ᠰᠡᠷᠡᠩᠳᠤᠩᠷᠤᠪ ︵1872 — 1949︶ ᠂ ᠪᠠᠰᠠ ᠪᠠᠳᠤᠮᠦ᠋ᠩᠬᠡ ᠠᠮᠪᠠᠨ ᠬᠡᠵᠦ ᠲᠠᠭᠤᠳᠠᠳᠠᠭ᠂ ᠬᠢᠳᠠᠳ | ᠨᠡᠷ᠎ᠡ ᠨᠢ ᠬᠠᠩ ᠵᠢᠩ ᠱᠸᠦ᠂ ᠡᠷᠬᠦᠭᠰᠡᠨ ᠨᠡᠷ᠎ᠡ ᠨᠢ ᠱᠤᠤ ᠫᠧᠩ᠂ ᠬᠠᠩᠬᠢᠨ ᠤᠪᠤᠭ ᠲᠠᠢ᠂ ᠬᠦᠯᠦ ᠴᠠᠭᠠᠨ | ᠬᠤᠰᠢᠭᠤᠨ ᠤ ᠦᠴᠢ ᠤᠪᠤᠭ᠎ᠠ ᠶᠢᠨ ᠬᠦᠮᠦᠨ᠃ ᠪᠠᠭ᠎ᠠ ᠠᠴᠠ ᠪᠠᠨ ᠰᠡᠴᠡᠨ ᠰᠡᠷᠬᠦᠯᠡᠩ᠂ ᠤᠢ ᠪᠢᠯᠢᠭ ᠰᠠᠶᠢᠳᠠᠢ᠂ | ᠰᠤᠷᠬᠤ ᠳᠤ ᠲᠤᠷᠠᠳᠠᠢ ᠪᠠᠶᠢᠵᠠᠢ᠃ 6 ᠨᠠᠰᠤᠳᠠᠢ ᠳᠠᠭᠠᠨ ᠭᠡᠷ ᠤᠨ ᠪᠠᠭᠰᠢ ᠠᠴᠠ ᠮᠠᠨᠵᠤ ᠮᠤᠩᠭᠤᠯ ᠪᠢᠴᠢᠭ | ᠰᠤᠷᠴᠤ᠂ 14 ᠨᠠᠰᠤᠳᠠᠢ ᠴᠢᠭᠤᠯᠤᠯᠳᠤ ᠬᠠᠭᠠᠯᠭ᠎ᠠ ᠳᠤ ᠤᠴᠢᠵᠤ ᠲᠤᠰᠬᠠᠢ ᠪᠠᠭᠰᠢ ᠪᠠᠷ ᠬᠢᠳᠠᠳ ᠪᠢᠴᠢᠭ | ᠵᠢᠭᠠᠯᠭᠠᠵᠤ ᠰᠤᠷᠤᠭᠰᠠᠨ ᠢᠶᠠᠷ ᠮᠤᠩᠭᠤᠯ ᠮᠠᠨᠵᠤ ᠬᠢᠳᠠᠳ ᠪᠢᠴᠢᠭ ᠲᠤ ᠨᠡᠪᠳᠡᠷᠡᠭᠰᠡᠨ ᠪᠦᠬᠡᠳ ᠵᠤᠬᠢᠶᠠᠯ ᠪᠢᠴᠢᠬᠦ᠂ | ᠤᠷᠠᠨ ᠪᠢᠴᠢᠯᠭᠡ ᠳᠤ ᠠᠪᠢᠶᠠᠰ ᠲᠠᠢ ᠪᠤᠯᠵᠤ᠂ ᠰᠤᠷᠤᠯᠭ᠎ᠠ ᠪᠠᠨ ᠲᠡᠬᠦᠰᠴᠦ ᠢᠷᠡᠭᠡᠳ ᠪᠢᠴᠢᠭᠡᠴᠢ ᠬᠢᠵᠦ | ᠪᠠᠶᠢᠭᠰᠠᠨ ᠢᠶᠠᠨ ᠰᠡᠬᠦᠯᠡᠷ ᠨᠢ ᠬᠤᠰᠠᠢ ᠳ᠋ᠠ᠂ ᠭᠠᠯᠠᠢ ᠳ᠋ᠠ ᠪᠤᠯᠵᠤ᠂ 1906 ᠤᠨ ᠳᠤ ᠭᠤᠴᠢᠭᠠᠳ ᠨᠠᠰᠤᠳᠠᠢ | ᠳᠠᠭᠠᠨ ᠲᠠᠶᠢᠹᠤᠰᠧ ᠵᠡᠬᠦᠨ ᠭᠠᠷ ᠰᠦᠷᠦᠭ ᠤᠨ ᠠᠮᠪᠠᠨ ᠤ ᠲᠤᠰᠢᠶᠠᠯ ᠢ ᠵᠠᠯᠭᠠᠮᠵᠢᠯᠠᠭᠰᠠᠨ ᠪᠠᠶᠢᠪᠠ᠃ ᠲᠡᠷᠡᠪᠡᠷ | ᠰᠦᠷᠦᠭ ᠤᠨ ᠠᠮᠪᠠᠨ ᠤ ᠲᠤᠰᠢᠶᠠᠯ ᠢ ᠰᠠᠶᠢᠨ ᠬᠦᠢᠴᠡᠳᠭᠡᠭᠰᠡᠨ ᠢᠶᠠᠷ ᠬᠠᠭᠤᠷᠠᠢ ᠵᠠᠮ ᠤᠨ ᠴᠡᠷᠢᠭ ᠤᠨ ᠶᠠᠮᠤᠨ ᠤ | ᠰᠠᠶᠢᠰᠢᠶᠠᠯ ᠬᠦᠬᠢᠬᠦᠯᠦᠯ ᠢ ᠤᠯᠠᠨ ᠤᠳᠠᠭ᠎ᠠ ᠬᠦᠷᠳᠡᠵᠦ ᠦᠩᠭᠡᠷᠡᠪᠡ᠃ 1908 ᠤᠨ ᠳᠤ ᠲᠠᠶᠢᠹᠤᠰᠧ ᠵᠡᠬᠦᠨ | ᠪᠠᠷᠠᠭᠤᠨ ᠬᠤᠶᠠᠷ ᠭᠠᠷ ᠰᠦᠷᠦᠭ ᠪᠤᠯᠤᠨ ᠦᠬᠡᠷᠴᠢᠨ ᠬᠤᠨᠢᠴᠢᠨ ᠰᠦᠷᠦᠭ ᠤᠨ ᠮᠤᠷᠢᠳᠤ ᠴᠡᠷᠢᠭ ᠤᠨ ᠶᠡᠷᠦᠩᠬᠡᠢ | ᠺᠤᠮᠠᠨᠳᠠᠯᠠᠭᠴᠢ ᠪᠤᠯᠪᠠ᠃ 1915 ᠤᠨ ᠳᠤ ᠤᠮᠠᠷᠠᠳᠤ ᠶᠢᠨ ᠵᠠᠰᠠᠭ ᠤᠨ ᠭᠠᠵᠠᠷ ᠤᠨ ᠬᠠᠭᠤᠷᠠᠢ ᠵᠠᠮ ᠤᠨ ᠴᠡᠷᠢᠭ | ᠤᠨ ᠶᠠᠮᠤᠨ ᠤ ᠵᠠᠷᠯᠢᠭ ᠢᠶᠠᠷ ᠭᠧᠷᠮᠠᠨ ᠤᠯᠤᠰ ᠤᠨ ᠬᠠᠭᠠᠨ ᠤ ᠲᠡᠬᠦᠦ ᠶᠢ ᠬᠠᠮᠠᠭᠠᠯᠠᠨ᠂ ᠪᠡᠭᠡᠵᠢᠩ ᠠᠴᠠ ᠶᠡᠭᠡ | ᠬᠦᠷᠢᠶ᠎ᠡ ︵ᠤᠳᠤᠬᠢ ᠤᠯᠠᠭᠠᠨᠪᠠᠭᠠᠳᠤᠷ︶ ᠳᠤ ᠬᠦᠷᠭᠡᠬᠦ ᠬᠦᠨᠳᠦ ᠡᠬᠦᠷᠭᠡ ᠶᠢ ᠬᠠᠷᠢᠭᠤᠴᠠᠵᠤ᠂ ᠤᠰᠤᠯ ᠦᠬᠡᠢ | ᠰᠠᠶᠢᠬᠠᠨ ᠪᠡᠶᠡᠯᠡᠬᠦᠯᠦᠭᠡᠳ ᠭᠠᠪᠢᠶ᠎ᠠ ᠪᠠᠶᠢᠭᠤᠯᠵᠤ᠂ ᠭᠤᠷᠪᠠᠳᠤᠭᠠᠷ ᠲᠡᠰ ᠤᠨ ᠸᠧᠨ ᠬᠡᠤ ᠤᠳᠤᠨ ᠪᠠ ᠵᠢᠶᠠ ᠾᠧ | ᠤᠳᠤᠨ ᠢᠶᠠᠷ ᠱᠠᠩᠨᠠᠭᠳᠠᠨ᠂ ᠪᠡᠭᠡᠵᠢᠩ ᠤᠨ ᠬᠦᠪᠡᠭᠡᠳᠦ ᠰᠢᠷ᠎ᠠ ᠮᠠᠨᠵᠤ ᠬᠤᠰᠢᠭᠤᠨ ᠤ ᠲᠡᠳ᠋ ᠪᠦᠬᠦᠳᠡ ᠶᠢ | ᠵᠠᠬᠢᠷᠤᠭᠴᠢ ᠶᠢᠨ ᠲᠤᠰᠢᠶᠠᠯ ᠳᠤ ᠲᠡᠪᠰᠢᠭᠰᠡᠨ ᠪᠠᠶᠢᠨ᠎ᠠ᠃ ᠲᠡᠭᠡᠭᠡᠳ ᠠᠮᠪᠠᠨ ᠤ ᠲᠤᠰᠢᠶᠠᠯ ᠢᠶᠠᠨ ᠲᠡᠬᠦᠦ | ᠰᠠᠮᠳᠠᠨᠯᠾᠦ᠋ᠷᠦᠪ ᠲᠡᠭᠲᠡᠨ ᠲᠤᠰᠢᠶᠠᠭᠠᠳ ᠪᠡᠭᠡᠵᠢᠩ ᠳᠤ ᠤᠴᠢᠵᠤ ᠰᠠᠭᠤᠭᠰᠠᠨ ᠢᠶᠠᠨ ᠲᠤᠬᠠᠢ ᠶᠢᠨ ᠦᠶᠡᠰ᠂ | ᠤᠮᠠᠷᠠᠳᠤ ᠶᠢᠨ ᠴᠡᠷᠢᠭ ᠤᠨ ᠡᠷᠭᠡᠳᠡᠨ ᠪᠠ ᠭᠠᠵᠠᠷ ᠤᠷᠤᠨ ᠤ ᠴᠡᠷᠢᠭ ᠤᠨ ᠡᠷᠭᠡᠳᠡᠨ ᠤ ᠬᠤᠭᠤᠷᠤᠨᠳᠤ ᠰᠠᠮᠠᠭᠤᠨ | ᠲᠠᠶᠢᠨ ᠲᠡᠭᠳᠡᠵᠦ᠂ ᠤᠯᠤᠰ ᠲᠦᠷᠦ ᠴᠠᠭ ᠤᠨ ᠪᠠᠶᠢᠳᠠᠯ ᠲᠤᠩ ᠲᠤᠭᠳᠠᠪᠤᠷᠢ ᠦᠬᠡᠢ ᠪᠤᠯᠤᠭᠰᠠᠨ ᠪᠠᠶᠢᠳᠠᠯ ᠳᠤ | ᠲᠤᠷ᠎ᠠ ᠦᠬᠡᠶᠢᠴᠡᠬᠦ ᠳᠡᠭᠡᠨ ᠲᠤᠰᠢᠶᠠᠯ ᠢᠶᠠᠨ ᠰᠤᠯᠠᠯᠠᠭᠠᠳ᠂ ᠴᠢᠭᠤᠯᠤᠯᠳᠤ ᠬᠠᠭᠠᠯᠭ᠎ᠠ ᠳᠤ ᠪᠠᠶᠢᠬᠤ ᠳᠠᠭᠠᠨ | ᠬᠢᠳᠠᠳ ᠡᠮᠴᠢ ᠠᠴᠠ ᠰᠤᠷᠴᠤ ᠡᠵᠡᠮᠰᠢᠭᠰᠡᠨ ᠡᠮ ᠡᠮᠨᠡᠯᠬᠡ ᠶᠢᠨ ᠮᠡᠷᠭᠡᠵᠢᠯ ᠳᠡᠭᠡᠨ ᠲᠦᠰᠢᠭᠯᠡᠵᠦ᠂ ᠡᠪᠡᠳᠴᠢᠨ | ᠦᠵᠡᠵᠦ ᠡᠮ ᠬᠤᠳᠠᠯᠳᠤᠨ ᠠᠮᠢᠳᠤᠷᠠᠵᠠᠢ᠃ ᠡᠨᠡ ᠦᠶᠡᠰ ᠰᠦᠨ ᠵᠦᠩ ᠱᠠᠨ ᠠᠪᠤᠭᠠᠢ ᠶᠢᠨ ᠬᠠᠮᠤᠭ ᠤᠨ ᠲᠡᠭᠡᠳᠦ | ᠵᠦᠪᠯᠡᠭᠴᠢ ᠪᠠᠷ ᠠᠵᠢᠯᠯᠠᠵᠤ ᠪᠠᠶᠢᠭᠰᠠᠨ ᠲᠡᠬᠦᠦ ᠡᠩᠬᠡᠪᠡᠳᠦ ᠶᠢᠨ ᠢᠶᠠᠨ ᠬᠤᠪᠢᠰᠬᠠᠯᠳᠤ ᠠᠵᠢᠯᠯᠠᠭ᠎ᠠ ᠶᠢ ᠢᠳᠡᠪᠬᠢᠳᠡᠢ | ᠲᠡᠮᠵᠢᠵᠦ ᠪᠠᠶᠢᠭᠰᠠᠨ ᠪᠦᠬᠡᠳ 1924 ᠤᠨ ᠳᠤ ᠡᠩᠬᠡᠪᠡᠳᠤ ᠶᠢᠨ ᠲᠠᠨᠢᠯᠴᠠᠭᠤᠯᠭ᠎ᠠ ᠪᠠᠷ ᠭᠤᠮᠢᠨᠳᠠᠩ ᠨᠠᠮ ᠳᠤ | ᠤᠷᠤᠭᠰᠠᠨ ᠪᠠᠶᠢᠨ᠎ᠠ᠃ ᠡᠨᠡ ᠬᠤᠭᠤᠴᠠᠭᠠᠨ ᠳᠤ ᠪᠠᠰᠠ ᠪᠡᠭᠡᠵᠢᠩ ᠤᠨ ᠲᠤᠷᠤᠨᠠᠳᠠᠬᠢᠨ ᠶᠡᠭᠡ ᠰᠤᠷᠭᠠᠭᠤᠯᠢ ᠳᠤ | ᠮᠠᠨᠵᠤ ᠮᠤᠩᠭᠤᠯ ᠬᠡᠯᠡᠨ ᠤ ᠪᠠᠭᠰᠢ ᠪᠠᠷ ᠤᠷᠢᠭᠳᠠᠨ ᠬᠢᠴᠢᠶᠡᠯ ᠵᠢᠭᠠᠵᠤ ᠪᠠᠶᠢᠪᠠ᠃ 1925 ᠤᠨ ᠳᠤ ᠰᠦᠨ ᠵᠦᠩ | ᠱᠠᠨ ᠠᠪᠤᠭᠠᠢ ᠹᠧᠩ ᠢᠤᠢ ᠰᠢᠶᠠᠩ ᠵᠠᠩᠵᠤᠨ ᠤ ᠤᠷᠢᠯᠭ᠎ᠠ ᠪᠠᠷ ᠤᠮᠠᠷᠠᠰᠢ ᠮᠤᠷᠳᠠᠵᠤ ᠤᠯᠤᠰ ᠤᠨ ᠶᠡᠭᠡ ᠬᠡᠷᠡᠭ ᠢ | ᠵᠦᠪᠯᠡᠬᠦ ᠦᠶᠡᠰ᠂ ᠰᠡᠷᠡᠩᠳᠤᠩᠷᠤᠪ ᠲᠡᠬᠦᠦ ᠡᠩᠬᠡᠪᠡᠳᠤ ᠶᠢᠨ ᠶᠢᠨ ᠬᠠᠮᠳᠤ ᠰᠦᠨ ᠵᠦᠩ ᠱᠠᠨ ᠢ ᠨᠢᠭᠤᠴᠠ ᠪᠠᠷ | ᠬᠠᠮᠠᠭᠠᠯᠠᠬᠤ ᠡᠬᠦᠷᠭᠡ ᠶᠢ ᠵᠠᠷᠯᠢᠭ ᠢᠶᠠᠷ ᠬᠦᠯᠢᠶᠡᠵᠦ᠂ ᠰᠦᠨ ᠵᠦᠩ ᠱᠠᠨ ᠠᠪᠤᠭᠠᠢ ᠶᠢ ᠨᠠᠰᠤ ᠨᠦᠭᠴᠢᠳᠡᠯᠡ | ᠡᠬᠦᠷᠭᠡ ᠪᠠᠨ ᠬᠦᠢᠴᠡᠳᠭᠡᠵᠦ ᠪᠠᠶᠢᠵᠠᠢ᠃ 1928 ᠤᠨ ᠳᠤ ᠲᠡᠷᠡ ᠪᠡᠭᠡᠵᠢᠩ ᠳᠤ ᠬᠠᠮᠤᠭ ᠤᠨ ᠠᠩᠬᠠᠳᠤᠭᠴᠢ | ᠮᠤᠩᠭᠤᠯ ᠬᠡᠯᠡᠨ ᠤ ︽ᠭᠠᠷᠠᠭ ᠤᠨ ᠰᠤᠨᠢᠨ︾ ᠢ ᠡᠷᠬᠢᠯᠡᠵᠦ᠂ ᠰᠢᠨ᠎ᠡ ᠠᠷᠠᠳ ᠤᠨ ᠭᠤᠷᠪᠠᠨ ᠦᠵᠡᠯ ᠢ | ᠤᠬᠠᠭᠤᠯᠵᠤ ᠪᠠᠶᠢᠪᠠ᠃ ᠡᠨᠡ ᠰᠤᠨᠢᠨ ᠨᠢ ᠮᠤᠩᠭᠤᠯ ᠤᠨ ᠡᠯ᠎ᠡ ᠠᠶᠢᠮᠠᠭ ᠬᠤᠰᠢᠭᠤᠳ ᠤᠨ ᠰᠡᠭᠡᠭᠡᠳᠡᠨ ᠤ ᠲᠤᠮᠳᠠ | ᠲᠤᠩ ᠶᠡᠭᠡ ᠨᠦᠯᠦᠬᠡ ᠲᠠᠢ ᠪᠤᠯᠵᠤ᠂ ᠰᠦᠨ ᠵᠦᠩ ᠱᠠᠨ ᠠᠪᠤᠭᠠᠢ ᠶᠢᠨ ᠭᠡᠷᠢᠶᠡᠰ ᠢ ᠤᠬᠠᠭᠤᠯᠬᠤ ᠳᠤ ᠮᠠᠰᠢ ᠶᠡᠭᠡ | ᠦᠢᠯᠡᠳᠦᠯ ᠦᠵᠡᠬᠦᠯᠦᠭᠰᠡᠨ ᠶᠤᠮ᠃ ᠰᠡᠬᠦᠯᠡᠷ ᠨᠢ ᠵᠠᠷᠤᠳᠠᠯ ᠰᠦᠢᠳᠭᠡᠯ ᠲᠤᠳᠠᠭᠳᠠᠭᠰᠠᠨ ᠠᠴᠠ ᠪᠤᠯᠵᠤ ᠵᠦᠪᠬᠡᠨ | ᠠᠷᠪᠠᠨ ᠭᠡᠳᠦᠬᠡᠨ ᠬᠤᠭᠤᠴᠠᠭ᠎ᠠ ᠡᠷᠬᠢᠯᠡᠭᠡᠳ ᠠᠷᠭ᠎ᠠ ᠪᠤᠰᠤ ᠵᠤᠭᠰᠤᠵᠠᠢ᠃ 1928 ᠤᠨ ᠤ 7 ᠰᠠᠷ᠎ᠠ ᠳᠤ᠂ | ᠰᠡᠷᠡᠩᠳᠤᠩᠷᠤᠪ ᠂ ᠨᠢᠮᠠᠤᠳᠰᠤᠷ ᠨᠠᠷ ᠴᠠᠬᠠᠷ ᠠᠶᠢᠮᠠᠭ ᠤᠨ ᠲᠦᠯᠦᠭᠡᠯᠡᠭᠴᠢ ᠪᠠᠷ ᠨᠠᠨᠵᠢᠩ ᠳᠤ ᠬᠦᠷᠴᠦ᠂ | ᠭᠤᠮᠢᠨᠳᠠᠩ ᠤᠨ ᠵᠠᠰᠠᠭ ᠤᠨ ᠭᠠᠵᠠᠷ ᠲᠤ ᠦᠪᠡᠷᠳᠡᠭᠡᠨ ᠵᠠᠰᠠᠬᠤ ᠭᠤᠶᠤᠴᠢᠯᠠᠯ ᠭᠠᠷᠭᠠᠵᠠᠢ᠃ ᠲᠡᠳᠡᠨ ᠤ | ᠲᠤᠷᠠᠳᠤᠭᠰᠠᠨ ᠠᠷᠪᠠᠨ ᠵᠤᠷᠪᠤᠰ ᠱᠠᠭᠠᠷᠳᠠᠯᠭ᠎ᠠ ᠶᠢᠨ ᠭᠤᠤᠯ ᠠᠭᠤᠯᠭ᠎ᠠ ᠳᠤ ᠴᠠᠬᠠᠷ ᠠᠶᠢᠮᠠᠭ ᠤᠨ ᠡᠯ᠎ᠡ ᠬᠤᠰᠢᠭᠤ | ᠰᠦᠷᠦᠭ ᠢ ᠲᠤᠰ ᠭᠠᠵᠠᠷ ᠤᠨ ᠰᠢᠶᠠᠨ ᠤ ᠵᠠᠰᠠᠭ ᠤᠨ ᠤᠷᠳᠤᠨ ᠤ ᠨᠤᠶᠠᠷᠬᠠᠯ ᠳᠤ ᠤᠷᠤᠭᠤᠯᠬᠤ ᠦᠬᠡᠢ᠂ ᠦᠪᠦᠷ | ᠮᠤᠩᠭᠤᠯ ᠤᠨ ᠡᠯ᠎ᠡ ᠠᠶᠢᠮᠠᠭ ᠬᠤᠰᠢᠭᠤᠳ ᠤᠨ ᠬᠤᠯᠪᠤᠭᠠᠯᠠᠭᠰᠠᠨ ᠦᠪᠡᠷᠳᠡᠭᠡᠨ ᠵᠠᠰᠠᠬᠤ ᠶᠢ ᠪᠡᠶᠡᠯᠡᠬᠦᠯᠵᠦ᠂ ︽ | ᠦᠪᠦᠷ ᠮᠤᠩᠭᠤᠯ ᠤᠨ ᠦᠪᠡᠷᠳᠡᠭᠡᠨ ᠵᠠᠰᠠᠬᠤ ᠬᠤᠷᠠᠯ ᠤᠨ ᠴᠠᠬᠠᠷ ᠤᠨ ᠬᠤᠪᠢᠶᠠᠷᠢ ᠬᠤᠷᠠᠯ︾ ᠢ ᠪᠠᠶᠢᠭᠤᠯᠤᠨ᠂ | ᠰᠢᠭᠤᠳ ᠤᠯᠤᠰ ᠠᠷᠠᠳ ᠤᠨ ᠵᠠᠰᠠᠭ ᠤᠨ ᠭᠠᠵᠠᠷ ᠲᠤ ᠬᠠᠮᠢᠶᠠᠷᠤᠭᠤᠯᠤᠨ᠎ᠠ᠂ ᠬᠤᠪᠢᠶᠠᠷᠢ ᠬᠤᠷᠠᠯ ᠤᠨ ᠭᠡᠰᠢᠬᠦᠳ | ᠨᠢ ᠴᠠᠬᠠᠷ ᠠᠶᠢᠮᠠᠭ ᠤᠨ ᠡᠯ᠎ᠡ ᠬᠤᠰᠢᠭᠤ ᠰᠦᠷᠦᠭ ᠤᠨ ᠠᠮᠪᠠᠨ ᠢᠶᠠᠷ ᠪᠦᠷᠢᠯᠳᠦᠵᠦ᠂ ᠲᠡᠬᠦᠨ ᠤ ᠲᠤᠳᠤᠷᠠᠬᠢ | ᠬᠠᠮᠤᠭ ᠨᠡᠷ᠎ᠡ ᠬᠦᠨᠳᠦᠳᠡᠢ ᠬᠦᠮᠦᠨ ᠢᠶᠠᠷ ᠨᠢ ᠲᠡᠷᠢᠬᠦᠯᠡᠭᠴᠢ ᠪᠤᠯᠭᠠᠨ᠎ᠠ ᠬᠡᠵᠦ ᠲᠤᠷᠠᠳᠤᠭᠰᠠᠨ ᠪᠠᠶᠢᠪᠠ᠃ ᠭᠡᠪᠡᠴᠦ | ᠨᠠᠨᠵᠢᠩ ᠤᠨ ᠵᠠᠰᠠᠭ ᠤᠨ ᠭᠠᠵᠠᠷ ᠨᠢ ᠲᠡᠳᠡᠨ ᠤ ᠱᠠᠭᠠᠷᠳᠠᠯᠭ᠎ᠠ ᠶᠢ ᠵᠦᠪᠰᠢᠶᠡᠷᠡᠭᠰᠡᠨ ᠦᠬᠡᠢ᠃ 1929 ᠤᠨ ᠳᠤ | ᠶᠠᠩ ᠠᠢ ᠶᠤᠸᠠᠨ ᠴᠠᠬᠠᠷ ᠮᠤᠵᠢ ᠶᠢᠨ ᠵᠠᠰᠠᠭ ᠤᠨ ᠤᠷᠳᠤᠨ ᠤ ᠲᠡᠷᠢᠬᠦᠨ ᠨᠤᠶᠠᠨ ᠪᠤᠯᠬᠤ ᠦᠶ᠎ᠡ ᠳᠤ | ᠰᠡᠷᠡᠩᠳᠤᠩᠷᠤᠪ ᠵᠠᠰᠠᠭ ᠤᠨ ᠤᠷᠳᠤᠨ ᠤ ᠭᠡᠰᠢᠬᠦᠨ ᠪᠤᠯᠵᠤ᠂ ᠮᠤᠩᠭᠤᠯ ᠬᠤᠰᠢᠭᠤᠳ ᠤᠨ ᠭᠡᠷᠡᠭ ᠢ ᠬᠤᠪᠢᠳᠠᠨ | ᠬᠠᠷᠢᠭᠤᠴᠠᠵᠤ ᠪᠠᠶᠢᠪᠠ᠃ ᠲᠤᠬᠠᠢ ᠶᠢᠨ ᠦᠶ᠎ᠡ ᠳᠤ ᠴᠠᠬᠠᠷ ᠤᠷᠤᠨ ᠳᠤ ᠨᠡᠷ᠎ᠡ ᠠᠯᠳᠠᠷᠰᠢᠭᠰᠠᠨ ᠬᠠᠩ ᠸᠧᠢᠢᠶᠤᠸᠠᠨ | ᠭᠡᠳᠡᠭ ᠪᠤᠯ ᠲᠠᠷᠤᠢ ᠲᠡᠷᠡ ᠪᠤᠯᠤᠨ᠎ᠠ᠃ ᠮᠦᠨ ᠵᠢᠯ ᠨᠢ ᠲᠡᠷᠡ ᠲᠤᠮᠳᠠᠳᠤ ᠤᠯᠤᠰ ᠤᠨ ᠭᠤᠮᠢᠨᠳᠠᠩ ᠨᠠᠮ ᠤᠨ | ᠴᠠᠬᠠᠷ ᠮᠤᠵᠢ ᠶᠢᠨ ᠮᠤᠩᠭᠤᠯ ᠬᠤᠰᠢᠭᠤᠳ ᠤᠨ ᠨᠠᠮ ᠤᠨ ᠠᠵᠢᠯ ᠤᠨ ᠲᠤᠰᠬᠠᠢ ᠲᠤᠰᠢᠶᠠᠯᠳᠠᠨ ᠢᠶᠠᠷ ᠲᠤᠮᠢᠯᠠᠭᠳᠠᠵᠤ | ᠂ ᠴᠠᠬᠠᠷ ᠤᠨ ᠭᠡᠳᠦᠨ ᠠᠷᠪᠠᠨ ᠮᠤᠩᠭᠤᠯ ᠵᠠᠯᠠᠭᠤ ᠶᠢ ᠭᠤᠮᠢᠨᠳᠠᠩ ᠨᠠᠮ ᠳᠤ ᠡᠯᠰᠡᠨ ᠤᠷᠤᠭᠤᠯᠤᠭᠰᠠᠨ ᠪᠠᠶᠢᠨ᠎ᠠ᠃ | ᠡᠬᠦᠨ ᠤ ᠲᠤᠳᠤᠷ᠎ᠠ ᠰᠡᠬᠦᠯᠡᠷ ᠨᠢ ᠵᠠᠩᠪᠸᠢ ᠶᠢᠨ ᠲᠠᠪᠠᠭᠠᠨ ᠲᠡᠭᠡᠷ᠎ᠡ ᠶᠠᠫᠤᠨ ᠳᠤ ᠬᠤᠤᠷᠯᠠᠭᠳᠠᠭᠰᠠᠨ ᠭᠤᠮᠢᠨᠳᠠᠩ ᠨᠠᠮ | ᠤᠨ ᠲᠦᠪ ᠬᠤᠷᠢᠶᠠᠨ ᠤ ᠤᠷᠤᠯᠠᠭᠴᠢ ᠭᠡᠰᠢᠬᠦᠨ ᠪᠠᠶᠢᠭᠰᠠᠨ ᠨᠢᠮᠠᠤᠳᠰᠤᠷ ᠵᠡᠷᠭᠡ ᠬᠦᠮᠦᠰ ᠪᠠᠶᠢᠳᠠᠭ᠃ | ᠰᠡᠷᠡᠩᠳᠤᠩᠷᠤᠪ ᠲᠡᠷᠡ ᠦᠶ᠎ᠡ ᠳᠤ ᠪᠠᠰᠠ ᠴᠠᠬᠠᠷ ᠮᠤᠵᠢ ᠶᠢᠨ ᠬᠠᠷ᠎ᠠ ᠲᠠᠮᠠᠬᠢ ᠴᠠᠭᠠᠵᠠᠯᠠᠬᠤ ᠺᠤᠮᠢᠰ ᠤᠨ | ᠡᠷᠬᠢᠯᠡᠭᠴᠢ ᠪᠠᠷ ᠠᠵᠢᠯᠯᠠᠵᠤ ᠪᠠᠶᠢᠵᠠᠢ᠃ 1931 ᠤᠨ ᠳᠤ ᠭᠤᠮᠢᠨᠳᠠᠩ ᠤᠨ ᠵᠠᠰᠠᠭ ᠤᠨ ᠤᠷᠳᠤᠨ ᠠᠴᠠ ᠴᠠᠬᠠᠷ | ᠮᠤᠵᠢ ᠶᠢᠨ ᠵᠠᠰᠠᠭ ᠤᠨ ᠤᠷᠳᠤᠨ ᠢ ᠦᠬᠡᠷᠡᠴᠢᠯᠡᠨ ᠪᠠᠶᠢᠭᠤᠯᠵᠤ᠂ ᠯᠢ ᠢ ᠹᠸᠢ ᠶᠢ ᠲᠡᠷᠢᠬᠦᠯᠡᠭᠴᠢ ᠪᠤᠯᠭᠠᠬᠤ ᠳᠤ | ᠰᠡᠷᠡᠩᠳᠤᠩᠷᠤᠪ ᠲᠠᠬᠢᠨ ᠨᠢᠬᠡ ᠤᠳᠠᠭᠠᠨ ᠲᠡᠮᠴᠤᠬᠳᠤᠩᠷᠤᠪ ᠨᠠᠷ ᠤᠨ ᠬᠠᠮᠳᠤ ᠴᠠᠬᠠᠷ ᠮᠤᠵᠢ ᠶᠢᠨ ᠵᠠᠰᠠᠭ ᠤᠨ | ᠤᠷᠳᠤᠨ ᠤᠨ ᠭᠡᠰᠢᠬᠦᠨ ᠪᠤᠯᠵᠠᠢ᠃ ᠲᠤᠬᠠᠢ ᠶᠢᠨ ᠦᠶᠡᠰ᠂ ᠶᠠᠫᠤᠨ ᠡᠵᠡᠷᠭᠡᠭ ᠲᠦᠷᠢᠮᠡᠬᠡᠶᠢᠳᠡᠨ ᠵᠡᠬᠦᠨ ᠬᠤᠶᠢᠳᠤ | ᠤᠷᠤᠨ᠂ ᠦᠪᠦᠷ ᠮᠤᠩᠭᠤᠯ ᠤᠷᠤᠨ ᠳᠤ ᠮᠠᠰᠢ ᠤᠯᠠᠨ ᠲᠠᠩᠨᠠᠭᠤᠯ ᠲᠤᠮᠢᠯᠠᠵᠤ᠂ ᠲᠡᠭᠡᠳᠦ ᠲᠠᠪᠬᠤᠷᠭᠠᠳᠠᠳ ᠢ | ᠰᠦᠷᠳᠡᠭᠦᠯᠦᠨ ᠠᠶᠤᠯᠭᠠᠵᠤ ᠲᠠᠳᠠᠵᠤ ᠠᠰᠢᠭᠯᠠᠬᠤ ᠠᠵᠢᠯᠯᠠᠭ᠎ᠠ ᠬᠢᠯᠬᠡᠵᠦ᠂ ᠴᠠᠬᠠᠷ ᠮᠤᠵᠢ ᠶᠢ ᠶᠠᠫᠤᠨᠴᠤᠳ ᠤᠨ | ᠤᠬᠠᠭᠠᠯᠠᠵᠤ ᠪᠠᠶᠢᠭᠰᠠᠨ ︽ᠤᠮᠠᠷᠠᠳᠤ ᠤᠷᠤᠨ ᠤ ᠦᠪᠡᠷᠳᠡᠭᠡᠨ ᠵᠠᠰᠠᠬᠤ︾ ᠭᠡᠪᠴᠢᠶᠡᠨ ᠳᠡᠭᠡᠨ ᠤᠷᠤᠭᠤᠯᠵᠤ | ᠠᠪᠬᠤ ᠪᠠᠷ ᠭᠤᠷᠢᠳᠠᠵᠤ ᠪᠠᠶᠢᠪᠠ᠃ ᠰᠡᠷᠡᠩᠳᠤᠩᠷᠤᠪ ᠶᠠᠫᠤᠨ ᠤ ᠦᠳᠦᠭᠡᠯᠬᠡ ᠪᠠ ᠰᠦᠷᠳᠡᠬᠦᠯᠦᠯ ᠳᠤ | ᠲᠠᠳᠠᠭᠳᠠᠭᠰᠠᠨ ᠦᠬᠡᠢ ᠮᠦᠷᠳᠡᠭᠡᠨ ᠲᠡᠳᠡᠨ ᠤ ᠶᠤᠰᠤ ᠪᠤᠰᠤ ᠱᠠᠭᠠᠷᠳᠠᠯᠭ᠎ᠠ ᠶᠢ ᠡᠷᠡᠰ ᠲᠡᠪᠴᠢᠵᠦ᠂ ᠰᠢᠯᠢ ᠶᠢᠨ | ᠭᠤᠤᠯ ᠤᠨ ᠠᠷᠪᠠᠨ ᠬᠤᠰᠢᠭᠤ᠂ ᠴᠠᠬᠠᠷ ᠤᠨ ᠨᠠᠢᠮᠠᠨ ᠬᠤᠰᠢᠭᠤ ᠲᠦᠷᠪᠡᠨ ᠰᠦᠷᠦᠭ ᠤᠨ ᠲᠡᠭᠡᠳᠦ ᠲᠠᠪᠬᠤᠷᠭᠠᠳᠠᠨ | ᠲᠠᠢ ᠪᠦᠯᠬᠦᠮᠳᠡᠨ᠂ ᠶᠠᠫᠤᠨ ᠡᠵᠡᠷᠭᠡᠭ ᠲᠦᠷᠢᠮᠡᠬᠢᠳᠡᠨ ᠤ ᠤᠪ ᠮᠡᠭᠡ ᠶᠢ ᠢᠯᠡᠴᠢᠯᠡᠵᠦ᠂ ᠬᠦᠮᠦᠰ ᠢ ᠶᠠᠫᠤᠨ ᠤ ᠡᠯᠳᠡᠪ | ᠮᠡᠬᠡᠯᠡᠯ ᠳᠤ ᠤᠷᠤᠵᠤ ᠪᠤᠯᠬᠤ ᠦᠬᠡᠢ ᠬᠡᠮᠡᠨ ᠤᠬᠠᠭᠤᠯᠵᠤ ᠪᠠᠶᠢᠵᠠᠢ᠃ ︽ᠾᠧ ᠮᠸᠢ ᠶᠢᠨ ᠬᠡᠯᠡᠯᠴᠡᠭᠡᠷ︾ ᠠᠴᠠ | ᠬᠤᠶᠢᠰᠢ ᠴᠠᠬᠠᠷ᠂ ᠿᠧ ᠾᠧ ᠶᠢᠨ ᠪᠠᠶᠢᠳᠠᠯ ᠭᠡᠴᠡᠬᠦᠳᠡᠭᠰᠡᠨ ᠲᠤᠯᠠ ᠰᠡᠷᠡᠩᠳᠤᠩᠷᠤᠪ ᠭᠤᠮᠢᠨᠳᠠᠩ ᠨᠠᠮ ᠤᠨ | ᠲᠤᠳᠤᠷᠠᠬᠢ ᠤᠯᠤᠰ ᠢᠶᠠᠨ ᠬᠠᠶᠢᠷᠠᠯᠠᠭᠴᠢ ᠬᠦᠮᠦᠰ ᠤᠨ ᠨᠢᠬᠡ ᠪᠠᠶᠢᠭᠰᠠᠨ ᠪᠤᠯᠬᠤᠷ ᠠᠳᠡ ᠪᠠᠨ ᠦᠷᠬᠦᠯᠵᠢᠯᠡᠨ | ᠠᠵᠢᠯᠯᠠᠬᠤ ᠶᠢᠨ ᠠᠷᠭ᠎ᠠ ᠦᠬᠡᠢ ᠪᠤᠯᠤᠭᠠᠳ ᠰᠠᠶ᠋ᠢ ᠨᠠᠨᠵᠢᠩ ᠳᠤ ᠬᠦᠷᠴᠦ ᠲᠤᠮᠳᠠᠳᠤ ᠢᠷᠭᠡᠨ ᠤᠯᠤᠰ ᠤᠨ ᠵᠠᠰᠠᠭ | ᠤᠨ ᠭᠠᠵᠠᠷ ᠤᠨ ᠬᠠᠤᠯᠢ ᠲᠤᠭᠳᠠᠭᠠᠬᠤ ᠬᠤᠷᠢᠶᠠᠨ ᠤ ᠬᠡᠰᠢᠬᠦᠨ ᠪᠤᠯᠤᠭᠰᠠᠨ ᠪᠠᠶᠢᠪᠠ᠃ ᠰᠡᠬᠦᠯᠡᠷ ᠨᠢ ᠵᠢᠶᠠᠩ ᠵᠢᠶᠧ | ᠱᠢ ᠨᠠᠨᠵᠢᠩ ᠳᠤ ᠲᠡᠬᠦᠨ ᠤ ᠲᠡᠬᠦᠦ ᠡᠩᠬᠡᠪᠠᠳᠤ ᠲᠠᠢ ᠠᠭᠤᠯᠵᠠᠵᠤ᠂ ᠤᠮᠠᠷᠠᠳᠤ ᠤᠷᠤᠨ ᠪᠤᠯᠤᠨ ᠦᠪᠦᠷ ᠮᠤᠩᠭᠤᠯ | ᠤᠨ ᠪᠠᠶᠢᠳᠠᠯ ᠢ ᠰᠤᠳᠤᠯᠤᠨ ᠶᠠᠷᠢᠯᠴᠠᠭᠰᠠᠨ ᠪᠦᠬᠡᠳ ᠡᠩᠬᠡᠪᠠᠳᠤ᠂ ᠰᠡᠷᠡᠩᠳᠤᠩᠷᠤᠪ ᠬᠤᠶᠠᠭᠤᠯᠠ ᠶᠢ ᠢᠷᠭᠡᠨ | ᠤᠯᠤᠰ ᠤᠨ ᠵᠠᠰᠠᠭ ᠤᠨ ᠭᠠᠵᠠᠷ ᠢ ᠲᠠᠭᠠᠵᠤ ᠶᠠᠪᠤᠬᠤ ᠭᠡᠷᠡᠭᠳᠡᠢ ᠬᠡᠵᠦ ᠨᠢᠭᠤᠷᠳᠠᠨ ᠶᠠᠷᠢᠵᠤ ᠲᠤᠰᠢᠶᠠᠭᠰᠠᠨ ᠪᠠᠶᠢᠪᠠ᠃ | ᠡᠶᠢᠨ ᠬᠦ᠋᠂ ᠰᠡᠷᠡᠩᠳᠤᠩᠷᠤᠪ ᠢᠷᠭᠡᠨ ᠤᠯᠤᠰ ᠤᠨ ᠵᠠᠰᠠᠭ ᠤᠨ ᠭᠠᠵᠠᠷ ᠤᠨ ᠲᠤᠮᠢᠯᠠᠯᠳᠠ ᠪᠠᠷ ᠪᠡᠭᠡᠵᠢᠩ ᠳᠤ | ᠬᠦᠷᠴᠦ᠂ ᠬᠠᠭᠤᠷᠮᠠᠭ ᠮᠤᠩᠭᠤᠯ ᠤᠨ ᠬᠤᠯᠪᠤᠭᠠᠳᠤ ᠵᠠᠰᠠᠭ ᠤᠨ ᠤᠷᠳᠤᠨ ᠤ ᠲᠡᠮᠨᠡᠨ ᠵᠦᠪᠯᠡᠭᠴᠢ ᠪᠤᠯᠵᠤ᠂ ᠲᠤᠬᠢᠶᠠᠯ | ᠢ ᠠᠰᠢᠭᠯᠠᠨ ᠠᠯᠢ ᠪᠤᠯᠬᠤ ᠪᠠᠷ ᠳ᠋ᠧ ᠸᠠᠩ ᠳᠤ ᠠᠵᠢᠯ ᠬᠢᠵᠦ ᠪᠠᠶᠢᠵᠠᠢ᠃ ᠢᠩᠬᠢᠬᠡᠳ ᠲᠡᠮᠡᠢ ᠤᠳᠠᠭᠰᠠᠨ ᠦᠬᠡᠢ | ᠳ᠋ᠧ ᠸᠠᠩ ᠴᠤ ᠴᠦᠩᠴᠢᠩ ᠳᠠᠬᠢ ᠭᠤᠮᠢᠨᠳᠠᠩ ᠤᠨ ᠵᠠᠰᠠᠭ ᠤᠨ ᠭᠠᠵᠠᠷ ᠲᠠᠢ ᠨᠢᠭᠤᠴᠠ ᠬᠠᠷᠢᠴᠠᠭ᠎ᠠ ᠪᠠᠶᠢᠭᠤᠯᠤᠭᠰᠠᠨ | ᠪᠠᠶᠢᠪᠠ᠃ ᠲᠡᠬᠡᠬᠦᠯᠡᠷ ᠰᠡᠷᠡᠩᠳᠤᠩᠷᠤᠪ ᠴᠢᠭᠤᠯᠤᠯᠳᠤ ᠬᠠᠭᠠᠯᠭ᠎ᠠ᠂ ᠬᠦᠬᠡᠬᠤᠳᠠ ᠵᠡᠷᠭᠡ ᠭᠠᠵᠠᠷ ᠤᠳ ᠢᠶᠠᠷ ᠬᠠᠮᠢᠭ᠎ᠠ | ᠤᠴᠢᠭᠰᠠᠨ ᠴᠤ ᠶᠠᠫᠤᠨᠴᠤᠳ ᠬᠢᠭᠡᠳ ᠪᠤᠷᠤᠩᠬᠤᠶᠢᠴᠤᠳ ᠤᠨ ᠬᠤᠷᠤᠰᠤᠯ ᠢ ᠲᠠᠳᠠᠵᠤ᠂ ᠲᠤᠩ ᠠᠶᠤᠯ ᠲᠠᠢ | ᠪᠤᠯᠤᠭᠰᠠᠨ ᠪᠠᠶᠢᠯ᠎ᠠ᠃ ᠲᠦᠭᠰᠢᠬᠦᠷᠢᠳᠦ ᠪᠠᠶᠢᠳᠠᠯ ᠠᠴᠠ ᠵᠠᠶᠢᠯᠠᠬᠤ ᠶᠢᠨ ᠲᠦᠯᠦᠬᠡ᠂ ᠲᠡᠷᠡᠪᠡᠷ ᠲᠡᠬᠦᠦ ᠡᠩᠬᠡᠪᠠᠳᠤ | ᠶᠢᠨ ᠬᠠᠮᠳᠤ ᠨᠠᠨᠵᠢᠩ ᠳᠤ ᠬᠦᠷᠴᠦ᠂ ᠸᠠᠩ ᠵᠢᠩ ᠸᠧᠢ ᠶᠢᠨ ᠬᠠᠭᠤᠷᠮᠠᠭ ᠢᠷᠭᠡᠨ ᠤᠯᠤᠰ ᠤᠨ ᠵᠠᠰᠠᠭ ᠤᠨ ᠭᠠᠵᠠᠷ | ᠲᠤ ᠬᠠᠤᠯᠢ ᠲᠤᠭᠳᠠᠭᠠᠬᠤ ᠬᠤᠷᠢᠶᠠᠨ ᠤ ᠭᠡᠰᠢᠬᠦᠨ ᠢᠶᠠᠷ ᠠᠵᠢᠯᠯᠠᠭᠰᠠᠨ ᠪᠦᠬᠡᠳ ᠰᠡᠬᠦᠯᠡᠷ ᠨᠢ ᠢᠷᠭᠡᠨ ᠤᠯᠤᠰ ᠤᠨ | ᠵᠠᠰᠠᠭ ᠤᠨ ᠶᠠᠪᠤᠳᠠᠯ ᠤᠨ ᠽᠠᠨᠽᠠᠨ ᠪᠤᠯᠪᠠ᠃ ᠲᠡᠷᠡ ᠪᠠᠰᠠ ᠦᠨᠳᠦᠰᠦᠳᠡᠨ ᠤ ᠪᠠᠨ ᠤᠳᠬ᠎ᠠ ᠰᠤᠶᠤᠯ ᠢ | ᠲᠡᠭᠡᠭᠰᠢᠯᠡᠬᠦᠯᠦᠨ ᠬᠦᠭᠵᠢᠬᠦᠯᠬᠦ ᠶᠢ ᠶᠡᠭᠡ ᠴᠢᠬᠤᠯᠠᠴᠢᠯᠠᠨ ᠠᠩᠬᠠᠷᠴᠤ᠂ ᠲᠠᠶᠢᠹᠤᠰᠧ ᠤᠨ ᠲᠡᠦᠬᠡᠨ ᠳᠤ ᠬᠠᠮᠤᠭ | ᠠᠩᠬᠠᠨ ᠤ ᠭᠡᠷ ᠤᠨ ᠰᠤᠷᠭᠠᠭᠤᠯᠢ ︽ᠮᠤᠩᠭᠤᠯ ᠢᠶᠠᠨ ᠪᠠᠳᠠᠷᠠᠭᠤᠯᠬᠤ ᠭᠡᠷ ᠤᠨ ᠰᠤᠷᠭᠠᠭᠤᠯᠢ︾ ᠶᠢ ᠪᠠᠶᠢᠭᠤᠯᠤᠭᠠᠳ | ᠂ ᠲᠠᠶᠢᠹᠤᠰᠧ ᠵᠡᠬᠦᠨ ᠭᠠᠷ ᠰᠦᠷᠦᠭ ᠤᠨ ᠰᠤᠶᠤᠯ ᠭᠡᠭᠡᠷᠡᠯ ᠤᠨ ᠦᠢᠯᠡᠰ ᠲᠤ ᠲᠦᠯᠬᠢᠴᠡ ᠬᠦᠴᠦᠨ ᠤ ᠦᠢᠯᠡᠳᠦᠯ | ᠦᠵᠡᠬᠦᠯᠦᠭᠰᠡᠨ ᠶᠤᠮ᠃ |