ᠷᠠᠳᠨᠠᠪᠠᠽᠠᠷ ︵1900 — 1962︶᠂ ᠲᠠᠶᠢᠹᠤᠰᠧ ᠵᠡᠬᠦᠨ ᠭᠠᠷ ᠰᠦᠷᠦᠭ ᠤᠨ ᠬᠦᠪᠡᠭᠡᠳᠦ ᠰᠢᠷ᠎ᠠ | ᠬᠤᠰᠢᠭᠤᠨ ᠤ ᠬᠦᠮᠦᠨ᠃ ᠠᠪᠤ ᠡᠵᠢ ᠨᠢ ᠡᠷᠳᠡ ᠨᠠᠰᠤ ᠪᠠᠷᠠᠭᠰᠠᠨ ᠪᠤᠯᠬᠤᠷ ᠠᠷᠪᠠᠨ ᠭᠤᠷᠪᠠᠨ ᠨᠠᠰᠤᠨ ᠠᠴᠠ | ᠪᠠᠨ ᠠᠶᠢᠯ ᠭᠡᠷ ᠢᠶᠠᠨ ᠲᠠᠭᠠᠭᠠᠵᠤ᠂ ᠦᠨᠦᠴᠢᠨ ᠲᠡᠬᠦᠦ ᠨᠡᠷ ᠢᠶᠠᠨ ᠦᠰᠭᠡᠨ ᠬᠦᠮᠦᠵᠢᠬᠦᠯᠬᠦ ᠬᠠᠳᠠᠭᠤᠵᠢᠯᠳᠠᠢ | ᠠᠮᠢᠳᠤᠷᠠᠯ ᠢ ᠲᠤᠭᠤᠯᠵᠤ ᠢᠷᠡᠵᠡᠢ᠃ ᠴᠢᠯᠦᠭᠡᠯᠡᠭᠳᠡᠬᠦ ᠠᠴᠠ ᠡᠮᠦᠨ᠎ᠡ᠂ ᠠᠷᠪᠠ ᠶᠢᠨ ᠲᠠᠷᠤᠭ᠎ᠠ᠂ ᠲᠠᠪᠢ ᠶᠢᠨ | ᠲᠠᠷᠤᠭ᠎ᠠ ᠪᠤᠯᠵᠤ ᠦᠩᠭᠡᠷᠡᠭᠰᠡᠨ ᠪᠦᠬᠡᠳ ᠴᠢᠯᠦᠭᠡᠯᠡᠭᠳᠡᠭᠰᠡᠨ ᠤ ᠲᠠᠷᠠᠭ᠎ᠠ ᠡᠪ ᠬᠠᠮᠳᠤ ᠨᠠᠮ ᠤᠨ ᠤᠳᠤᠷᠢᠳᠤᠯᠭ᠎ᠠ ᠶᠢ | ᠲᠠᠭᠠᠵᠤ᠂ ᠦᠢᠯᠡᠳᠪᠦᠷᠢᠯᠡᠯ ᠬᠦᠳᠡᠯᠮᠦᠷᠢ ᠳᠤ ᠢᠳᠡᠪᠬᠢᠳᠡᠢ ᠤᠷᠤᠯᠴᠠᠨ᠂ ᠦᠢᠯᠡᠳᠦᠯᠬᠡ ᠶᠢᠨ ᠲᠤᠮᠳᠠ ᠰᠤᠷᠴᠤ | ᠡᠵᠡᠮᠰᠢᠭᠰᠡᠨ ᠠᠷᠭ᠎ᠠ ᠲᠤᠮ ᠢᠶᠠᠷ ᠢᠶᠠᠨ ᠤᠶᠢᠷ᠎ᠠ ᠬᠠᠪᠢ ᠶᠢᠨ ᠬᠤᠳᠠ ᠤᠰᠤᠨ ᠤ ᠪᠠᠨ ᠬᠤᠨᠢ ᠮᠠᠯ ᠤᠨ ᠬᠢᠵᠢᠭ | ᠭᠡᠮ ᠰᠡᠷᠭᠡᠶᠢᠯᠡᠨ ᠵᠠᠰᠠᠬᠤ ᠠᠵᠢᠯ ᠢ ᠬᠢᠳᠡᠭ ᠪᠠᠶᠢᠪᠠ᠃ 1950 —1951 ᠤᠨ ᠳᠤ ᠠᠶᠢᠮᠠᠭ ᠬᠤᠰᠢᠭᠤᠨ ᠤ | ᠬᠦᠳᠡᠯᠮᠦᠷᠢ ᠶᠢᠨ ᠵᠢᠱᠢᠶᠡᠴᠢ ᠪᠠᠷ ᠵᠢᠯ ᠲᠠᠷᠠᠭᠠᠯᠠᠨ ᠰᠤᠩᠭᠤᠭᠳᠠᠵᠤ᠂ ᠰᠠᠶᠢᠰᠢᠶᠠᠨ ᠬᠦᠬᠢᠬᠦᠯᠬᠦ ᠬᠤᠷᠠᠯ ᠳᠤ | ᠤᠷᠤᠯᠴᠠᠵᠤ ᠪᠠᠶᠢᠭᠰᠠᠨ ᠪᠦᠬᠡᠳ ᠪᠠᠰᠠ ᠨᠢᠬᠡ ᠤᠳᠠᠭ᠎ᠠ ᠴᠦᠬᠡᠨ ᠲᠤᠭᠠᠳᠤ ᠦᠨᠳᠦᠰᠦᠳᠡᠨ ᠤ ᠲᠤᠭᠤᠷᠢᠨ ᠦᠵᠡᠬᠦ | ᠪᠦᠯᠬᠦᠮ ᠳᠤ ᠤᠷᠤᠵᠤ᠂ ᠪᠡᠭᠡᠵᠢᠩ᠂ ᠲᠢᠶᠠᠨᠵᠢᠨ ᠵᠡᠷᠭᠡ ᠮᠤᠵᠢ ᠬᠤᠳᠠ ᠪᠠᠷ ᠲᠤᠭᠤᠷᠢᠨ ᠦᠵᠡᠵᠦ᠂ ᠤᠳᠤᠨ | ᠮᠧᠲᠠᠯ ᠢᠶᠠᠷ ᠡᠩᠭᠡᠷ ᠢᠶᠠᠨ ᠮᠢᠯᠢᠶᠠᠯᠭᠠᠨ ᠬᠠᠷᠢᠵᠤ ᠢᠷᠡᠭᠰᠡᠨ ᠪᠠᠶᠢᠨ᠎ᠠ᠃ ᠮᠦᠨ 1950 — 1953 ᠤᠨ ᠳᠤ | ᠲᠦᠷᠪᠡᠨ ᠵᠢᠯ ᠲᠠᠷᠠᠭᠠᠯᠠᠨ ᠲᠠᠶᠢᠹᠤᠰᠧ ᠵᠡᠬᠦᠨ ᠬᠤᠰᠢᠭᠤᠨ ᠤ ᠠᠷᠠᠳ ᠤᠨ ᠲᠦᠯᠦᠭᠡᠯᠡᠭᠴᠢᠳ ᠤᠨ ᠬᠤᠷᠠᠯ ᠲᠤ | ᠲᠦᠯᠦᠭᠡᠯᠡᠭᠴᠢ ᠪᠠᠷ ᠰᠤᠩᠭᠤᠭᠳᠠᠨ ᠤᠷᠤᠯᠴᠠᠵᠤ᠂ ᠬᠤᠰᠢᠭᠤ ᠵᠠᠰᠠᠭ ᠤᠨ ᠤᠷᠳᠤᠨ ᠤ ᠪᠠᠶᠢᠩᠭᠤ ᠶᠢᠨ ᠬᠡᠰᠢᠬᠦᠨ | ᠪᠤᠯᠵᠤ ᠦᠩᠭᠡᠷᠡᠪᠡ᠃ |