ᠷᠠ᠊​‍ᠳᠨᠠᠪᠠᠽᠠᠷ
ᠨᠡᠶᠢᠲᠡᠯᠡᠭᠰᠡᠨ ᠴᠠᠭ᠄
2018/11/28

ᠷᠠᠳᠨᠠᠪᠠᠽᠠᠷ ︵1914 — 1975︶  ᠂ ᠡᠷᠬᠦᠭᠰᠡᠨ ᠨᠡᠷ᠎ᠡ ᠾᠧ ᠸᠧᠨ ᠺᠦᠢ᠂  ᠲᠠᠶᠢᠹᠤᠰᠧ ᠵᠡᠬᠦᠨ ᠭᠠᠷ

ᠰᠦᠷᠦᠭ ᠤᠨ ᠬᠦᠪᠡᠭᠡᠳᠦ ᠴᠠᠭᠠᠨ ᠬᠤᠰᠢᠭᠤᠨ ᠤ ᠡᠮᠦᠨ᠎ᠡ ᠵᠢᠷᠠᠨ ᠤᠰᠤᠨ ᠤ ᠬᠦᠮᠦᠨ᠃ ᠵᠠᠯᠠᠭᠤ ᠨᠠᠰᠤᠨ ᠳᠠᠭᠠᠨ

ᠦᠴᠢ ᠤᠪᠤᠭᠠᠨ ᠤ ᠰᠤᠷᠭᠠᠭᠤᠯᠢ ᠳᠤ ᠬᠠᠩᠬᠢᠨ ᠭᠤᠮᠪᠤᠵᠠᠪ᠂ ᠰᠠᠶᠢᠴᠤᠩᠭ᠎ᠠ ᠨᠠᠷ ᠲᠠᠢ ᠬᠠᠮᠳᠤ ᠪᠢᠴᠢᠭ ᠰᠤᠷᠴᠤ᠂

ᠪᠦᠷᠢᠨᠰᠡᠶᠢᠨ ᠨᠠᠷ ᠲᠠᠢ ᠲᠡᠭᠷᠢ ᠳᠤ ᠮᠦᠷᠬᠦᠭᠰᠡᠨ ᠵᠢᠷᠤᠮ ᠤᠨ ᠠᠬ᠎ᠠ ᠲᠡᠬᠦᠦ ᠪᠤᠯᠤᠯᠴᠠᠵᠠᠢ᠃ 1933 ᠤᠨ ᠠᠴᠠ

ᠲᠠᠶᠢᠹᠤᠰᠧ ᠵᠡᠬᠦᠨ ᠭᠠᠷ ᠤᠨ ᠬᠦᠯᠦ ᠴᠠᠭᠠᠨ ᠬᠤᠰᠢᠭᠤᠨ ᠤ ᠬᠤᠰᠠᠢ ᠹᠦᠯᠧᠬᠡᠩᠬᠡ ᠶᠢᠨ ᠳᠤ ᠵᠢᠯ ᠢᠯᠡᠬᠦᠦ ᠠᠯᠪᠠ

ᠬᠠᠭᠠᠵᠤ᠂ 1933 — 1941 ᠤᠨ ᠳᠤ  ᠲᠠᠶᠢᠹᠤᠰᠧ ᠵᠡᠬᠦᠨ ᠭᠠᠷ ᠬᠤᠰᠢᠭᠤᠨ ᠤ ᠶᠠᠮᠤᠨ ᠳᠤ ᠪᠢᠴᠢᠬᠡᠴᠢ ᠶᠢᠨ

ᠠᠵᠢᠯ ᠬᠢᠵᠦ᠂ 1942 — 1943 ᠤᠨ ᠳᠤ ᠲᠤᠰ ᠬᠤᠰᠢᠭᠤᠨ ᠤ ᠬᠤᠷᠰᠢᠶᠠᠨ ᠤ ᠶᠡᠷᠦᠩᠬᠡᠢ ᠶᠠᠪᠤᠳᠠᠯ ᠤᠨ

ᠭᠠᠵᠠᠷ ᠲᠤ ᠠᠵᠢᠯᠯᠠᠵᠠᠢ᠃ ᠡᠨᠡ  ᠬᠤᠭᠤᠴᠠᠭᠠᠨ ᠳᠠᠭᠠᠨ  ᠮᠠᠯᠴᠢᠨ ᠰᠧᠪᠡᠭ ᠵᠡᠷᠭᠡ ᠬᠦᠮᠦᠰ ᠲᠠᠢ ᠬᠠᠮᠳᠤ ᠶᠠᠫᠤᠨ

ᠤᠯᠤᠰ ᠲᠤ ᠤᠴᠢᠵᠤ᠂ ᠮᠤᠩᠭᠤᠯ ᠦᠨᠳᠦᠰᠦᠳᠡᠨ ᠤ ᠦᠢᠯᠡᠳᠪᠦᠷᠢᠯᠡᠯ ᠠᠮᠢᠳᠤᠷᠠᠯ ᠤᠨ ᠭᠡᠷᠡᠭᠯᠡᠬᠡᠨ ᠤ ᠵᠦᠢᠯ ᠪᠤᠯᠤᠨ

ᠵᠠᠩ ᠵᠠᠩᠰᠢᠯ ᠢ ᠲᠠᠨᠢᠯᠴᠠᠭᠤᠯᠤᠭᠰᠠᠨ ᠪᠠᠶᠢᠪᠠ᠃ 1943 —1945 ᠤᠨ ᠳᠤ ᠬᠠᠭᠤᠷᠮᠠᠭ ᠮᠤᠩᠭᠤᠯ ᠴᠡᠷᠢᠭ ᠤᠨ

ᠬᠤᠶᠠᠳᠤᠭᠠᠷ ᠳ᠋ᠢᠸᠢᠽᠢ ᠶᠢᠨ ᠲᠠᠶᠢᠹᠤᠰᠧ ᠬᠤᠰᠢᠭᠤ ᠴᠡᠷᠢᠭ ᠤᠨ ᠲᠡᠰᠯᠡᠭᠴᠢ ᠹᠦᠭᠤᠸᠠᠨ ᠪᠤᠯᠤᠭᠰᠠᠨ ᠢᠶᠠᠨ᠂ ᠶᠠᠫᠤᠨ

ᠪᠠᠭᠤᠵᠤ  ᠦᠭᠬᠦᠭᠡᠳ ᠴᠡᠷᠢᠭ ᠨᠢ ᠲᠠᠷᠬᠠᠭᠰᠠᠨ ᠤ ᠲᠠᠷᠠᠭ᠎ᠠ ᠭᠡᠷ ᠲᠡᠭᠡᠨ ᠬᠠᠷᠢᠵᠤ ᠮᠠᠯ ᠢᠶᠠᠨ ᠮᠠᠯᠵᠢᠪᠠ᠃ 1946

ᠤᠨ ᠳᠤ ᠬᠤᠰᠢᠭᠤ ᠶᠠᠮᠤᠨ ᠤ ᠠᠵᠤ ᠠᠬᠤᠢ ᠶᠢᠨ ᠬᠤᠪᠢᠶᠠᠷᠢ ᠳᠤ ᠪᠢᠴᠢᠭᠡᠴᠢ ᠪᠠᠷ ᠠᠵᠢᠯᠯᠠᠵᠤ᠂ 1950 ᠤᠨ

᠎ ᠳᠤ ᠸᠠᠩ ᠤᠨ ᠰᠦᠮ᠎ᠡ ︵ᠤᠳᠤᠬᠢ ᠤᠯᠠᠭᠠᠨᠬᠤᠳᠠ︶᠎ ᠳᠤ ᠤᠴᠢᠵᠤ  ᠬᠠᠭᠠᠰ ᠵᠢᠯ ᠤᠨ ᠪᠤᠯᠪᠠᠰᠤᠷᠠᠯ ᠳᠤ  

ᠤᠷᠤᠭᠠᠳ᠂ ᠬᠤᠪᠢᠰᠬᠠᠯ ᠤᠨ ᠠᠵᠢᠯ ᠳᠤ ᠤᠷᠤᠯᠴᠠᠵᠤ᠂  ᠲᠠᠶᠢᠹᠤᠰᠧ ᠵᠡᠬᠦᠨ ᠬᠤᠰᠢᠭᠤᠨ ᠤ ᠬᠠᠩᠭᠠᠨ

ᠪᠤᠷᠤᠯᠠᠭᠤᠯᠬᠤ ᠬᠤᠷᠰᠢᠶᠠᠨ ᠤ ᠠᠵᠢᠯᠳᠠᠨ ᠪᠤᠯᠵᠠᠢ᠃ 1958 ᠤᠨ ᠳᠤ ᠴᠠᠬᠠᠷ ᠰᠢᠯᠢ ᠶᠢᠨ ᠭᠤᠤᠯ ᠠᠶᠢᠮᠠᠭ

ᠨᠡᠶᠢᠯᠡᠬᠦ ᠦᠶᠡᠰ᠂ ᠠᠶᠢᠮᠠᠭ ᠤᠨ ᠬᠤᠳᠠᠯᠳᠤᠭᠠᠨ ᠤ ᠶᠠᠪᠤᠳᠠᠯ ᠤᠨ ᠭᠠᠵᠠᠷ ᠲᠤ ᠰᠢᠯᠵᠢᠨ ᠠᠵᠢᠯᠯᠠᠵᠤ᠂ 1962

ᠤᠨ ᠳᠤ ᠨᠤᠳᠤᠭ ᠲᠠᠭᠠᠨ ᠢᠷᠡᠵᠦ ᠬᠠᠩᠭᠠᠨ ᠪᠤᠷᠤᠯᠠᠭᠤᠯᠬᠤ ᠬᠤᠷᠰᠢᠶᠠᠨ ᠤ ᠡᠷᠬᠢᠯᠡᠭᠴᠢ ᠪᠠᠷ ᠠᠵᠢᠯᠯᠠᠪᠠ᠃  ︽

ᠰᠤᠶᠤᠯ ᠤᠨ ᠬᠤᠪᠢᠰᠬᠠᠯ︾᠎ ᠤᠨ ᠲᠤᠮᠳᠠ ᠬᠢᠯᠢᠰ ᠢᠶᠠᠷ ᠴᠤᠬᠢᠭᠳᠠᠵᠤ᠂ ᠠᠵᠢᠯ ᠠᠴᠠ ᠪᠠᠨ ᠬᠦᠭᠡᠭᠡᠭᠳᠡᠨ ᠭᠡᠷ ᠲᠡᠭᠡᠨ

ᠬᠠᠷᠢᠵᠠᠢ᠃

 
ᠢᠷᠡᠯᠲᠡ᠄ ᠲᠠᠶᠢᠹᠦᠰᠧ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号