ᠰᠠᠮᠳᠠᠨᠯᠾᠦ᠋ᠷᠦᠪ
ᠨᠡᠶᠢᠲᠡᠯᠡᠭᠰᠡᠨ ᠴᠠᠭ᠄
2018/11/27

 ᠰᠠᠮᠳᠠᠨᠯᠾᠦ᠋ᠷᠦᠪ  ︵1879 —1929︶  ᠂ ᠡᠷᠬᠦᠭᠰᠡᠨ ᠨᠡᠷ᠎ᠡ ᠴᠧᠩ ᠵᠠᠢ᠂ ᠲᠠᠶᠢᠹᠤᠰᠧ ᠵᠡᠬᠦᠨ ᠭᠠᠷ

ᠰᠦᠷᠦᠭ ᠤᠨ ᠬᠦᠯᠦ ᠴᠠᠭᠠᠨ ᠬᠤᠰᠢᠭᠤᠨ ᠤ ᠦᠴᠢ ᠤᠪᠤᠭᠠᠨ ᠤ ᠬᠦᠮᠦᠨ  ᠂ ᠬᠠᠩᠬᠢᠨ ᠤᠪᠤᠭ ᠲᠠᠢ᠂

ᠪᠠᠳᠤᠮᠦ᠋ᠩᠬᠡ ︵ᠰᠡᠷᠡᠩᠳᠤᠩᠷᠤᠪ︶ ᠠᠮᠪᠠᠨ ᠤ ᠲᠡᠬᠦᠦ ᠨᠢ ᠪᠤᠯᠤᠨ᠎ᠠ᠃  ᠪᠠᠭ᠎ᠠ ᠠᠴᠠ ᠪᠠᠨ ᠭᠡᠷ ᠤᠨ ᠰᠤᠷᠭᠠᠭᠤᠯᠢ

 ᠳᠤ ᠪᠢᠴᠢᠭ ᠦᠵᠡᠵᠦ᠂ ᠰᠡᠬᠦᠯᠡᠷ ᠨᠢ ᠮᠤᠩᠭᠤᠯ ᠬᠢᠳᠠᠳ ᠮᠠᠨᠵᠤ ᠪᠢᠴᠢᠭ ᠲᠤ ᠨᠡᠪᠳᠡᠷᠡᠭᠰᠡᠨ ᠡᠷᠳᠡᠮ ᠲᠠᠢ ᠬᠦᠮᠦᠨ

ᠪᠤᠯᠵᠠᠢ᠃ ᠲᠡᠷᠡ  ᠪᠤᠯ ᠪᠠᠭ᠎ᠠ ᠠᠴᠠ ᠪᠠᠨ ᠠᠪᠢᠶᠠᠰ ᠴᠢᠳᠠᠪᠤᠷᠢ ᠨᠢ ᠰᠢᠯᠭᠠᠷᠠᠭᠰᠠᠨ᠂ ᠰᠢᠨ᠎ᠡ ᠭᠡᠷᠡᠭ ᠪᠤᠳᠠᠰ ᠢ

ᠬᠦᠯᠢᠶᠡᠨ ᠠᠪᠬᠤ   ᠳᠤ ᠴᠢᠳᠠᠮᠠᠭᠠᠢ᠂  ᠡᠷᠡᠰ ᠰᠢᠭᠤᠷᠬᠠᠢ ᠵᠠᠩ ᠲᠠᠢ ᠬᠦᠮᠦᠨ ᠪᠠᠶᠢᠵᠠᠢ᠃ 1896 ᠤᠨ ᠳᠤ  

ᠠᠷᠪᠠᠨ ᠲᠤᠯᠤᠭᠠᠨ ᠨᠠᠰᠤᠳᠠᠢ ᠳᠠᠭᠠᠨ ᠲᠤᠰ ᠬᠤᠰᠢᠭᠤᠨ ᠤ ᠪᠠᠨ ᠪᠢᠴᠢᠭᠡᠴᠢ ᠪᠤᠯᠵᠤ᠂ 1906 ᠤᠨ ᠳᠤ

ᠲᠠᠶᠢᠹᠤᠰᠧ ᠵᠡᠬᠦᠨ ᠭᠠᠷ ᠰᠦᠷᠦᠭ ᠤᠨ ᠬᠦᠯᠦ ᠬᠦᠬᠡ ᠬᠤᠰᠢᠭᠤᠨ ᠤ ᠬᠤᠰᠠᠢ ᠳ᠋ᠠ ᠪᠠᠶᠢᠵᠤ᠂  ᠰᠡᠬᠦᠯᠡᠷ ᠨᠢ ᠭᠠᠯᠠᠢ

ᠳ᠋ᠠ ᠪᠤᠯᠪᠠ᠃ 1915 ᠤᠨ ᠳᠤ ᠠᠬ᠎ᠠ ᠨᠢ ᠪᠠᠳᠤᠮᠦ᠋ᠩᠭᠡ ᠪᠡᠭᠡᠵᠢᠩ ᠳᠤ ᠬᠦᠪᠡᠭᠡᠳᠦ ᠰᠢᠷ᠎ᠠ ᠮᠠᠨᠵᠤ ᠬᠤᠰᠢᠭᠤᠨ ᠤ

ᠶᠡᠷᠦᠩᠬᠡᠢ ᠵᠠᠬᠢᠷᠤᠭᠴᠢ ᠪᠠᠷ ᠲᠡᠪᠰᠢᠬᠦᠯᠦᠭᠳᠡᠭᠰᠡᠨ ᠪᠤᠯᠬᠤᠷ ᠰᠠᠮᠳᠠᠨᠯᠾᠦ᠋ᠷᠦᠪ  ᠲᠠᠶᠢᠹᠤᠰᠧ ᠵᠡᠬᠦᠨ ᠭᠠᠷ  ᠰᠦᠷᠦᠭ

 ᠤᠨ ᠠᠮᠪᠠᠨ ᠤ ᠲᠤᠰᠢᠶᠠᠯ ᠢ ᠵᠠᠯᠭᠠᠮᠵᠢᠯᠠᠨ ᠠᠪᠴᠠᠢ᠃ 1927 ᠤᠨ ᠤ ᠦᠶ᠎ᠡ ᠳᠤ ᠲᠠᠶᠢᠹᠤᠰᠧ ᠵᠡᠬᠦᠨ ᠪᠠᠷᠠᠭᠤᠨ

ᠬᠤᠶᠠᠷ ᠰᠦᠷᠦᠭ ᠤᠨ ᠫᠠᠷᠲ᠋ᠢᠽᠠᠨ ᠠᠩᠬᠢ ᠶᠢᠨ ᠶᠡᠷᠦᠩᠬᠡᠢ ᠺᠤᠮᠠᠨᠳᠠᠯᠠᠭᠴᠢ ᠪᠤᠯᠪᠠ᠃ 1928 ᠤᠨ ᠠᠴᠠ ᠬᠤᠶᠢᠰᠢ

ᠦᠷᠬᠦᠯᠵᠢ ᠪᠡᠭᠡᠵᠢᠩ ᠤᠨ ᠶᠦᠩ ᠾᠧ ᠬᠦᠩ  ︵ᠨᠠᠶᠢᠷᠠᠯᠳᠤ ᠨᠠᠶᠢᠷᠠᠮᠳᠠᠬᠤ ᠰᠦᠮ᠎ᠡ︶   ᠤᠨ ᠲᠦᠢᠩᠺᠡᠷ ᠭᠡᠭᠡᠨ

ᠰᠦᠮ᠎ᠡ ᠳᠤ ᠰᠠᠭᠤᠵᠤ ᠪᠠᠶᠢᠪᠠ᠃ 1929 ᠤᠨ ᠳᠤ ᠨᠠᠨᠵᠢᠩ ᠳᠠᠬᠢ ᠤᠯᠤᠰ ᠠᠷᠠᠳ ᠤᠨ ᠵᠠᠰᠠᠭ ᠤᠨ ᠭᠠᠵᠠᠷ ᠤᠨ

ᠮᠤᠩᠭᠤᠯ ᠲᠦᠪᠡᠳ ᠤᠨ ᠵᠦᠪᠯᠡᠯ ᠤᠨ ᠭᠡᠰᠢᠬᠦᠨ ᠢᠶᠠᠷ ᠲᠤᠮᠢᠯᠠᠭᠳᠠᠭᠰᠠᠨ ᠪᠦᠬᠡᠳ ᠴᠠᠬᠠᠷ ᠮᠤᠵᠢ ᠶᠢᠨ ᠵᠠᠰᠠᠭ ᠤᠨ

ᠤᠷᠳᠤᠨ ᠤ ᠭᠡᠰᠢᠬᠦᠨ ᠤ ᠲᠤᠰᠢᠶᠠᠯ ᠢ ᠬᠠᠷᠢᠭᠤᠴᠠᠵᠤ ᠪᠠᠶᠢᠪᠠ᠃ ᠰᠠᠮᠳᠠᠨᠯᠾᠦ᠋ᠷᠦᠪ  ᠠᠮᠪᠠᠨ ᠤ ᠲᠤᠰᠢᠶᠠᠯ

ᠡᠬᠦᠷᠭᠡᠯᠡᠵᠦ ᠪᠠᠶᠢᠭᠰᠠᠨ ᠦᠶ᠎ᠡ ᠪᠤᠯ ᠭᠠᠳᠠᠭᠠᠳᠤ ᠶᠢᠨ ᠡᠵᠡᠷᠭᠡᠭ ᠲᠦᠷᠢᠮᠡᠬᠡᠶᠢᠳᠡᠨ ᠤ ᠲᠦᠷᠢᠮᠡᠭᠡᠶᠢᠯᠡᠯ ᠪᠤᠯᠤᠨ

ᠲᠤᠳᠤᠭᠠᠳᠤ ᠶᠢᠨ ᠴᠡᠷᠢᠭ ᠤᠨ ᠡᠷᠭᠡᠳᠡᠨ ᠤ ᠰᠠᠮᠠᠭᠤᠷᠠᠯ ᠤᠨ ᠴᠠᠭ ᠦᠶ᠎ᠡ ᠪᠠᠶᠢᠭᠰᠠᠨ ᠪᠤᠯᠬᠤᠷ ᠨᠡᠶᠢᠬᠡᠮ ᠤᠨ ᠪᠠᠶᠢᠳᠠᠯ

ᠲᠤᠶᠢᠯ ᠤᠨ ᠲᠤᠭᠳᠠᠭᠤᠨ ᠪᠤᠰᠤ ᠪᠠᠶᠢᠵᠠᠢ᠃ ᠡᠨᠡ ᠬᠦ᠋ ᠴᠠᠭ ᠲᠦᠷᠦ ᠶᠢᠨ ᠰᠠᠮᠠᠭᠤᠨ ᠳᠤ ᠨᠤᠳᠤᠭ ᠤᠰᠤ ᠪᠠᠨ

ᠬᠠᠮᠠᠭᠠᠯᠠᠨ᠂ ᠠᠷᠠᠳ ᠢᠷᠭᠡᠳ ᠤᠨ ᠢᠶᠠᠨ ᠤᠷᠤᠰᠢᠯ ᠲᠤᠭᠳᠠᠨᠢᠯ ᠢ ᠬᠠᠮᠠᠭᠠᠯᠠᠬᠤ ᠶᠢᠨ ᠲᠦᠯᠦᠬᠡ᠂ ᠲᠡᠷᠡᠪᠡᠷ ᠮᠠᠰᠢ

ᠤᠯᠠᠨ ᠠᠵᠢᠯ ᠬᠢᠵᠦ᠂ ᠨᠡᠷ᠎ᠡ ᠰᠦᠷ ᠨᠢ ᠮᠠᠨᠳᠤᠭᠠᠳ᠂ ᠤᠶᠢᠷ᠎ᠠ ᠵᠡᠷᠭᠡᠯᠡᠳᠡᠭᠡ ᠬᠤᠰᠢᠭᠤ ᠰᠢᠶᠠᠨ ᠤ ᠬᠢᠳᠠᠳ

ᠮᠤᠩᠭᠤᠯ ᠠᠷᠠᠳ ︽ᠲᠠᠶᠢᠹᠤᠰᠧ ᠤᠨ ᠰᠠ᠊ ᠠᠮᠪᠠᠨ ᠭᠡᠭᠴᠢ ᠠᠶᠢᠬᠤᠪᠳᠤᠷ ᠬᠦᠮᠦᠨ︾ ᠬᠡᠵᠦ ᠰᠦᠷᠳᠡᠨ

ᠬᠦᠨᠳᠦᠳᠭᠡᠳᠡᠭ ᠬᠡᠨ᠎ᠡ᠃ ᠲᠡᠶᠢᠮᠦ ᠠᠴᠠ ᠲᠤᠬᠠᠢ ᠶᠢᠨ ᠦᠶ᠎ᠡ ᠳᠤ ᠬᠤᠯᠠᠭᠠᠢ ᠲᠡᠭᠡᠷᠡᠮ᠂ ᠲᠡᠨᠦᠬᠦᠯ ᠴᠡᠷᠢᠭ ᠤᠳ ᠴᠤ

ᠠᠶᠤᠭᠠᠳ ᠲᠠᠶᠢᠹᠤᠰᠧ ᠤᠨ ᠨᠤᠳᠤᠭ ᠲᠤ ᠬᠠᠯᠳᠠᠬᠤ ᠦᠬᠡᠢ᠂ ᠶᠡᠭᠡ ᠴᠡᠷᠢᠭ ᠠᠩᠬᠢ ᠴᠤ ᠬᠤᠯᠠᠭᠤᠷ ᠲᠤᠭᠤᠷᠢᠨ

ᠦᠩᠭᠡᠷᠡᠳᠡᠭ ᠪᠠᠶᠢᠵᠠᠢ᠃ ᠴᠢᠩ ᠤᠯᠤᠰ ᠤᠨ ᠰᠡᠬᠦᠯᠴᠢ᠂ ᠢᠷᠭᠡᠨ ᠤᠯᠤᠰ ᠤᠨ ᠡᠬᠢᠨ ᠤ ᠦᠶ᠎ᠡ   ᠳᠤ ᠶᠡᠭᠡ

ᠬᠡᠮᠵᠢᠶ᠎ᠡ ᠪᠠᠷ ᠠᠳᠠᠷ ᠬᠠᠭᠠᠯᠪᠤᠷᠢᠯᠠᠵᠤ᠂ ᠨᠡᠬᠦᠳᠡᠯ  ᠢᠷᠭᠡᠳ ᠢ ᠶᠡᠭᠡ ᠪᠠᠷ ᠤᠷᠤᠭᠤᠯᠵᠤ ᠪᠠᠶᠢᠭᠰᠠᠨ ᠪᠠᠶᠢᠳᠠᠯ ᠲᠤᠤᠷ᠎ᠠ

᠂ ᠲᠠᠶᠢᠹᠤᠰᠧ ᠵᠡᠬᠦᠨ ᠭᠠᠷ ᠰᠦᠷᠦᠭ ᠤᠨ ᠤᠤᠯ ᠨᠤᠳᠤᠭ ᠤᠨ ᠬᠠᠭᠠᠰ ᠢᠯᠡᠬᠦᠦ ᠨᠢ ᠠᠨᠵᠢᠰᠤᠨ ᠬᠤᠰᠢᠭᠤ ᠠᠴᠠ

ᠵᠠᠶᠢᠯᠠᠵᠤ ᠴᠢᠳᠠᠭᠰᠠᠨ ᠦᠬᠡᠢ᠃ ᠲᠡᠷᠡ  ᠦᠶᠡᠰ ᠰᠠᠮᠳᠠᠨᠯᠾᠦ᠋ᠷᠦᠪ ᠠᠮᠨ᠎ᠠ ᠠᠯᠢ ᠴᠢᠳᠠᠬᠤ ᠪᠠᠷ ᠠᠷᠭ᠎ᠠ ᠬᠡᠮᠵᠢᠶ᠎ᠡ

ᠠᠪᠴᠤ ᠪᠠᠶᠢᠭᠠᠳ ᠲᠤᠬᠠᠢ ᠶᠢᠨ ᠦᠶ᠎ᠡ ᠳᠤ ᠬᠠᠭᠠᠯᠪᠤᠷᠢᠯᠠᠭᠠᠳᠤᠢ ᠪᠠᠶᠢᠭᠰᠠᠨ ᠨᠤᠳᠤᠭ ᠤᠰᠤ ᠪᠠᠨ ︽ᠪᠠᠳᠤᠯᠠᠨ

ᠦᠯᠡᠳᠡᠭᠡᠬᠦ ᠭᠠᠵᠠᠷ︾ ᠪᠤᠯᠭᠠᠨ᠂ ᠬᠠᠤᠯᠢ ᠶᠤᠰᠤ ᠪᠠᠷ ᠬᠠᠮᠠᠭᠠᠯᠠᠨ ᠠᠪᠴᠤ ᠦᠯᠡᠳᠡᠵᠡᠢ᠃ ᠰᠠᠮᠳᠠᠨᠯᠾᠦ᠋ᠷᠦᠪ ᠰᠤᠶᠤᠯ

ᠰᠤᠷᠭᠠᠨ ᠬᠦᠮᠦᠵᠢᠯ ᠢ ᠴᠢᠬᠤᠯᠠᠴᠢᠯᠠᠨ  ᠬᠦᠨᠳᠦᠳᠭᠡᠳᠡᠭ ᠪᠤᠯᠬᠤᠷ ᠠᠬ᠎ᠠ ᠰᠡᠷᠡᠩᠳᠤᠩᠷᠤᠪ ᠤᠨ ᠢᠶᠠᠨ ᠭᠡᠷ

ᠰᠤᠷᠭᠠᠭᠤᠯᠢ ᠶᠢ ᠦᠬᠡᠷᠡᠴᠢᠯᠡᠭᠡᠳ 1916 ᠤᠨ ᠳᠤ ᠴᠠᠬᠠᠷ ᠤᠨ ᠲᠡᠦᠬᠡᠨ ᠲᠡᠭᠡᠷᠡᠬᠢ ᠬᠠᠮᠤᠭ ᠠᠩᠬᠠᠨ ᠤ ︽

ᠤᠯᠤᠰ ᠠᠷᠠᠳ ᠤᠨ ᠰᠤᠷᠭᠠᠭᠤᠯᠢ︾  ᠪᠤᠯᠭᠠᠨ ᠡᠷᠬᠢᠯᠡᠵᠦ᠂ ᠬᠤᠰᠢᠭᠤ ᠨᠤᠳᠤᠭ ᠲᠠᠭᠠᠨ ᠲᠤᠩ ᠤᠯᠠᠨ ᠪᠢᠴᠢᠭ

ᠰᠤᠶᠤᠯ ᠲᠠᠢ ᠵᠠᠯᠠᠭᠤᠴᠤᠳ ᠢ ᠬᠦᠮᠦᠵᠢᠬᠦᠯᠦᠨ ᠭᠠᠷᠭᠠᠭᠰᠠᠨ ᠶᠤᠮ᠃ ᠲᠡᠷᠡ  ᠪᠠᠰᠠ ᠠᠵᠤ ᠠᠬᠤᠶᠢᠯᠠᠯ ᠡᠷᠬᠢᠯᠡᠬᠦ ᠶᠢ

ᠴᠢᠬᠤᠯᠠᠴᠢᠯᠠᠨ᠂ ᠭᠠᠳᠠᠭᠠᠳᠤ ᠶᠢᠨ ᠮᠡᠷᠭᠡᠵᠢᠯᠳᠡᠨ ᠰᠧᠲ᠋ᠤᠹᠧᠨ ᠪᠤᠯᠤᠨ ᠨᠢᠺᠤᠯᠠᠶᠢᠴᠤᠺ ᠶᠢ ᠵᠠᠯᠠᠵᠤ᠂ ᠦᠴᠢ ᠤᠪᠤᠭ᠎ᠠ

 ᠳᠤ ᠰᠦ ᠪᠤᠯᠪᠠᠰᠤᠷᠠᠭᠤᠯᠵᠤ ᠰᠢᠷ᠎ᠠ ᠲᠤᠰᠤ ᠦᠢᠯᠡᠳᠪᠦᠷᠢᠯᠡᠬᠦ ᠺᠤᠮᠫᠠᠨᠢ ᠪᠠᠶᠢᠭᠤᠯᠤᠭᠰᠠᠨ ᠪᠠᠶᠢᠯ᠎ᠠ᠃

 
ᠢᠷᠡᠯᠲᠡ᠄ ᠲᠠᠶᠢᠹᠦᠰᠧ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号