ᠢᠰᠢᠤᠳᠰᠤᠷ
ᠨᠡᠶᠢᠲᠡᠯᠡᠭᠰᠡᠨ ᠴᠠᠭ᠄
2018/11/26

ᠢᠰᠢᠤᠳᠰᠤᠷ —  ︵1879 — 1950︶  ᠲᠠᠶᠢᠹᠤᠰᠧ ᠵᠡᠬᠦᠨ ᠭᠠᠷ ᠰᠦᠷᠦᠭ ᠤᠨ ᠬᠦᠯᠦ ᠴᠠᠭᠠᠨ

ᠬᠤᠰᠢᠭᠤᠨ ᠤ ᠬᠦᠮᠦᠨ᠃  ᠪᠠᠭ᠎ᠠ ᠠᠴᠠ ᠪᠠᠨ ᠯᠠᠮᠠ  ᠪᠠᠶᠢᠭᠰᠠᠨ ᠪᠦᠬᠡᠳ 19 ᠨᠠᠰᠤᠨ ᠳᠠᠭᠠᠨ ᠰᠠᠮᠳᠠᠯᠢᠩ ᠭᠡᠭᠡᠨ

 ᠢ ᠱᠠᠪᠢᠯᠠᠨ ᠲᠠᠭᠠᠵᠤ᠂ ᠬᠦᠮᠪᠦᠮ᠂ ᠯᠠᠪᠷᠤᠩ ᠵᠡᠷᠭᠡ ᠶᠡᠭᠡ ᠬᠡᠶᠢᠳ ᠢᠶᠠᠷ ᠨᠤᠮ ᠪᠢᠰᠢᠯᠭᠠᠵᠤ ᠡᠮᠴᠢ ᠰᠤᠷᠴᠠᠢ᠃

ᠬᠤᠵᠢᠮ ᠨᠢ ᠤᠳᠠᠢ ᠶᠢᠨ ᠰᠠᠮᠳᠠᠯᠢᠩ ᠰᠦᠮ᠎ᠡ ᠶᠢᠨ ᠳ᠋ᠠ ᠯᠠᠮᠠ  ᠰᠠᠭᠤᠪᠠ᠃ ᠳ᠋ᠠ ᠯᠠᠮᠠ  ᠰᠠᠭᠤᠭᠰᠠᠨ ᠬᠤᠭᠤᠴᠠᠭᠠᠨ

 ᠳᠠᠭᠠᠨ ᠤᠳᠠᠢ ᠳᠤ ᠸᠠᠩ ᠹᠦ᠋ ᠮᠢᠨ ᠬᠡᠮᠡᠬᠦ ᠬᠢᠳᠠᠳ ᠨᠡᠷ᠎ᠡ ᠭᠡᠷᠡᠭᠯᠡᠵᠦ ᠪᠠᠶᠢᠭᠰᠠᠨ ᠪᠦᠬᠡᠳ ᠭᠡᠭᠡᠨ ᠢ ᠪᠠᠷᠭᠤ᠂

ᠭᠤᠷᠯᠤᠰ᠂ ᠦᠵᠦᠮᠦᠴᠢᠨ ᠢᠶᠠᠷ ᠮᠦᠷᠬᠦᠯ ᠲᠠᠯᠪᠢᠵᠤ ᠪᠠᠳᠢᠷ ᠪᠠᠷᠢᠵᠤ ᠶᠠᠪᠤᠬᠤ ᠳᠤ ᠭᠡᠳᠦᠨ ᠵᠢᠯ ᠲᠠᠭᠠᠵᠤ᠂ 1944

ᠤᠨ ᠳᠤ ᠭᠡᠭᠡᠨ ᠢ ᠪᠡᠭᠡᠵᠢᠩ ᠳᠤ ᠲᠠᠭᠠᠯᠠᠯ ᠲᠡᠬᠦᠰᠦᠭᠰᠡᠨ ᠤ ᠲᠠᠷᠠᠭ᠎ᠠ ᠱᠠᠷᠢᠯ ᠢ ᠨᠢ ᠤᠳᠠᠢ ᠳᠤ ᠬᠦᠷᠭᠡᠵᠦ

ᠲᠠᠯᠪᠢᠭᠠᠳ ᠠᠷᠤ ᠭᠡᠷ ᠲᠡᠭᠡᠨ ᠬᠠᠷᠢᠭᠰᠠᠨ ᠪᠠᠶᠢᠨ᠎ᠠ᠃ ᠰᠡᠬᠦᠯᠡᠷ   ᠨᠢ ᠬᠡᠳᠦ ᠤᠳᠠᠭ᠎ᠠ ᠤᠳᠠᠢ ᠳᠤ ᠪᠤᠴᠠᠬᠤ ᠪᠠᠷ

ᠤᠷᠤᠯᠳᠤᠭᠰᠠᠨ ᠴᠤ ᠴᠠᠭ ᠲᠦᠷᠦ ᠰᠠᠮᠠᠭᠤᠨ ᠲᠡᠭᠡᠷᠡᠮ ᠬᠤᠯᠠᠭᠠᠢ ᠠᠷᠪᠢᠨ ᠠᠴᠠ ᠪᠤᠯᠤᠭᠠᠳ ᠬᠦᠷᠴᠦ  ᠴᠢᠳᠠᠭᠰᠠᠨ

ᠦᠬᠡᠢ ᠪᠠᠶᠢᠪᠠ᠃ ᠲᠡᠭᠡᠷ᠎ᠡ ᠵᠠᠭᠤᠨ ᠤ ᠲᠠᠪᠢᠭᠠᠳ ᠤᠨ ᠤ ᠡᠬᠢ ᠪᠠᠷ ᠮᠠᠯᠠᠭᠠᠢ ᠶᠢᠨ ᠰᠦᠮ᠎ᠡ ᠶᠢ ᠳ᠋ᠠ ᠯᠠᠮᠠ   ᠪᠠᠷ

ᠤᠷᠢᠭᠰᠠᠨ ᠳᠤ ᠲᠠᠯᠠᠷᠬᠠᠭᠠᠳ ᠤᠴᠢᠭᠰᠠᠨ ᠦᠬᠡᠢ᠃ ᠡᠶᠢᠨ ᠬᠦ᠋ ᠠᠷᠤ ᠭᠡᠷ ᠲᠡᠭᠡᠨ ᠨᠠᠰᠤᠨ ᠡᠴᠦᠰᠯᠡᠳᠡᠯ᠎ᠡ ᠰᠠᠭᠤᠬᠤ

 ᠳᠠᠭᠠᠨ ᠨᠤᠮ ᠬᠦᠷᠢᠮ ᠬᠢᠳᠡᠭ ᠦᠬᠡᠢ ᠭᠠᠭᠴᠠ ᠬᠦ᠋ ᠡᠮ᠎ᠡ ᠪᠠᠷᠢᠵᠤ ᠰᠠᠭᠤᠳᠠᠭ ᠪᠠᠶᠢᠵᠠᠢ᠃

 
ᠢᠷᠡᠯᠲᠡ᠄ ᠲᠠᠶᠢᠹᠦᠰᠧ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号