ᠡᠷᠳᠡᠨᠢᠳᠠᠯᠠᠢ
ᠨᠡᠶᠢᠲᠡᠯᠡᠭᠰᠡᠨ ᠴᠠᠭ᠄
2018/11/26

 ᠡᠷᠳᠡᠨᠢᠳᠠᠯᠠᠢ —  ︵1923 — 1992︶᠂ ᠲᠠᠶᠢᠹᠤᠰᠧ ᠵᠡᠬᠦᠨ ᠭᠠᠷ ᠰᠦᠷᠦᠭ ᠤᠨ ᠬᠦᠯᠦ ᠴᠠᠭᠠᠨ

ᠬᠤᠰᠢᠭᠤᠨ ᠤ ᠦᠴᠢ ᠤᠪᠤᠭ᠎ᠠ ᠶᠢᠨ ᠬᠦᠮᠦᠨ᠃ 1951 ᠤᠨ ᠳᠤ ᠬᠤᠪᠢᠰᠬᠠᠯ ᠤᠨ ᠠᠵᠢᠯ ᠳᠤ  ᠤᠷᠤᠯᠴᠠᠭᠠᠳ

ᠭᠤᠴᠢ ᠭᠠᠷᠤᠢ ᠵᠢᠯ ᠠᠵᠢᠯᠯᠠᠵᠤ᠂ 1983 ᠤᠨ ᠳᠤ ᠠᠵᠢᠯ ᠢᠶᠠᠨ ᠴᠢᠯᠦᠬᠡᠯᠡᠪᠡ᠃ ᠬᠠᠷᠠᠬᠠᠨ ᠪᠠᠭ᠎ᠠ ᠠᠴᠠ ᠪᠠᠨ

ᠬᠤᠳᠠ ᠤᠰᠤᠨ ᠤ ᠪᠠᠨ ᠰᠤᠷᠭᠠᠭᠤᠯᠢ ᠳᠤ  ᠰᠤᠷᠤᠯᠴᠠᠵᠤ᠂ ᠲᠤᠬᠠᠢ ᠶᠢᠨ ᠦᠶ᠎ᠡ ᠨᠤᠳᠤᠭ ᠤᠰᠤᠨ ᠳᠠᠭᠠᠨ ᠪᠢᠴᠢᠭ

ᠰᠤᠶᠤᠯ ᠲᠠᠢ ᠬᠦᠮᠦᠨ ᠤ ᠨᠢᠬᠡ ᠨᠢ ᠪᠠᠶᠢᠵᠠᠢ᠃ ᠡᠷᠳᠡᠨᠢᠳᠠᠯᠠᠢ ᠪᠤᠯ ᠲᠠᠶᠢᠹᠤᠰᠧ ᠵᠡᠬᠦᠨ ᠭᠠᠷ ᠬᠤᠰᠢᠭᠤᠨ ᠤ

ᠠᠯᠳᠠᠷᠳᠠᠢ ᠪᠦᠬᠡ ᠶᠤᠮ᠃ 1946 ᠤᠨ ᠳᠤ ᠬᠠᠪᠢᠷᠭ᠎ᠠ ᠳᠤ ᠪᠤᠯᠤᠭᠰᠠᠨ ᠴᠠᠬᠠᠷ ᠠᠶᠢᠮᠠᠭ ᠤᠨ ᠵᠠᠰᠠᠭ ᠤᠨ

ᠤᠷᠳᠤᠨ ᠪᠠᠶᠢᠭᠤᠯᠤᠭᠳᠠᠭᠰᠠᠨ ᠶᠡᠭᠡ ᠨᠠᠶᠢᠷ ᠤᠨ ᠪᠦᠬᠡ ᠶᠢᠨ ᠪᠠᠷᠢᠯᠳᠤᠭᠠᠨ ᠳᠤ  ᠭᠠᠳᠠᠨ᠎ᠠ ᠬᠤᠰᠢᠭᠤᠳ ᠤᠨ ᠨᠡᠷᠡᠳᠦ

ᠪᠦᠬᠡᠴᠢᠳ ᠢ ᠬᠠᠶᠠᠭᠠᠳ  ᠰᠢᠪᠦᠭᠡ ᠶᠢᠨ ᠲᠦᠷᠪᠡ ᠳᠤ ᠤᠷᠤᠵᠠᠢ᠃ 1953 ᠤᠨ ᠳᠤ ᠤᠯᠠᠭᠠᠨᠬᠤᠳᠠ ᠳᠤ

ᠪᠤᠯᠤᠭᠰᠠᠨ ᠦᠪᠦᠷ ᠮᠤᠩᠭᠤᠯ ᠤᠨ ᠠᠩᠬᠠᠳᠤᠭᠠᠷ ᠤᠳᠠᠭᠠᠨ ᠤ ᠲᠠᠮᠢᠷ ᠤᠨ ᠴᠤᠭᠯᠠᠭᠠᠨ ᠳᠤ ᠬᠤᠰᠢᠭᠤ ᠨᠤᠳᠤᠭ ᠢᠶᠠᠨ

ᠲᠦᠯᠦᠬᠡᠯᠡᠨ ᠤᠷᠤᠯᠴᠠᠭᠠᠳ᠂ ᠪᠠᠷᠢᠴᠠ ᠰᠠᠶᠢᠳᠠᠢ᠂ ᠬᠦᠳᠡᠯᠦᠯ ᠱᠠᠯᠠᠮᠠᠭᠠᠢ ᠪᠠᠷ ᠢᠶᠠᠨ ᠲᠠᠨᠢᠭᠳᠠᠵᠤ᠂   ︽

ᠲᠠᠶᠢᠹᠤᠰᠧ ᠤᠨ ᠰᠢᠷᠦᠬᠦᠨ ᠬᠠᠷ᠎ᠠ︾  ᠬᠡᠮᠡᠨ ᠨᠡᠷ᠎ᠡ ᠭᠠᠷᠤᠭᠰᠠᠨ ᠪᠠᠶᠢᠯ᠎ᠠ᠃ 1940 ᠤᠨ ᠳᠤ ᠪᠦᠬᠡ ᠶᠢᠨ

ᠲᠡᠪᠵᠢᠶ᠎ᠡ ᠳᠤ ᠮᠠᠭᠰᠢᠭᠰᠠᠨ   ᠠᠴᠠ ᠠᠪᠤᠭᠠᠳ 1981 ᠤᠨ ᠳᠤ ᠰᠤᠮᠤᠨ ᠤ ᠨᠠᠶᠢᠷ ᠲᠡᠭᠡᠷ᠎ᠡ ᠲᠠᠷᠬᠠᠯᠠᠳᠠᠯ᠎ᠠ ᠪᠠᠨ

ᠲᠦᠴᠢᠭᠡᠳ ᠵᠢᠯ ᠨᠠᠶᠢᠷ ᠤᠨ ᠲᠠᠯᠠᠪᠠᠢ ᠳᠤ ᠨᠡᠷ᠎ᠡ ᠪᠠᠨ ᠮᠠᠨᠳᠤᠭᠤᠯᠵᠤ  ᠶᠠᠪᠤᠵᠠᠢ᠃

 
ᠢᠷᠡᠯᠲᠡ᠄ ᠲᠠᠶᠢᠹᠦᠰᠧ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号