ᠵᠠᠮᠢᠶᠠᠨᠵᠠᠮᠰᠤ
ᠨᠡᠶᠢᠲᠡᠯᠡᠭᠰᠡᠨ ᠴᠠᠭ᠄
2018/11/28

ᠵᠠᠮᠢᠶᠠᠨᠵᠠᠮᠰᠤ ︵1908 —1984︶᠂  ᠲᠠᠶᠢᠹᠤᠰᠧ ᠵᠡᠬᠦᠨ ᠭᠠᠷ ᠰᠦᠷᠦᠭ ᠤᠨ ᠬᠦᠪᠡᠭᠡᠳᠦ ᠰᠢᠷ᠎ᠠ

ᠬᠤᠰᠢᠭᠤᠨ ᠤ ᠠᠷᠤ ᠪᠤᠯᠠᠭ ᠭᠡᠳᠡᠭ  ᠭᠠᠵᠠᠷ ᠲᠦᠷᠦᠵᠡᠢ᠃ ᠠᠪᠤ ᠡᠵᠢ ᠨᠢ ᠡᠷᠳᠡ ᠨᠠᠰᠤ ᠪᠠᠷᠠᠭᠰᠠᠨ ᠲᠤᠯᠠ ᠬᠠᠷ᠎ᠠ

ᠪᠠᠭ᠎ᠠ ᠠᠴᠠ ᠪᠠᠨ ᠠᠬ᠎ᠠ ᠷᠠᠳᠨᠠᠪᠠᠽᠠᠷ ᠢᠶᠠᠨ ᠲᠠᠭᠠᠵᠤ ᠶᠠᠳᠠᠭᠤ ᠵᠦᠳᠡᠬᠦᠦ ᠠᠮᠢᠳᠤᠷᠠᠯ ᠢ ᠲᠤᠭᠤᠯᠤᠨ᠂  ᠠᠶᠢᠯ ᠳᠤ

ᠬᠤᠨᠢ ᠮᠠᠯ ᠬᠠᠷᠢᠭᠤᠯᠵᠤ  ᠪᠠᠶᠢᠭᠰᠠᠨ ᠢᠶᠠᠨ ᠰᠡᠬᠦᠯᠡᠷ ᠨᠢ ᠮᠠᠯᠠᠭᠠᠢ ᠶᠢᠨ ᠰᠦᠮ᠎ᠡ ᠳᠤ ᠤᠴᠢᠨ᠂ ᠮᠤᠩᠭᠤᠯ ᠲᠦᠪᠡᠳ

ᠪᠢᠴᠢᠭ ᠲᠤ ᠨᠡᠪᠳᠡᠷᠡᠭᠰᠡᠨ ᠲᠤᠬᠤᠢ ᠶᠢᠨ ᠠ᠊ ᠬᠠᠮᠪᠤ ᠳᠤ ᠱᠠᠪᠢ ᠤᠷᠤᠵᠤ᠂ ᠨᠤᠮ ᠰᠤᠳᠤᠷ᠂ ᠠᠨᠠᠭᠠᠬᠤ ᠤᠬᠠᠭᠠᠨ᠂

ᠡᠮ ᠤᠨ ᠵᠤᠷ ᠢ ᠬᠢᠴᠢᠶᠡᠩᠬᠦᠶᠢᠯᠡᠨ ᠰᠤᠷᠤᠭᠰᠠᠨ ᠪᠠᠶᠢᠨ᠎ᠠ᠃ ᠡᠶᠢᠨ ᠬᠦ᠋᠂ ᠵᠠᠯᠠᠭᠤ ᠨᠠᠰᠤᠨ ᠳᠠᠭᠠᠨ ᠲᠦᠪᠡᠳ ᠨᠤᠮ

 ᠳᠤ ᠨᠡᠯᠢᠶᠡᠳ ᠬᠦᠨ ᠨᠡᠪᠳᠡᠷᠡᠵᠦ᠂ ᠴᠢᠭᠡᠴᠢ ᠰᠡᠳᠬᠢᠯ ᠢᠶᠠᠷ ᠪᠢᠰᠢᠯᠭᠠᠯ ᠬᠢᠵᠦ᠂  ᠮᠢᠩᠭᠠᠨ ᠬᠤᠨᠤᠭ ᠤᠨ ᠨᠦᠩᠨᠡᠢ

ᠰᠠᠬᠢᠭᠠᠳ ︽ᠲᠢᠶᠠᠨᠴᠢ ᠮᠠᠮᠠ︾ ᠬᠡᠵᠦ ᠨᠡᠷ᠎ᠡ ᠠᠯᠳᠠᠷᠰᠢᠭᠰᠠᠨ ᠪᠠᠶᠢᠪᠠ᠃ ᠴᠢᠯᠦᠭᠡᠯᠡᠭᠳᠡᠭᠰᠡᠨ ᠤ ᠲᠠᠷᠠᠭ᠎ᠠ ᠨᠠᠮ

ᠵᠠᠰᠠᠭ ᠤᠨ ᠤᠷᠢᠶᠠᠯᠠᠭ᠎ᠠ ᠶᠢ ᠲᠠᠭᠠᠨ᠂  ᠡᠮ ᠲᠠᠩ   ᠢᠶᠠᠨ  ᠠᠪᠴᠤ ᠬᠤᠷᠰᠢᠭᠰᠠᠨ ᠮᠤᠩᠭᠤᠯ ᠡᠮᠨᠡᠯᠬᠡ ᠶᠢᠨ

ᠬᠤᠷᠢᠶ᠎ᠠ ᠳᠤ ᠠᠵᠢᠯᠯᠠᠵᠤ᠂ ᠮᠤᠷᠢ ᠪᠠᠨ ᠤᠨᠤᠵᠤ ᠪᠤᠭᠴᠤ ᠪᠠᠨ ᠡᠬᠦᠷᠦᠭᠡᠳ  ᠂ ᠮᠠᠯᠴᠢᠨ ᠲᠦᠮᠡᠨ ᠤ ᠪᠠᠨ

ᠡᠪᠡᠳᠴᠢᠨ ᠲᠠᠬᠤᠯ ᠢ ᠡᠮᠴᠢᠯᠡᠵᠦ ᠪᠠᠶᠢᠪᠠ᠃ 1960 ᠤᠨ ᠳᠤ ᠨᠢᠭᠡᠳᠦᠯ ᠤᠨ ᠡᠮᠨᠡᠯᠬᠡ ᠶᠢᠨ ᠬᠤᠷᠢᠶ᠎ᠠ ᠨᠢ ᠡᠮᠴᠢ

 ᠪᠠᠨ ᠴᠦᠭᠡᠳᠭᠡᠬᠦ ᠳᠤ ᠭᠡᠷ ᠲᠡᠭᠡᠨ ᠬᠠᠷᠢᠭᠰᠠᠨ ᠪᠤᠯᠪᠠᠴᠤ᠂ ᠮᠦᠨ ᠯᠠ ᠡᠮ ᠪᠠᠷᠢᠵᠤ ᠡᠪᠡᠳᠴᠢᠨ ᠦᠵᠡᠵᠦ ᠤᠯᠠᠨ

ᠲᠦᠮᠡᠨ ᠳᠡᠭᠡᠨ ᠦᠢᠯᠡᠴᠢᠯᠡᠵᠦ ᠶᠠᠪᠤᠵᠠᠢ᠃ ᠲᠤᠬᠠᠢ ᠶᠢᠨ ᠦᠶ᠎ᠡ ᠳᠤ ᠨᠢᠬᠡ  ᠬᠦᠮᠦᠨ ᠡᠪᠡᠳᠴᠢᠯᠡᠬᠡᠳ ᠶᠠᠮᠠᠷ ᠠᠷᠭ᠎ᠠ

ᠠᠪᠤᠭᠰᠠᠨ ᠠᠤ ᠲᠤᠰᠠ ᠪᠤᠯᠬᠤ ᠦᠬᠡᠢ ᠰᠠᠨᠳᠤᠷᠭᠠᠵᠤ ᠪᠠᠶᠢᠬᠤ ᠳᠤ ︽ᠲᠢᠶᠠᠨᠴᠢ ᠮᠠᠮᠠ︾ ᠬᠤᠨᠢᠨ ᠤ ᠬᠠᠪᠢᠷᠭᠠᠨ

ᠶᠠᠰᠤᠨ ᠤ ᠱᠦᠯᠦ ᠪᠠᠷ ᠲᠠᠷᠤᠭᠤᠯᠵᠤ ᠤᠤᠭᠤᠳᠠᠭ ᠡᠮ ᠢ ᠠᠷᠪᠠᠭᠠᠳᠬᠠᠨ ᠲᠦᠩ ᠤᠤᠭᠤᠯᠭᠠᠭᠠᠳ᠂ ᠡᠪᠡᠳᠴᠢᠨ ᠢ  

ᠡᠳᠡᠭᠡᠷᠡᠬᠦᠯᠵᠦ ᠲᠡᠩᠭᠡᠷᠡᠬᠦᠯᠦᠭᠰᠡᠨ ᠭᠡᠳᠡᠭ᠃ ᠪᠠᠰᠠ ᠨᠢᠬᠡ ᠬᠦᠮᠦᠨ ᠬᠤᠯᠤᠭᠠᠨ᠎ᠠ ᠶᠢᠨ ᠡᠮ ᠳᠤ ᠬᠤᠤᠷᠳᠠᠭᠳᠠᠵᠤ᠂

ᠴᠢᠭᠤᠯᠤᠯᠳᠤ ᠬᠠᠭᠠᠯᠭ᠎ᠠ ᠶᠢᠨ 251 ᠴᠡᠷᠢᠭ ᠤᠨ ᠡᠮᠨᠡᠯᠬᠡ ᠳᠤ ᠬᠠᠭᠠᠰ ᠵᠢᠯ ᠡᠮᠨᠡᠬᠦᠯᠦᠭᠡᠳ ᠰᠠᠶᠢᠵᠢᠷᠠᠬᠤ ᠦᠬᠡᠢ᠂

ᠬᠦᠮᠦᠨ  ᠲᠦᠰᠢᠵᠦ ᠲᠤᠯᠬᠤ ᠦᠬᠡᠢ ᠪᠤᠯ ᠠᠮᠢᠰᠬᠤᠯ ᠨᠢ ᠴᠢᠬᠤᠯᠳᠠᠵᠤ᠂ ᠪᠤᠰᠴᠤ ᠰᠠᠭᠤᠬᠤ ᠳᠤ ᠪᠡᠷᠭᠡᠳᠡᠢ ᠪᠠᠶᠢᠪᠠ᠃

︽ᠲᠢᠶᠠᠨᠴᠢ ᠮᠠᠮᠠ︾  ᠬᠡᠳᠦᠨ ᠡᠳᠦᠷ ᠨᠢᠬᠳᠠᠯᠠᠨ ᠤᠷᠤᠯᠳᠤᠵᠤ ᠪᠠᠶᠢᠭᠠᠳ ᠲᠤᠰᠬᠠᠢ ᠡᠮ ᠨᠠᠶᠢᠷᠠᠭᠤᠯᠤᠨ ᠰᠠᠷ᠎ᠠ

ᠢᠯᠡᠬᠦᠦ ᠤᠤᠭᠤᠯᠭᠠᠭᠰᠠᠨ ᠳᠤ᠂ ᠭᠡᠳᠡᠰᠦᠨ ᠤ ᠬᠠᠪᠤᠳᠠᠷ ᠨᠢ ᠬᠠᠷᠢᠵᠤ᠂ ᠠᠮᠢᠰᠬᠤᠯ ᠳᠤ ᠲᠡᠨᠢᠬᠦᠨ ᠪᠤᠯᠤᠭᠠᠳ᠂

ᠪᠡᠶ᠎ᠡ ᠨᠢ ᠡᠷᠡᠬᠦᠯ ᠬᠡᠪ ᠲᠡᠭᠡᠨ ᠤᠷᠤᠭᠰᠠᠨ ᠪᠠᠶᠢᠯ᠎ᠠ᠃ ᠲᠤᠰ ᠬᠤᠰᠢᠭᠤᠨ ᠤ ᠰᠢᠩ ᠱᠧᠩ ᠰᠢᠶᠠᠩ ᠤᠨ ᠨᠠᠮ ᠤᠨ

ᠡᠬᠦᠷ ᠤᠨ ᠱᠦᠵᠢ ᠪᠠᠶᠢᠭᠰᠠᠨ ᠯᠢ ᠤᠪᠤᠭᠳᠤ ᠠᠷᠪᠠᠨ ᠨᠠᠰᠤᠨ ᠳᠠᠭᠠᠨ ᠠᠭᠤᠰᠬᠢᠨ ᠰᠦᠷᠢᠶ᠎ᠡ ᠳᠤ  ᠨᠡᠷᠪᠡᠭᠳᠡᠵᠦ

ᠪᠦᠭᠰᠢᠵᠦ ᠬᠠᠨᠢᠶᠠᠭᠠᠳ ᠠᠮᠢᠰᠬᠤᠯ ᠨᠢ ᠪᠦᠭᠯᠡᠷᠡᠵᠦ ᠰᠠᠨᠳᠤᠷᠬᠤᠯᠠᠷ ᠠᠪᠤ ᠨᠢ ︽ᠲᠢᠶᠠᠨᠴᠢ ᠮᠠᠮᠠ︾   ᠶᠢ ᠭᠤᠶᠤᠵᠤ  

ᠦᠵᠡᠬᠦᠯᠵᠡᠢ᠃ ︽ᠲᠢᠶᠠᠨᠴᠢ ᠮᠠᠮᠠ︾ ᠰᠠᠷ᠎ᠠ ᠢᠯᠡᠬᠦᠦ ᠶᠢᠨ ᠡᠮ ᠤᠤᠭᠤᠯᠭᠠᠵᠤ  ᠤᠷᠬᠠᠭ ᠦᠬᠡᠢ  ᠰᠠᠶᠢᠬᠠᠨ

ᠡᠳᠡᠭᠡᠷᠡᠬᠦᠯᠦᠭᠰᠡᠨ ᠳᠤ  ᠯᠢ ᠤᠪᠤᠭᠳᠤ ᠪᠠᠶᠠᠷᠯᠠᠬᠤ ᠳᠠᠭᠠᠨ ᠦᠬᠢᠨ ᠳᠡᠭᠡᠨ ᠬᠠᠭᠤᠷᠠᠢ ᠠᠪᠤ  ᠲᠠᠨᠢᠭᠤᠯᠤᠭᠰᠠᠨ

ᠪᠦᠬᠡᠳ  ᠰᠡᠬᠦᠯᠡᠷ ᠨᠢ ᠮᠠᠮᠠ ᠶᠢ ᠬᠦᠨᠳᠦ ᠡᠪᠡᠳᠴᠢᠯᠡᠭᠡᠳ ᠪᠠᠶᠢᠬᠤ ᠳᠤ ᠠᠮᠢ ᠠᠪᠤᠷᠠᠭᠰᠠᠨ ᠠᠴᠢᠳᠤ ᠬᠦᠮᠦᠨ ᠬᠡᠮᠡᠨ

᠂ ᠲᠤᠰᠬᠠᠶᠢᠯᠠᠨ ᠢᠷᠡᠵᠦ ᠠᠷᠪᠠᠭᠠᠳ ᠬᠤᠨᠤᠭ ᠠᠰᠠᠷᠠᠨ ᠰᠤᠪᠢᠯᠠᠵᠤ ᠪᠠᠶᠢᠭᠠᠳ ᠮᠤᠷᠢᠯᠠᠭᠤᠯᠤᠭᠰᠠᠨ ᠭᠡᠳᠡᠭ᠃

ᠵᠠᠮᠢᠶᠠᠨᠵᠠᠮᠰᠤ 1963 ᠤᠨ ᠳᠤ ᠦᠪᠦᠷ ᠮᠤᠩᠭᠤᠯ ᠤᠨ ᠱᠠᠰᠢᠨ ᠰᠤᠷᠳᠠᠬᠤᠨ ᠤ ᠠᠵᠢᠯ ᠤᠨ ᠬᠤᠷᠠᠯᠳᠤᠭᠠᠨ ᠳᠤ

ᠤᠷᠤᠯᠴᠠᠵᠤ ᠦᠩᠭᠡᠷᠡᠵᠡᠢ᠃ ᠨᠠᠰᠤ ᠪᠠᠷᠠᠭᠰᠠᠨ ᠤ ᠬᠢᠨᠢ ᠲᠠᠷᠠᠭ᠎ᠠ ᠲᠡᠬᠦᠨ ᠤ ᠭᠡᠷᠢᠶᠡᠰ ᠶᠤᠰᠤᠭᠠᠷ᠂ ᠲᠠᠬᠢᠵᠤ

ᠪᠠᠶᠢᠭᠰᠠᠨ ᠠᠯᠳᠠᠨ ᠪᠤᠷᠬᠠᠨ᠂ ᠮᠦᠩᠬᠦᠨ ᠲᠠᠬᠢᠯ᠂ ᠬᠠᠳᠠᠭᠠᠯᠠᠵᠤ ᠪᠠᠶᠢᠭᠰᠠᠨ ᠬᠤᠪᠤᠷ ᠴᠤᠬᠠᠭ ᠨᠤᠮ ᠰᠤᠳᠤᠷ᠂ ᠡᠮ

 ᠤᠨ ᠵᠤᠷ ᠢ ᠨᠢ ᠪᠡᠭᠡᠵᠢᠩ ᠤᠨ ᠶᠦᠩ ᠾᠧ ᠬᠦᠩ ︵ᠨᠠᠶᠢᠷᠠᠯᠳᠤ ᠨᠠᠶᠢᠷᠠᠮᠳᠠᠬᠤ ᠰᠦᠮ᠎ᠡ︶   ᠤᠨ ᠬᠡᠪᠬᠦᠢ ᠯᠠᠮᠠ

ᠲᠠᠮᠪᠠ ᠳᠤ ᠬᠦᠷᠭᠡᠵᠦ ᠦᠭᠬᠦᠭᠰᠡᠨ ᠪᠠᠶᠢᠨ᠎ᠠ᠃

 
ᠢᠷᠡᠯᠲᠡ᠄ ᠲᠠᠶᠢᠹᠦᠰᠧ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号