ᠲᠠᠩᠽᠠᠨᠬᠡᠨᠳᠡᠩᠵᠠᠮᠰᠤ
ᠨᠡᠶᠢᠲᠡᠯᠡᠭᠰᠡᠨ ᠴᠠᠭ᠄
2018/11/27

 ᠲᠠᠩᠽᠠᠨᠬᠡᠨᠳᠡᠩᠵᠠᠮᠰᠤ ︵1894 — 1944︶᠂ ᠰᠠᠮᠳᠠᠯᠢᠩ ᠭᠡᠭᠡᠨ ᠲᠠᠩᠽᠠᠨᠬᠡᠨᠳᠡᠩᠵᠠᠮᠰᠤ ᠪᠤᠯ ᠲᠠᠶᠢᠹᠤᠰᠧ

ᠵᠡᠬᠦᠨ ᠭᠠᠷ ᠰᠦᠷᠦᠭ ᠤᠨ ᠬᠦᠯᠦ ᠴᠠᠭᠠᠨ ᠬᠤᠰᠢᠭᠤᠨ ᠤ ᠡᠮᠦᠨ᠎ᠡ ᠸᠠᠶᠤᠤ ᠶᠢᠨ ᠬᠦᠮᠦᠨ᠃ ᠵᠢᠷᠭᠤᠭᠠᠨ ᠨᠠᠰᠤᠨ

 ᠳᠠᠭᠠᠨ ᠱᠠᠨᠰᠢ ᠮᠤᠵᠢ ᠶᠢᠨ ᠤᠳᠠᠢ ᠳᠤ ᠤᠴᠢᠵᠤ᠂ ᠰᠠᠮᠳᠠᠯᠢᠩ ᠰᠦᠮ᠎ᠡ ᠶᠢᠨ ᠲᠠᠪᠤᠳᠤᠭᠠᠷ ᠲᠦᠷᠢ ᠶᠢᠨ ᠬᠡᠬᠡᠨ ᠢᠶᠠᠷ

ᠵᠠᠯᠠᠭᠳᠠᠵᠠᠢ᠃ ᠠᠷᠪᠠᠨ ᠨᠠᠰᠤᠨ ᠠᠴᠠ ᠪᠠᠨ ᠠᠳᠤᠭᠤᠴᠢᠨ ᠰᠦᠷᠦᠭ ᠤᠨ ᠬᠠᠶ᠋ᠢᠩᠬᠢᠷᠸ᠎ᠠ ᠰᠦᠮ᠎ᠡ ᠳᠤ ᠨᠤᠮ ᠰᠤᠷᠴᠤ

᠂ ᠰᠡᠬᠦᠯᠡᠷ ᠨᠢ ᠭᠠᠨᠰᠤ ᠮᠤᠵᠢ ᠶᠢᠨ ᠯᠠᠪᠷᠠᠩ ᠬᠡᠶᠢᠳ᠂ ᠬᠦᠬᠡᠨᠠᠭᠤᠷ ᠤᠨ ᠬᠦᠮᠪᠦᠮ ᠬᠡᠶᠢᠳ ᠲᠤ ᠨᠤᠮ ᠰᠤᠳᠤᠷ ᠢ

ᠦᠷᠬᠦᠯᠵᠢᠯᠡᠨ ᠰᠤᠷᠴᠤ᠂ ᠨᠤᠮ ᠰᠦᠮᠪᠦᠯᠡᠵᠦ ᠴᠤᠯᠠ  ᠤᠯᠤᠭᠠᠳ᠂ 1930 ᠤᠨ ᠳᠤ ᠤᠳᠠᠢ ᠳᠠᠭᠠᠨ ᠪᠤᠴᠠᠵᠤ᠂

ᠰᠦᠮ᠎ᠡ ᠬᠡᠶᠢᠳ ᠢᠶᠠᠨ ᠡᠷᠬᠢᠯᠡᠨ ᠰᠠᠭᠤᠭᠰᠠᠨ ᠪᠠᠶᠢᠨ᠎ᠠ᠃ ᠤᠳᠠᠢ ᠳᠤ ᠭᠡᠭᠡᠨ ᠪᠠᠶᠢᠬᠤ  ᠬᠤᠭᠤᠴᠠᠭᠠᠨ ᠳᠠᠭᠠᠨ᠂

ᠰᠢᠯᠢ ᠶᠢᠨ ᠭᠤᠤᠯ ᠤᠨ ᠪᠠᠷᠠᠭᠤᠨ ᠦᠵᠦᠮᠦᠴᠢᠨ᠂ ᠬᠦᠯᠦᠨ ᠪᠤᠶᠢᠷ ᠤᠨ ᠬᠦᠯᠦ ᠰᠢᠷ᠎ᠠ ᠬᠤᠰᠢᠭᠤ᠂ ᠵᠤᠰᠤᠳᠤ ᠶᠢᠨ

ᠡᠮᠦᠨᠡᠳᠦ ᠭᠤᠷᠯᠤᠰ ᠵᠡᠷᠭᠡ ᠤᠯᠠᠨ ᠬᠤᠰᠢᠭᠤᠳ ᠢᠶᠠᠷ ᠶᠠᠪᠤᠵᠤ᠂ ᠨᠤᠮ ᠤᠩᠰᠢᠨ ᠮᠦᠷᠬᠦᠯ ᠲᠠᠯᠪᠢᠭᠠᠳ ᠤᠯᠤᠭᠰᠠᠨ

ᠡᠷᠬᠦᠴᠡ ᠶᠢᠨ ᠵᠤᠭᠤᠰ ᠮᠦᠩᠬᠦ᠂ ᠡᠳ᠋ ᠪᠤᠳᠠᠰ᠂ ᠮᠠᠯ ᠰᠦᠷᠦᠭ ᠢᠶᠠᠷ ᠢᠶᠠᠨ ᠰᠠᠮᠳᠠᠯᠢᠩ ᠰᠦᠮ᠎ᠡ ᠶᠢᠨ ᠲᠤᠭᠠᠩ ᠢᠶᠠᠨ

ᠦᠷᠭᠡᠳᠭᠡᠨ ᠵᠠᠰᠠᠵᠤ ᠰᠢᠨᠡᠭᠳᠭᠡᠨ ᠪᠠᠶᠢᠭᠤᠯᠤᠭᠰᠠᠨ ᠪᠠᠶᠢᠵᠠᠢ᠃ ᠰᠠᠮᠳᠠᠯᠢᠩ ᠭᠡᠭᠡᠨ ᠳᠤ ᠭᠠᠯᠳᠠᠨᠵᠠᠮᠰᠤ᠂ ᠰᠢᠷᠠᠪᠨᠤᠷᠪᠤ

ᠭᠡᠬᠦ ᠨᠤᠳᠤᠭ ᠤᠨ ᠬᠤᠶᠠᠷ ᠤᠨᠠᠭᠠᠨ ᠱᠠᠪᠢ ᠲᠠᠢ ᠪᠠᠶᠢᠪᠠ᠃ ᠲᠡᠳᠡᠨ ᠤ ᠲᠤᠷᠠᠳᠬᠠᠯ ᠢ ᠦᠨᠳᠦᠰᠦᠯᠡᠪᠡᠯ᠄ ᠰᠠᠮᠳᠠᠯᠢᠩ

ᠭᠡᠭᠡᠨ ᠢ ᠰᠦᠮ᠎ᠡ ᠪᠠᠨ ᠡᠷᠬᠢᠯᠡᠬᠦ ᠦᠶ᠎ᠡ ᠳᠤ  ᠰᠠᠮᠳᠠᠯᠢᠩ ᠰᠦᠮ᠎ᠡ ᠨᠢ ᠭᠠᠵᠠᠷ ᠲᠠᠷᠢᠶ᠎ᠠ ᠦᠬᠡᠢ  ᠮᠦᠷᠳᠡᠭᠡᠨ ᠦᠷᠢ

ᠰᠢᠷᠢ ᠶᠡᠬᠡᠳᠡᠢ ᠶᠠᠳᠠᠭᠤ ᠰᠦᠮ᠎ᠡ ᠪᠠᠶᠢᠪᠠ᠃ ᠵᠢᠯ ᠵᠢᠯ ᠤᠨ ᠡᠴᠦᠰ ᠪᠢᠳᠡᠬᠦᠨ ᠪᠤᠯᠬᠤ ᠳᠤ᠂ ᠠᠪᠤᠯᠭ᠎ᠠ ᠶᠢᠨ ᠡᠵᠡᠳ

ᠬᠦᠬᠡ ᠭᠠᠳᠠᠷ ᠲᠠᠢ ᠲᠠᠩᠰᠠ ᠪᠠᠨ ᠰᠤᠭᠤᠪᠴᠢᠯᠠᠵᠤ ᠢᠷᠡᠭᠡᠳ ᠦᠷᠢ ᠪᠠᠨ ᠨᠡᠬᠡᠨ᠎ᠡ᠃ ᠡᠶᠢᠮᠦ ᠪᠠᠶᠢᠳᠠᠯ ᠤᠨ ᠲᠤᠤᠷ᠎ᠠ

ᠰᠠᠮᠳᠠᠯᠢᠩ ᠭᠡᠭᠡᠨ ᠠᠷᠤ ᠭᠠᠵᠠᠷ ᠲᠤ ᠪᠠᠳᠢᠷ ᠲᠤ ᠭᠠᠷᠴᠠᠢ᠃ 1932 ᠤᠨ ᠳᠤ ᠬᠦᠯᠦᠨ ᠪᠤᠶᠢᠷ ᠨᠤᠳᠤᠭ ᠲᠤ

ᠪᠠᠳᠢᠷ ᠢᠶᠠᠷ ᠬᠦᠷᠬᠦ ᠳᠤ ᠲᠡᠨᠳᠡ ᠶᠡᠭᠡ ᠭᠠᠩ ᠲᠠᠢ ᠪᠠᠶᠢᠪᠠ᠃  ᠮᠠᠯᠴᠢᠳ ᠤᠳᠠᠢ ᠠᠴᠠ ᠶᠡᠭᠡ ᠭᠡᠭᠡᠨ ᠮᠤᠷᠢᠯᠠᠵᠤ

ᠪᠠᠭᠤᠯ᠎ᠠ  ᠬᠡᠵᠦ ᠰᠤᠨᠤᠰᠤᠭᠠᠳ ︽ᠬᠡᠬᠡᠨ ᠮᠢᠨᠢ ᠬᠤᠷ᠎ᠠ ᠪᠠᠭᠤᠯᠭᠠᠭᠠᠴᠢ︾ ᠬᠡᠮᠡᠨ ᠮᠦᠷᠬᠦᠵᠡᠭᠡᠵᠡᠢ᠃ ᠭᠡᠭᠡᠨ

ᠰᠠᠭᠠᠳᠠᠭᠰᠠᠨ ᠦᠷᠦᠭᠡᠨ ᠤ ᠪᠠᠨ ᠡᠬᠦᠳᠡ ᠬᠠᠭᠠᠯᠭ᠎ᠠ ᠶᠢ ᠲᠠᠷᠤᠭᠤᠯᠵᠤ ᠡᠷᠦᠬᠡ ᠶᠢ ᠪᠦᠳᠡᠭᠡᠯᠬᠡᠨ᠂ ᠭᠤᠷᠪᠠᠨ ᠡᠳᠦᠷ

ᠰᠦᠨᠢ ᠬᠡᠨ ᠢ ᠴᠤ ᠤᠷᠤᠭᠤᠯᠤᠯ ᠦᠬᠡᠢ ᠪᠢᠰᠢᠯᠭᠠᠯ ᠬᠢᠭᠰᠡᠨ ᠳᠤ ᠭᠤᠷᠪᠠᠨ ᠬᠤᠨᠤᠭ ᠲᠠᠷᠠᠭᠠᠯᠠᠨ ᠪᠤᠷᠤᠭᠠᠨ ᠤᠷᠤᠵᠤ

ᠭᠠᠩ ᠲᠠᠶᠢᠯᠤᠭᠳᠠᠪᠠ᠃ ᠮᠠᠯᠴᠢᠳ ᠦᠨᠡᠨ ᠰᠡᠳᠬᠢᠯ ᠠᠴᠠ ᠪᠠᠨ ᠪᠢᠰᠢᠷᠡᠨ ᠰᠦᠰᠦᠭᠯᠡᠵᠦ᠂  ᠮᠠᠰᠢ ᠤᠯᠠᠨ ᠮᠠᠯ ᠤᠨ

ᠡᠷᠬᠦᠴᠡ ᠪᠠᠷᠢᠴᠠ ᠪᠠᠷᠢᠭᠰᠠᠨ ᠪᠠᠶᠢᠵᠠᠢ᠃  ᠡᠳᠡᠭᠡᠷ ᠮᠠᠯ ᠢ ᠪᠦᠷ ᠠᠳᠤᠭᠤ ᠬᠤᠪᠢᠯᠭᠠᠵᠤ ᠲᠠᠭᠤᠵᠤ ᠢᠷᠡᠭᠰᠡᠨ

ᠪᠦᠭᠡᠳ ᠰᠢᠨ᠎ᠡ ᠪᠠᠷᠭᠤ ᠠᠴᠠ ᠰᠸᠧᠠᠩ ᠭᠡᠮᠡᠬᠦ ᠨᠢᠬᠡᠨ ᠰᠠᠶᠢᠨ ᠡᠷ᠎ᠡ ᠭᠡᠭᠡᠨ ᠳᠤ ᠱᠠᠪᠢᠯᠠᠵᠤ ᠠᠳᠤᠭᠤ ᠶᠢ ᠬᠦᠭᠡᠭᠡᠵᠦ

ᠢᠷᠡᠭᠰᠡᠨ ᠪᠠᠶᠢᠨ᠎ᠠ᠃  ᠠᠪᠴᠢᠷᠠᠭᠰᠠᠨ ᠠᠳᠤᠭᠤ ᠪᠠᠨ ᠬᠤᠳᠠᠯᠳᠤᠵᠤ ᠰᠦᠮ᠎ᠡ ᠪᠠᠨ ᠵᠠᠰᠠᠵᠤ ᠰᠡᠯᠪᠢᠨ ᠭᠡᠷ ᠤᠷᠳᠤ

ᠪᠠᠶᠢᠭᠤᠯᠤᠭᠰᠠᠨ ᠪᠦᠬᠡᠳ ᠡᠬᠦᠳᠡᠨ ᠤ ᠪᠠᠨ ᠡᠮᠦᠨ᠎ᠡ ᠬᠤᠶᠠᠷ ᠲᠤᠮᠤ ᠴᠢᠯᠠᠭᠤᠨ ᠠᠷᠰᠯᠠᠨ ᠰᠡᠶᠢᠯᠵᠦ ᠲᠠᠯᠪᠢᠵᠠᠢ᠃

ᠡᠨᠡ  ᠬᠤᠶᠠᠷ ᠠᠷᠰᠯᠠᠨ ᠨᠢ ᠤᠳᠤ ᠪᠤᠯᠳᠠᠯ᠎ᠠ ᠰᠦᠮ᠎ᠡ ᠶᠢᠨ ᠡᠬᠦᠳᠡᠨ ᠳᠤ ᠪᠠᠶᠢᠭ᠎ᠠ᠃ 1936 ᠤᠨ ᠳᠤ

ᠰᠠᠮᠳᠠᠯᠢᠩ ᠭᠡᠭᠡᠨ᠂ ᠲᠡᠭᠡᠳᠦ ᠤᠷᠤᠨ ᠤ ᠰᠢᠨ᠎ᠡ ᠬᠠᠭᠤᠴᠢᠨ ᠬᠤᠶᠠᠷ ᠵᠠᠰᠠᠭ ᠯᠠᠮᠠ  ᠂ ᠵᠡᠩ ᠬᠠᠢ ᠰᠧ ᠰᠦᠮ᠎ᠡ ᠶᠢᠨ

ᠵᠠᠰᠠᠭ ᠯᠠᠮᠠ  ᠂ ᠰᠢᠨ᠎ᠡ ᠰᠦᠮ᠎ᠡ ᠶᠢᠨ ᠬᠠᠮᠪᠤ ᠯᠠᠮᠠ ᠨᠠᠷ ᠲᠠᠢ ᠬᠠᠮᠳᠤ ᠤᠳᠠᠢ ᠠᠴᠠ ᠭᠠᠷᠴᠤ  ᠂ ᠲᠠᠶᠢᠶᠤᠸᠠᠨ᠂

ᠪᠡᠭᠡᠵᠢᠩ ᠢᠶᠠᠷ ᠲᠠᠭᠠᠷᠢᠨ ᠬᠦᠬᠡᠬᠤᠳᠠ ᠳᠤ ᠬᠦᠷᠴᠦ ᠳ᠋ᠧ ᠸᠠᠩ ᠲᠠᠢ ᠠᠭᠤᠯᠵᠠᠭᠰᠠᠨ ᠪᠠᠶᠢᠯ᠎ᠠ᠃ ᠰᠠᠮᠳᠠᠯᠢᠩ ᠭᠡᠭᠡᠨ

1944 ᠤᠨ ᠳᠤ ᠡᠪᠡᠳᠴᠢᠨ ᠢᠶᠠᠷ ᠪᠡᠭᠡᠵᠢᠩ ᠤᠨ ᠶᠦᠩ ᠾᠧ ᠬᠦᠩ ︵ᠨᠠᠶᠢᠷᠠᠯᠳᠤ ᠨᠠᠶᠢᠷᠠᠮᠳᠠᠬᠤ ᠰᠦᠮ᠎ᠡ︶ ᠳᠤ

ᠲᠠᠭᠠᠯᠠᠯ ᠲᠡᠬᠦᠰᠴᠦ᠂ ᠱᠠᠷᠢᠯ ᠢ ᠨᠢ ᠤᠳᠠᠢ ᠳᠤ ᠠᠪᠠᠴᠢᠵᠤ ᠤᠷᠤᠰᠢᠭᠤᠯᠤᠭᠰᠠᠨ ᠪᠠᠶᠢᠨ᠎ᠠ᠃ ᠰᠠᠮᠳᠠᠯᠢᠩ ᠭᠡᠭᠡᠨ ᠤ

ᠰᠦᠮ᠎ᠡ ᠡᠳᠦᠬᠡ ᠤᠳᠠᠢ ᠳᠤ ᠭᠡᠪ ᠢᠶᠠᠷ ᠢᠶᠠᠨ ᠪᠠᠶᠢᠬᠤ ᠪᠦᠬᠡᠳ ᠵᠠᠰᠠᠭ ᠤᠨ ᠤᠷᠳᠤᠨ ᠠᠴᠠ ᠰᠢᠨᠡᠳᠭᠡᠨ ᠵᠠᠰᠠᠵᠤ᠂

ᠯᠠᠮᠠ  ᠨᠠᠷ ᠤᠨ ᠠᠰᠠᠷᠠᠮᠵᠢ ᠶᠢᠨ ᠭᠠᠵᠠᠷ ᠪᠤᠯᠭᠠᠵᠠᠢ᠃

 
ᠢᠷᠡᠯᠲᠡ᠄ ᠲᠠᠶᠢᠹᠦᠰᠧ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号