ᠬᠠᠩ ᠵᠢᠶᠠ ᠵᠢᠤᠢ ︵1914 — 1981︶ ᠮᠤᠩᠭᠤᠯ ᠨᠡᠷ᠎ᠡ ᠨᠢ ᠬᠤᠳᠤᠷᠠᠩᠭ᠎ᠠ᠂ ᠪᠠᠰᠠ ᠬᠤ᠋ ᠮᠢᠨ ᡁᠢ᠂ | ᠲᠤᠷᠵᠢ᠂ ᠯᠢᠨ ᠶᠤᠸᠠᠨ ᠬᠡᠮᠡᠬᠦ ᠨᠡᠷ᠎ᠡ ᠭᠡᠷᠡᠭᠯᠡᠵᠦ ᠦᠩᠬᠡᠷᠡᠵᠡᠢ᠃ ᠲᠠᠶᠢᠹᠤᠰᠧ ᠵᠡᠬᠦᠨ ᠭᠠᠷ ᠰᠦᠷᠦᠭ ᠤᠨ ᠦᠴᠢ | ᠤᠪᠤᠭ᠎ᠠ ᠶᠢᠨ ᠰᠡᠷᠡᠩᠳᠤᠩᠷᠤᠪ ᠠᠮᠪᠠᠨ ᠤ ᠲᠠᠪᠤᠳᠤᠭᠠᠷ ᠬᠦᠪᠡᠬᠦᠨ᠃ 1925 ᠤᠨ ᠳᠤ ᠪᠡᠭᠡᠵᠢᠩ ᠳᠤ ᠬᠦᠷᠴᠦ | ᠬᠢᠳᠠᠳ ᠰᠢᠶᠠᠩᠱᠧᠩ ᠢᠶᠠᠷ ᠪᠢᠴᠢᠭ ᠵᠢᠭᠠᠯᠭᠠᠨ᠂ ᠰᠡᠬᠦᠯᠡᠷ ᠨᠢ ᠠᠪᠤ ᠪᠠᠨ ᠲᠠᠭᠠᠵᠤ ᠴᠢᠭᠤᠯᠤᠯᠳᠤ ᠬᠠᠭᠠᠯᠭ᠎ᠠ ᠳᠤ | ᠤᠴᠢᠭᠠᠳ ᠪᠠᠭᠰᠢ ᠶᠢᠨ ᠰᠤᠷᠭᠠᠭᠤᠯᠢ ᠶᠢᠨ ᠬᠠᠷᠢᠶᠠᠳᠤ ᠪᠠᠭ᠎ᠠ ᠰᠤᠷᠭᠠᠭᠤᠯᠢ ᠳᠤ ᠰᠤᠷᠤᠯᠴᠠᠵᠤ ᠪᠠᠶᠢᠪᠠ᠃ | ᠲᠡᠬᠦᠰᠦᠭᠰᠡᠨ ᠤ ᠪᠠᠨ ᠲᠠᠷᠠᠭ᠎ᠠ ᠪᠡᠭᠡᠵᠢᠩ ᠤᠨ ᠮᠤᠩᠭᠤᠯ ᠲᠦᠪᠡᠳ ᠤᠨ ᠰᠤᠷᠭᠠᠭᠤᠯᠢ ᠳᠤ ᠰᠤᠷᠤᠯᠴᠠᠨ 1936 | ᠤᠨ ᠳᠤ ᠲᠡᠬᠦᠰᠦᠭᠡᠳ ᠬᠠᠭᠤᠷᠮᠠᠭ ᠮᠤᠩᠭᠤᠯ ᠤᠨ ᠬᠢᠵᠠᠭᠠᠷ ᠤᠷᠤᠨ ᠤ ᠵᠠᠰᠠᠭ ᠤᠨ ᠭᠠᠵᠠᠷ ᠤᠨ ᠵᠠᠩᠪᠸᠢ ᠳᠠᠬᠢ | ᠴᠠᠬᠠᠷ ᠠᠶᠢᠮᠠᠭ ᠤᠨ ᠵᠠᠬᠢᠷᠭᠠᠨ ᠤ ᠨᠢᠬᠳᠠᠯᠠᠨ ᠪᠤᠳᠤᠭᠴᠢ ᠪᠠᠷ ᠠᠵᠢᠯᠯᠠᠵᠤ᠂ ᠲᠠᠷᠠᠭ᠎ᠠ ᠨᠢ ᠪᠠᠳᠤᠬᠠᠭᠠᠯᠭ᠎ᠠ ᠶᠢᠨ | ᠪᠠᠭ᠎ᠠ ᠰᠤᠷᠭᠠᠭᠤᠯᠢ ᠳᠤ ᠪᠠᠭᠰᠢᠯᠠᠵᠠᠢ᠃ 1940 ᠤᠨ ᠳᠤ ᠵᠢᠷᠭᠤᠳᠤᠭᠠᠷ ᠲᠡᠬᠦᠦ ᠬᠠᠩ ᠰᠧ ᠶᠤᠸᠠᠨ ᠤ ᠬᠠᠮᠳᠤ | ᠲᠦᠪᠡᠳ ᠤᠷᠤᠨ ᠤ ᠵᠠᠰᠠᠭ ᠤᠨ ᠭᠠᠵᠠᠷ ᠤᠨ ᠲᠦᠯᠦᠭᠡᠯᠡᠭᠴᠢ ᠶᠢᠨ ᠬᠤᠪᠢ ᠪᠠᠷ ᠨᠠᠨᠵᠢᠩ ᠳᠤ ᠤᠴᠢᠵᠤ᠂ ᠸᠠᠩ | ᠵᠢᠩ ᠸᠧᠢ ᠶᠢᠨ ᠬᠠᠭᠤᠷᠮᠠᠭ ᠵᠠᠰᠠᠭ ᠤᠨ ᠨᠡᠶᠢᠰᠯᠡᠯ ᠲᠤᠭᠳᠠᠭᠠᠬᠤ ᠶᠤᠰᠤᠯᠠᠯ ᠳᠤ ᠤᠷᠤᠯᠴᠠᠨ᠂ 1942 ᠤᠨ ᠳᠤ | ᠨᠠᠨᠵᠢᠩ ᠬᠤᠳᠠ ᠶᠢᠨ ᠠᠮᠤ ᠪᠤᠳᠠᠭᠠᠨ ᠤ ᠲᠤᠪᠴᠢᠶᠠᠨ ᠳᠤ ᠠᠵᠢᠯᠯᠠᠵᠤ᠂ 1943 ᠤᠨ ᠳᠤ ᠬᠠᠭᠤᠷᠮᠠᠭ ᠵᠠᠰᠠᠭ | ᠤᠨ ᠤᠬᠠᠭᠤᠯᠬᠤ ᠶᠠᠮᠤᠨ ᠤ ᠰᠤᠶᠤᠯ ᠭᠡᠭᠡᠷᠡᠯ ᠤᠨ ᠵᠤᠷᠭᠠᠨ ᠳᠤ ᠲᠤᠰᠬᠠᠢ ᠲᠤᠰᠢᠶᠠᠯᠳᠠᠨ ᠪᠤᠯᠤᠭᠠᠳ᠂ 1945 | ᠤᠨ ᠳᠤ ᠪᠡᠭᠡᠵᠢᠩ ᠳᠤ ᠪᠤᠴᠠᠵᠤ ᠢᠷᠡᠭᠰᠡᠨ ᠪᠠᠶᠢᠨ᠎ᠠ᠃ ᠶᠠᠫᠤᠨ ᠪᠠᠭᠤᠵᠤ ᠦᠭᠬᠦᠭᠰᠡᠨ ᠤ ᠲᠠᠷᠠᠭ᠎ᠠ᠂ ᠭᠤᠮᠢᠨᠳᠠᠩ | ᠤᠨ ᠴᠠᠬᠠᠷ ᠮᠤᠵᠢ ᠶᠢᠨ ᠲᠠᠶᠢᠹᠤᠰᠧ ᠵᠡᠬᠦᠨ ᠭᠠᠷ ᠬᠤᠰᠢᠭᠤᠨ ᠤ ᠬᠡᠯᠳᠡᠰ ᠤᠨ ᠱᠦᠵᠢ᠂ ᠲᠠᠷᠤᠭ᠎ᠠ᠂ ᠴᠠᠬᠠᠷ | ᠠᠶᠢᠮᠠᠭ ᠤᠨ ᠠᠮᠤᠷ ᠢ ᠬᠠᠮᠠᠭᠠᠯᠠᠬᠤ ᠰᠧᠯᠢᠩᠪᠦ᠋ ᠶᠢᠨ ᠬᠤᠷᠠᠩᠳᠠ ᠵᠡᠷᠭᠡ ᠲᠠᠢ ᠵᠦᠪᠯᠡᠭᠴᠢ᠂ ᠴᠠᠬᠠᠷ ᠮᠤᠵᠢ ᠶᠢᠨ | ᠲᠡᠭᠡᠳᠦ ᠲᠢᠩᠬᠢᠮ ᠤᠨ ᠵᠦᠪᠯᠡᠯᠬᠡᠨ ᠤ ᠭᠡᠰᠢᠬᠦᠨ ᠪᠤᠯᠤᠭᠰᠠᠨ ᠪᠠᠶᠢᠪᠠ᠃ 1950 ᠤᠨ ᠳᠤ ᠠᠯᠠᠱᠠ ᠪᠠᠷᠠᠭᠤᠨ | ᠬᠤᠰᠢᠭᠤᠨ ᠳᠤ ᠤᠴᠢᠵᠤ ᠡᠮᠴᠢᠯᠡᠬᠡᠨ ᠤ ᠠᠵᠢᠯ ᠬᠢᠵᠦ ᠪᠠᠶᠢᠭᠰᠠᠨ ᠪᠦᠬᠡᠳ 1958 ᠤᠨ ᠳᠤ ᠲᠤᠭᠤᠷᠢᠨ | ᠡᠮᠴᠢᠯᠡᠬᠦ ᠠᠩᠬᠢ ᠶᠢᠨ ᠲᠠᠷᠤᠭ᠎ᠠ ᠪᠤᠯᠵᠠᠢ᠃ |