ᠭᠠᠯᠰᠠᠩᠰᠸᠧᠠᠩ ︵1912 — 1980︶ ᠲᠠᠶᠢᠹᠤᠰᠧ ᠵᠡᠬᠦᠨ ᠭᠠᠷ ᠰᠦᠷᠦᠭ ᠤᠨ ᠬᠦᠪᠡᠭᠡᠳᠦ ᠰᠢᠷ᠎ᠠ | ᠬᠤᠰᠢᠭᠤᠨ ᠤ ᠬᠦᠮᠦᠨ᠃ ᠵᠡᠬᠦᠨ ᠭᠠᠷ ᠲᠠᠶᠢᠹᠤᠰᠧ ᠤᠨ ᠲᠠᠶᠢᠰᠠᠯᠠᠬᠤ ᠠᠮᠪᠠᠨ ᠪᠠᠶᠢᠭᠰᠠᠨ ᠰᠠᠮᠫᠢᠯᠨᠤᠷᠪᠤ ᠶᠢᠨ | ᠬᠦᠪᠡᠬᠦᠨ᠃ ᠪᠠᠭ᠎ᠠ ᠵᠠᠯᠠᠭᠤ ᠨᠠᠰᠤᠨ ᠳᠠᠭᠠᠨ ᠬᠤᠰᠢᠭᠤ ᠨᠤᠳᠤᠭ ᠲᠠᠭᠠᠨ ᠪᠢᠴᠢᠭ ᠰᠤᠷᠴᠤ᠂ ᠬᠤᠷᠢᠳᠤᠭᠠᠷ ᠵᠠᠭᠤᠨ | ᠤ ᠭᠤᠴᠢᠭᠠᠳ ᠤᠨ ᠳᠤ ᠪᠡᠭᠡᠵᠢᠩ ᠳᠤ ᠮᠤᠩᠭᠤᠯ ᠲᠦᠪᠡᠳ ᠤᠨ ᠰᠤᠷᠭᠠᠭᠤᠯᠢ ᠳᠤ ᠰᠤᠷᠤᠯᠴᠠᠨ᠂ ᠨᠤᠳᠤᠭ ᠲᠠᠭᠠᠨ | ᠲᠤᠭ᠎ᠠ ᠲᠠᠢ ᠬᠡᠳᠦᠬᠡᠨ ᠡᠷᠳᠡᠮ ᠰᠤᠶᠤᠯ ᠲᠠᠢ ᠬᠦᠮᠦᠨ ᠤ ᠨᠢᠬᠡ ᠨᠢ ᠪᠠᠶᠢᠪᠠ᠃ ᠴᠢᠯᠦᠭᠡᠯᠡᠭᠳᠡᠬᠦ ᠠᠴᠠ ᠡᠮᠦᠨ᠎ᠡ | ᠲᠠᠶᠢᠹᠤᠰᠧ ᠵᠡᠬᠦᠨ ᠭᠠᠷ ᠬᠤᠰᠢᠭᠤᠨ ᠤ ᠵᠠᠰᠠᠭ ᠤᠨ ᠤᠷᠳᠤᠨ ᠳᠤ ᠬᠤᠪᠢᠶᠠᠷᠢ ᠶᠢᠨ ᠲᠠᠷᠤᠭ᠎ᠠ᠂ ᠲᠡᠷᠢᠬᠦᠨ ᠰᠤᠮᠤᠨ | ︽ᠬᠦᠪᠡᠭᠡᠳᠦ ᠰᠢᠷ᠎ᠠ︶ ᠤ ᠰᠤᠮᠤᠨ ᠵᠠᠩᠬᠢ ᠶᠢᠨ ᠲᠤᠰᠢᠶᠠᠯ ᠢ ᠬᠠᠷᠢᠭᠤᠴᠠᠵᠤ ᠦᠩᠭᠡᠷᠡᠵᠡᠢ᠃ ᠴᠢᠯᠦᠭᠡᠯᠡᠭᠳᠡᠭᠰᠡᠨ ᠤ | ᠲᠠᠷᠠᠭ᠎ᠠ ᠠᠷᠤ ᠭᠡᠷ ᠲᠡᠭᠡᠨ ᠠᠵᠢᠯ ᠬᠦᠳᠡᠯᠮᠦᠷᠢ ᠳᠤ ᠤᠷᠤᠯᠴᠠᠵᠤ ᠪᠠᠶᠢᠭᠰᠠᠨ ᠪᠦᠬᠡᠳ ᠬᠠᠶᠠ ᠳᠠᠭᠠᠨ ᠬᠤᠰᠢᠭᠤ | ᠵᠠᠰᠠᠭ ᠤᠨ ᠤᠷᠳᠤᠨ ᠤ ᠲᠠᠭᠤᠳᠠᠯᠭ᠎ᠠ ᠪᠠᠷ ᠬᠦᠷᠴᠦ ᠪᠢᠴᠢᠵᠦ ᠨᠠᠶᠢᠷᠠᠭᠤᠯᠬᠤ᠂ ᠤᠷᠴᠢᠭᠤᠯᠵᠤ ᠬᠡᠯᠡᠮᠦᠷᠴᠢᠯᠡᠬᠦ᠂ | ᠪᠢᠴᠢᠵᠦ ᠵᠢᠷᠤᠬᠤ ᠵᠡᠷᠭᠡ ᠠᠵᠢᠯ ᠤᠳ ᠢ ᠬᠢᠵᠦ ᠪᠠᠶᠢᠪᠠ᠃ ᠲᠤᠬᠠᠢ ᠶᠢᠨ ᠦᠶ᠎ᠡ ᠳᠠᠬᠢ ᠬᠤᠰᠢᠭᠤ ᠵᠠᠰᠠᠭ ᠤᠨ | ᠤᠷᠳᠤᠨ ᠤ ᠬᠠᠭᠠᠯᠭᠠᠨ ᠲᠡᠭᠡᠷᠡᠬᠢ ︽ᠲᠠᠶᠢᠹᠤᠰᠧ ᠵᠡᠬᠦᠨ ᠬᠤᠰᠢᠭᠤᠨ ᠤ ᠠᠷᠠᠳ ᠤᠨ ᠵᠠᠰᠠᠭ ᠤᠨ ᠤᠷᠳᠤᠨ︾ | ᠬᠡᠮᠡᠬᠦ ᠲᠠᠷᠤᠮᠠᠯ ᠲᠢᠭ ᠢᠶᠠᠷ ᠪᠢᠴᠢᠭᠰᠡᠨ ᠲᠤᠮᠤ ᠦᠰᠦᠭ ᠪᠤᠯ ᠲᠡᠬᠦᠨ ᠤ ᠪᠢᠴᠢᠮᠡᠯ ᠪᠤᠯᠤᠨ᠎ᠠ᠃ 1953 ᠤᠨ ᠳᠤ | ᠬᠤᠪᠢᠰᠬᠠᠯ ᠤᠨ ᠠᠵᠢᠯ ᠳᠤ ᠤᠷᠤᠯᠴᠠᠵᠤ᠂ ᠫᠤᠤᠲ᠋ᠠᠶᠢᠶ᠋ᠢᠩᠽᠢ ᠶᠢᠨ ᠪᠠᠭ᠎ᠠ ᠰᠤᠷᠭᠠᠭᠤᠯᠢ ᠳᠤ ᠠᠷᠤ ᠲᠠᠯ᠎ᠠ ᠶᠢᠨ | ᠠᠵᠢᠯ ᠢ ᠬᠠᠷᠢᠭᠤᠴᠠᠨ᠂ ᠲᠤᠰ ᠵᠢᠯ ᠤᠨ ᠬᠢᠨᠢ 11 ᠰᠠᠷ᠎ᠠ ᠳᠤ ᠴᠠᠬᠠᠷ ᠠᠶᠢᠮᠠᠭ ᠤᠨ ᠠᠷᠠᠳ ᠤᠨ ᠵᠦᠪᠯᠡᠯ ᠤᠨ | ᠭᠡᠷᠡᠭ ᠡᠷᠬᠢᠯᠡᠬᠦ ᠭᠡᠷ ᠲᠤ ᠰᠢᠯᠵᠢᠵᠦ ᠤᠷᠴᠢᠭᠤᠯᠤᠭᠴᠢ ᠪᠠᠷ ᠠᠵᠢᠯᠯᠠᠨ᠂ 1956 ᠤᠨ ᠳᠤ ᠴᠠᠬᠠᠷ ᠠᠶᠢᠮᠠᠭ ᠤᠨ | ᠲᠦᠯᠦᠪᠯᠡᠬᠡᠨ ᠤ ᠺᠤᠮᠢᠰ ᠤᠨ ᠤᠷᠴᠢᠭᠤᠯᠤᠭᠴᠢ ᠪᠤᠯᠪᠠ᠃ 1958 ᠤᠨ ᠳᠤ ᠴᠠᠬᠠᠷ ᠰᠢᠯᠢ ᠶᠢᠨ ᠭᠤᠤᠯ ᠬᠤᠶᠠᠷ | ᠠᠶᠢᠮᠠᠭ ᠨᠡᠶᠢᠯᠡᠬᠦ ᠦᠶᠡᠰ ᠨᠠᠰᠤᠳᠠᠢ ᠠᠪᠤ ᠡᠵᠢ ᠪᠤᠯᠤᠨ ᠭᠡᠷ ᠪᠦᠯᠢ ᠪᠠᠨ ᠬᠠᠷᠠᠭᠠᠯᠵᠠᠬᠤ ᠶᠢᠨ ᠲᠦᠯᠦᠬᠡ ᠦᠪᠡᠷ | ᠢᠶᠠᠨ ᠡᠷᠬᠦᠳᠡᠯ ᠭᠠᠷᠭᠠᠨ᠂ ᠲᠠᠶᠢᠹᠤᠰᠧ ᠬᠤᠰᠢᠭᠤᠨ ᠤ ᠵᠠᠰᠠᠭ ᠤᠨ ᠤᠷᠳᠤᠨ ᠤ ᠠᠯᠪᠠᠨ ᠭᠡᠷ ᠲᠤ | ᠤᠷᠴᠢᠭᠤᠯᠤᠭᠴᠢ ᠪᠠᠷ ᠠᠵᠢᠯᠯᠠᠵᠠᠢ᠃ 1959 ᠤᠨ ᠳᠤ ᠬᠦᠨᠪᠤᠯᠠᠭ ᠰᠤᠮᠤᠨ ᠳᠠᠭᠠᠨ ᠰᠢᠯᠵᠢᠨ ᠠᠵᠢᠯᠯᠠᠵᠤ᠂ | 1962 ᠤᠨ ᠠᠴᠠ ᠠᠴᠠ ᠫᠤᠤᠲ᠋ᠠᠶᠢᠶ᠋ᠢᠩᠽᠢ ᠶᠢᠨ ᠪᠠᠭ᠎ᠠ ᠰᠤᠷᠭᠠᠭᠤᠯᠢ ᠳᠤ ᠨᠢᠬᠳᠠᠯᠠᠨ ᠪᠤᠳᠤᠭᠴᠢ ᠪᠠᠷ ᠠᠵᠢᠯᠯᠠᠨ᠂ | 1965 ᠤᠨ ᠳᠤ ᠠᠵᠢᠯ ᠢᠶᠠᠨ ᠴᠢᠯᠦᠬᠡᠯᠡᠵᠦ ᠭᠡᠷ ᠲᠡᠭᠡᠨ ᠬᠠᠷᠢᠪᠠ᠃ |