ᠢᠰᠢᠤᠳᠰᠤᠷ
ᠨᠡᠶᠢᠲᠡᠯᠡᠭᠰᠡᠨ ᠴᠠᠭ᠄
2017/8/25
ᠢᠰᠢᠤᠳᠰᠤᠷ —  ︵1879 — 1950︶  ᠲᠠᠶᠢᠹᠤᠰᠧ ᠵᠡᠬᠦᠨ ᠭᠠᠷ ᠰᠦᠷᠦᠭ ᠤᠨ ᠬᠦᠯᠦ ᠴᠠᠭᠠᠨ ᠬᠤᠰᠢᠭᠤᠨ ᠤ ᠬᠦᠮᠦᠨ᠃  ᠪᠠᠭ᠎ᠠ ᠠᠴᠠ ᠪᠠᠨ ᠯᠠᠮᠠ  ᠪᠠᠶᠢᠭᠰᠠᠨ ᠪᠦᠬᠡᠳ 19 ᠨᠠᠰᠤᠨ ᠳᠠᠭᠠᠨ ᠰᠠᠮᠳᠠᠯᠢᠩ ᠭᠡᠭᠡᠨ  ᠢ ᠱᠠᠪᠢᠯᠠᠨ ᠲᠠᠭᠠᠵᠤ᠂ ᠬᠦᠮᠪᠦᠮ᠂ ᠯᠠᠪᠷᠤᠩ ᠵᠡᠷᠭᠡ ᠶᠡᠭᠡ ᠬᠡᠶᠢᠳ ᠢᠶᠠᠷ ᠨᠤᠮ ᠪᠢᠰᠢᠯᠭᠠᠵᠤ ᠡᠮᠴᠢ ᠰᠤᠷᠴᠠᠢ᠃ ᠬᠤᠵᠢᠮ ᠨᠢ ᠤᠳᠠᠢ ᠶᠢᠨ ᠰᠠᠮᠳᠠᠯᠢᠩ ᠰᠦᠮ᠎ᠡ ᠶᠢᠨ ᠳ᠋ᠠ ᠯᠠᠮᠠ  ᠰᠠᠭᠤᠪᠠ᠃ ᠳ᠋ᠠ ᠯᠠᠮᠠ  ᠰᠠᠭᠤᠭᠰᠠᠨ ᠬᠤᠭᠤᠴᠠᠭᠠᠨ  ᠳᠠᠭᠠᠨ ᠤᠳᠠᠢ ᠳᠤ ᠸᠠᠩ ᠹᠦ᠋ ᠮᠢᠨ ᠬᠡᠮᠡᠬᠦ ᠬᠢᠳᠠᠳ ᠨᠡᠷ᠎ᠡ ᠭᠡᠷᠡᠭᠯᠡᠵᠦ ᠪᠠᠶᠢᠭᠰᠠᠨ ᠪᠦᠬᠡᠳ ᠭᠡᠭᠡᠨ ᠢ ᠪᠠᠷᠭᠤ᠂ ᠭᠤᠷᠯᠤᠰ᠂ ᠦᠵᠦᠮᠦᠴᠢᠨ ᠢᠶᠠᠷ ᠮᠦᠷᠬᠦᠯ ᠲᠠᠯᠪᠢᠵᠤ ᠪᠠᠳᠢᠷ ᠪᠠᠷᠢᠵᠤ ᠶᠠᠪᠤᠬᠤ ᠳᠤ ᠭᠡᠳᠦᠨ ᠵᠢᠯ ᠲᠠᠭᠠᠵᠤ᠂ 1944 ᠤᠨ ᠳᠤ ᠭᠡᠭᠡᠨ ᠢ ᠪᠡᠭᠡᠵᠢᠩ ᠳᠤ ᠲᠠᠭᠠᠯᠠᠯ ᠲᠡᠬᠦᠰᠦᠭᠰᠡᠨ ᠤ ᠲᠠᠷᠠᠭ᠎ᠠ ᠱᠠᠷᠢᠯ ᠢ ᠨᠢ ᠤᠳᠠᠢ ᠳᠤ ᠬᠦᠷᠭᠡᠵᠦ ᠲᠠᠯᠪᠢᠭᠠᠳ ᠠᠷᠤ ᠭᠡᠷ ᠲᠡᠭᠡᠨ ᠬᠠᠷᠢᠭᠰᠠᠨ ᠪᠠᠶᠢᠨ᠎ᠠ᠃ ᠰᠡᠬᠦᠯᠡᠷ   ᠨᠢ ᠬᠡᠳᠦ ᠤᠳᠠᠭ᠎ᠠ ᠤᠳᠠᠢ ᠳᠤ ᠪᠤᠴᠠᠬᠤ ᠪᠠᠷ ᠤᠷᠤᠯᠳᠤᠭᠰᠠᠨ ᠴᠤ ᠴᠠᠭ ᠲᠦᠷᠦ ᠰᠠᠮᠠᠭᠤᠨ ᠲᠡᠭᠡᠷᠡᠮ ᠬᠤᠯᠠᠭᠠᠢ ᠠᠷᠪᠢᠨ ᠠᠴᠠ ᠪᠤᠯᠤᠭᠠᠳ ᠬᠦᠷᠴᠦ  ᠴᠢᠳᠠᠭᠰᠠᠨ ᠦᠬᠡᠢ ᠪᠠᠶᠢᠪᠠ᠃ ᠲᠡᠭᠡᠷ᠎ᠡ ᠵᠠᠭᠤᠨ ᠤ ᠲᠠᠪᠢᠭᠠᠳ ᠤᠨ ᠤ ᠡᠬᠢ ᠪᠠᠷ ᠮᠠᠯᠠᠭᠠᠢ ᠶᠢᠨ ᠰᠦᠮ᠎ᠡ ᠶᠢ ᠳ᠋ᠠ ᠯᠠᠮᠠ   ᠪᠠᠷ ᠤᠷᠢᠭᠰᠠᠨ ᠳᠤ ᠲᠠᠯᠠᠷᠬᠠᠭᠠᠳ ᠤᠴᠢᠭᠰᠠᠨ ᠦᠬᠡᠢ᠃ ᠡᠶᠢᠨ ᠬᠦ᠋ ᠠᠷᠤ ᠭᠡᠷ ᠲᠡᠭᠡᠨ ᠨᠠᠰᠤᠨ ᠡᠴᠦᠰᠯᠡᠳᠡᠯ᠎ᠡ ᠰᠠᠭᠤᠬᠤ  ᠳᠠᠭᠠᠨ ᠨᠤᠮ ᠬᠦᠷᠢᠮ ᠬᠢᠳᠡᠭ ᠦᠬᠡᠢ ᠭᠠᠭᠴᠠ ᠬᠦ᠋ ᠡᠮ᠎ᠡ ᠪᠠᠷᠢᠵᠤ ᠰᠠᠭᠤᠳᠠᠭ ᠪᠠᠶᠢᠵᠠᠢ᠃
 
ᠢᠷᠡᠯᠲᠡ᠄ ᠲᠠᠶᠢᠹᠦᠰᠧ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号