ᠰᠡᠷᠡᠩᠨᠠᠮᠵᠢᠯ
ᠨᠡᠶᠢᠲᠡᠯᠡᠭᠰᠡᠨ ᠴᠠᠭ᠄
2018/11/27

ᠰᠡᠷᠡᠩᠨᠠᠮᠵᠢᠯ ︵1888 —  ︶  ᠂ ᠲᠠᠶᠢᠹᠤᠰᠧ ᠵᠡᠬᠦᠨ ᠭᠠᠷ ᠰᠦᠷᠦᠭ ᠤᠨ ᠬᠦᠯᠦ ᠴᠠᠭᠠᠨ ᠬᠤᠰᠢᠭᠤᠨ ᠤ

ᠬᠦᠮᠦᠨ᠂ ᠬᠠᠩᠬᠢᠨ ᠤᠪᠤᠭ ᠲᠠᠢ᠃ ᠭᠡᠷ ᠪᠦᠯᠢ ᠨᠢ ᠶᠠᠳᠠᠭᠤ ᠬᠦᠴᠢᠷᠳᠡᠢ ᠪᠠᠶᠢᠭᠰᠠᠨ ᠠᠴᠠ ᠰᠢᠰᠲ᠋ᠧᠮ ᠲᠠᠢ

ᠰᠤᠷᠭᠠᠨ ᠬᠦᠮᠦᠵᠢᠯ ᠬᠦᠷᠳᠡᠭᠰᠡᠨ ᠦᠬᠡᠢ᠂ ᠵᠠᠯᠠᠭᠤ ᠠᠴᠠ ᠪᠠᠨ ᠨᠤᠶᠠᠳ ᠢ ᠲᠠᠭᠠᠨ ᠠᠯᠪᠠ ᠬᠠᠭᠠᠵᠤ ᠶᠠᠪᠤᠬᠤ ᠳᠠᠭᠠᠨ

ᠪᠠᠭ᠎ᠠ ᠰᠠᠭ᠎ᠠ ᠮᠤᠩᠭᠤᠯ ᠪᠢᠴᠢᠭ ᠰᠤᠷᠤᠭᠰᠠᠨ ᠪᠠᠶᠢᠪᠠ᠃ ᠭᠡᠪᠡᠴᠦ ᠪᠠᠭ᠎ᠠ ᠠᠴᠠ ᠪᠠᠨ ᠰᠡᠴᠡᠨ ᠰᠡᠷᠬᠦᠯᠡᠩ᠂  

ᠤᠬᠠᠭᠠᠨ ᠴᠢᠳᠠᠪᠤᠷᠢ ᠲᠠᠢ ᠪᠠᠶᠢᠭᠰᠠᠨ ᠪᠤᠯᠬᠤᠷ ᠲᠤᠬᠠᠢ ᠶᠢᠨ ᠦᠶ᠎ᠡ ᠶᠢᠨ ᠡᠷᠭᠡ ᠪᠠᠷᠢᠭᠴᠢᠳ ᠲᠤ ᠬᠦᠨᠳᠦᠳᠭᠡᠭᠳᠡᠨ

ᠭᠡᠷᠡᠭᠯᠡᠭᠳᠡᠵᠦ ᠢᠷᠡᠵᠡᠢ᠃ ᠮᠠᠨᠵᠤ ᠴᠢᠩ ᠤᠨ ᠦᠶ᠎ᠡ ᠠᠴᠠ ᠡᠬᠢᠯᠡᠭᠡᠳ ᠲᠠᠶᠢᠹᠤᠰᠧ ᠵᠡᠬᠦᠨ ᠭᠠᠷ ᠰᠦᠷᠦᠭ ᠤᠨ

ᠰᠦᠷᠦᠭ ᠤᠨ ᠲᠠᠷᠤᠭ᠎ᠠ᠂ ᠬᠤᠰᠠᠢ ᠳ᠋ᠠ᠂  ᠠᠭᠳᠠ ᠰᠦᠷᠦᠭ ᠤᠨ ᠭᠠᠯᠠᠢ ᠳ᠋ᠠ᠂  ᠪᠠᠷᠠᠭᠤᠨ ᠭᠠᠷ ᠲᠠᠶᠢᠹᠤᠰᠧ ᠤᠨ

ᠠᠮᠪᠠᠨ᠂ ᠬᠤᠶᠠᠷ ᠭᠠᠷ ᠤᠨ ᠮᠠᠯᠵᠢᠯ ᠤᠨ ᠲᠠᠯᠠᠪᠠᠢ ᠶᠢᠨ ᠲᠡᠳ᠋ ᠲᠠᠷᠤᠭ᠎ᠠ᠂  ᠵᠡᠬᠦᠨ ᠭᠠᠷ ᠲᠠᠶᠢᠹᠤᠰᠧ ᠤᠨ ᠠᠮᠪᠠᠨ  

ᠪᠤᠯᠵᠤ ᠦᠩᠭᠡᠷᠡᠪᠡ᠃ ᠮᠤᠩᠭᠤᠯ ᠬᠢᠵᠠᠭᠠᠷ ᠤᠨ ᠬᠠᠭᠤᠷᠮᠠᠭ ᠵᠠᠰᠠᠭ ᠤᠨ ᠦᠶ᠎ᠡ ᠳᠤ ᠪᠠᠰᠠ ᠴᠠᠬᠠᠷ ᠴᠢᠭᠤᠯᠭᠠᠨ ᠤ

ᠲᠡᠳ᠋ ᠲᠠᠷᠤᠭ᠎ᠠ᠂ ᠴᠠᠬᠠᠷ ᠴᠢᠭᠤᠯᠭᠠᠨ ᠤ ᠮᠤᠩᠭᠤᠯ ᠴᠡᠷᠢᠭ ᠤᠨ ᠳ᠋ᠢᠸᠢᠽᠢ ᠶᠢᠨ ᠲᠡᠳ᠋ ᠲᠠᠷᠤᠭ᠎ᠠ ᠵᠡᠷᠭᠡ ᠲᠤᠰᠢᠶᠠᠯ ᠢ

ᠬᠠᠷᠢᠭᠤᠴᠠᠵᠤ ᠪᠠᠶᠢᠪᠠ᠃ ᠶᠠᠫᠤᠨ ᠤᠷᠤᠵᠤ ᠢᠷᠡᠬᠦ ᠶᠢᠨ ᠤᠷᠢᠳ ᠬᠤᠵᠢᠳ ᠳ᠋ᠧ ᠸᠠᠩ ᠤᠨ ᠦᠪᠷᠳᠡᠭᠡᠨ ᠵᠠᠰᠠᠬᠤ

ᠬᠦᠳᠡᠯᠬᠡᠬᠡᠨ ᠳᠤ ᠤᠷᠤᠯᠴᠠᠵᠤ᠂ 1936 ᠤᠨ ᠤ 4 ᠰᠠᠷ᠎ᠠ ᠳᠤ ᠪᠠᠷᠠᠭᠤᠨ ᠦᠵᠦᠮᠦᠴᠢᠨ ᠳᠤ ᠬᠢᠭᠰᠡᠨ ︽

ᠮᠤᠩᠭᠤᠯ ᠶᠠᠫᠤᠨ ᠬᠠᠮᠳᠤᠷᠠᠨ ᠠᠵᠢᠯᠯᠠᠬᠤ︾ ᠠᠰᠠᠭᠤᠳᠠᠯ ᠪᠤᠯᠤᠨ ︽ᠮᠤᠩᠭᠤᠯ ᠤᠨ ᠴᠡᠷᠢᠭ ᠵᠠᠰᠠᠭ ᠤᠨ ᠭᠠᠵᠠᠷ︾

ᠪᠠᠶᠢᠭᠤᠯᠬᠤ ᠠᠰᠠᠭᠤᠳᠠᠯ ᠢ ᠶᠠᠷᠢᠯᠴᠠᠬᠤ ᠬᠤᠷᠠᠯ ᠳᠤ ᠤᠷᠤᠯᠴᠠᠭᠰᠠᠨ ᠪᠦᠬᠡᠳ ᠲᠤᠰ ᠵᠢᠯ ᠳᠡᠭᠡᠨ ᠲᠠᠶᠢᠹᠤᠰᠧ  ᠵᠡᠬᠦᠨ

ᠬᠤᠰᠢᠭᠤᠨ ᠤ ᠬᠤᠰᠢᠭᠤ ᠲᠠᠷᠤᠭ᠎ᠠ ᠪᠤᠯᠵᠠᠢ᠃ 1937 ᠤᠨ ᠤ 10 ᠰᠠᠷ᠎ᠠ   ᠶᠢᠨ 28 ᠤ ᠡᠳᠦᠷ᠂ ᠳ᠋ᠧ ᠸᠠᠩ

ᠬᠦᠬᠡᠬᠤᠳᠠ ᠳᠤ ᠬᠤᠶᠠᠳᠤᠭᠠᠷ ᠤᠳᠠᠭᠠᠨ ᠤ ᠮᠤᠩᠭᠤᠯ ᠤᠨ ᠶᠡᠭᠡ ᠬᠤᠷᠠᠯᠳᠤᠭᠠᠨ ᠬᠢᠵᠦ᠂ ︽ᠮᠤᠩᠭᠤᠯ ᠤᠨ

ᠬᠤᠯᠪᠤᠭᠠᠳᠤ ᠦᠪᠡᠷᠳᠡᠭᠡᠨ ᠵᠠᠰᠠᠬᠤ ᠵᠠᠰᠠᠭ ᠤᠨ ᠭᠠᠵᠠᠷ︾ ᠪᠠᠶᠢᠭᠤᠯᠬᠤ ᠠᠰᠠᠭᠤᠳᠠᠯ ᠢ ᠶᠠᠷᠢᠯᠴᠠᠬᠤ ᠳᠤ ᠪᠠᠰᠠ

ᠤᠷᠤᠯᠴᠠᠭᠰᠠᠨ ᠪᠠᠶᠢᠪᠠ᠃  ᠦᠪᠦᠷ ᠮᠤᠩᠭᠤᠯ ᠤᠨ ᠵᠡᠬᠦᠨ ᠭᠡᠰᠡᠭ ᠪᠤᠯᠤᠨ ᠴᠠᠬᠠᠷ᠂ ᠰᠢᠯᠢ ᠶᠢᠨ ᠭᠤᠤᠯ ᠠᠶᠢᠮᠠᠭ

ᠴᠢᠯᠦᠭᠡᠯᠡᠭᠳᠡᠭᠰᠡᠨ ᠤ ᠲᠠᠷᠠᠭ᠎ᠠ᠂  ᠳ᠋ᠧ ᠸᠠᠩ  ᠂  ᠯᠢ ᠱᠸᠦ ᠰᠢᠨ ᠨᠠᠷ ᠠᠯᠠᠱᠠ ᠳᠤ ᠲᠤᠳᠠᠭᠠᠨ ᠤᠴᠢᠭᠠᠳ 1979

ᠤᠨ ᠤ 8  ᠰᠠᠷ᠎ᠠ ᠶᠢᠨ 5 ᠤ ᠡᠳᠦᠷ ᠳ᠋ᠢᠩ ᠶᠤᠸᠠᠨ ᠶᠢᠩ ︵ᠤᠳᠤᠬᠢ ᠪᠠᠶᠠᠨᠬᠤᠳᠠ︶ ᠳᠤ ᠮᠤᠩᠭᠤᠯ ᠤᠨ

ᠬᠤᠷᠠᠯᠳᠤᠭᠠᠨ ᠬᠢᠵᠦ᠂ ︽ᠮᠤᠩᠭᠤᠯ ᠤᠨ ᠦᠪᠡᠷᠳᠡᠭᠡᠨ ᠵᠠᠰᠠᠬᠤ ᠵᠠᠰᠠᠭ ᠤᠨ ᠭᠠᠵᠠᠷ︾ ᠪᠠᠶᠢᠭᠤᠯᠬᠤ ᠳᠤ

ᠰᠡᠷᠡᠩᠨᠡᠮᠵᠢᠯ ᠴᠠᠬᠠᠷ ᠠᠶᠢᠮᠠᠭ ᠤᠨ ᠲᠦᠯᠦᠭᠡᠯᠡᠭᠴᠢ ᠪᠠᠷ ᠤᠷᠤᠯᠴᠠᠪᠠ᠃ ᠭᠤᠮᠢᠨᠳᠠᠩ ᠤᠨ ᠦᠶ᠎ᠡ ᠳᠤ ᠲᠡᠷᠡᠪᠡᠷ

ᠬᠤᠰᠢᠭᠤ ᠨᠤᠳᠤᠭ ᠢᠶᠠᠨ ᠲᠦᠯᠦᠬᠡᠯᠡᠵᠦ᠂ ᠴᠠᠬᠠᠷ ᠪᠦᠬᠦᠳᠡ ᠶᠢ ᠵᠠᠬᠢᠷᠤᠭᠴᠢ ᠶᠢᠨ ᠡᠷᠬᠢᠯᠡᠨ ᠬᠤᠷᠠᠯᠳᠤᠭᠤᠯᠭᠰᠠᠨ

ᠤᠯᠠᠨ ᠤᠳᠠᠭᠠᠨ ᠤ ᠬᠤᠷᠠᠯ ᠳᠤ ᠤᠷᠤᠯᠴᠠᠭᠰᠠᠨ ᠪᠦᠬᠡᠳ ᠪᠦᠬᠦᠳᠡ ᠶᠢ ᠵᠠᠬᠢᠷᠤᠭᠴᠢ ᠶᠠᠮᠤᠨ ᠳᠤ ᠰᠠᠷ᠎ᠠ ᠶᠢᠨ

ᠡᠬᠡᠯᠵᠢᠨ ᠤ ᠠᠯᠪᠠᠨ ᠳᠤ ᠰᠠᠭᠤᠵᠤ ᠪᠠᠶᠢᠵᠠᠢ᠃  ᠴᠢᠯᠦᠬᠡᠯᠡᠬᠦ ᠲᠠᠶᠢᠨ ᠤ ᠡᠬᠢᠨ ᠤ ᠦᠶ᠎ᠡ ᠳᠤ ᠭᠤᠮᠢᠨᠳᠠᠩ ᠤᠨ

ᠴᠡᠷᠢᠭ ᠪᠤᠤᠴᠠᠩ ᠢ ᠡᠵᠡᠯᠡᠭᠰᠡᠨ ᠤ ᠲᠠᠷᠠᠭ᠎ᠠ᠂ ᠴᠠᠬᠠᠷ ᠮᠤᠩᠭᠤᠯ ᠬᠤᠰᠢᠭᠤᠨ ᠤ ᠠᠮᠤᠷ ᠢ ᠬᠠᠮᠠᠭᠠᠯᠠᠬᠤ ᠰᠧᠯᠢᠩᠪᠦ᠋

 ᠶᠢᠨ ᠰᠧᠯᠢᠩ ᠪᠤᠯᠵᠤ᠂ 1948 ᠤᠨ ᠤ ᠡᠪᠦᠯ ᠪᠤᠤᠴᠠᠩ   ᠠᠴᠠ ᠤᠬᠤᠷᠢᠨ ᠭᠠᠷᠴᠤ᠂ ᠠᠯᠠᠱᠠ ᠳᠤ ᠲᠤᠳᠠᠭᠠᠨ

ᠬᠦᠷᠦᠭᠡᠳ᠂ 1950 ᠤᠨ ᠳᠤ ᠠᠷᠠᠳ ᠤᠨ ᠴᠢᠯᠦᠬᠡᠯᠡᠬᠦ ᠴᠡᠷᠢᠭ ᠲᠤ ᠪᠠᠭᠤᠵᠤ ᠦᠭᠴᠡᠢ᠃

    ᠰᠡᠷᠡᠩᠨᠠᠮᠵᠢᠯ ᠡᠷᠭᠡ ᠠᠳᠬᠤᠵᠤ ᠪᠠᠶᠢᠬᠤ ᠬᠤᠭᠤᠴᠠᠭᠠᠨ ᠳᠠᠭᠠᠨ ᠬᠤᠰᠢᠭᠤ  ᠨᠤᠳᠤᠭ ᠢᠶᠠᠨ ᠬᠠᠮᠠᠭᠠᠯᠠᠵᠤ

ᠬᠦᠭᠵᠢᠬᠦᠯᠬᠦ ᠠᠵᠢᠯ ᠢ ᠨᠡᠯᠢᠶᠡᠳ ᠠᠷᠪᠢᠨ ᠬᠢᠭᠰᠡᠨ ᠪᠠᠶᠢᠪᠠ᠃ ᠲᠤᠷᠠᠳᠤᠭᠤᠰᠢᠳᠠᠢ ᠨᠢ᠂ ᠲᠤᠷ᠎ᠠ ᠵᠤᠷᠢᠭ ᠢᠶᠠᠷ ᠢᠶᠠᠨ

ᠠᠳᠠᠷ ᠬᠠᠭᠠᠯᠪᠤᠷᠢᠯᠠᠵᠤ ᠨᠤᠳᠤᠭ ᠪᠡᠯᠴᠢᠭᠡᠷ ᠡᠪᠳᠡᠵᠦ ᠪᠠᠶᠢᠭᠰᠠᠨ ᠬᠦᠨᠳᠦ ᠨᠤᠴᠢᠳᠠᠢ ᠪᠠᠶᠢᠳᠠᠯ ᠢ ᠦᠨᠳᠦᠰᠦᠨ ᠠᠴᠠ

 ᠨᠢ ᠬᠤᠷᠢᠭᠯᠠᠨ ᠵᠤᠭᠰᠤᠭᠠᠵᠤ᠂ ᠨᠤᠳᠤᠭ ᠤᠨ ᠵᠠᠭᠠᠭ ᠢ ᠰᠢᠨ᠎ᠡ ᠪᠠᠷ ᠬᠤᠪᠢᠶᠠᠨ 81 ᠤᠪᠤᠭ᠎ᠠ ᠪᠤᠰᠬᠠᠵᠤ᠂

ᠲᠠᠶᠢᠹᠤᠰᠧ ᠵᠡᠬᠦᠨ ᠭᠠᠷ ᠤᠨ ᠤᠳᠤᠬᠢ ᠨᠤᠳᠤᠭ ᠲᠡᠪᠢᠰᠭᠡᠷ ᠢ ᠬᠠᠮᠠᠭᠠᠯᠠᠨ ᠠᠪᠴᠠᠢ᠃  ᠲᠤᠬᠠᠢ ᠶᠢᠨ ᠦᠶ᠎ᠡ ᠳᠤ

ᠪᠠᠰᠠ ᠮᠤᠩᠭᠤᠯ ᠬᠢᠵᠠᠭᠠᠷ ᠤᠨ ᠪᠠᠩᠬᠢ ᠠᠴᠠ 10 ᠲᠦᠮᠡᠨ ᠲᠦᠬᠦᠷᠢᠭ ᠵᠢᠭᠡᠯᠡᠵᠦ᠂ ᠴᠢᠭᠤᠯᠤᠯᠳᠤ ᠬᠠᠭᠠᠯᠭ᠎ᠠ ᠠᠴᠠ

ᠤᠷᠠᠳ ᠲᠠᠷᠬᠠᠳ ᠬᠦᠯᠦᠰᠦᠯᠡᠨ᠂ ᠬᠤᠰᠢᠭᠤ ᠶᠠᠮᠤᠨ᠂ ᠬᠤᠷᠰᠢᠶ᠎ᠠ ᠲᠡᠯᠬᠡᠬᠦᠷ᠂ ᠡᠮᠨᠡᠯᠬᠡ ᠶᠢᠨ ᠬᠤᠷᠢᠶ᠎ᠠ᠂ ᠭᠤᠯᠢᠷ

ᠲᠠᠯᠬᠠᠳᠠᠬᠤ ᠦᠢᠯᠡᠳᠪᠦᠷᠢ᠂ ᠠᠮᠤ ᠪᠤᠳᠠᠭᠠᠨ ᠤ ᠬᠦᠮᠦᠷᠭᠡ ᠵᠡᠷᠭᠡ ᠶᠢ ᠪᠠᠶᠢᠭᠤᠯᠤᠨ᠂ ᠫᠤᠤᠲ᠋ᠠᠶᠢᠶ᠋ᠢᠩᠽᠢ ᠶᠢ

ᠲᠠᠶᠢᠹᠤᠰᠧ ᠵᠡᠬᠦᠨ ᠬᠤᠰᠢᠭᠤᠨ ᠤ ᠵᠡᠮ ᠨᠡᠪᠳᠡᠷᠡᠯᠬᠡ᠂ ᠠᠵᠤ ᠠᠬᠤᠢ᠂ ᠰᠤᠶᠤᠯ ᠤᠨ ᠲᠦᠪ ᠪᠤᠯᠭᠠᠨ ᠪᠠᠶᠢᠭᠤᠯᠵᠤ᠂

ᠬᠤᠶᠢᠰᠢᠳᠠ ᠶᠢᠨ ᠬᠦᠭᠵᠢᠯ ᠳᠤ ᠵᠤᠬᠢᠬᠤ ᠬᠡᠮᠵᠢᠶᠡᠨ ᠤ ᠰᠠᠭᠤᠷᠢ ᠲᠠᠯᠪᠢᠭᠰᠠᠨ ᠪᠠᠶᠢᠪᠠ᠃ ᠶᠠᠫᠤᠨ ᠤ ᠦᠶ᠎ᠡ ᠳᠤ  

ᠠᠷᠠᠳ ᠲᠦᠮᠡᠨ ᠤ ᠠᠵᠤ ᠠᠮᠢᠳᠤᠷᠠᠯ ᠲᠤᠶᠢᠯ ᠤᠨ ᠬᠦᠴᠢᠷ ᠲᠠᠢ ᠪᠠᠶᠢᠭᠰᠠᠨ ᠪᠠᠶᠢᠳᠠᠯ ᠤᠨ ᠲᠤᠤᠷ᠎ᠠ᠂ ᠬᠤᠰᠢᠭᠤᠨ ᠤ

 ᠬᠠᠷᠢᠶᠠᠨ ᠳᠠᠬᠢ ᠡᠯ᠎ᠡ ᠲᠠᠷᠢᠶᠠᠯᠠᠩ ᠤᠨ ᠲᠠᠯᠠᠪᠠᠢ᠂  ᠰᠦᠮ᠎ᠡ ᠬᠡᠶᠢᠳ ᠪᠤᠯᠤᠨ ᠬᠤᠪᠢ ᠬᠦᠮᠦᠨ ᠤ ᠲᠠᠷᠢᠶ᠎ᠠ ᠠᠴᠠ

ᠠᠮᠤ ᠪᠤᠳᠠᠭ᠎ᠠ ᠲᠠᠳᠠᠪᠤᠷᠢᠯᠠᠨ  ᠂  ᠨᠢᠬᠡᠳᠦᠯᠳᠡᠢ ᠴᠠᠶᠢᠯᠭᠠᠨ ᠲᠠᠯᠬᠠᠳᠠᠵᠤ᠂ ᠮᠠᠯᠴᠢᠳ ᠤᠨ ᠠᠮᠤ ᠬᠦᠨᠡᠰᠦᠨ ᠤ

ᠠᠰᠠᠭᠤᠳᠠᠯ ᠢ ᠰᠢᠢᠳᠪᠦᠷᠢᠯᠡᠪᠡ᠃ ᠭᠤᠯᠢᠷ ᠲᠠᠯᠬᠠᠳᠠᠬᠤ ᠦᠢᠯᠡᠳᠪᠦᠷᠢ ᠳᠡᠭᠡᠨ ᠪᠦᠷ ᠮᠤᠩᠭᠤᠯ ᠠᠵᠢᠯᠴᠢᠨ

ᠬᠦᠯᠦᠰᠦᠯᠡᠵᠦ᠂ ᠰᠠᠷ᠎ᠠ ᠪᠦᠷᠢ 20 — 30 ᠲᠦᠬᠦᠷᠢᠭ ᠤᠨ ᠴᠠᠯᠢᠩ ᠤᠯᠭᠤᠵᠤ ᠪᠠᠶᠢᠵᠠᠢ᠃ ᠪᠠᠰᠠ ᠬᠤᠷᠰᠢᠶ᠎ᠠ

ᠪᠠᠶᠢᠭᠤᠯᠤᠨ᠂  ᠮᠠᠯᠴᠢᠳ ᠠᠴᠠ ᠬᠤᠨᠢ ᠮᠠᠯ  ᠪᠠ ᠠᠷᠠᠰᠤ ᠨᠤᠤᠰᠤ ᠬᠤᠳᠠᠯᠳᠤᠨ ᠠᠪᠴᠤ᠂ ᠪᠦᠰ ᠪᠠᠷᠠᠭ᠎ᠠ᠂ ᠴᠠᠢ

ᠪᠤᠤᠪᠤ᠂ ᠰᠢᠬᠢᠷ ᠪᠤᠷᠠᠮ᠂  ᠯᠠ ᠴᠦᠢᠳᠧᠩ  ᠵᠡᠷᠭᠡ ᠡᠳᠦᠷ ᠲᠤᠳᠤᠮ ᠤᠨ ᠭᠡᠷᠡᠭᠰᠡᠯ ᠢ ᠰᠤᠯᠢᠵᠤ ᠠᠪᠴᠢᠷᠠᠭᠠᠳ᠂

ᠮᠠᠯᠴᠢᠳ ᠲᠤ ᠬᠤᠳᠠᠯᠳᠤᠨ ᠦᠭᠳᠡᠭ ᠪᠠᠶᠢᠵᠠᠢ᠃ ᠤᠤᠯ ᠤᠨ ᠰᠢᠷ᠎ᠠ ᠲᠤᠰᠤᠨ ᠤ ᠦᠢᠯᠡᠳᠪᠦᠷᠢ ᠶᠢᠨ ᠰᠡᠷᠬᠦᠬᠡᠨ

ᠪᠠᠶᠢᠭᠤᠯᠵᠤ᠂ ᠬᠤᠳᠠ ᠪᠤᠯᠭᠠᠨ ᠳᠤ ᠰᠦ ᠪᠤᠯᠪᠠᠰᠤᠷᠠᠭᠤᠯᠬᠤ ᠮᠠᠰᠢᠨ ᠲᠦᠭᠡᠭᠡᠨ ᠦᠭᠴᠦ᠂ ᠰᠦ ᠶᠢ ᠵᠢᠩ ᠳᠡᠭᠡᠨ

ᠠᠷᠪᠠᠨ ᠮᠦᠩᠬᠦ ᠪᠠᠷ ᠬᠤᠳᠠᠯᠳᠤᠨ ᠠᠪᠴᠤ᠂ ᠰᠢᠷ᠎ᠠ ᠲᠤᠰᠤ᠂ ᠬᠤᠷᠤᠳ᠂ ᠮᠤᠤᠷᠫᠢᠰ ᠵᠡᠷᠭᠡ ᠲᠠᠸᠠᠷ ᠤᠨ ᠴᠠᠭᠠᠨ

ᠢᠳᠡᠭᠡ ᠪᠤᠯᠪᠠᠰᠤᠷᠠᠭᠤᠯᠵᠤ ᠪᠠᠶᠢᠪᠠ᠃  ᠡᠬᠦᠪᠡᠷ ᠪᠠᠷᠠᠬᠤ ᠦᠬᠡᠢ᠂ ᠤᠤᠯ ᠤᠨ ᠬᠦᠨ ᠴᠠᠪ ᠰᠤᠷᠭᠠᠭᠤᠯᠢ ᠪᠠᠨ

ᠪᠠᠬᠢᠵᠢᠬᠦᠯᠦᠨ ᠴᠢᠩᠭᠠᠳᠬᠠᠵᠤ᠂  ᠰᠤᠷᠤᠭᠴᠢ ᠶᠢᠨ ᠲᠤᠭ᠎ᠠ ᠶᠢ ᠨᠡᠮᠡᠭᠳᠡᠬᠦᠯᠦᠨ᠂ ᠰᠤᠷᠭᠠᠭᠤᠯᠢ ᠶᠢᠨ ᠲᠠᠷᠢᠶ᠎ᠠ ᠪᠠᠷ

ᠰᠤᠷᠤᠭᠴᠢᠳ ᠤᠨ ᠢᠳᠡᠯᠭᠡ ᠪᠠ ᠲᠤᠯᠠᠭᠠᠯᠠᠭ᠎ᠠ ᠶᠢ ᠰᠢᠢᠳᠪᠦᠷᠢᠯᠡᠵᠦ᠂ ᠵᠢᠯ ᠪᠦᠷᠢ ᠨᠢᠬᠡᠨ ᠵᠠᠬ᠎ᠠ ᠰᠤᠷᠭᠠᠭᠤᠯᠢ ᠶᠢᠨ

ᠬᠤᠪᠴᠠᠰᠤ ᠲᠦᠭᠡᠭᠡᠵᠦ ᠦᠭᠳᠡᠭ᠃ ᠦᠬᠢᠳ ᠤᠨ ᠰᠤᠷᠭᠠᠭᠤᠯᠢ ᠶᠢ ᠪᠠᠶᠢᠭᠤᠯᠵᠤ᠂ ᠡᠮᠡᠭᠳᠡᠶᠢᠴᠤᠳ ᠤᠨ ᠰᠤᠶᠤᠯ

ᠮᠡᠳᠡᠯᠬᠡ ᠰᠤᠷᠬᠤ ᠶᠢ ᠢᠳᠡᠪᠬᠢᠯᠡᠨ ᠰᠠᠨᠠᠭᠠᠴᠢᠯᠠᠭᠰᠠᠨ ᠪᠦᠬᠡᠳ ᠵᠠᠯᠠᠭᠤ ᠯᠠᠮᠠ ᠨᠠᠷ ᠢ ᠵᠤᠬᠢᠶᠠᠨ ᠪᠠᠶᠢᠭᠤᠯᠵᠤ᠂

ᠲᠦᠪᠡᠳ ᠮᠤᠩᠭᠤᠯ ᠪᠢᠴᠢᠭ ᠰᠤᠷᠭᠠᠨ᠂ ᠯᠠᠮᠠ  ᠨᠠᠷ ᠴᠡᠷᠢᠭ ᠤᠨ ᠠᠯᠪᠠ ᠬᠠᠭᠠᠬᠤ ᠦᠬᠡᠢ ᠪᠠᠶᠢᠳᠠᠭ ᠬᠠᠭᠤᠴᠢᠨ

ᠵᠤᠷᠰᠢᠯ ᠢ ᠡᠪᠳᠡᠵᠦ᠂ ᠵᠠᠷᠢᠮ ᠰᠤᠷᠬᠤ ᠲᠤᠷ᠎ᠠ ᠦᠬᠡᠢ᠂ ᠠᠵᠢᠯ ᠬᠦᠳᠡᠯᠮᠦᠷᠢ ᠬᠢᠬᠦ ᠲᠤᠷ᠎ᠠ ᠦᠬᠡᠢ᠂ ᠵᠠᠯᠬᠠᠭᠤ

ᠵᠠᠶᠢᠳᠠᠩ ᠯᠠᠮᠠ ᠨᠠᠷ ᠢ ᠴᠡᠷᠢᠭ ᠲᠤ ᠲᠠᠳᠠᠵᠤ ᠪᠠᠶᠢᠪᠠ᠃ ᠫᠤᠤᠲ᠋ᠠᠶᠢᠶ᠋ᠢᠩᠽᠢ ᠳᠤ ᠪᠠᠰᠠ ᠡᠸᠦ᠋ᠷᠤᠫᠠ ᠡᠮᠨᠡᠯᠬᠡ ᠶᠢᠨ

ᠬᠤᠷᠢᠶ᠎ᠠ ᠪᠠᠶᠢᠭᠤᠯᠵᠤ᠂ ᠶᠠᠫᠤᠨ ᠡᠮᠴᠢ ᠵᠠᠯᠠᠵᠤ ᠭᠡᠷᠡᠭᠯᠡᠭᠰᠡᠨ ᠪᠦᠬᠡᠳ ᠯᠠᠮᠠ  ᠡᠮᠴᠢ ᠨᠠᠷ ᠢ ᠵᠤᠬᠢᠶᠠᠨ ᠪᠠᠶᠢᠭᠤᠯᠵᠤ᠂

ᠮᠤᠩᠭᠤᠯ ᠡᠮᠨᠡᠯᠬᠡ ᠶᠢᠨ ᠬᠤᠷᠢᠶ᠎ᠠ ᠪᠠᠶᠢᠭᠤᠯᠤᠨ᠂ ᠲᠠᠶᠢᠹᠤᠰᠧ ᠵᠡᠬᠦᠨ ᠭᠠᠷ ᠬᠤᠰᠢᠭᠤᠨ ᠤ ᠡᠮ ᠡᠮᠨᠡᠯᠬᠡ ᠶᠢᠨ

ᠦᠢᠯᠡᠰ ᠤᠨ ᠰᠠᠭᠤᠷᠢ ᠶᠢ ᠲᠠᠯᠪᠢᠭᠰᠠᠨ ᠪᠠᠶᠢᠨ᠎ᠠ᠃

 
ᠢᠷᠡᠯᠲᠡ᠄ ᠲᠠᠶᠢᠹᠦᠰᠧ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号