ᠪᠤᠷᠬᠢᠯ ︵1852 — 1928︶ ᠲᠠᠶᠢᠹᠤᠰᠧ ᠵᠡᠬᠦᠨ ᠭᠠᠷ ᠰᠦᠷᠦᠭ ᠤᠨ ᠬᠦᠯᠦ ᠴᠠᠭᠠᠨ ᠬᠤᠰᠢᠭᠤᠨ ᠤ | ᠬᠦᠨ ᠴᠠᠪ ︵ᠸᠠᠹᠠᠩᠶ᠋ᠢᠩᠽᠢ︶ ᠤᠨ ᠬᠠᠩᠬᠢᠨ ᠤᠪᠤᠭᠳᠤ ᠮᠠᠯᠴᠢᠨ ᠤ ᠭᠡᠷ ᠪᠦᠯᠢ ᠳᠤ ᠲᠦᠷᠦᠵᠡᠢ᠃ ᠠᠬ᠎ᠠ | ᠲᠡᠬᠦᠦ ᠲᠦᠷᠪᠡᠬᠦᠯᠡ ᠶᠢᠨ ᠢᠶᠠᠨ ᠬᠠᠮᠤᠭ ᠤᠨ ᠪᠠᠭ᠎ᠠ ᠨᠢ ᠪᠠᠶᠢᠪᠠ᠃ ᠵᠢᠷᠭᠤᠭ᠎ᠠ ᠲᠤᠯᠤᠭᠠᠨ ᠨᠠᠰᠤᠳᠠᠢ ᠳᠠᠭᠠᠨ ᠭᠡᠷ | ᠤᠨ ᠪᠠᠭᠰᠢ ᠠᠴᠠ ᠮᠤᠩᠭᠤᠯ᠂ ᠮᠠᠨᠵᠤ᠂ ᠬᠢᠨᠳᠠ ᠪᠢᠴᠢᠭ ᠰᠤᠷᠴᠤ᠂ 18 ᠨᠠᠰᠤᠳᠠᠢ ᠳᠠᠭᠠᠨ ᠲᠠᠶᠢᠹᠤᠰᠧ ᠵᠡᠬᠦᠨ | ᠭᠠᠷ ᠰᠦᠷᠦᠭ ᠤᠨ ᠠᠮᠪᠠᠨ ᠤ ᠲᠠᠮᠠᠭᠠᠨ ᠭᠠᠵᠠᠷ ᠲᠤ ᠲᠠᠩᠰᠠ ᠬᠠᠮᠢᠶᠠᠷᠬᠤ ᠪᠢᠴᠢᠭᠡᠴᠢ ᠪᠤᠯᠵᠠᠢ᠃ ᠬᠤᠷᠢᠭᠠᠳ | ᠨᠠᠰᠤᠨ ᠳᠠᠭᠠᠨ ᠬᠦᠯᠦ ᠴᠠᠭᠠᠨ ᠬᠤᠰᠢᠭᠤᠨ ᠤ ᠠᠷᠠᠬᠤ ᠬᠤᠰᠠᠢ ᠳ᠋ᠠ ᠪᠤᠯᠵᠤ᠂ 1877 ᠤᠨ ᠳᠤ 25 ᠨᠠᠰᠤᠳᠠᠢ | ᠳᠠᠭᠠᠨ ᠬᠠᠭᠠᠨ ᠤ ᠰᠢᠯᠭᠠᠯᠳᠠ ᠳᠤ ᠤᠷᠤᠵᠤ ᠰᠠᠶᠢᠨ ᠰᠢᠯᠭᠠᠭᠰᠠᠨ ᠢᠶᠠᠷ ᠬᠠᠭᠠᠨ ᠳᠤ ᠰᠠᠶᠢᠰᠢᠶᠠᠭᠳᠠᠨ ᠬᠤᠰᠠᠢ ᠳ᠋ᠠ | ᠶᠢᠨ ᠭᠡᠷᠬᠢᠮ ᠬᠦᠷᠳᠡᠵᠦ᠂ ᠴᠢᠭᠤᠯᠤᠯᠳᠤ ᠬᠠᠭᠠᠯᠭ᠎ᠠ ᠳᠠᠬᠢ ᠴᠠᠬᠠᠷ ᠬᠤᠰᠠᠢ ᠠᠮᠪᠠᠨ ᠤ ᠶᠠᠮᠤᠨ ᠳᠤ ᠠᠯᠪᠠ | ᠬᠠᠪᠰᠤᠷᠤᠨ ᠰᠠᠭᠤᠬᠤ ᠪᠤᠯᠪᠠ᠃ ᠲᠡᠷᠡ ᠦᠶ᠎ᠡ ᠠᠴᠠ ᠦᠪᠡᠷ ᠤᠨ ᠨᠤᠳᠤᠭ ᠬᠦᠨ ᠴᠠᠪ ᠲᠠᠭᠠᠨ ᠸᠠᠭᠷ | ᠲᠤᠭᠤᠰᠬᠠᠨ ᠭᠡᠷ ᠬᠦᠷᠢᠶ᠎ᠡ ᠪᠠᠶᠢᠭᠤᠯᠤᠭᠰᠠᠨ ᠠᠴᠠ ᠡᠨᠡ ᠭᠠᠵᠠᠷ ᠢ ᠸᠠᠹᠠᠩᠶ᠋ᠢᠩᠽᠢ ᠬᠡᠵᠦ ᠨᠡᠷᠡᠶᠢᠳᠬᠦ ᠪᠤᠯᠵᠠᠢ᠃ | ᠪᠠᠳᠠᠷᠠᠭᠤᠯᠳᠤ ᠲᠦᠷᠦ ᠶᠢᠨ ᠠᠷᠪᠠᠨ ᠵᠢᠷᠭᠤᠳᠤᠭᠠᠷ ᠤᠨ ᠳᠤ ᠴᠠᠬᠠᠷ ᠠᠶᠢᠮᠠᠭ ᠤᠨ ᠲᠤᠯᠤᠨ ᠨᠤᠤᠷ ᠤᠷᠴᠢᠮ ᠢᠶᠠᠷ ︽ | ᠵᠢᠭᠠᠰᠤᠨ ᠱᠨᠨᠳᠦ᠋ᠩ︾ ᠭᠡᠮᠡᠬᠦ ᠪᠦᠯᠦᠭᠯᠡᠭᠰᠡᠨ ᠵᠡᠪᠰᠡᠭᠳᠦ ᠲᠡᠭᠡᠷᠡᠮ ᠪᠤᠰᠴᠤ᠂ ᠭᠠᠵᠠᠷ ᠤᠷᠤᠨ ᠢ ᠦᠷᠬᠦᠯᠵᠢ | ᠲᠦᠢᠪᠡᠬᠡᠨ᠂ ᠬᠠᠭᠠᠨ ᠲᠦᠷᠦ ᠠᠴᠠ ᠬᠡᠳᠦ ᠤᠳᠠᠭ᠎ᠠ ᠴᠡᠷᠢᠭ ᠭᠠᠷᠭᠠᠨ ᠲᠠᠷᠤᠩᠭᠤᠶᠢᠯᠠᠭᠰᠠᠨ ᠪᠤᠯᠪᠴᠤ ᠲᠠᠷᠤᠵᠤ | ᠲᠡᠶᠢᠯᠦᠭᠰᠡᠨ ᠦᠬᠡᠢ ᠪᠠᠶᠢᠪᠠ᠃ ᠬᠠᠭᠠᠨ ᠡᠵᠡᠨ ᠠᠴᠠ ᠴᠠᠬᠠᠷ ᠳ᠋ᠦᠲ᠋ᠦᠩ ᠶᠠᠮᠤᠨ ᠳᠤ ᠮᠤᠩᠭᠤᠯ ᠮᠤᠷᠢᠳᠤ ᠴᠡᠷᠢᠭ ᠢ | ᠵᠤᠬᠢᠶᠠᠨ ᠪᠠᠶᠢᠭᠤᠯᠵᠤ ᠲᠡᠭᠡᠷᠡᠮ ᠢ ᠲᠠᠷᠤᠬᠤ ᠵᠠᠷᠯᠢᠭ ᠪᠠᠭᠤᠯᠭᠠᠵᠠᠢ᠃ ᠴᠠᠬᠠᠷ ᠳ᠋ᠦᠲ᠋ᠦᠩ ᠶᠠᠮᠤᠨ ᠠᠴᠠ ᠪᠤᠷᠬᠢᠯ ᠳᠤ | ᠵᠡᠬᠦᠨ ᠪᠠᠷᠠᠭᠤᠨ ᠬᠤᠶᠠᠷ ᠭᠠᠷ ᠲᠠᠶᠢᠹᠤᠰᠧ ᠠᠴᠠ ᠲᠤᠰᠪᠤᠷᠢ ᠲᠠᠪᠢᠨ ᠴᠡᠷᠢᠭ ᠲᠠᠳᠠᠵᠤ᠂ ᠬᠢᠳᠠᠳ ᠴᠡᠷᠢᠭ ᠲᠠᠢ | ᠬᠠᠮᠵᠢᠯᠴᠠᠨ ᠲᠡᠭᠡᠷᠡᠮ ᠢ ᠲᠠᠷᠤᠬᠤ ᠵᠠᠷᠯᠢᠭ ᠪᠠᠭᠤᠯᠭᠠᠪᠠ᠃ ᠪᠤᠷᠬᠢᠯ ᠮᠤᠩᠭᠤᠯ ᠴᠡᠷᠢᠭ ᠢᠶᠠᠨ ᠲᠠᠭᠠᠭᠤᠯᠤᠨ᠂ ᠬᠤᠶᠠᠷ | ᠵᠢᠯ ᠬᠦᠴᠦᠯᠡᠨ ᠪᠠᠶᠢᠯᠳᠤᠵᠤ ᠪᠠᠶᠢᠭᠠᠳ ᠲᠡᠭᠡᠷᠡᠮ ᠤᠨ ᠦᠢᠮᠡᠬᠡᠨ ᠢ ᠲᠠᠷᠤᠵᠠᠢ᠃ 1899 ᠤᠨ ᠳᠤ ᠴᠠᠬᠠᠷ | ᠳ᠋ᠦᠲ᠋ᠦᠩ ᠶᠠᠮᠤᠨ ᠠᠴᠠ ᠪᠤᠷᠬᠢᠯ ᠢ ᠲᠤᠯᠤᠨ ᠨᠤᠤᠷ ᠲᠤ ᠲᠤᠮᠢᠯᠠᠨ ᠰᠠᠭᠤᠯᠭᠠᠵᠤ ᠰᠠᠬᠢᠨ ᠬᠠᠮᠠᠭᠠᠯᠠᠬᠤ ᠡᠬᠦᠷᠭᠡ | ᠲᠠᠭᠠᠭᠠᠯᠭᠠᠵᠠᠢ᠃ ᠲᠤᠮᠳᠠᠳᠤ ᠢᠷᠭᠡᠨ ᠤᠯᠤᠰ ᠪᠠᠶᠢᠭᠤᠯᠤᠭᠳᠠᠭᠰᠠᠨ ᠤ ᠲᠠᠷᠠᠭ᠎ᠠ᠂ ᠪᠤᠷᠬᠢᠯ ᠮᠦᠨ ᠬᠦ᠋ ᠲᠤᠯᠤᠨ | ᠨᠤᠤᠷ ᠢ ᠰᠠᠬᠢᠨ ᠬᠠᠮᠠᠭᠠᠯᠠᠬᠤ ᠲᠤᠰᠢᠶᠠᠯ ᠢ ᠡᠬᠦᠷᠭᠡᠯᠡᠵᠦ ᠪᠠᠶᠢᠪᠠ᠃ ᠦᠬᠡᠷ ᠵᠢᠯ ᠤᠨ ᠦᠢᠮᠡᠬᠡᠨ ︵1913 ᠤᠨ︶ | ᠤ ᠲᠠᠷᠠᠭ᠎ᠠ ᠪᠠᠪᠤᠵᠠᠪ ᠤᠨ ᠴᠡᠷᠢᠭ ᠬᠠᠯᠬ᠎ᠠ ᠳᠠᠭᠠᠨ ᠪᠤᠴᠠᠭᠰᠠᠨ ᠦᠬᠡᠢ᠂ ᠴᠠᠬᠠᠷ᠂ ᠰᠢᠯᠢ ᠶᠢᠨ ᠭᠤᠤᠯ ᠬᠠᠪᠢ ᠪᠠᠷ | ᠲᠡᠨᠦᠬᠦᠴᠢᠯᠡᠨ ᠰᠠᠮᠠᠭᠤᠷᠠᠭᠤᠯᠵᠤ ᠪᠠᠶᠢᠪᠠ᠃ ᠲᠤᠬᠠᠢ ᠶᠢᠨ ᠦᠶ᠎ᠡ ᠳᠤ ᠮᠮᠢᠩᠭᠠᠨ ᠬᠤᠰᠢᠭᠤᠨ ᠤ ᠵᠤᠳᠪᠠᠵᠠᠪ ᠪᠤᠯᠤᠨ | ᠲᠠᠶᠢᠹᠤᠰᠧ ᠵᠡᠬᠦᠨ ᠭᠠᠷ ᠰᠦᠷᠦᠭ ᠤᠨ ᠪᠤᠷᠬᠢᠯ ᠴᠡᠷᠢᠭ ᠲᠠᠳᠠᠵᠤ ᠲᠠᠶᠢᠴᠢᠯᠠᠭᠠᠳ ᠬᠡᠳᠦᠨ ᠤᠳᠠᠭᠠᠨ ᠤ ᠪᠠᠶᠢᠯᠳᠤᠭᠠᠨ | ᠢᠶᠠᠷ ᠲᠠᠮᠵᠢᠵᠤ᠂ ᠪᠠᠪᠤᠵᠠᠪ ᠤᠨ ᠴᠡᠷᠢᠭ ᠢ ᠴᠠᠬᠠᠷ᠂ ᠰᠢᠯᠢ ᠶᠢᠨ ᠭᠤᠤᠯ ᠤᠨ ᠨᠤᠳᠤᠭ ᠠᠴᠠ ᠬᠦᠬᠡᠬᠡᠨ ᠭᠠᠷᠭᠠᠭᠰᠠᠨ | ᠪᠠᠶᠢᠯ᠎ᠠ᠃ ᠡᠨᠡ ᠦᠶ᠎ᠡ ᠳᠤ ᠪᠤᠷᠬᠢᠯ ᠲᠤᠯᠤᠨ ᠨᠤᠤᠷ ᠰᠢᠶᠠᠨ ᠳᠤ ᠰᠠᠭᠤᠭ᠎ᠠ ᠴᠡᠷᠢᠭ ᠤᠨ ᠲᠡᠳ᠋ ᠰᠧᠯᠢᠩ ᠪᠤᠯᠵᠤ᠂ | ᠪᠠᠰᠠ ᠲᠤᠯᠤᠨ ᠨᠤᠤᠷ ᠤᠨ ᠯᠠᠮᠠ ᠶᠢᠨ ᠲᠠᠮᠠᠭᠠᠨ ᠭᠠᠵᠠᠷ ᠤᠨ ᠵᠦᠪᠯᠡᠭᠴᠢ ᠪᠠᠷ ᠤᠷᠢᠭᠳᠠᠭᠰᠠᠨ ᠪᠠᠶᠢᠪᠠ᠃ | |