ᠡᠷᠳᠡᠨᠢ
ᠨᠡᠶᠢᠲᠡᠯᠡᠭᠰᠡᠨ ᠴᠠᠭ᠄
2017/8/25
ᠡᠷᠳᠡᠨᠢ — 1922 ᠤᠨ ᠳᠤ ᠲᠠᠶᠢᠹᠤᠰᠧ ᠵᠡᠬᠦᠨ ᠭᠠᠷ ᠰᠦᠷᠦᠭ ᠤᠨ ᠬᠦᠯᠦ ᠬᠦᠬᠡ  ᠬᠤᠰᠢᠭᠤᠨ ᠤ ᠲᠤᠭᠤᠷᠤᠤᠳᠤ ᠶᠢᠨ ᠲᠠᠯ᠎ᠠ ᠳᠤ ᠲᠦᠷᠦᠵᠡᠢ᠃ ᠬᠠᠷᠠᠬᠠᠨ ᠪᠠᠭ᠎ᠠ ᠠᠴᠠ ᠪᠠᠨ ᠮᠠᠯᠠᠭᠠᠢ ᠶᠢᠨ ᠰᠦᠮ᠎ᠡ ᠳᠤ ᠪᠠᠨᠳᠢ ᠪᠤᠯᠵᠤ  ᠨᠤᠮ ᠰᠤᠷᠬᠤ ᠶᠢᠨ ᠬᠠᠮᠳᠤ᠂ ᠮᠤᠩᠭᠤᠯ ᠡᠮᠨᠡᠯᠬᠡ ᠶᠢᠨ  ᠠᠨᠠᠭᠠᠬᠤ ᠤᠬᠠᠭᠠᠨ ᠰᠤᠷᠤᠭᠰᠠᠨ ᠪᠠᠶᠢᠪᠠ᠃  ᠲᠡᠭᠡᠷ᠎ᠡ ᠵᠠᠭᠤᠨ ᠤ ᠲᠠᠪᠢᠭᠠᠳ ᠤᠨ ᠤ ᠡᠬᠢᠨ ᠠᠴᠠ ᠡᠮ ᠪᠠᠷᠢᠵᠤ ᠡᠪᠳᠴᠢᠨ ᠦᠵᠡᠭᠡᠳ᠂ ᠮᠠᠯᠴᠢᠨ ᠲᠦᠮᠡᠨ ᠤ ᠡᠷᠡᠬᠦᠯ ᠮᠡᠨᠳᠦ ᠶᠢᠨ ᠲᠦᠯᠦᠬᠡ ᠲᠦᠴᠢ ᠰᠢᠬᠠᠮ ᠵᠢᠯ ᠴᠢᠷᠮᠠᠶᠢᠨ ᠵᠢᠳᠬᠦᠭᠰᠡᠭᠡᠷ ᠢᠷᠡᠵᠡᠢ᠃  ᠢᠯᠠᠩᠭᠤᠶ᠎ᠠ ᠡᠮᠡᠭᠳᠡᠶᠢᠴᠤᠳ ᠤᠨ ᠴᠢᠰᠤ ᠪᠠᠭᠤᠬᠤ ᠡᠪᠡᠳᠴᠢᠨ ᠢ ᠵᠠᠰᠠᠬᠤ ᠳᠤ ᠮᠡᠷᠭᠡᠰᠢᠵᠦ ᠬᠤᠯᠠ  ᠤᠶᠢᠷ᠎ᠠ ᠳᠠᠭᠠᠨ ᠠᠯᠳᠠᠷᠰᠢᠭᠰᠠᠨ ᠪᠠᠶᠢᠳᠠᠭ᠃ ᠵᠢᠷᠠᠭᠠᠳ ᠤᠨ ᠤ ᠡᠬᠢ ᠪᠠᠷ ᠨᠠᠮ ᠳᠤ ᠡᠯᠰᠡᠭᠳᠡᠵᠦ᠂ ᠰᠡᠬᠦᠯᠡᠷ ᠨᠢ ᠬᠦᠨᠪᠤᠯᠠᠭ ᠨᠢᠬᠡᠳᠦᠯ ᠤᠨ ᠲᠦᠷᠪᠡᠳᠦᠭᠡᠷ ᠶᠡᠭᠡ ᠪᠠᠷᠢᠭᠠᠳᠠ ᠶᠢ ᠱᠦᠵᠢ᠂ ᠭᠡᠷᠡᠯᠳᠦ ᠪᠠᠷᠢᠭᠠᠳᠠ ᠶᠢᠨ ᠲᠠᠷᠤᠭ᠎ᠠ ᠵᠡᠷᠭᠡ  ᠡᠬᠦᠷᠭᠡ ᠲᠤᠰᠢᠶᠠᠯ ᠢ ᠬᠠᠷᠢᠭᠤᠴᠠᠵᠤ ᠦᠩᠬᠡᠷᠡᠪᠡ᠃  ᠵᠠᠯᠠᠭᠤ ᠳᠠᠭᠠᠨ ᠨᠤᠳᠤᠭ ᠤᠰᠤᠨ ᠳᠠᠭᠠᠨ ᠨᠡᠷᠡᠳᠡᠢ ᠪᠦᠬᠡ ᠬᠦᠮᠦᠨ ᠪᠠᠶᠢᠵᠤ᠂  ᠨᠠᠶᠢᠷ ᠨᠠᠭᠠᠳᠤᠮ ᠳᠤ ᠪᠦᠷ ᠲᠡᠭᠡᠳᠦ ᠨᠠᠢᠮᠠ ᠳᠤ ᠲᠡᠪᠢᠳᠡᠭ ᠪᠠᠶᠢᠯ᠎ᠠ᠃ 1957 ᠤᠨ ᠳᠤ ᠬᠦᠬᠡᠬᠤᠳᠠ  ᠳᠤ ᠶᠠᠪᠤᠭᠳᠠᠭᠰᠠᠨ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠪᠠᠶᠢᠭᠤᠯᠤᠭᠳᠠᠭᠰᠠᠨ ᠠᠷᠪᠠᠨ ᠵᠢᠯ ᠤᠨ ᠤᠢ ᠶᠢᠨ ᠨᠠᠶᠢᠷ ᠲᠤ ᠬᠤᠰᠢᠭᠤ ᠪᠠᠨ ᠲᠦᠯᠦᠬᠡᠯᠡᠨ ᠪᠦᠬᠡ ᠶᠢᠨ ᠪᠠᠷᠢᠯᠳᠤᠭᠠᠨ ᠳᠤ  ᠤᠷᠤᠯᠴᠠᠭᠠᠳ  ᠦᠨᠳᠦᠷ ᠠᠮᠵᠢᠯᠳᠠ ᠪᠠᠶᠢᠭᠤᠯᠤᠭᠰᠠᠨ ᠭᠡᠳᠡᠭ᠃
 
ᠢᠷᠡᠯᠲᠡ᠄ ᠲᠠᠶᠢᠹᠦᠰᠧ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号