ᠲᠤᠩᠷᠤᠪᠰᠠᠷᠠᠩ
ᠨᠡᠶᠢᠲᠡᠯᠡᠭᠰᠡᠨ ᠴᠠᠭ᠄
2018/11/28

 ᠲᠤᠩᠷᠤᠪᠰᠠᠷᠠᠩ ︵1918 — 1992︶᠂ ᠲᠠᠶᠢᠹᠤᠰᠧ ᠵᠡᠬᠦᠨ ᠭᠠᠷ ᠰᠦᠷᠦᠭ ᠤᠨ ᠬᠦᠯᠦ ᠴᠠᠭᠠᠨ

ᠬᠤᠰᠢᠭᠤᠨ ᠤ ᠡᠮᠦᠨ᠎ᠡ ᠸᠠᠶᠤᠤ ᠶᠢᠨ ᠬᠦᠮᠦᠨ᠃ 1935 —1937 ᠤᠨ ᠳᠤ ᠪᠡᠭᠡᠵᠢᠩ ᠤᠨ ᠮᠤᠩᠭᠤᠯ

ᠲᠦᠪᠡᠳ ᠤᠨ ᠰᠤᠷᠭᠠᠭᠤᠯᠢ ᠳᠤ ᠰᠤᠷᠤᠯᠴᠠᠵᠤ᠂ 1938 ᠤᠨ ᠳᠤ ᠴᠢᠭᠤᠯᠤᠯᠳᠤ ᠬᠠᠭᠠᠯᠭ᠎ᠠ ᠳᠠᠬᠢ ᠮᠤᠩᠭᠤᠯ

ᠬᠢᠵᠠᠭᠠᠷ ᠤᠨ ᠲᠡᠭᠡᠳᠦ ᠰᠤᠷᠭᠠᠭᠤᠯᠢ ᠳᠤ ᠰᠤᠷᠤᠯᠴᠠᠭᠠᠳ᠂ ᠬᠤᠰᠢᠭᠤ ᠨᠤᠳᠤᠭ ᠲᠠᠭᠠᠨ ᠲᠤᠭ᠎ᠠ ᠲᠠᠢ ᠭᠡᠳᠦᠨ

ᠰᠡᠭᠡᠭᠡᠳᠡᠳ ᠤᠨ ᠨᠢᠬᠡ ᠨᠢ ᠪᠠᠶᠢᠪᠠ᠃ 1939 ᠤᠨ ᠠᠴᠠ ᠲᠠᠶᠢᠹᠤᠰᠧ ᠵᠡᠬᠦᠨ ᠭᠠᠷ ᠬᠤᠰᠢᠭᠤᠨ ᠤ ᠬᠤᠰᠢᠭᠤ

ᠲᠠᠮᠠᠭᠠᠨ ᠭᠠᠵᠠᠷ ᠲᠤ ᠰᠤᠷᠤᠭᠴᠢ ᠪᠢᠴᠢᠭᠡᠴᠢ᠂ ᠪᠢᠴᠢᠭᠡᠴᠢ ᠪᠠᠷ ᠠᠵᠢᠯᠯᠠᠵᠤ᠂ 1942 ᠤᠨ ᠠᠴᠠ ᠬᠦᠨ ᠴᠠᠪ

ᠰᠤᠷᠭᠠᠤᠯᠢ ᠳᠤ ᠪᠠᠭᠰᠢᠯᠠᠨ᠂ 1944 —1948 ᠤᠨ ᠳᠤ ᠰᠤᠷᠭᠠᠭᠤᠯᠢ ᠶᠢᠨ ᠰᠠᠩ ᠬᠠᠮᠢᠶᠠᠷᠤᠭᠴᠢ ᠪᠠᠷ

ᠠᠵᠢᠯᠯᠠᠪᠠ᠃ 1946 ᠤᠨ ᠳᠤ ᠦᠪᠦᠷ ᠮᠤᠩᠭᠤᠯ ᠤᠨ ᠦᠪᠡᠷᠳᠡᠭᠡᠨ ᠵᠠᠰᠠᠬᠤ ᠬᠤᠯᠪᠤᠭᠠᠳᠤ ᠬᠤᠷᠠᠯ ᠤᠨ

ᠲᠠᠶᠢᠹᠤᠰᠧ ᠵᠡᠬᠦᠨ ᠬᠤᠰᠢᠭᠤᠨ ᠤ ᠰᠠᠯᠪᠤᠷᠢ ᠬᠤᠷᠠᠯ ᠤᠨ ᠭᠡᠰᠢᠬᠦᠨ ᠢᠶᠠᠷ ᠡᠯᠰᠡᠭᠳᠡᠵᠦ᠂ ᠬᠤᠶᠠᠳᠤᠭᠠᠷ ᠰᠤᠮᠤᠨ ᠤ

ᠰᠤᠮᠤᠨ ᠲᠠᠷᠤᠭ᠎ᠠ ᠶᠢᠨ ᠠᠵᠢᠯ ᠢ ᠤᠬᠤᠷ ᠬᠤᠭᠤᠴᠠᠭ᠎ᠠ ᠬᠠᠷᠢᠭᠤᠴᠠᠵᠤ᠂ ᠰᠡᠬᠦᠯᠡᠷ ᠨᠢ ᠰᠤᠷᠭᠠᠭᠤᠯᠢ ᠳᠠᠭᠠᠨ

ᠪᠤᠴᠠᠵᠤ ᠠᠵᠢᠯᠯᠠᠪᠠ᠃  ᠴᠢᠯᠦᠭᠡᠯᠡᠭᠳᠡᠭᠰᠡᠨ   ᠤ ᠲᠠᠷᠠᠭ᠎ᠠ᠂ ᠬᠤᠰᠢᠭᠤ ᠵᠠᠰᠠᠭ ᠤᠨ ᠤᠷᠳᠤᠨ ᠠᠴᠠ ᠭᠡᠳᠦ ᠤᠳᠠᠭ᠎ᠠ

ᠰᠤᠷᠭᠠᠭᠤᠯᠢ ᠶᠢᠨ ᠪᠠᠭᠰᠢ ᠪᠠᠷ ᠤᠷᠢᠭᠰᠠᠨ ᠪᠤᠯᠪᠠᠴᠤ ᠲᠤᠬᠠᠢ ᠶᠢᠨ ᠦᠶ᠎ᠡ ᠳᠤ ᠠᠬ᠎ᠠ ᠲᠡᠬᠦᠦ ᠨᠠᠷ ᠨᠢ ᠪᠦᠷ ᠠᠯᠪᠠᠨ

ᠠᠵᠢᠯ ᠳᠤ ᠶᠠᠪᠤᠭᠰᠠᠨ ᠤᠴᠢᠷ ᠠᠴᠠ ᠠᠶᠢᠯ ᠭᠡᠷ ᠠᠳᠠᠯ ᠠᠮᠢᠳᠤᠷᠠᠯ ᠠᠴᠠ ᠰᠢᠯᠳᠠᠭᠠᠯᠠᠨ ᠤᠴᠢᠵᠤ ᠴᠢᠳᠠᠭᠰᠠᠨ

ᠦᠬᠡᠢ᠃  ᠰᠤᠶᠤᠯ ᠮᠡᠳᠡᠯᠭᠡ ᠲᠠᠢ ᠮᠠᠯᠴᠢᠨ ᠪᠤᠯᠤᠭᠰᠠᠨ ᠬᠤᠪᠢ ᠳᠤ᠂ ᠦᠷ᠎ᠡ ᠬᠡᠦᠭᠡᠳ ᠢᠶᠠᠨ ᠰᠤᠶᠤᠯᠵᠢᠭᠤᠯᠵᠤ

ᠬᠦᠮᠦᠵᠢᠬᠦᠯᠬᠦ ᠶᠢ ᠶᠡᠷᠦ ᠤᠮᠳᠤᠭᠠᠶᠢᠯᠠᠭᠰᠠᠨ ᠦᠬᠡᠢ᠂ ᠠᠵᠢᠯ ᠬᠦᠳᠡᠯᠮᠦᠷᠢ ᠶᠢᠨ ᠦᠴᠦᠭᠡᠨ ᠤᠷᠤᠯᠭ᠎ᠠ ᠪᠠᠷ ᠢᠶᠠᠨ

ᠦᠷ᠎ᠡ ᠬᠡᠦᠭᠡᠳ ᠢᠶᠠᠨ ᠪᠦᠷ ᠨᠡᠶᠢᠬᠡᠮ ᠳᠤ ᠭᠡᠷᠡᠭᠴᠡᠭᠡ ᠲᠠᠢ ᠬᠦᠮᠦᠨ ᠪᠤᠯᠭᠠᠭᠰᠠᠨ ᠪᠠᠶᠢᠯ᠎ᠠ᠃ ᠲᠡᠭᠡᠷ᠎ᠡ ᠵᠠᠭᠤᠨ ᠤ

ᠲᠠᠪᠢᠭᠠᠳ ᠤᠨ ᠤ ᠦᠶ᠎ᠡ ᠳᠤ ᠨᠠᠮ ᠤᠨ ᠡᠬᠦᠷ ᠤᠨ ᠲᠠᠷᠤᠭ᠎ᠠ ᠶᠢᠨ ᠠᠵᠢᠯ ᠢ ᠬᠠᠷᠢᠭᠤᠴᠠᠵᠤ  ᠪᠠᠶᠢᠭᠠᠳ᠂ ᠬᠤᠵᠢᠮ

 ᠨᠢ ᠬᠤᠨᠢᠴᠢᠨ ᠪᠤᠯᠵᠤ᠂  ︽ᠰᠤᠶᠤᠯ ᠤᠨ ᠬᠤᠪᠢᠰᠬᠠᠯ︾ ᠤᠨ ᠲᠤᠮᠳᠠ ᠬᠢᠯᠢᠰ ᠨᠦᠮᠦᠷᠴᠦ ᠬᠠᠯᠠ  ᠠᠮᠰᠠᠵᠤ

ᠶᠠᠪᠤᠭᠰᠠᠨ ᠪᠠᠶᠢᠨ᠎ᠠ᠃

 
ᠢᠷᠡᠯᠲᠡ᠄ ᠲᠠᠶᠢᠹᠦᠰᠧ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号