ᠬᠠᠨᠵᠢᠮᠢᠨ
ᠨᠡᠶᠢᠲᠡᠯᠡᠭᠰᠡᠨ ᠴᠠᠭ᠄
2018/1/17
 ᠬᠠᠨᠵᠢᠮᠢᠨ ︵1913 —1990︶ ᠲᠠᠶᠢᠹᠤᠰᠧ ᠵᠡᠬᠦᠨ ᠭᠠᠷ ᠰᠦᠷᠦᠭ ᠤᠨ ᠬᠦᠯᠦ ᠴᠠᠭᠠᠨ ᠬᠤᠰᠢᠭᠤᠨ ᠤ ᠬᠠᠩᠬᠢᠨ ᠤᠪᠤᠭᠳᠤ ᠮᠠᠯᠴᠢᠨ ᠰᠤᠨᠢᠨᠪᠠᠶᠠᠷ᠂ ᠵᠠᠩᠴᠢᠪᠯᠾᠮᠤ ᠶᠢᠨ ᠤᠤᠤᠭᠠᠨ ᠬᠦᠪᠡᠬᠦᠨ᠂ ᠮᠤᠩᠭᠤᠯ ᠨᠡᠷ᠎ᠡ ᠨᠢ ᠷᠠᠩᠷᠠᠯᠸᠠᠩᠳᠠᠩ᠃ ᠬᠠᠷᠠᠬᠠᠨ ᠪᠠᠭ᠎ᠠ ᠠᠴᠠ ᠪᠠᠨ ᠭᠡᠷ ᠲᠡᠭᠡᠨ ᠮᠤᠩᠭᠤᠯ ᠪᠢᠴᠢᠭ ᠰᠤᠷᠴᠤ ᠪᠠᠶᠢᠭᠰᠠᠨ ᠪᠦᠬᠡᠳ 1931 ᠤᠨ ᠳᠤ ᠲᠦᠷᠦᠯ ᠰᠠᠳᠤᠨ ᠪᠤᠯᠬᠤ ᠰᠠᠮᠳᠠᠯᠢᠩ ᠭᠡᠭᠡᠨ ᠲᠠᠩᠽᠠᠨᠬᠡᠨᠳᠡᠩᠵᠠᠮᠰᠤ ᠶᠢ ᠲᠠᠭᠠᠵᠤ ᠱᠠᠨᠰᠢ ᠶᠢᠨ ᠤᠳᠠᠢ ᠳᠤ ᠤᠴᠢᠵᠤ ᠬᠢᠳᠠᠳ ᠪᠢᠴᠢᠭ ᠰᠤᠷᠴᠤ ᠪᠠᠶᠢᠪᠠ᠃ 1933 ᠤᠨ ᠳᠤ ᠪᠡᠭᠡᠵᠢᠩ ᠤᠨ ᠮᠤᠩᠭᠤᠯ ᠲᠦᠪᠡᠳ ᠎ ᠤᠨ ᠰᠤᠷᠭᠠᠭᠤᠯᠢ ᠳᠤ ᠤᠷᠤᠵᠤ᠂1937 ᠤᠨ ᠳᠤ ᠰᠤᠷᠤᠯᠭ᠎ᠠ ᠪᠠᠨ ᠲᠡᠬᠦᠰᠦᠭᠡᠳ᠂ ᠲᠠᠬᠢᠨ ᠤᠳᠠᠢ ᠳᠠᠭᠠᠨ ᠪᠤᠴᠠᠵᠤ ᠪᠠᠭᠰᠢ ᠶᠢᠨ ᠠᠵᠢᠯ ᠬᠢᠵᠡᠢ᠃ 1939 ᠤᠨ ᠳᠤ ᠴᠢᠭᠤᠯᠤᠯᠳᠤ ᠬᠠᠭᠠᠯᠭ᠎ᠠ ᠳᠠᠬᠢ ᠮᠤᠩᠭᠤᠯ ᠤᠨ ᠬᠢᠵᠠᠭᠠᠷ ᠎ ᠤᠨ ᠲᠡᠭᠡᠳᠦ ᠰᠤᠷᠭᠠᠭᠤᠯᠢ ᠳᠤ ᠨᠢᠬᠡ  ᠵᠢᠯ ᠰᠤᠷᠤᠯᠴᠠᠭᠠᠳ᠂ ᠲᠡᠬᠦᠰᠦᠭᠰᠡᠨ ᠤ ᠲᠠᠷᠠᠭ᠎ᠠ ᠵᠠᠩᠪᠸᠢ ᠳᠠᠬᠢ ᠬᠠᠭᠤᠷᠮᠠᠭ ᠴᠠᠬᠠᠷ ᠠᠶᠢᠮᠠᠭ ᠤᠨ ᠶᠠᠮᠤᠨ ᠪᠤᠯᠤᠨ ᠲᠠᠶᠢᠹᠤᠰᠧ ᠵᠡᠬᠦᠨ ᠭᠠᠷ ᠬᠤᠰᠢᠭᠤᠨ ᠤ ᠨᠡᠶᠢᠳᠡ ᠶᠢᠨ ᠲᠠᠷᠤᠭ᠎ᠠ ᠶᠢᠨ ᠶᠠᠮᠤᠨ ᠎ ᠳᠤ ᠤᠷᠴᠢᠭᠤᠯᠤᠭᠴᠢ᠂ ᠪᠢᠴᠢᠬᠡᠴᠢ᠂ ᠶᠡᠷᠦᠩᠬᠡᠢ ᠶᠠᠪᠤᠳᠠᠯ ᠤᠨ ᠠᠵᠢᠯᠳᠠᠨ ᠵᠡᠷᠭᠡ ᠲᠤᠰᠢᠶᠠᠯ ᠢ ᠬᠠᠷᠢᠭᠤᠴᠠᠵᠤ ᠪᠠᠶᠢᠵᠠᠢ᠃ 1945 —1948 ᠤᠨ ᠤ ᠬᠤᠭᠤᠷᠤᠨᠳᠤ ᠲᠠᠶᠢᠹᠤᠰᠧ ᠵᠡᠬᠦᠨ ᠭᠠᠷ ᠬᠤᠰᠢᠭᠤᠨ ᠤ ᠬᠤᠶᠠᠳᠤᠭᠠᠷ ᠰᠤᠮᠤᠨ ᠲᠠᠷᠤᠭ᠎ᠠ ᠶᠢᠨ ᠲᠤᠰᠢᠶᠠᠯ ᠳᠤ ᠪᠠᠶᠢᠪᠠ᠂ ᠴᠢᠯᠦᠭᠡᠯᠡᠭᠳᠡᠭᠰᠡᠨ ᠤ ᠲᠠᠷᠠᠭ᠎ᠠ᠂ ᠲᠡᠷᠢᠬᠦᠨ ᠰᠤᠮᠤᠨ ᠳᠤ ᠰᠤᠶᠤᠯ ᠭᠡᠭᠡᠷᠡᠯ ᠤᠨ ᠠᠵᠢᠯ ᠬᠢᠵᠦ᠂ ᠲᠠᠶᠢᠹᠤᠰᠧ ᠵᠡᠬᠦᠨ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠰᠤᠶᠤᠯ ᠭᠡᠭᠡᠷᠡᠯ ᠤᠨ ᠰᠠᠯᠠᠭ᠎ᠠ ᠳᠤ ᠠᠵᠢᠯᠯᠠᠵᠤ ᠬᠢᠵᠦ ᠪᠠᠶᠢᠭᠰᠠᠨ ᠪᠦᠬᠡᠳ ᠪᠠᠶᠢᠭᠤᠯᠤᠯᠭ᠎ᠠ ᠶᠢᠨ ᠠᠵᠢᠯᠳᠠᠨ ᠳᠤ ᠰᠤᠷᠭᠠᠭᠴᠢ ᠪᠠᠶᠢᠪᠠ᠃ 1956 ᠤᠨ ᠳᠤ ᠲᠠᠶᠢᠹᠤᠰᠧ ᠵᠡᠬᠦᠨ ᠬᠤᠰᠢᠭᠤ ᠪᠤᠤᠴᠠᠩ ᠰᠢᠶᠠᠨ ᠲᠠᠢ ᠨᠡᠶᠢᠯᠡᠬᠦ ᠳᠤ ᠬᠤᠰᠢᠭᠤ ᠵᠠᠰᠠᠭ ᠎ ᠤᠨ ᠤᠷᠳᠤᠨ ᠤ ᠠᠯᠪᠠᠨ ᠭᠡᠷ ᠤᠨ ᠲᠡᠳ᠋ ᠡᠷᠬᠢᠯᠡᠭᠴᠢ ᠪᠠᠷ  ᠲᠤᠮᠢᠯᠠᠭᠳᠠᠵᠤ᠂ 1962 ᠤᠨ ᠳᠤ ᠬᠦᠨᠪᠤᠯᠠᠭ ᠨᠢᠬᠡᠳᠦᠯ ᠤᠨ ᠮᠦᠷᠬᠦᠴᠡᠭ ᠲᠠᠯᠠᠪᠠᠢ ᠶᠢᠨ ᠲᠠᠷᠤᠭ᠎ᠠ ᠪᠠᠷ ᠲᠤᠮᠢᠯᠠᠭᠳᠠᠨ᠂ 1972 ᠤᠨ ᠳᠤ ᠠᠵᠢᠯ ᠢᠶᠠᠨ ᠲᠠᠷᠬᠠᠯᠠᠵᠠᠢ᠃  ᠬᠠᠨᠵᠢᠮᠢᠨ 1946 ᠤᠨ ᠳᠤ ᠦᠪᠦᠷ ᠮᠤᠩᠭᠤᠯ ᠤᠨ ᠦᠪᠡᠷᠳᠡᠭᠡᠨ ᠵᠠᠰᠠᠬᠤ ᠬᠤᠯᠪᠤᠭᠠᠳᠤ ᠬᠤᠷᠠᠯ ᠎ ᠤᠨ ᠭᠡᠰᠢᠬᠦᠨ ᠪᠤᠯᠵᠤ᠂ ᠰᠡᠬᠦᠯᠡᠷ ᠨᠢ ᠲᠠᠶᠢᠹᠤᠰᠧ ᠬᠤᠰᠢᠭᠤᠨ ᠤ ᠨᠢᠬᠡᠳᠦᠭᠡᠷ᠂ ᠬᠤᠶᠠᠳᠤᠭᠠᠷ᠂ ᠭᠤᠷᠪᠠᠳᠤᠭᠠᠷ ᠬᠤᠭᠤᠴᠠᠭᠠᠨ ᠤ ᠠᠷᠠᠳ ᠤᠨ ᠵᠠᠰᠠᠭ ᠤᠨ ᠤᠷᠳᠤᠨ ᠤ ᠭᠡᠰᠢᠬᠦᠨ᠂ ᠬᠤᠰᠢᠭᠤ ᠤᠯᠤᠰ ᠲᠦᠷᠦ ᠶᠢᠨ ᠵᠦᠪᠯᠡᠯᠬᠡᠨ ᠤ ᠨᠢᠬᠡᠳᠦᠭᠡᠷ᠂ ᠬᠤᠶᠠᠳᠤᠭᠠᠷ᠂ ᠭᠤᠷᠪᠠᠳᠤᠭᠠᠷ ᠬᠤᠭᠤᠴᠠᠭᠠᠨ ᠤ ᠪᠠᠶᠢᠩᠭᠤ ᠶᠢᠨ ᠬᠤᠷᠢᠶᠠᠨ ᠤ ᠭᠡᠰᠢᠬᠦᠨ᠂ ᠰᠢᠯᠢ ᠶᠢᠨ ᠭᠤᠤᠯ ᠠᠶᠢᠮᠠᠭ ᠤᠨ ᠲᠠᠪᠤᠳᠤᠭᠠᠷ᠂ ᠵᠢᠷᠭᠤᠳᠤᠭᠠᠷ ᠬᠤᠭᠤᠴᠠᠭᠠᠨ ᠤ ᠤᠯᠤᠰ ᠲᠦᠷᠦ ᠶᠢᠨ ᠵᠦᠪᠯᠡᠯᠬᠡᠨ ᠤ ᠭᠡᠰᠢᠬᠦᠨ ᠪᠤᠯᠵᠤ ᠦᠩᠭᠡᠷᠡᠵᠡᠢ᠃ ᠠᠵᠢᠯ ᠤᠨ ᠠᠮᠠᠷᠠᠯᠳᠠ ᠪᠠᠨ ᠠᠪᠤᠭᠰᠠᠨ ᠤ ᠲᠠᠷᠠᠭ᠎ᠠ᠂ 1986 ᠤᠨ ᠪᠠ 1988 ᠤᠨ ᠎ ᠳᠤ ᠠᠶᠢᠮᠠᠭ ᠤᠨ ᠱᠠᠳᠤᠨ ᠤ ᠠᠬᠠᠮᠠᠳ ᠺᠠᠳᠠᠷᠴᠤᠳ ᠤᠨ ᠵᠢᠱᠢᠶᠡᠴᠢ ᠪᠤᠯᠵᠤ ᠦᠩᠬᠡᠷᠡᠪᠡ᠃ ︽ᠰᠤᠶᠤᠯ ᠤᠨ ᠬᠤᠪᠢᠰᠬᠠᠯ︾᠎ ᠤᠨ ᠲᠤᠮᠳᠠ ᠬᠢᠯᠢᠰ ᠢᠶᠠᠷ ᠬᠦᠨᠳᠦ ᠠᠪᠳᠠᠭᠳᠠᠭᠰᠠᠨ ᠪᠤᠯᠪᠠᠴᠤ᠂ ᠦᠳᠡᠯᠦᠬᠡ  ᠨᠠᠰᠤᠨ ᠳᠠᠭᠠᠨ ᠨᠤᠳᠤᠭ ᠤᠰᠤᠨ ᠤ ᠪᠠᠨ ᠲᠡᠦᠬᠡ ᠲᠤᠷᠠᠳᠬᠠᠯ᠂ ᠵᠠᠩ ᠲᠠᠳᠬᠠᠯ ᠤᠨ ᠲᠤᠬᠠᠢ ᠲᠡᠦᠬᠡᠨ ᠮᠠᠲ᠋ᠧᠷᠢᠶᠠᠯ ᠴᠤᠭᠯᠠᠭᠤᠯᠤᠨ ᠡᠮᠬᠢᠳᠬᠡᠬᠦ ᠠᠵᠢᠯ ᠳᠤ ᠰᠠᠨᠠᠭᠠᠴᠢᠯᠠᠭ᠎ᠠ ᠠᠴᠠ ᠪᠠᠨ ᠤᠷᠤᠯᠴᠠᠵᠤ᠂ ᠤᠷᠢᠳ ᠬᠤᠵᠢᠳ ︽ᠲᠠᠶᠢᠹᠤᠰᠧ ᠭᠡᠳᠡᠭ ᠨᠡᠷ᠎ᠡ ᠎ ᠶᠢᠨ ᠢᠷᠡᠯᠳᠡ︾᠂ ︽ᠴᠠᠬᠠᠷ ᠤᠨ ᠴᠠᠭᠠᠨ ᠢᠳᠡᠭᠡ︾᠂ ︽ᠵᠡᠬᠦᠨ ᠭᠠᠷ ᠲᠠᠶᠢᠹᠤᠰᠧ ᠤᠨ ᠤᠷᠤᠭ ᠬᠤᠷᠢᠮ ᠤᠨ ᠶᠤᠰᠤᠨ︾᠂ ︽ᠭᠡᠷ ᠮᠢᠯᠢᠶᠠᠬᠤ ᠢᠷᠦᠭᠡᠯ︾᠂ ︽ᠲᠠᠶᠢᠹᠤᠰᠧ ᠵᠡᠬᠦᠨ ᠭᠠᠷ ᠰᠦᠷᠦᠭ ︵ᠬᠤᠰᠢᠭᠤ︶᠎ ᠤᠨ ᠲᠡᠦᠬᠡᠨ ᠲᠡᠮᠳᠡᠭᠯᠡᠯ ᠤᠨ ᠲᠤᠪᠴᠢ︾ ᠵᠡᠷᠭᠡ ᠦᠬᠦᠯᠡᠯ ᠪᠠ ᠨᠤᠮ ᠢ ᠭᠤᠤᠯᠯᠠᠨ ᠪᠢᠴᠢᠵᠦ᠂ ᠬᠤᠵᠢᠮ ᠤᠨ ᠬᠦᠮᠦᠰ ᠤᠨ ᠲᠡᠦᠬᠡ ᠨᠠᠶᠢᠷᠠᠭᠤᠯᠬᠤ ᠳᠤ ᠬᠤᠪᠤᠷ ᠨᠠᠨᠳᠢᠨ ᠦᠪ ᠦᠯᠡᠳᠡᠭᠡᠵᠡᠢ᠃
 
ᠢᠷᠡᠯᠲᠡ᠄ ᠲᠠᠶᠢᠹᠦᠰᠧ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号