ᠨᠠᠩᠰᠤᠯᠮ᠎ᠠ ︵1880 — 1968︶ ᠲᠠᠶᠢᠹᠤᠰᠧ ᠵᠡᠬᠦᠨ ᠭᠠᠷ ᠰᠦᠷᠦᠭ ᠤᠨ ᠠᠭᠳᠠ ᠬᠤᠰᠢᠭᠤᠨ ᠤ | ᠪᠠᠷᠢᠶᠠᠴᠢ ᠤᠳᠤᠮ ᠲᠠᠢ ᠦᠬᠢᠨ ᠮᠡᠶᠢᠷᠡᠨ ᠤ ᠭᠡᠷ ᠪᠦᠯᠢ ᠳᠤ ᠲᠦᠷᠦᠵᠡᠢ᠃ ᠬᠠᠷᠠᠬᠠᠨ ᠪᠠᠭ᠎ᠠ ᠠᠴᠠ ᠪᠠᠨ ᠡᠪᠦᠭᠡ | ᠲᠡᠭᠡᠳᠦᠰ ᠤᠨ ᠢᠶᠠᠨ ᠶᠠᠰᠤ ᠪᠠᠷᠢᠬᠤ, ᠤᠯᠠᠵᠢᠯᠠᠯᠳᠤ ᠮᠡᠷᠭᠡᠵᠢᠯ ᠢ ᠰᠠᠨᠠᠭ᠎ᠠ ᠲᠠᠯᠪᠢᠨ ᠦᠵᠡᠵᠦ ᠰᠤᠷᠴᠤ ᠪᠠᠶᠢᠭᠰᠠᠨ | ᠪᠤᠯᠬᠤᠷ ᠠᠷᠪᠠᠨ ᠨᠢᠬᠡ ᠬᠤᠶᠠᠷ ᠨᠠᠰᠤ ᠲᠠᠢ ᠳᠠᠭᠠᠨ ᠬᠤᠷᠠᠭ᠎ᠠ ᠢᠰᠢᠬᠡᠨ ᠤ ᠬᠦᠯ ᠬᠤᠭᠤᠷᠠᠭᠰᠠᠨ ᠢ ᠪᠠᠷᠢᠵᠤ | ᠵᠠᠰᠠᠭᠠᠳ ᠡᠪ ᠨᠤᠮ ᠳᠤᠨᠢ ᠤᠷᠤᠭᠤᠯᠴᠢᠬᠠᠳᠠᠭ ᠪᠠᠶᠢᠪᠠ᠃ ᠠᠷᠪᠠᠨ ᠲᠠᠪᠤ ᠵᠢᠷᠭᠤᠭᠠᠨ ᠨᠠᠰᠤᠨ ᠠᠴᠠ ᠪᠠᠨ ᠡᠬᠢᠯᠡᠵᠦ | ᠶᠠᠰᠤ ᠪᠠᠷᠢᠬᠤ ᠪᠤᠯᠤᠭᠠᠳ᠂ ᠲᠠᠯᠠᠭᠠᠳ ᠵᠢᠯ ᠤᠨ ᠬᠤᠭᠤᠴᠠᠭᠠᠨ ᠳᠤ ᠬᠤᠯᠠ ᠤᠶᠢᠷ᠎ᠠ ᠬᠤᠰᠢᠭᠤ ᠨᠤᠳᠤᠭ ᠤᠨ ᠦᠢ | ᠤᠯᠠᠨ ᠬᠦᠮᠦᠨ ᠢ ᠡᠪᠡᠳᠴᠢᠨ ᠵᠤᠪᠠᠯᠠᠩ ᠠᠴᠠ ᠠᠪᠤᠷᠠᠭᠰᠠᠨ ᠶᠤᠮ᠃ ᠡᠶᠢᠮᠦ ᠠᠴᠠ ᠬᠤᠯᠠ ᠤᠶᠢᠷ᠎ᠠ ᠶᠢᠨ ᠬᠦᠮᠦᠰ | ︽ᠪᠠᠷᠢᠶᠠᠴᠢ ᠡᠵᠢ︾ ᠭᠡᠪᠡᠯ ᠮᠡᠳᠡᠬᠦ ᠦᠬᠡᠢ ᠬᠦᠮᠦᠨ ᠪᠠᠶᠢᠳᠠᠭ ᠦᠬᠡᠢ᠃ ᠨᠠᠩᠰᠤᠯᠮ᠎ᠠ ᠨᠠᠰᠤᠳᠠᠨ ᠶᠠᠰᠤ ᠪᠠᠷᠢᠬᠤ | ᠡᠷᠳᠡᠮ ᠠᠴᠠ ᠭᠠᠳᠠᠨ᠎ᠠ᠂ ᠵᠢᠷᠮᠤᠰᠤᠨ ᠡᠮᠡᠭᠳᠡᠢ ᠶᠢᠨ ᠡᠪ ᠦᠬᠡᠶᠢᠳᠡᠬᠦ᠂ ᠲᠦᠷᠦᠬᠦ ᠳᠤ ᠪᠡᠷᠭᠡᠳᠡᠬᠦ᠂ ᠬᠤᠶᠢᠳᠤᠬᠢ ᠨᠢ | ᠰᠠᠭᠠᠳᠠᠬᠤ᠂ ᠨᠢᠯᠬ᠎ᠠ ᠬᠡᠦᠭᠡᠳ ᠤᠨ ᠮᠠᠭᠤᠰᠠᠶᠢᠨᠳᠠᠬᠤ᠂ ᠲᠠᠷᠢᠬᠢ ᠬᠡᠮᠳᠦᠬᠦ ᠵᠡᠷᠭᠡ ᠡᠪᠡᠳᠴᠢᠨ ᠬᠡᠮ ᠢ ᠵᠠᠰᠠᠬᠤ | ᠮᠡᠷᠭᠡᠵᠢᠯ ᠲᠠᠢ᠃ ᠵᠢᠱᠢᠶᠡᠯᠡᠪᠡᠯ᠂ ᠲᠤᠰ ᠬᠤᠰᠢᠭᠤᠨ ᠤ ᠨᠢᠬᠡᠨ ᠠᠳᠤᠭᠤᠴᠢᠨ ᠡᠪᠡᠳᠴᠢᠯᠡᠬᠡᠳ ᠶᠠᠮᠠᠷ ᠡᠪᠡᠳᠴᠢᠨ | ᠪᠤᠯᠤᠭᠰᠠᠨ ᠢᠶᠠᠨ ᠮᠡᠳᠡᠬᠦ ᠦᠬᠡᠢ᠂ ᠪᠠᠷᠤᠭ ᠬᠠᠯᠠᠭᠤᠨ ᠲᠤᠮᠤᠭᠤ ᠪᠤᠯᠤᠯ᠎ᠠ ᠭᠡᠳ ᠤᠷᠳᠤ ᠬᠤᠭᠤᠴᠠᠭ᠎ᠠ ᠪᠠᠷ ᠬᠦᠯ | ᠬᠤᠷᠢᠵᠤ ᠡᠮᠨᠡᠬᠦᠯᠦᠭᠰᠡᠨ ᠴᠤ ᠲᠤᠰᠠ ᠪᠤᠯᠤᠭᠰᠠᠨ ᠦᠬᠡᠢ ᠠᠷᠭ᠎ᠠ ᠠᠯᠳᠠᠷᠠᠵᠤ ᠪᠠᠶᠢᠬᠤ ᠳᠤ ᠪᠠᠷᠢᠶᠠᠴᠢ ᠨᠠᠰᠤᠳᠠᠨ | ᠢᠯᠢᠵᠦ ᠦᠵᠡᠮᠡᠭᠴᠡ ᠪᠠᠨ ᠬᠠᠷ᠎ᠠ ᠪᠦᠬᠡᠷ᠎ᠡ ᠨᠢ ᠤᠨᠠᠭᠠᠳ ᠰᠢᠷᠬᠠᠨ ᠤ ᠬᠠᠯᠠᠭᠤᠨ ᠪᠤᠰᠴᠤ ᠪᠠᠶᠢᠬᠤ ᠶᠢ ᠲᠤᠳᠤᠯᠠᠵᠤ᠂ | ᠵᠠᠰᠠᠵᠤ ᠡᠳᠡᠭᠡᠷᠡᠬᠦᠯᠦᠭᠰᠡᠨ ᠪᠠᠶᠢᠪᠠ᠃ ᠡᠨᠡ ᠬᠦ᠋ ᠠᠳᠤᠭᠤᠴᠢᠨ ᠠᠳᠤᠭᠤᠨ ᠤ ᠮᠠᠨᠠᠭᠠᠨ ᠳᠤ ᠶᠠᠪᠤᠵᠤ ᠪᠠᠶᠢᠬᠤ | ᠳᠠᠭᠠᠨ ᠰᠠᠨᠠᠮᠰᠠᠷ ᠦᠬᠡᠢ ᠮᠤᠷᠢᠨ ᠠᠴᠠ ᠪᠠᠨ ᠬᠠᠶᠠᠭᠳᠠᠭᠰᠠᠨ ᠢᠶᠠᠨ ᠰᠡᠬᠦᠯᠡᠷ ᠨᠢ ᠰᠠᠶ᠋ᠢ ᠰᠠᠨᠠᠵᠤ ᠤᠯᠵᠠᠢ᠃ | ᠨᠠᠩᠰᠤᠯᠮ᠎ᠠ ᠨᠠᠰᠤᠳᠠᠨ ᠪᠠᠰᠠ ᠨᠢᠬᠡ ᠡᠪᠡᠳᠴᠢᠯᠡᠭᠡᠳ ᠤᠳᠠᠭᠰᠠᠨ ᠡᠮᠡᠭᠳᠡᠢ ᠶᠢᠨ ᠨᠢᠷᠤᠭᠤ ᠶᠢ ᠢᠯᠢᠵᠦ ᠦᠵᠡᠬᠡᠳ | ᠬᠠᠷ᠎ᠠ ᠪᠦᠬᠡᠷ᠎ᠡ ᠶᠢᠨ ᠨᠢᠬᠡ ᠨᠢ ᠡᠪᠳᠡᠷᠡᠭᠰᠡᠨ ᠲᠤᠯᠠ ᠲᠤᠳᠤᠭᠰᠢ ᠤᠷᠤᠵᠤ ᠵᠠᠰᠠᠯᠭ᠎ᠠ ᠬᠢᠯᠬᠡᠬᠦ ᠬᠡᠷᠡᠭᠳᠡᠢ ᠬᠡᠵᠦ | ᠵᠠᠬᠢᠭᠰᠠᠨ ᠪᠠᠶᠢᠨ᠎ᠠ᠃ ᠪᠠᠷᠢᠶᠠᠴᠢ ᠶᠢᠨ ᠦᠬᠡ ᠪᠠᠷ ᠡᠨᠡ ᠡᠮᠡᠭᠳᠡᠢ ᠪᠡᠭᠡᠵᠢᠩ ᠳᠤ ᠬᠦᠷᠴᠦ ᠪᠠᠶᠢᠴᠠᠭᠠᠯᠭᠠᠭᠰᠠᠨ ᠳᠤ | ᠤᠨᠤᠰᠢᠯᠠᠯᠳᠠ ᠨᠢ ᠨᠠᠰᠤᠳᠠᠨ ᠤ ᠬᠡᠯᠡᠭᠰᠡᠨ ᠲᠠᠢ ᠶᠠᠭ ᠠᠳᠠᠯᠢ ᠪᠠᠶᠢᠵᠠᠢ᠃ ᠲᠡᠭᠡᠭᠡᠳ ᠴᠠᠭ ᠲᠤᠬᠠᠢ ᠳᠤᠨᠢ ᠵᠠᠰᠠᠯ | ᠬᠢᠭᠰᠡᠨ ᠢᠶᠠᠷ ᠡᠪᠡᠳᠴᠢᠨ ᠨᠢ ᠦᠨᠡᠬᠡᠷ ᠰᠠᠶᠢᠨ ᠪᠤᠯᠤᠭᠰᠠᠨ ᠭᠡᠳᠡᠭ᠃ ᠪᠠᠰᠠ ᠨᠢᠬᠡ ᠬᠡᠦᠭᠡᠳ ᠨᠠᠭᠠᠳᠴᠤ ᠪᠠᠶᠢᠭᠠᠳ | ᠲᠦᠷᠪᠡᠯᠵᠢᠨ ᠰᠢᠷᠡᠭᠡᠨ ᠤ ᠦᠨᠴᠦᠭ ᠲᠤ ᠮᠦᠷᠬᠦᠵᠦ ᠤᠨᠠᠭᠠᠳ ᠭᠠᠪᠠᠯᠠ ᠶᠢᠨ ᠶᠠᠰᠤ ᠨᠢ ᠴᠦᠮᠦᠷᠡᠵᠦ᠂ ᠲᠠᠷᠢᠬᠢᠨ | ᠤ ᠪᠤᠷᠤ ᠲᠠᠪᠬᠤᠷᠭ᠎ᠠ ᠶᠢᠨ ᠬᠠᠯᠢᠰᠤ ᠨᠢ ᠬᠠᠪᠴᠢᠭᠳᠠᠭᠠᠳ ᠮᠡᠳᠡᠷᠡᠯ ᠮᠠᠭᠤᠳᠠᠵᠤ ᠢᠳᠡᠵᠦ ᠤᠤᠭᠤᠬᠤ ᠪᠠᠨ ᠮᠡᠳᠡᠬᠦ | ᠦᠬᠡᠢ ᠪᠤᠯᠵᠠᠢ᠃ ᠪᠡᠭᠡᠵᠢᠩ ᠬᠦᠷᠴᠦ ᠵᠠᠰᠠᠭᠤᠯᠤᠭᠰᠠᠨ ᠪᠤᠯᠪᠠᠴᠤ ᠰᠠᠶᠢᠨ ᠪᠤᠯᠤᠭᠰᠠᠨ ᠦᠬᠡᠢ᠂ ᠬᠠᠷᠢᠵᠤ ᠢᠷᠡᠭᠡᠳ | ᠨᠠᠰᠤᠳᠠᠨ ᠢᠶᠠᠷ ᠦᠵᠡᠬᠦᠯᠵᠡᠢ᠃ ᠨᠠᠰᠤᠳᠠᠨ ᠬᠡᠦᠬᠡᠳ ᠤᠨ ᠲᠠᠷᠢᠬᠢ ᠶᠢ ᠨᠢ ᠢᠯᠢᠬᠦ ᠳᠤ ᠬᠡᠮᠳᠦᠭᠰᠡᠨ ᠭᠠᠪᠠᠯᠠ | ᠶᠢᠨ ᠶᠠᠰᠤ ᠨᠢ ᠭᠠᠷ ᠤᠨ ᠠᠯᠠᠭ᠎ᠠ ᠶᠢ ᠨᠢ ᠲᠠᠭᠠᠵᠤ ᠱᠠᠵᠢᠬᠢᠨᠠᠭᠠᠳ ᠤᠤᠯ ᠬᠡᠪ ᠲᠡᠭᠡᠨ ᠤᠷᠤᠭᠰᠠᠨ ᠪᠦᠬᠡᠳ ᠦᠨᠦ | ᠬᠡᠦᠭᠡᠳ ᠲᠠᠷᠤᠶᠢᠬᠠᠨ ᠮᠡᠳᠡᠭᠡ ᠰᠡᠭᠡᠭᠡ ᠤᠷᠤᠵᠤ ︽ ᠡᠵᠢ ᠪᠠ ᠦᠯᠦᠰᠴᠦ ᠪᠠᠶᠢᠨ᠎ᠠ᠂ ᠶᠠᠭᠤᠮ᠎ᠠ ᠢᠳᠡᠶ᠎ᠡ︾ ᠬᠡᠵᠦ | ᠬᠡᠯᠡᠭᠰᠡᠨ ᠭᠡᠨ᠎ᠡ᠃ ᠡᠶᠢᠮᠦ ᠠᠴᠠ ᠬᠠᠷᠠᠵᠤ ᠪᠠᠶᠢᠭᠰᠠᠨ ᠬᠦᠮᠦᠰ ᠪᠦᠷ ︽ᠪᠠᠷᠢᠶᠠᠴᠢ ᠡᠵᠢ ᠦᠨᠡᠬᠡᠷ ᠰᠠᠬᠢᠭᠤᠯᠰᠤᠨ | ᠰᠢᠭ ᠪᠠᠶᠢᠨ᠎ᠠ︾ ᠭᠡᠵᠦ ᠭᠠᠶᠢᠬᠠᠰᠢ ᠠᠯᠳᠠᠵᠠᠢ᠃ ᠨᠠᠩᠰᠤᠯᠮ᠎ᠠ ᠨᠠᠰᠤᠳᠠᠨ ᠨᠠᠰᠤ ᠪᠤᠯᠬᠤ ᠠᠴᠠ ᠪᠠᠨ ᠡᠮᠦᠨᠡᠬᠡᠨ | ᠪᠠᠰᠠ ᠲᠠᠷᠢᠬᠢ ᠨᠢ ᠬᠡᠮᠳᠦᠭᠡᠳ ᠰᠠᠷ᠎ᠠ ᠪᠤᠯᠵᠤ ᠪᠠᠶᠢᠭ᠎ᠠ ᠨᠢᠬᠡ ᠬᠦᠮᠦᠨ ᠢ ᠭᠡᠪᠳᠡᠷᠢ ᠲᠡᠭᠡᠷ᠎ᠡ ᠠᠴᠠ ᠪᠠᠨ ᠵᠠᠰᠠᠭᠠᠳ᠂ | ᠨᠢᠳᠦᠨ ᠳᠤᠨᠢ ᠭᠡᠷᠡᠯ ᠭᠡᠭᠡ ᠤᠷᠤᠭᠤᠯᠵᠤ ᠠᠷᠬᠠᠭ ᠦᠬᠡᠢ ᠡᠳᠡᠭᠡᠷᠡᠬᠦᠯᠦᠭᠰᠡᠨ ᠪᠠᠶᠢᠪᠠ᠃ |