ᠱᠠᠨᠵᠢᠮᠢᠳᠠᠪ
ᠨᠡᠶᠢᠲᠡᠯᠡᠭᠰᠡᠨ ᠴᠠᠭ᠄
2018/11/27

 ᠱᠠᠨᠵᠢᠮᠢᠳᠠᠪ ︵1870 — 1943︶᠂ ᠡᠷᠬᠦᠭᠰᠡᠨ ᠨᠡᠷ᠎ᠡ ᡁᠢ ᠶᠤᠸᠠᠨ᠂ ᠭᠡᠷᠡᠶᠢᠳ ᠤᠪᠤᠭ ᠲᠠᠢ᠂ ᠲᠠᠶᠢᠹᠤᠰᠧ

ᠵᠡᠬᠦᠨ ᠭᠠᠷ ᠰᠦᠷᠦᠭ ᠤᠨ ᠬᠦᠯᠦ ᠬᠦᠬᠡ ᠬᠤᠰᠢᠭᠤᠨ ᠤ ᠬᠦᠮᠦᠨ  ᠂ ᠲᠤᠰ ᠰᠦᠷᠦᠭ ᠤᠨ ᠬᠦᠪᠡᠭᠡᠳᠦ ᠰᠢᠷ᠎ᠠ

ᠬᠤᠰᠢᠭᠤᠨ ᠤ ᠬᠤᠰᠠᠢ ᠳ᠋ᠠ ᠪᠠᠶᠢᠭᠰᠠᠨ ᠢᠶᠠᠨ 1929 ᠤᠨ ᠳᠤ ᠰᠠᠮᠳᠠᠨᠯᠾᠦ᠋ᠷᠦᠪ ᠠᠮᠪᠠᠨ ᠨᠠᠰᠤ ᠪᠠᠷᠠᠭᠰᠠᠨ ᠤ

ᠲᠠᠷᠠᠭ᠎ᠠ ᠲᠠᠶᠢᠹᠤᠰᠧ ᠵᠡᠬᠦᠨ ᠭᠠᠷ ᠰᠦᠷᠦᠭ ᠤᠨ ᠠᠮᠪᠠᠨ ᠪᠤᠯᠵᠤ᠂ 1935 ᠤᠨ ᠪᠤᠯᠳᠠᠯ᠎ᠠ ᠠᠮᠪᠠᠨ ᠤ ᠲᠤᠰᠢᠶᠠᠯ ᠢ

ᠬᠠᠷᠢᠭᠤᠴᠠᠵᠠᠢ᠃  ᠱᠠᠨᠵᠢᠮᠢᠳᠠᠪ ᠠᠮᠪᠠᠨ 1930 ᠤᠨ ᠳᠤ ᠦᠴᠢ  ᠤᠪᠤᠭᠠᠨ ᠤ ᠣᠯᠤᠰ ᠠᠷᠠᠳ ᠤᠨ

ᠰᠤᠷᠭᠠᠭᠤᠯᠢ ᠶᠢ ᠬᠦᠨ ᠴᠠᠪ ᠲᠤ ᠰᠢᠯᠵᠢᠬᠦᠯᠦᠨ ᠠᠪᠴᠢᠷᠠᠵᠤ᠂  ᠭᠡᠷ ᠬᠦᠷᠢᠶ᠎ᠡ ᠰᠢᠨ᠎ᠡ ᠪᠠᠷ  ᠪᠠᠶᠢᠭᠤᠯᠤᠭᠰᠠᠨ

ᠪᠦᠬᠡᠳ ᠰᠤᠷᠤᠭᠴᠢᠳ ᠤᠨ ᠠᠮᠢᠳᠤᠷᠠᠯ ᠰᠤᠷᠤᠯᠭ᠎ᠠ ᠶᠢᠨ ᠰᠦᠢᠳᠭᠡᠯ ᠢ ᠰᠢᠢᠳᠪᠦᠷᠢᠯᠡᠬᠦ   ᠪᠠᠷ 150 ᠴᠢᠩ ᠭᠠᠵᠠᠷ

ᠬᠠᠭᠠᠯᠪᠤᠷᠢᠯᠠᠵᠤ ᠲᠠᠷᠢᠶ᠎ᠠ ᠲᠠᠷᠢᠭᠰᠠᠨ ᠪᠠᠶᠢᠨ᠎ᠠ᠃ ᠲᠡᠷᠡᠪᠡᠷ ᠶᠡᠭᠡ  ᠬᠢᠨᠠᠭᠤᠷ ᠨᠢᠮᠪᠠᠢ ᠬᠦᠮᠦᠨ ᠪᠠᠶᠢᠵᠤ᠂ ᠰᠤᠷᠭᠠᠭᠤᠯᠢ

 ᠶᠢᠨ ᠭᠡᠷ ᠬᠦᠷᠢᠶ᠎ᠡ ᠶᠢ ᠪᠠᠶᠢᠭᠤᠯᠬᠤ ᠳᠤ ᠲᠤᠭᠳᠠᠭᠰᠠᠨ ᠬᠤᠭᠤᠴᠠᠭ᠎ᠠ ᠲᠠᠢ ᠤᠴᠢᠵᠤ ᠪᠠᠶᠢᠴᠠᠭᠠᠨ ᠦᠵᠡᠳᠡᠭ ᠬᠡᠨ᠎ᠡ᠃

 ᠮᠦᠨ ᠴᠤ  ᠦᠨᠳᠦᠰᠦᠳᠡᠨ ᠤ ᠬᠡᠯᠡ  ᠰᠤᠶᠤᠯ ᠳᠠᠭᠠᠨ ᠬᠠᠶᠢᠷᠠᠳᠠᠢ ᠬᠦᠮᠦᠨ ᠪᠤᠯᠬᠤᠷ ᠬᠦᠨ ᠴᠠᠪ ᠲᠠᠬᠢ

ᠰᠤᠷᠭᠠᠭᠤᠯᠢ ᠳᠤ ︽ᠦᠨᠳᠦᠰᠦᠳᠡᠨ ᠤ ᠦᠬᠡ ᠬᠡᠯᠡ  ᠦᠰᠦᠭ ᠪᠢᠴᠢᠭ ᠢᠶᠠᠨ ᠬᠦᠨᠳᠦᠳᠭᠡᠨ ᠭᠡᠷᠡᠭᠯᠡᠵᠦ᠂ ᠮᠤᠩᠭᠤᠯ

ᠬᠡᠯᠡ  ᠪᠢᠴᠢᠭ ᠢᠶᠠᠷ ᠭᠤᠤᠯᠳᠠᠯᠭ᠎ᠠ ᠪᠤᠯᠭᠠᠬᠤ ᠭᠡᠷᠡᠭᠳᠡᠢ᠂ ᠦᠬᠡᠢ ᠪᠤᠯ ᠴᠢᠩᠭ᠎ᠠ ᠰᠢᠳᠭᠡᠨ᠎ᠡ︾ ᠬᠡᠵᠦ ᠵᠠᠷᠯᠢᠭ

ᠪᠠᠭᠤᠯᠭᠠᠭᠰᠠᠨ ᠭᠡᠳᠡᠭ᠃  ᠮᠦᠨ ᠨᠤᠳᠤᠭ ᠤᠰᠤ ᠪᠠᠨ ᠬᠠᠮᠭᠠᠯᠠᠬᠤ ᠶᠢᠨ ᠲᠦᠯᠦᠬᠡ᠂ ᠠᠷᠭ᠎ᠠ ᠪᠦᠬᠦᠨ ᠢ

ᠰᠦᠪᠡᠭᠴᠢᠯᠡᠵᠦ᠂ ᠲᠤᠰᠬᠠᠢ ᠵᠤᠭᠤᠰ ᠮᠦᠩᠬᠦ ᠲᠠᠳᠠᠪᠤᠷᠢᠯᠠᠨ ᠴᠤᠭᠯᠠᠭᠤᠯᠵᠤ᠂ ᠫᠤᠤ ᠵᠡᠪᠰᠡᠭ ᠬᠤᠳᠠᠯᠳᠤᠨ ᠠᠪᠴᠤ᠂

ᠦᠪᠡᠷᠳᠡᠭᠡᠨ ᠬᠠᠮᠠᠭᠠᠯᠠᠬᠤ ᠴᠡᠷᠢᠭ ᠠᠩᠬᠢ ᠪᠠᠶᠢᠭᠤᠯᠤᠭᠰᠠᠨ ᠪᠦᠬᠡᠳ ᠦᠴᠢ ᠤᠪᠤᠭ᠎ᠠ ᠪᠠ ᠡᠮᠦᠨ᠎ᠡ ᠵᠢᠷᠠᠨ ᠤᠰᠤᠨ

 ᠳᠤ ᠭᠡᠷ ᠬᠦᠷᠢᠶ᠎ᠡ ᠪᠠᠷᠢᠵᠤ  ᠂  ᠫᠠᠷᠲ᠋ᠢᠽᠠᠨ ᠠᠩᠬᠢ ᠶᠢ  ᠨᠡᠬᠦᠯᠬᠡᠨ ᠠᠪᠴᠢᠷᠠᠭᠰᠠᠨ ᠪᠠᠶᠢᠪᠠ᠃ ᠶᠠᠫᠤᠨᠴᠤᠳ ᠲᠤᠯᠤᠨ

ᠨᠤᠤᠷ ᠢ ᠲᠦᠷᠢᠮᠡᠭᠡᠶᠢᠯᠡᠨ ᠤᠷᠤᠵᠤ ᠢᠷᠡᠬᠦ ᠳᠤ᠂ ᠯᠢᠦ ᠬᠦᠢ ᠲᠠᠩ᠂ ᠲᠠᠩ ᠡᠯ ᠭᠡᠤ ᠶᠢᠨ ᠴᠡᠷᠢᠭ ᠸᠠᠨ ᠱᠸᠤ ᠲᠠᠨ

 ᠢᠶᠠᠷ ᠲᠠᠭᠠᠷᠢᠨ ᠪᠠᠷᠠᠭᠤᠨᠰᠢ ᠲᠤᠳᠠᠭᠠᠬᠤ ᠳᠠᠭᠠᠨ ᠲᠡᠨᠳᠡ ᠪᠠᠶᠢᠭᠰᠠᠨ ᠲᠠᠶᠢᠹᠤᠰᠧ ᠤᠨ ᠠᠳᠤᠭᠤ   ᠶᠢ ᠲᠡᠭᠡᠷᠡᠮᠳᠡᠵᠦ᠂

ᠪᠠᠰᠠ ᠲᠠᠶᠢᠹᠤᠰᠧ ᠵᠡᠬᠦᠨ ᠭᠠᠷ ᠤᠨ ᠨᠤᠳᠤᠭ ᠲᠤ ᠴᠦᠮᠦᠷᠡᠨ ᠤᠷᠤᠬᠤ ᠠᠶᠤᠯ ᠲᠠᠢ ᠪᠠᠶᠢᠪᠠ᠃ ᠱᠠᠨᠵᠢᠮᠢᠳᠠᠪ ᠠᠮᠪᠠᠨ

ᠨᠢᠬᠡ ᠲᠠᠯᠠᠪᠠᠷ ᠴᠧᠨ ᠽᠢ ᠶᠤᠸᠠᠨ᠂ ᠲᠡᠯᠭᠡᠷ ᠵᠡᠷᠭᠡ ᠬᠦᠮᠦᠰ ᠢ ᠤᠴᠢᠭᠤᠯᠵᠤ᠂ ᠲᠠᠶᠢᠹᠤᠰᠧ ᠨᠤᠳᠤᠭ ᠲᠤ ᠤᠷᠤᠵᠤ

ᠢᠷᠡᠵᠦ ᠪᠤᠯᠬᠤ ᠦᠬᠡᠢ ᠬᠡᠮᠡᠨ ᠶᠠᠷᠢᠯᠴᠠᠭᠤᠯᠤᠭᠰᠠᠨ ᠤ ᠬᠠᠮᠳᠤ᠂ ᠨᠦᠬᠦᠬᠡ ᠲᠠᠯᠠᠪᠠᠷ  ᠪᠦᠬᠦ ᠬᠤᠰᠢᠭᠤᠨ ᠤ ᠴᠡᠷᠢᠭ

ᠮᠤᠷᠢ ᠪᠠᠨ ᠲᠠᠶᠢᠴᠢᠯᠠᠨ᠂ ᠮᠠᠯᠠᠭᠠᠢ ᠶᠢᠨ ᠰᠦᠮ᠎ᠡ ᠶᠢᠨ ᠤᠪᠤᠭᠠᠨ ᠲᠡᠭᠡᠷ᠎ᠡ ᠭᠠᠷᠴᠤ ᠴᠠᠴᠠᠷ ᠮᠠᠶᠢᠬᠠᠨ ᠪᠤᠰᠬᠠᠨ᠂

ᠰᠦᠷ ᠦᠵᠡᠬᠦᠯᠬᠦ ᠠᠷᠭ᠎ᠠ ᠪᠠᠷ ᠲᠡᠨᠢᠬᠦᠯ ᠴᠡᠷᠢᠭ ᠤᠳ ᠢ ᠨᠤᠳᠤᠭ ᠤᠨ ᠢᠶᠠᠨ ᠵᠠᠬ᠎ᠠ ᠪᠠᠷ ᠬᠠᠰᠢᠨ ᠭᠠᠷᠭᠠᠵᠤ᠂

ᠲᠠᠶᠢᠹᠤᠰᠧ ᠨᠤᠳᠤᠭ ᠢᠶᠠᠨ ᠬᠠᠮᠠᠭᠠᠯᠠᠭᠰᠠᠨ ᠪᠠᠶᠢᠨ᠎ᠠ᠃ 1936 ᠤᠨ ᠳᠤ ᠶᠠᠫᠤᠨ ᠴᠡᠷᠢᠭ ᠲᠤᠯᠤᠨ ᠨᠤᠤᠷ ᠢ

ᠡᠵᠡᠯᠡᠭᠡᠳ᠂ ᠲᠡᠬᠦᠨ ᠢ ᠲᠤᠯᠤᠨ ᠨᠤᠤᠷ ᠲᠤ ᠢᠷ᠎ᠡ ᠬᠡᠮᠡᠨ ᠲᠠᠭᠤᠳᠠᠬᠤ ᠳᠤ ᠱᠠᠨᠵᠢᠮᠢᠳᠠᠪ ᠠᠮᠪᠠᠨ ᠡᠷᠡᠰ ᠲᠡᠪᠴᠢᠵᠦ  

ᠤᠴᠢᠭᠰᠠᠨ ᠦᠬᠡᠢ ᠮᠦᠷᠳᠡᠭᠡᠨ ᠬᠤᠰᠢᠭᠤ ᠨᠤᠳᠤᠭ ᠤᠨ ᠢᠶᠠᠨ ᠨᠤᠶᠠᠳ ᠢ ᠴᠤᠭᠯᠠᠭᠤᠯᠵᠤ  ︽ᠪᠢ ᠨᠢᠬᠡᠨᠳᠡ

ᠬᠦᠭᠰᠢᠷᠡᠵᠦ ᠴᠢᠳᠠᠪᠤᠷᠢ ᠮᠡᠬᠦᠰ ᠪᠤᠯᠵᠠᠢ᠂ ᠬᠠᠷᠢ ᠶᠢᠨ ᠬᠦᠮᠦᠨ ᠤ ᠲᠤᠤᠷ᠎ᠠ ᠠᠯᠪᠠ ᠰᠢᠳᠭᠡᠬᠦ ᠦᠬᠡᠢ ᠨᠢ ᠲᠡᠭᠡᠷ᠎ᠡ︾

ᠬᠡᠮᠡᠨ ᠠᠮᠪᠠᠨ ᠲᠤᠰᠢᠶᠠᠯ᠂ ᠠᠯᠪᠠᠨ ᠲᠠᠮᠠᠭ᠎ᠠ ᠪᠠᠨ ᠰᠡᠷᠡᠩᠨᠠᠮᠵᠢᠯ ᠳᠤ ᠲᠤᠰᠢᠶᠠᠭᠰᠠᠨ ᠪᠠᠶᠢᠪᠠ᠃ ᠱᠠᠨᠵᠢᠮᠢᠳᠠᠪ ᠠᠮᠪᠠᠨ

ᠭᠡᠳᠦᠶᠢᠪᠡᠷ ᠬᠠᠭᠤᠴᠢᠨ ᠴᠠᠭ ᠲᠤ ᠨᠤᠶᠠᠨ ᠰᠠᠭᠤᠵᠤ ᠵᠠᠰᠠᠭ ᠪᠠᠷᠢᠵᠤ ᠪᠠᠶᠢᠭᠰᠠᠨ ᠴᠤ ᠬᠠᠷᠢ ᠶᠢᠨ ᠲᠦᠷᠢᠮᠡᠬᠡᠶᠢᠯᠡᠯ

 ᠤᠨ ᠡᠮᠦᠨ᠎ᠡ ᠤᠯᠤᠰ ᠦᠨᠳᠦᠰᠦᠳᠡᠨ ᠤ ᠪᠠᠨ ᠨᠡᠷ᠎ᠡ ᠬᠦᠨᠳᠦ ᠶᠢ ᠪᠤᠳᠤᠵᠤ᠂ ᠶᠠᠫᠤᠨᠴᠤᠳ ᠲᠤ ᠦᠢᠯᠡᠴᠢᠯᠡᠬᠦ ᠦᠬᠡᠢ

ᠪᠠᠶᠢᠭᠰᠠᠨ ᠤᠯᠤᠰ ᠢᠶᠠᠨ ᠬᠠᠶᠢᠷᠠᠯᠠᠬᠤ ᠦᠵᠡᠯ ᠨᠢ ᠬᠤᠵᠢᠮ ᠤᠨ ᠬᠦᠮᠦᠰ ᠲᠤ ᠬᠤᠪᠤᠷ ᠨᠠᠨᠳᠢᠨ ᠤᠶᠤᠨ ᠰᠠᠨᠠᠭᠠᠨ ᠤ

ᠦᠪ ᠦᠯᠡᠳᠡᠭᠡᠵᠦ ᠦᠭᠬᠦᠭᠰᠡᠨ ᠪᠢᠯᠡ᠃

 
ᠢᠷᠡᠯᠲᠡ᠄ ᠲᠠᠶᠢᠹᠦᠰᠧ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号