ᠨᠠᠩᠰᠤᠯᠮ᠎ᠠ
ᠨᠡᠶᠢᠲᠡᠯᠡᠭᠰᠡᠨ ᠴᠠᠭ᠄
2018/1/17
 ᠨᠠᠩᠰᠤᠯᠮ᠎ᠠ ︵1880 — 1968︶ ᠲᠠᠶᠢᠹᠤᠰᠧ ᠵᠡᠬᠦᠨ ᠭᠠᠷ ᠰᠦᠷᠦᠭ ᠤᠨ ᠠᠭᠳᠠ ᠬᠤᠰᠢᠭᠤᠨ ᠤ ᠪᠠᠷᠢᠶᠠᠴᠢ ᠤᠳᠤᠮ ᠲᠠᠢ ᠦᠬᠢᠨ ᠮᠡᠶᠢᠷᠡᠨ ᠤ ᠭᠡᠷ ᠪᠦᠯᠢ ᠳᠤ ᠲᠦᠷᠦᠵᠡᠢ᠃  ᠬᠠᠷᠠᠬᠠᠨ ᠪᠠᠭ᠎ᠠ ᠠᠴᠠ ᠪᠠᠨ ᠡᠪᠦᠭᠡ ᠲᠡᠭᠡᠳᠦᠰ ᠤᠨ ᠢᠶᠠᠨ ᠶᠠᠰᠤ ᠪᠠᠷᠢᠬᠤ, ᠤᠯᠠᠵᠢᠯᠠᠯᠳᠤ ᠮᠡᠷᠭᠡᠵᠢᠯ ᠢ ᠰᠠᠨᠠᠭ᠎ᠠ ᠲᠠᠯᠪᠢᠨ ᠦᠵᠡᠵᠦ ᠰᠤᠷᠴᠤ ᠪᠠᠶᠢᠭᠰᠠᠨ ᠪᠤᠯᠬᠤᠷ ᠠᠷᠪᠠᠨ ᠨᠢᠬᠡ ᠬᠤᠶᠠᠷ ᠨᠠᠰᠤ ᠲᠠᠢ ᠳᠠᠭᠠᠨ ᠬᠤᠷᠠᠭ᠎ᠠ ᠢᠰᠢᠬᠡᠨ ᠤ ᠬᠦᠯ ᠬᠤᠭᠤᠷᠠᠭᠰᠠᠨ ᠢ ᠪᠠᠷᠢᠵᠤ ᠵᠠᠰᠠᠭᠠᠳ ᠡᠪ ᠨᠤᠮ ᠳᠤᠨᠢ ᠤᠷᠤᠭᠤᠯᠴᠢᠬᠠᠳᠠᠭ ᠪᠠᠶᠢᠪᠠ᠃ ᠠᠷᠪᠠᠨ ᠲᠠᠪᠤ ᠵᠢᠷᠭᠤᠭᠠᠨ ᠨᠠᠰᠤᠨ ᠠᠴᠠ ᠪᠠᠨ ᠡᠬᠢᠯᠡᠵᠦ ᠶᠠᠰᠤ ᠪᠠᠷᠢᠬᠤ ᠪᠤᠯᠤᠭᠠᠳ᠂ ᠲᠠᠯᠠᠭᠠᠳ ᠵᠢᠯ ᠤᠨ ᠬᠤᠭᠤᠴᠠᠭᠠᠨ ᠳᠤ ᠬᠤᠯᠠ  ᠤᠶᠢᠷ᠎ᠠ ᠬᠤᠰᠢᠭᠤ ᠨᠤᠳᠤᠭ ᠤᠨ ᠦᠢ ᠤᠯᠠᠨ ᠬᠦᠮᠦᠨ ᠢ ᠡᠪᠡᠳᠴᠢᠨ ᠵᠤᠪᠠᠯᠠᠩ ᠠᠴᠠ ᠠᠪᠤᠷᠠᠭᠰᠠᠨ ᠶᠤᠮ᠃ ᠡᠶᠢᠮᠦ ᠠᠴᠠ ᠬᠤᠯᠠ  ᠤᠶᠢᠷ᠎ᠠ ᠶᠢᠨ ᠬᠦᠮᠦᠰ ︽ᠪᠠᠷᠢᠶᠠᠴᠢ ᠡᠵᠢ︾ ᠭᠡᠪᠡᠯ ᠮᠡᠳᠡᠬᠦ ᠦᠬᠡᠢ ᠬᠦᠮᠦᠨ ᠪᠠᠶᠢᠳᠠᠭ ᠦᠬᠡᠢ᠃  ᠨᠠᠩᠰᠤᠯᠮ᠎ᠠ ᠨᠠᠰᠤᠳᠠᠨ ᠶᠠᠰᠤ ᠪᠠᠷᠢᠬᠤ ᠡᠷᠳᠡᠮ ᠠᠴᠠ ᠭᠠᠳᠠᠨ᠎ᠠ᠂ ᠵᠢᠷᠮᠤᠰᠤᠨ ᠡᠮᠡᠭᠳᠡᠢ ᠶᠢᠨ ᠡᠪ ᠦᠬᠡᠶᠢᠳᠡᠬᠦ᠂ ᠲᠦᠷᠦᠬᠦ ᠳᠤ ᠪᠡᠷᠭᠡᠳᠡᠬᠦ᠂ ᠬᠤᠶᠢᠳᠤᠬᠢ ᠨᠢ ᠰᠠᠭᠠᠳᠠᠬᠤ᠂ ᠨᠢᠯᠬ᠎ᠠ ᠬᠡᠦᠭᠡᠳ ᠤᠨ ᠮᠠᠭᠤᠰᠠᠶᠢᠨᠳᠠᠬᠤ᠂  ᠲᠠᠷᠢᠬᠢ ᠬᠡᠮᠳᠦᠬᠦ ᠵᠡᠷᠭᠡ ᠡᠪᠡᠳᠴᠢᠨ ᠬᠡᠮ ᠢ ᠵᠠᠰᠠᠬᠤ  ᠮᠡᠷᠭᠡᠵᠢᠯ ᠲᠠᠢ᠃  ᠵᠢᠱᠢᠶᠡᠯᠡᠪᠡᠯ᠂ ᠲᠤᠰ ᠬᠤᠰᠢᠭᠤᠨ ᠤ ᠨᠢᠬᠡᠨ ᠠᠳᠤᠭᠤᠴᠢᠨ ᠡᠪᠡᠳᠴᠢᠯᠡᠬᠡᠳ ᠶᠠᠮᠠᠷ ᠡᠪᠡᠳᠴᠢᠨ ᠪᠤᠯᠤᠭᠰᠠᠨ ᠢᠶᠠᠨ ᠮᠡᠳᠡᠬᠦ ᠦᠬᠡᠢ᠂ ᠪᠠᠷᠤᠭ ᠬᠠᠯᠠᠭᠤᠨ ᠲᠤᠮᠤᠭᠤ ᠪᠤᠯᠤᠯ᠎ᠠ ᠭᠡᠳ ᠤᠷᠳᠤ ᠬᠤᠭᠤᠴᠠᠭ᠎ᠠ ᠪᠠᠷ ᠬᠦᠯ ᠬᠤᠷᠢᠵᠤ ᠡᠮᠨᠡᠬᠦᠯᠦᠭᠰᠡᠨ ᠴᠤ ᠲᠤᠰᠠ ᠪᠤᠯᠤᠭᠰᠠᠨ ᠦᠬᠡᠢ ᠠᠷᠭ᠎ᠠ ᠠᠯᠳᠠᠷᠠᠵᠤ ᠪᠠᠶᠢᠬᠤ ᠳᠤ ᠪᠠᠷᠢᠶᠠᠴᠢ ᠨᠠᠰᠤᠳᠠᠨ ᠢᠯᠢᠵᠦ ᠦᠵᠡᠮᠡᠭᠴᠡ ᠪᠠᠨ ᠬᠠᠷ᠎ᠠ ᠪᠦᠬᠡᠷ᠎ᠡ ᠨᠢ ᠤᠨᠠᠭᠠᠳ ᠰᠢᠷᠬᠠᠨ ᠤ ᠬᠠᠯᠠᠭᠤᠨ ᠪᠤᠰᠴᠤ ᠪᠠᠶᠢᠬᠤ ᠶᠢ ᠲᠤᠳᠤᠯᠠᠵᠤ᠂ ᠵᠠᠰᠠᠵᠤ ᠡᠳᠡᠭᠡᠷᠡᠬᠦᠯᠦᠭᠰᠡᠨ ᠪᠠᠶᠢᠪᠠ᠃ ᠡᠨᠡ ᠬᠦ᠋ ᠠᠳᠤᠭᠤᠴᠢᠨ ᠠᠳᠤᠭᠤᠨ ᠤ ᠮᠠᠨᠠᠭᠠᠨ ᠳᠤ ᠶᠠᠪᠤᠵᠤ ᠪᠠᠶᠢᠬᠤ  ᠳᠠᠭᠠᠨ ᠰᠠᠨᠠᠮᠰᠠᠷ ᠦᠬᠡᠢ ᠮᠤᠷᠢᠨ ᠠᠴᠠ ᠪᠠᠨ ᠬᠠᠶᠠᠭᠳᠠᠭᠰᠠᠨ ᠢᠶᠠᠨ ᠰᠡᠬᠦᠯᠡᠷ ᠨᠢ ᠰᠠᠶ᠋ᠢ ᠰᠠᠨᠠᠵᠤ ᠤᠯᠵᠠᠢ᠃  ᠨᠠᠩᠰᠤᠯᠮ᠎ᠠ ᠨᠠᠰᠤᠳᠠᠨ ᠪᠠᠰᠠ ᠨᠢᠬᠡ ᠡᠪᠡᠳᠴᠢᠯᠡᠭᠡᠳ ᠤᠳᠠᠭᠰᠠᠨ ᠡᠮᠡᠭᠳᠡᠢ   ᠶᠢᠨ ᠨᠢᠷᠤᠭᠤ ᠶᠢ ᠢᠯᠢᠵᠦ ᠦᠵᠡᠬᠡᠳ ᠬᠠᠷ᠎ᠠ ᠪᠦᠬᠡᠷ᠎ᠡ ᠶᠢᠨ ᠨᠢᠬᠡ ᠨᠢ ᠡᠪᠳᠡᠷᠡᠭᠰᠡᠨ ᠲᠤᠯᠠ ᠲᠤᠳᠤᠭᠰᠢ ᠤᠷᠤᠵᠤ ᠵᠠᠰᠠᠯᠭ᠎ᠠ ᠬᠢᠯᠬᠡᠬᠦ ᠬᠡᠷᠡᠭᠳᠡᠢ ᠬᠡᠵᠦ ᠵᠠᠬᠢᠭᠰᠠᠨ ᠪᠠᠶᠢᠨ᠎ᠠ᠃ ᠪᠠᠷᠢᠶᠠᠴᠢ ᠶᠢᠨ ᠦᠬᠡ ᠪᠠᠷ ᠡᠨᠡ  ᠡᠮᠡᠭᠳᠡᠢ ᠪᠡᠭᠡᠵᠢᠩ ᠳᠤ ᠬᠦᠷᠴᠦ ᠪᠠᠶᠢᠴᠠᠭᠠᠯᠭᠠᠭᠰᠠᠨ ᠳᠤ ᠤᠨᠤᠰᠢᠯᠠᠯᠳᠠ ᠨᠢ ᠨᠠᠰᠤᠳᠠᠨ ᠤ ᠬᠡᠯᠡᠭᠰᠡᠨ ᠲᠠᠢ ᠶᠠᠭ ᠠᠳᠠᠯᠢ ᠪᠠᠶᠢᠵᠠᠢ᠃ ᠲᠡᠭᠡᠭᠡᠳ ᠴᠠᠭ ᠲᠤᠬᠠᠢ ᠳᠤᠨᠢ ᠵᠠᠰᠠᠯ ᠬᠢᠭᠰᠡᠨ ᠢᠶᠠᠷ ᠡᠪᠡᠳᠴᠢᠨ ᠨᠢ ᠦᠨᠡᠬᠡᠷ ᠰᠠᠶᠢᠨ ᠪᠤᠯᠤᠭᠰᠠᠨ ᠭᠡᠳᠡᠭ᠃  ᠪᠠᠰᠠ ᠨᠢᠬᠡ ᠬᠡᠦᠭᠡᠳ ᠨᠠᠭᠠᠳᠴᠤ ᠪᠠᠶᠢᠭᠠᠳ ᠲᠦᠷᠪᠡᠯᠵᠢᠨ ᠰᠢᠷᠡᠭᠡᠨ ᠤ ᠦᠨᠴᠦᠭ ᠲᠤ ᠮᠦᠷᠬᠦᠵᠦ ᠤᠨᠠᠭᠠᠳ ᠭᠠᠪᠠᠯᠠ   ᠶᠢᠨ ᠶᠠᠰᠤ ᠨᠢ ᠴᠦᠮᠦᠷᠡᠵᠦ᠂ ᠲᠠᠷᠢᠬᠢᠨ  ᠤ ᠪᠤᠷᠤ ᠲᠠᠪᠬᠤᠷᠭ᠎ᠠ ᠶᠢᠨ ᠬᠠᠯᠢᠰᠤ ᠨᠢ ᠬᠠᠪᠴᠢᠭᠳᠠᠭᠠᠳ ᠮᠡᠳᠡᠷᠡᠯ ᠮᠠᠭᠤᠳᠠᠵᠤ ᠢᠳᠡᠵᠦ ᠤᠤᠭᠤᠬᠤ ᠪᠠᠨ ᠮᠡᠳᠡᠬᠦ ᠦᠬᠡᠢ ᠪᠤᠯᠵᠠᠢ᠃ ᠪᠡᠭᠡᠵᠢᠩ ᠬᠦᠷᠴᠦ ᠵᠠᠰᠠᠭᠤᠯᠤᠭᠰᠠᠨ ᠪᠤᠯᠪᠠᠴᠤ ᠰᠠᠶᠢᠨ ᠪᠤᠯᠤᠭᠰᠠᠨ ᠦᠬᠡᠢ᠂ ᠬᠠᠷᠢᠵᠤ ᠢᠷᠡᠭᠡᠳ ᠨᠠᠰᠤᠳᠠᠨ ᠢᠶᠠᠷ  ᠦᠵᠡᠬᠦᠯᠵᠡᠢ᠃  ᠨᠠᠰᠤᠳᠠᠨ ᠬᠡᠦᠬᠡᠳ ᠤᠨ ᠲᠠᠷᠢᠬᠢ ᠶᠢ ᠨᠢ  ᠢᠯᠢᠬᠦ ᠳᠤ ᠬᠡᠮᠳᠦᠭᠰᠡᠨ ᠭᠠᠪᠠᠯᠠ   ᠶᠢᠨ ᠶᠠᠰᠤ ᠨᠢ ᠭᠠᠷ ᠤᠨ ᠠᠯᠠᠭ᠎ᠠ ᠶᠢ ᠨᠢ ᠲᠠᠭᠠᠵᠤ ᠱᠠᠵᠢᠬᠢᠨᠠᠭᠠᠳ ᠤᠤᠯ ᠬᠡᠪ ᠲᠡᠭᠡᠨ ᠤᠷᠤᠭᠰᠠᠨ ᠪᠦᠬᠡᠳ ᠦᠨᠦ  ᠬᠡᠦᠭᠡᠳ ᠲᠠᠷᠤᠶᠢᠬᠠᠨ ᠮᠡᠳᠡᠭᠡ ᠰᠡᠭᠡᠭᠡ ᠤᠷᠤᠵᠤ ︽ ᠡᠵᠢ ᠪᠠ ᠦᠯᠦᠰᠴᠦ ᠪᠠᠶᠢᠨ᠎ᠠ᠂ ᠶᠠᠭᠤᠮ᠎ᠠ ᠢᠳᠡᠶ᠎ᠡ︾ ᠬᠡᠵᠦ ᠬᠡᠯᠡᠭᠰᠡᠨ ᠭᠡᠨ᠎ᠡ᠃ ᠡᠶᠢᠮᠦ ᠠᠴᠠ ᠬᠠᠷᠠᠵᠤ ᠪᠠᠶᠢᠭᠰᠠᠨ ᠬᠦᠮᠦᠰ ᠪᠦᠷ ︽ᠪᠠᠷᠢᠶᠠᠴᠢ ᠡᠵᠢ ᠦᠨᠡᠬᠡᠷ ᠰᠠᠬᠢᠭᠤᠯᠰᠤᠨ ᠰᠢᠭ ᠪᠠᠶᠢᠨ᠎ᠠ︾ ᠭᠡᠵᠦ ᠭᠠᠶᠢᠬᠠᠰᠢ ᠠᠯᠳᠠᠵᠠᠢ᠃  ᠨᠠᠩᠰᠤᠯᠮ᠎ᠠ ᠨᠠᠰᠤᠳᠠᠨ ᠨᠠᠰᠤ ᠪᠤᠯᠬᠤ ᠠᠴᠠ ᠪᠠᠨ ᠡᠮᠦᠨᠡᠬᠡᠨ ᠪᠠᠰᠠ ᠲᠠᠷᠢᠬᠢ ᠨᠢ ᠬᠡᠮᠳᠦᠭᠡᠳ ᠰᠠᠷ᠎ᠠ ᠪᠤᠯᠵᠤ ᠪᠠᠶᠢᠭ᠎ᠠ ᠨᠢᠬᠡ ᠬᠦᠮᠦᠨ ᠢ ᠭᠡᠪᠳᠡᠷᠢ ᠲᠡᠭᠡᠷ᠎ᠡ   ᠠᠴᠠ ᠪᠠᠨ ᠵᠠᠰᠠᠭᠠᠳ᠂ ᠨᠢᠳᠦᠨ ᠳᠤᠨᠢ ᠭᠡᠷᠡᠯ ᠭᠡᠭᠡ ᠤᠷᠤᠭᠤᠯᠵᠤ   ᠠᠷᠬᠠᠭ  ᠦᠬᠡᠢ ᠡᠳᠡᠭᠡᠷᠡᠬᠦᠯᠦᠭᠰᠡᠨ ᠪᠠᠶᠢᠪᠠ᠃
 
ᠢᠷᠡᠯᠲᠡ᠄ ᠲᠠᠶᠢᠹᠦᠰᠧ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号