ᠢᠳᠰᠢᠨᠨᠤᠷᠪᠤ
ᠨᠡᠶᠢᠲᠡᠯᠡᠭᠰᠡᠨ ᠴᠠᠭ᠄
2017/8/25
 ᠢᠳᠰᠢᠨᠨᠤᠷᠪᠤ ︵1920 — 1951︶ ᠲᠠᠶᠢᠹᠤᠰᠧ ᠵᠡᠬᠦᠨ ᠭᠠᠷ ᠰᠦᠷᠦᠭ ᠤᠨ  ᠪᠤᠮᠪᠠᠨ ᠤ ᠬᠦᠮᠦᠨ᠃ ᠬᠠᠷᠠᠬᠠᠨ ᠪᠠᠭ᠎ᠠ ᠠᠴᠠ ᠪᠠᠨ ᠰᠡᠴᠡᠨ ᠰᠡᠷᠬᠦᠯᠡᠩ  ᠂ ᠰᠤᠷᠴᠤ ᠰᠤᠳᠤᠯᠬᠤ ᠳᠤ ᠠᠪᠢᠶᠠᠰ ᠲᠠᠢ ᠪᠠᠶᠢᠵᠤ᠂ ᠠᠷᠪᠠᠨ ᠬᠡᠳᠦᠨ ᠨᠠᠰᠤᠨ ᠠᠴᠠ ᠪᠠᠨ ᠬᠤᠰᠢᠭᠤᠨ ᠤ ᠪᠠᠭ᠎ᠠ ᠰᠤᠷᠭᠠᠭᠤᠯᠢ ᠳᠤ ᠪᠢᠴᠢᠭ ᠦᠵᠡᠵᠦ᠂ ᠶᠠᠫᠤᠨ ᠡᠵᠡᠯᠡᠵᠦ ᠪᠠᠶᠢᠭᠰᠠᠨ ᠦᠶ᠎ᠡ ᠳᠤ ᠵᠠᠩᠪᠸᠢ ᠳᠠᠬᠢ ᠴᠠᠬᠠᠷ ᠴᠢᠭᠤᠯᠭᠠᠨ ᠤ ᠮᠤᠩᠭᠤᠯ ᠵᠠᠯᠠᠭᠤᠰ ᠤᠨ ᠰᠤᠷᠭᠠᠭᠤᠯᠢ  ᠪᠠ ᠬᠢᠩᠭᠠᠨ ᠲᠡᠭᠡᠳᠦ ᠰᠤᠷᠭᠠᠭᠤᠯᠢ ᠳᠤ ᠰᠤᠷᠤᠯᠴᠠᠵᠤ ᠪᠠᠶᠢᠭᠠᠳ ᠰᠡᠬᠦᠯᠡᠷ ᠨᠢ ᠶᠠᠫᠤᠨ ᠤ ᠲᠤᠤᠺᠢᠤ᠋ ᠶᠢᠨ ᠪᠠᠭᠰᠢ ᠶᠢᠨ ᠲᠡᠭᠡᠳᠦ ᠰᠤᠷᠭᠠᠭᠤᠯᠢ ᠳᠤ ᠰᠤᠷᠤᠯᠴᠠᠵᠠᠢ᠃ ᠲᠡᠬᠦᠰᠦᠭᠰᠡᠨ ᠤ ᠲᠠᠷᠠᠭ᠎ᠠ ᠤᠯᠤᠰ ᠤ ᠪᠤᠴᠠᠵᠤ ᠢᠷᠡᠭᠡᠳ ᠵᠠᠩᠪᠸᠢ ᠲᠠᠬᠢ ᠮᠤᠩᠭᠤᠯ ᠵᠠᠯᠠᠭᠤᠰ ᠤᠨ ᠰᠤᠷᠭᠠᠭᠤᠯᠢ ᠳᠤ ᠪᠠᠭᠰᠢᠯᠠᠪᠠ᠃ ᠲᠡᠷᠡ ᠪᠤᠯ ᠮᠤᠩᠭᠤᠯ᠂ ᠬᠢᠳᠠᠳ᠂ ᠮᠠᠨᠵᠤ᠂ ᠶᠠᠫᠤᠨ ᠪᠢᠴᠢᠭ ᠲᠤ ᠨᠡᠪᠳᠡᠷᠡᠭᠰᠡᠨ ᠴᠠᠬᠠᠷ ᠤᠨ ᠨᠡᠷᠡᠳᠡᠢ ᠡᠷᠳᠡᠮᠳᠡᠳ ᠤᠨ ᠨᠢᠬᠡ ᠨᠢ ᠪᠠᠶᠢᠵᠠᠢ᠃ 1946 ᠤᠨ ᠳᠤ ᠲᠠᠶᠢᠹᠤᠰᠧ ᠵᠡᠬᠦᠨ ᠬᠤᠰᠢᠭᠤᠨ ᠤ ᠬᠤᠰᠢᠭᠤ ᠲᠠᠷᠤᠭ᠎ᠠ᠂ ᠦᠪᠦᠷ ᠮᠤᠩᠭᠤᠯ ᠤᠨ ᠦᠪᠡᠷᠳᠡᠭᠡᠨ ᠵᠠᠰᠠᠬᠤ ᠬᠦᠳᠡᠯᠬᠡᠬᠡᠨ ᠎ ᠤ ᠬᠤᠯᠪᠤᠭᠠᠳᠤ ᠬᠤᠷᠠᠯ ᠤᠨ ᠲᠠᠶᠢᠹᠤᠰᠧ ᠬᠤᠰᠢᠭᠤᠨ ᠳᠠᠬᠢ ᠰᠠᠯᠪᠤᠷᠢ ᠬᠤᠷᠠᠯ ᠤᠨ ᠲᠡᠳ᠋ ᠡᠷᠬᠢᠯᠡᠭᠴᠢ ᠪᠤᠯᠵᠠᠢ᠃ ᠬᠤᠰᠢᠭᠤ ᠲᠠᠷᠤᠭ᠎ᠠ ᠪᠠᠶᠢᠬᠤ ᠬᠤᠭᠤᠴᠠᠭᠠᠨ ᠳᠠᠭᠠᠨ ᠴᠢᠯᠦᠬᠡᠯᠡᠬᠦ ᠲᠠᠶᠢᠨ ᠢ ᠢᠳᠡᠪᠬᠢᠳᠡᠢ ᠲᠡᠮᠵᠢᠵᠦ᠂ 1946 ᠤᠨ ᠎ ᠤ ᠵᠤᠨ ᠨᠡᠯᠢᠶᠡᠳ ᠤᠯᠠᠨ ᠮᠤᠩᠭᠤᠯ ᠵᠠᠯᠠᠭᠤᠴᠤᠳ ᠢ ᠲᠠᠶᠢᠴᠢᠯᠠᠨ ᠴᠡᠷᠢᠭ ᠲᠤ ᠮᠤᠷᠳᠠᠭᠤᠯᠤᠭᠰᠠᠨ ᠤ ᠬᠠᠮᠳᠤ᠂  ᠮᠠᠯᠴᠢᠨ ᠲᠦᠮᠡᠨ ᠢ ᠲᠠᠶᠢᠴᠢᠯᠠᠨ ᠴᠡᠷᠢᠭ ᠤᠨ ᠠᠭᠳᠠ᠂ ᠡᠮᠡᠬᠡᠯ ᠬᠠᠵᠠᠭᠠᠷ ᠵᠡᠷᠭᠡ ᠡᠳ᠋ ᠪᠤᠳᠠᠰ ᠢᠶᠠᠷ ᠡᠮᠦᠨ᠎ᠡ ᠹᠠᠷᠤᠨᠲ ᠶᠢ ᠲᠡᠮᠵᠢᠭᠰᠡᠨ ᠶᠤᠮ᠃ 1947ᠤᠨ ᠤ ᠬᠠᠪᠤᠷ ᠰᠡᠷᠡᠩᠨᠠᠮᠵᠢᠯ ᠠᠮᠪᠠᠨ ᠢᠳᠰᠢᠨᠨᠤᠷᠪᠤ ᠳᠤ ᠲᠡᠳ᠋ ᠰᠧᠯᠢᠩ ᠎ ᠤᠨ ᠨᠡᠷ᠎ᠡ ᠵᠡᠬᠦᠯᠬᠡᠵᠦ  ᠭᠡᠷ ᠲᠤᠨᠢ ᠰᠠᠭᠤᠯᠭᠠᠵᠠᠢ᠃ ᠨᠢᠬᠡ ᠤᠳᠠᠭ᠎ᠠ ᠾᠧ ᠸᠧᠨ ᠷᠦᠢ ᠶᠢᠨ ᠲᠡᠭᠡᠷᠡᠮ ᠤᠨ ᠴᠡᠷᠢᠭ ᠰᠢᠯᠤᠭᠤᠨ ᠬᠦᠭᠡ ᠬᠤᠰᠢᠭᠤᠨ ᠤ ᠱᠠᠩᠳᠤ ᠶᠢᠨ ᠭᠤᠤᠯ ᠳᠤ ᠬᠤᠪᠢᠰᠬᠠᠯᠳᠤ ᠴᠡᠷᠢᠭ ᠤᠨ 16 ᠳ᠋ᠤᠭᠠᠷ ᠳ᠋ᠢᠸᠢᠽᠢ ᠎ ᠶᠢᠨ ᠼᠠᠨᠮᠤᠵᠠᠩ  ᠪᠠᠶᠢᠭᠰᠠᠨ ᠭᠡᠸᠠᠫᠢᠯ ᠪᠤᠯᠤᠨ ᠰᠤᠳᠨᠠᠮᠶᠦ᠋ᠩᠷᠦᠩ ᠬᠤᠶᠠᠷ ᠨᠦᠬᠦᠷ ᠢ ᠪᠠᠷᠢᠵᠤ  ᠪᠤᠤᠴᠠᠩ ᠳᠤ ᠬᠤᠷᠢᠭᠰᠠᠨ ᠳᠤ ᠢᠳᠰᠢᠨᠨᠤᠷᠪᠤ ᠦᠪᠡᠷ ᠤᠨ ᠠᠶᠤᠯ ᠲᠦᠭᠰᠢᠬᠦᠷᠢ  ᠎ ᠶᠢ ᠬᠠᠶᠢᠬᠤᠷᠤᠯ ᠦᠬᠡᠢ ᠪᠤᠤᠴᠠᠩ ᠳᠤ ᠬᠦᠷᠴᠦ᠂ ᠨᠢᠭᠤᠴᠠ ᠪᠠᠷ ᠠᠵᠢᠯ ᠬᠢᠵᠦ ᠪᠠᠶᠢᠭᠠᠳ ᠲᠡᠷᠡ  ᠬᠤᠶᠠᠭᠤᠯᠠ  ᠎ ᠶᠢ ᠲᠠᠯᠪᠢᠨ ᠭᠠᠷᠭᠠᠭᠰᠠᠨ ᠪᠠᠶᠢᠪᠠ᠃ ᠪᠠᠰᠠ ᠨᠢᠬᠡ ᠤᠳᠠᠭ᠎ᠠ  ᠨᠠᠢᠮᠠᠳᠤᠭᠠᠷ ᠵᠠᠮ ᠤᠨ ᠴᠡᠷᠢᠭ ᠲᠠᠶᠢᠹᠤᠰᠧ ᠵᠡᠬᠦᠨ ᠬᠤᠰᠢᠭᠤᠨ ᠤ ᠲᠠᠶᠢᠰᠠᠯᠠᠬᠤ ᠠᠮᠪᠠᠨ ᠰᠠᠮᠫᠢᠯᠨᠤᠷᠪᠤ ᠶᠢ ᠪᠠᠷᠢᠭᠰᠠᠨ ᠤ ᠬᠠᠮᠳᠤ ᠨᠢᠬᠡ ᠰᠦᠷᠦᠭ ᠠᠳᠤᠭᠤ ᠶᠢ ᠲᠠᠭᠤᠵᠤ ᠠᠪᠠᠴᠢᠭᠰᠠᠨ ᠳᠤ ᠡᠶᠢᠮᠦ ᠲᠡᠶᠢᠮᠦ ᠶᠠᠷᠢᠶ᠎ᠠ ᠴᠤᠤᠷᠬᠠᠯ  ᠲᠡᠯᠭᠡᠷᠡᠵᠦ᠂  ᠨᠤᠳᠤᠭ ᠤᠨ ᠨᠤᠶᠠᠳ ᠪᠠ ᠠᠷᠠᠳ ᠲᠦᠮᠡᠨ ᠤ ᠰᠡᠳᠬᠢᠯ ᠰᠠᠨᠠᠭ᠎ᠠ ᠲᠤᠭᠳᠠᠪᠤᠷᠢ ᠦᠬᠡᠢ ᠪᠤᠯᠤᠭᠰᠠᠨ ᠪᠠᠶᠢᠪᠠ᠃ ᠢᠳᠰᠢᠨᠨᠤᠷᠪᠤ ᠰᠦᠨᠢ ᠪᠠᠷ ᠬᠤᠪᠢᠰᠬᠠᠯᠳᠤ ᠴᠡᠷᠢᠭ ᠢ ᠡᠷᠢᠨ ᠤᠴᠢᠵᠤ᠂ ᠶᠤᠰᠤ ᠤᠴᠢᠷ ᠢ ᠲᠠᠶᠢᠯᠪᠤᠷᠢᠯᠠᠨ ᠶᠠᠷᠢᠵᠤ ᠪᠠᠶᠢᠭᠠᠳ ᠡᠪᠦᠬᠡᠨ ᠠᠮᠪᠠᠨ ᠢ ᠲᠠᠯᠪᠢᠭᠤᠯᠵᠤ ᠠᠳᠤᠭᠤ ᠪᠠᠨ ᠪᠤᠴᠠᠭᠠᠨ ᠠᠪᠴᠢᠷᠠᠭᠠᠳ᠂ ᠶᠠᠷᠢᠶ᠎ᠠ ᠴᠤᠤᠷᠬᠠᠯ ᠎ ᠢ ᠲᠠᠷᠤᠵᠤ ᠠᠷᠠᠳ ᠤᠨ ᠰᠡᠳᠬᠢᠯ ᠢ ᠲᠤᠭᠳᠠᠪᠤᠷᠢᠵᠢᠭᠤᠯᠵᠠᠢ᠃ 1948 ᠤᠨ ᠤ ᠨᠠᠮᠤᠷ᠂ ᠬᠤᠪᠢᠰᠬᠠᠯᠳᠤ ᠴᠡᠷᠢᠭ ᠪᠤᠤᠴᠠᠩ ᠢ ᠴᠢᠯᠦᠬᠡᠯᠡᠬᠦ ᠳᠤ ᠲᠡᠷᠡᠪᠡᠷ ᠲᠤᠰᠤᠨ ᠤᠴᠢᠵᠤ ᠤᠭᠳᠤᠭᠰᠠᠨ ᠪᠦᠬᠡᠳ 1949 ᠤᠨ ᠤ ᠡᠬᠢ ᠪᠠᠷ ᠴᠠᠬᠠᠷ ᠠᠶᠢᠮᠠᠭ ᠤᠨ ᠵᠠᠬᠢᠷᠭ᠎ᠠ ᠳᠤ ᠠᠵᠢᠯᠯᠠᠵᠤ᠂ ᠲᠠᠷᠠᠭ᠎ᠠ ᠵᠢᠯ ᠨᠢ ᠦᠪᠦᠷ ᠮᠤᠩᠭᠤᠯ ᠤᠨ ᠠᠷᠠᠳ ᠤᠨ ᠭᠡᠪᠯᠡᠯ ᠤᠨ ᠬᠤᠷᠢᠶ᠎ᠠ ᠳᠤ ᠰᠢᠯᠵᠢᠨ ᠠᠵᠢᠯᠯᠠᠪᠠ᠃ 1951 ᠤᠨ ᠳᠤ  ᠭᠤᠴᠢᠨ ᠬᠤᠶᠠᠷᠬᠠᠨ ᠨᠠᠰᠤᠳᠠᠢ ᠳᠠᠭᠠᠨ ᠡᠪᠡᠳᠴᠢᠨ ᠎ ᠢᠶᠠᠷ ᠨᠠᠰᠤ ᠪᠠᠷᠠᠵᠠᠢ᠃
 
ᠢᠷᠡᠯᠲᠡ᠄ ᠲᠠᠶᠢᠹᠦᠰᠧ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号