᠠᠳᠤᠷ ᠭᠡᠳᠡᠭ ᠬᠦᠮᠦᠨ ᠪᠠᠰᠠ | ᠨᠢᠬᠡ ᠬᠤᠪᠢ ᠰᠢᠳᠠᠷ᠎ᠠ ᠰᠡᠶᠢᠯᠪᠦᠷᠢᠯᠡᠵᠦ ᠦᠭᠬᠦᠭᠰᠡᠨ ᠳᠤ ᠲᠦᠷᠦᠬᠦᠦ ᠰᠡᠶᠢᠯᠪᠦᠷᠢ ᠪᠠᠨ ᠬᠦᠷᠬᠦ ᠦᠬᠡᠢ ᠪᠤᠯᠤᠯ᠎ᠠ | ᠭᠡᠳᠡᠭ᠃ ᠵᠦᠩᠨᠡᠢ ᠮᠠᠶᠢᠷᠠᠨ ᠤ ᠰᠡᠶᠢᠯᠦᠭᠰᠡᠨ ᠰᠢᠳᠠᠷ᠎ᠠ ᠨᠢ ᠤᠳᠤ ᠪᠠᠰᠠ ᠠᠷᠠᠳ ᠤᠨ ᠲᠤᠮᠳᠠ ᠬᠠᠳᠠᠭᠠᠯᠠᠭᠳᠠᠭᠰᠠᠭᠠᠷ | ᠪᠠᠶᠢᠨ᠎ᠠ᠃ |