ᠰᠠᠮᠫᠢᠯᠨᠤᠷᠪᠤ
ᠨᠡᠶᠢᠲᠡᠯᠡᠭᠰᠡᠨ ᠴᠠᠭ᠄
2018/11/27

 ᠰᠠᠮᠫᠢᠯᠨᠤᠷᠪᠤ ︵1885 — 1959︶᠂  ᠲᠠᠶᠢᠹᠤᠰᠧ ᠵᠡᠬᠦᠨ ᠭᠠᠷ ᠰᠦᠷᠦᠭ ᠤᠨ ᠬᠦᠪᠡᠭᠡᠳᠦ ᠰᠢᠷ᠎ᠠ

ᠬᠤᠰᠢᠭᠤᠨ ᠤ ᠬᠦᠮᠦᠨ᠂ ᠬᠢᠳᠠᠳ ᠨᠡᠷ᠎ᠡ ᠨᠢ ᠰᠠ ᠷᠤ᠋ ᠸᠧᠨ᠃  ᠪᠠᠭ᠎ᠠ ᠠᠴᠠ ᠪᠠᠨ ᠠᠮᠪᠠᠨ ᠤ ᠭᠡᠷ ᠤᠨ

ᠰᠤᠷᠭᠠᠭᠤᠯᠢ᠂ ᠰᠦᠷᠦᠭ ᠤᠨ ᠪᠠᠭ᠎ᠠ ᠰᠤᠷᠭᠠᠭᠤᠯᠢ ᠳᠤ ᠰᠤᠷᠤᠯᠴᠠᠵᠤ᠂ ᠰᠡᠬᠦᠯᠡᠷ ᠨᠢ ᠴᠢᠭᠤᠯᠤᠯᠳᠤ ᠬᠠᠭᠠᠯᠭ᠎ᠠ ᠶᠢᠨ

ᠬᠢᠳᠠᠳ ᠰᠤᠷᠭᠠᠭᠤᠯᠢ ᠳᠤ ᠰᠤᠷᠤᠯᠴᠠᠭᠠᠳ᠂ ᠮᠤᠩᠭᠤᠯ ᠬᠢᠳᠡᠳ ᠮᠠᠨᠵᠤ ᠪᠢᠴᠢᠭ ᠲᠤ ᠨᠡᠪᠳᠡᠷᠡᠭᠰᠡᠨ ᠪᠠᠶᠢᠨ᠎ᠠ᠃

ᠵᠠᠯᠠᠭᠤ ᠨᠠᠰᠤᠨ ᠳᠠᠭᠠᠨ ᠲᠤᠰ ᠰᠦᠷᠦᠭ ᠤᠨ ᠬᠦᠪᠡᠭᠡᠳᠦ ᠰᠢᠷ᠎ᠠ ᠬᠤᠰᠢᠭᠤᠨ ᠤ ᠲᠡᠳ᠋ ᠬᠤᠰᠠᠢ ᠳ᠋ᠠ᠂ ᠵᠢᠩᠬᠢᠨᠢ

ᠬᠤᠰᠠᠢ ᠳ᠋ᠠ  ᠂ ᠬᠡᠬᠦᠦ ᠲᠦᠷᠪᠡᠨ ᠬᠤᠰᠢᠭᠤᠨ ᠤ ᠭᠠᠯᠠᠢ ᠳ᠋ᠠ ᠵᠡᠷᠭᠡ ᠲᠤᠰᠢᠶᠠᠯ ᠢ ᠬᠠᠷᠢᠭᠤᠴᠠᠵᠤ ᠦᠩᠭᠡᠷᠡᠵᠡᠢ᠃

1936 ᠤᠨ ᠳᠤ  ᠵᠡᠬᠦᠨ ᠭᠠᠷ ᠲᠠᠶᠢᠹᠤᠰᠧ ᠤᠨ ᠲᠠᠶᠢᠰᠠᠯᠠᠬᠤ ᠠᠮᠪᠠᠨ ︵ᠤᠷᠤᠯᠠᠭᠴᠢ ᠠᠮᠪᠠᠨ︶ ᠪᠤᠯᠵᠤ᠂ ᠮᠦᠨ

ᠵᠢᠯ ᠤᠨ ᠬᠢᠨᠢ 4 ᠰᠠᠷ᠎ᠠ ᠳᠤ ᠳ᠋ᠧ ᠸᠠᠩ ᠤᠨ ᠵᠡᠬᠦᠨ ᠦᠵᠦᠮᠦᠴᠢᠨ ᠬᠤᠰᠢᠭᠤ ᠳᠤ ᠬᠤᠷᠠᠯᠳᠤᠭᠤᠯᠤᠭᠰᠠᠨ ︽

ᠮᠤᠩᠭᠤᠯ ᠶᠠᠫᠤᠨ ᠬᠠᠮᠳᠤᠷᠠᠨ ᠠᠵᠢᠯᠯᠠᠬᠤ︾ ᠠᠰᠠᠭᠤᠳᠠᠯ ᠪᠠ ︽ᠮᠤᠩᠭᠤᠯ ᠤᠨ ᠴᠡᠷᠢᠭ ᠵᠠᠰᠠᠭ ᠤᠨ ᠭᠠᠵᠠᠷ︾ ᠢ

ᠪᠠᠶᠢᠭᠤᠯᠬᠤ ᠠᠰᠠᠭᠤᠳᠠᠯ ᠢ ᠶᠠᠷᠢᠯᠴᠠᠬᠤ ᠬᠤᠷᠠᠯ ᠳᠤ ᠤᠷᠤᠯᠴᠠᠪᠠ᠃ ᠲᠡᠷᠡᠪᠡᠷ ᠪᠠᠰᠠ ᠴᠠᠬᠠᠷ ᠮᠤᠵᠢ ᠶᠢᠨ ᠵᠠᠰᠠᠭ ᠤᠨ

ᠭᠠᠵᠠᠷ ᠤᠨ ᠰᠠᠯᠠᠭᠠᠨ ᠲᠡᠰ ᠤᠨ ᠤᠷᠴᠢᠭᠤᠯᠤᠭᠴᠢ᠂ ᠳ᠋ᠧ ᠸᠠᠩ ᠤᠨ ᠵᠠᠰᠠᠭ ᠤᠨ ᠭᠠᠵᠠᠷ ᠤᠨ ᠵᠦᠪᠯᠡᠭᠴᠢ᠂ ᠴᠠᠬᠠᠷ

ᠴᠢᠭᠤᠯᠭᠠᠨ ᠤ ᠮᠠᠯ ᠠᠵᠤ ᠠᠬᠤᠢ ᠶᠢᠨ ᠲᠢᠩᠬᠢᠮ ᠤᠨ ᠲᠠᠷᠤᠭ᠎ᠠ᠂ ᠰᠤᠷᠭᠠᠨ ᠬᠦᠮᠦᠵᠢᠯ ᠤᠨ ᠲᠢᠩᠬᠢᠮ ᠤᠨ ᠲᠠᠷᠤᠭ᠎ᠠ

᠂ ᠴᠠᠬᠠᠷ ᠴᠢᠭᠤᠯᠭᠠᠨ ᠤ ᠮᠤᠩᠭᠤᠯ ᠴᠡᠷᠢᠭ ᠤᠨ ᠳ᠋ᠢᠸᠢᠽᠢ ᠶᠢᠨ ᠵᠡᠬᠦᠨ ᠭᠠᠷ ᠲᠠᠶᠢᠹᠤᠰᠧ ᠬᠤᠰᠢᠭᠤᠨ ᠤ ᠰᠠᠯᠪᠤᠷᠢ

ᠠᠩᠬᠢ ᠶᠢᠨ ᠲᠠᠷᠤᠭ᠎ᠠ ᠶᠢᠨ ᠲᠤᠰᠢᠶᠠᠯ ᠢ ᠬᠠᠷᠢᠭᠤᠴᠠᠵᠤ ᠪᠠᠶᠢᠵᠠᠢ᠃ ᠳ᠋ᠧ ᠸᠠᠩ ᠤᠨ ᠵᠠᠰᠠᠭ ᠤᠨ ᠭᠠᠵᠠᠷ ᠲᠤ

ᠵᠦᠪᠯᠡᠭᠴᠢ ᠪᠠᠶᠢᠬᠤ ᠳᠠᠭᠠᠨ᠂ ᠬᠤᠷᠠᠯ ᠵᠦᠪᠯᠡᠯᠬᠡᠨ ᠳᠤ ᠤᠯᠠᠨ ᠤᠳᠠᠭ᠎ᠠ ᠤᠷᠤᠯᠴᠠᠵᠤ ᠪᠠᠶᠢᠭᠰᠠᠨ ᠪᠦᠬᠡᠳ ᠨᠡᠷ᠎ᠡ

ᠬᠦᠨᠳᠦ ᠲᠠᠢ ᠡᠷᠳᠡᠮᠳᠡᠨ ᠴᠢᠳᠠᠪᠤᠷᠢᠳᠠᠨ ᠬᠡᠵᠦ ᠬᠡᠳᠦᠨ ᠠᠶᠢᠮᠠᠭ ᠲᠠᠶᠠᠭᠠᠷ ᠲᠤ ᠠᠯᠳᠠᠷᠰᠢᠵᠠᠢ᠃ ᠢᠷᠭᠡᠨ ᠤᠯᠤᠰ

 ᠤᠨ ᠡᠬᠢᠨ ᠤ ᠦᠶ᠎ᠡ ᠳᠤ ᠲᠡᠬᠦᠨ ᠢ ᠴᠠᠬᠠᠷ ᠠᠷᠪᠠᠨ ᠬᠤᠰᠢᠭᠤᠨ ᠤ ᠠᠯᠪᠠ ᠰᠢᠳᠭᠡᠬᠦ ᠭᠠᠵᠠᠷ ᠠᠵᠢᠯᠯᠠᠵᠤ ᠪᠠᠶᠢᠬᠤ

 ᠳᠤ ︽ᠴᠠᠬᠠᠷ ᠮᠤᠩᠭᠤᠯ ᠤᠨ ᠪᠢᠴᠢᠭ ᠵᠢᠷᠤᠭ ᠤᠨ ᠵᠤᠬᠢᠶᠠᠨ ᠤᠷᠴᠢᠭᠤᠯᠬᠤ ᠬᠤᠷᠢᠶ᠎ᠠ︾ ᠭᠡᠵᠦ ᠪᠠᠶᠢᠭᠤᠯᠬᠤ ᠳᠤ

ᠲᠡᠨᠳᠡ ᠲᠡᠳ ᠲᠠᠷᠤᠭ᠎ᠠ ᠪᠦᠬᠡᠳ ᠶᠡᠷᠦᠩᠬᠡᠢ ᠨᠠᠶᠢᠷᠠᠭᠤᠯᠤᠭᠴᠢ ᠶᠢᠨ ᠠᠵᠢᠯ ᠢ ᠬᠠᠷᠢᠭᠤᠴᠠᠵᠤ ᠪᠠᠶᠢᠪᠠ᠃ ᠲᠤᠰ

ᠬᠤᠷᠢᠶ᠎ᠠ ᠠᠩᠬᠠᠨ ᠳᠠᠭᠠᠨ ᠭᠡᠪᠯᠡᠬᠦ ᠦᠢᠯᠡᠳᠪᠦᠷᠢ ᠦᠬᠡᠢ  ᠪᠠᠶᠢᠭᠰᠠᠨ ᠲᠤᠯᠠ ᠪᠢᠴᠢᠭ ᠨᠤᠮ ᠢᠶᠠᠨ ᠪᠡᠭᠡᠵᠢᠩ ᠳᠤ

ᠭᠡᠪᠯᠡᠬᠦᠯᠵᠦ ᠪᠠᠶᠢᠪᠠ᠃ 1936 ᠤᠨ ᠤ 3 ᠰᠠᠷ᠎ᠠ ᠳᠤ᠂ ᠰᠠᠮᠫᠢᠯᠨᠤᠷᠪᠤ ᠴᠢᠭᠤᠯᠤᠯᠳᠤ ᠬᠠᠭᠠᠯᠭ᠎ᠠ ᠶᠢᠨ ︽ᠲᠦᠩ

ᠢ ᠱᠠᠩ ᠬᠠᠩ︾ ᠨᠤᠮ ᠤᠨ ᠲᠡᠯᠬᠡᠬᠦᠷ ᠢ ᠬᠤᠳᠠᠯᠳᠤᠨ ᠠᠪᠴᠤ᠂ ᠦᠪᠡᠷ ᠢᠶᠠᠨ ᠬᠡᠪᠯᠡᠬᠦ ᠦᠢᠯᠡᠳᠪᠦᠷᠢ ᠲᠠᠢ

ᠪᠤᠯᠭᠠᠵᠠᠢ᠃ ᠲᠡᠷᠡᠪᠡᠷ ᠲᠤᠬᠠᠢ ᠶᠢᠨ ᠦᠶᠡᠰ ︽ᠮᠤᠩᠭᠤᠯ ᠦᠰᠦᠭ ᠤᠨ ᠴᠠᠭᠠᠨ ᠲᠤᠯᠤᠭᠠᠢ︾᠂ ︽ᠮᠤᠩᠭᠤᠯ

ᠬᠢᠳᠠᠳ ᠦᠰᠦᠭ ᠬᠠᠪᠰᠤᠷᠭᠠᠭᠰᠠᠨ ᠪᠠᠭ᠎ᠠ ᠰᠤᠷᠭᠠᠭᠤᠯᠢ ᠶᠢᠨ ᠤᠯᠤᠰ ᠤᠨ ᠤᠳᠬ᠎ᠠ ᠶᠢ ᠤᠩᠰᠢᠬᠤ ᠲᠡᠪᠳᠡᠷ︾᠂ ︽

ᠪᠤᠭᠳᠠ ᠶᠢᠨ ᠰᠤᠷᠭᠠᠯ ᠢ ᠰᠡᠩᠭᠡᠷᠡᠬᠦᠯᠦᠨ ᠪᠠᠳᠠᠷᠠᠭᠤᠯᠬᠤ ᠪᠢᠴᠢᠭ︾᠂ ︽ᠡᠷᠳᠡᠨ ᠡᠳᠦᠭᠡᠭᠢ ᠶᠢᠨ ᠭᠠᠶᠢᠬᠠᠮᠰᠢᠭᠳᠤ

ᠦᠵᠡᠭᠳᠡᠯ︾ ᠵᠡᠷᠭᠡ ᠨᠤᠮ ᠪᠢᠴᠢᠭ ᠢ ᠭᠡᠪᠯᠡᠬᠦᠯᠵᠦ᠂ ︽ᠬᠤᠷᠢᠨ ᠨᠠᠢᠮᠠᠳᠤ ᠲᠠᠶᠢᠯᠪᠤᠷᠢ ᠲᠤᠯᠢ︾ ᠶᠢ ᠵᠤᠬᠢᠶᠠᠬᠤ

ᠠᠵᠢᠯ ᠳᠤ ᠤᠷᠤᠯᠴᠠᠨ᠂ ᠮᠤᠩᠭᠤᠯ ᠦᠨᠳᠦᠰᠦᠳᠡᠨ ᠤ ᠰᠤᠶᠤᠯ ᠰᠤᠷᠭᠠᠨ ᠬᠦᠮᠦᠵᠢᠯ ᠤᠨ ᠦᠢᠯᠡᠰ ᠤᠨ ᠬᠦᠭᠵᠢᠯᠳᠡ

 ᠳᠤ ᠮᠠᠰᠢ ᠤᠯᠠᠨ ᠠᠰᠢᠭᠳᠠᠢ ᠠᠵᠢᠯ ᠬᠢᠭᠰᠡᠨ ᠪᠠᠶᠢᠨ᠎ᠠ᠃ ᠴᠢᠯᠦᠭᠡᠯᠡᠭᠳᠡᠭᠰᠡᠨ ᠤ ᠲᠠᠷᠠᠭ᠎ᠠ ᠰᠠᠮᠫᠢᠯᠨᠤᠷᠪᠤ ᠲᠠᠶᠢᠹᠤᠰᠧ

ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠠᠷᠠᠳ ᠤᠨ ᠶᠠᠪᠤᠳᠠᠯ ᠤᠨ ᠰᠠᠯᠠᠭᠠᠨ ᠤ ᠲᠡᠳ᠋ ᠲᠠᠷᠤᠭ᠎ᠠ ᠶᠢᠨ

ᠲᠤᠰᠢᠶᠠᠯ ᠢ ᠡᠬᠦᠷᠭᠡᠯᠡᠭᠰᠡᠨ ᠪᠠᠶᠢᠨ᠎ᠠ᠃ ᠡᠨᠡ  ᠦᠶ᠎ᠡ ᠳᠡᠭᠡᠨ ︽ᠲᠠᠶᠢᠹᠤᠰᠧ ᠵᠡᠬᠦᠨ ᠭᠠᠷ ᠤᠨ ᠦᠩᠭᠡᠷᠡᠭᠰᠡᠨ ᠪᠠ

ᠡᠳᠦᠭᠡ︾ ᠬᠡᠮᠡᠬᠦ ᠬᠤᠪᠤᠷ ᠲᠡᠦᠬᠡᠨ ᠮᠠᠲ᠋ᠧᠷᠢᠶᠠᠯ ᠢ ᠪᠢᠴᠢᠵᠦ ᠦᠯᠡᠳᠡᠭᠡᠭᠰᠡᠨ ᠨᠢ ᠬᠤᠵᠢᠮ ᠤᠨ ᠬᠦᠮᠦᠰ ᠲᠤ

ᠤᠯᠳᠠᠰᠢ ᠦᠬᠡᠢ ᠦᠨᠡᠳᠦ ᠮᠠᠲ᠋ᠧᠷᠢᠶᠠᠯ ᠪᠤᠯᠤᠭᠰᠠᠨ  ᠪᠢᠯᠡ᠃

 
ᠢᠷᠡᠯᠲᠡ᠄ ᠲᠠᠶᠢᠹᠦᠰᠧ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号