︵ᠮᠤᠩᠭᠤᠯᠴᠤᠳ ᠪᠤᠯ ᠨᠢᠭᠡᠨ ᠠᠭᠤᠤ ᠶᠡᠭᠡ ᠦᠨᠳᠦᠰᠦᠳᠡᠨ ᠮᠦᠨ᠃ ᠮᠤᠩᠭᠤᠯᠴᠤᠳ ᠲᠤ ᠲᠡᠯᠡᠬᠡᠢ | ᠶᠢᠨ ᠦᠳᠦᠰᠦᠳᠡᠨ ᠶᠠᠰᠤᠳᠠᠨ ᠲᠠᠢ ᠴᠤᠭᠭᠠᠷ ᠤᠷᠴᠢᠯᠠᠩ ᠶᠢᠷᠳᠢᠨᠴᠦ ᠳᠤ ᠡᠬᠦᠰᠦᠨ ᠪᠤᠶᠢᠵᠢᠵᠦ᠂ ᠤᠷᠤᠰᠢᠨ | ᠲᠤᠭᠳᠠᠨᠢᠵᠤ᠂ ᠬᠦᠭᠵᠢᠵᠦ ᠬᠦᠴᠦᠷᠭᠡᠭᠵᠢᠭᠰᠡᠨ ᠲᠡᠤᠬᠡ ᠲᠠᠢ ᠶᠤᠮ᠃ ᠨᠡᠩ ᠴᠤ ᠳᠡᠳᠡᠨ ᠲᠠᠢ ᠬᠠᠮᠳᠤ ᠬᠦᠮᠦᠨ | ᠲᠦᠷᠦᠯᠬᠢᠳᠠᠡ ᠤ ᠬᠦᠭᠵᠢᠯ ᠤᠨ ᠲᠡᠦᠭᠡ ᠶᠢ ᠲᠤᠭᠤᠯᠵᠤ᠂ ᠲᠡᠯᠡᠭᠡᠢ ᠶᠢᠨ ᠲᠡᠦᠬᠡ᠂ ᠰᠤᠶᠤᠯ ᠢ ᠬᠠᠮᠲᠤᠪᠠᠷ | ᠪᠦᠳᠦᠭᠡᠭᠰᠡᠨ ᠤᠯᠨ ᠮᠦᠷ ᠲᠠᠢ ᠶᠤᠮ᠃ ᠡᠬᠦᠨ ᠤ ᠵᠡᠷᠭᠡᠪᠡᠷ᠂ ᠲᠡᠳᠡ ᠨᠢᠭᠡᠨᠳᠡ ᠡᠬᠡ ᠲᠡᠯᠡᠭᠡᠢ ᠠᠴᠠ | ᠦᠪᠯᠡᠬᠦᠯᠦᠭᠰᠡᠨ ᠠᠽᠢᠶ᠎ᠠ ᠲᠢᠪ ᠤᠨ ᠡᠯᠢᠭᠡᠨ ᠳᠤ ᠨᠢᠬᠡᠨ ︽ᠮᠤᠩᠭᠤᠯ︾ ᠬᠡᠳᠡᠭ ᠪᠤᠰᠤᠳ ᠦᠨᠳᠦᠰᠦᠳᠡᠨ | ᠬᠡᠯᠡᠳᠡᠨ ᠠᠴᠠ ᠢᠯᠭᠠᠭᠳᠠᠬᠤ ᠲᠤᠰᠠᠭᠠᠷ ᠦᠨᠳᠦᠰᠦᠳᠡᠨ ᠢ ᠪᠦᠷᠢᠯᠳᠦᠬᠦᠯᠦᠭᠰᠡᠨ ᠤ ᠬᠤᠪᠢ ᠳᠤ ᠪᠠᠰᠠᠴᠤ | ᠦᠪᠡᠷᠦᠨ ᠦᠪᠡᠷᠮᠢᠴᠡ ᠤᠨᠴᠠᠯᠢᠭ ᠪᠦᠬᠦᠢ ᠲᠡᠦᠬᠡ᠂ ᠰᠤᠶᠤᠯ ᠢ ᠪᠦᠳᠦᠭᠡᠭᠰᠡᠨ ᠪᠠᠶᠢᠨ᠎ᠠ᠃ ᠡᠨ᠋ᠨ ᠲᠡᠦᠬᠡ᠂ ᠰᠣᠶᠤᠯ | ᠢ ᠲᠠᠶᠠᠩ ᠲᠡᠯᠡᠬᠡᠢ ᠳᠤ ᠮᠤᠩᠭᠤᠯ ᠲᠡᠦᠬᠡ — ᠮᠤᠩᠭᠤᠯ ᠰᠤᠶᠤᠯ ᠭᠡᠳᠡᠭ᠃ ᠪᠠᠰᠠ ᠲᠡᠬᠦᠨ ᠤ ᠠᠵᠤ ᠠᠬᠤᠢ | ᠶᠢᠨ ᠲᠦᠷᠦᠯ᠂ ᠦᠢᠯᠡᠳᠪᠦᠷᠢᠯᠡᠯ ᠡᠵᠡᠩᠨᠡᠯᠳᠡ ᠶᠢᠨ ᠬᠡᠯᠪᠡᠷᠢ ᠪᠠᠷ ᠨᠢ ᠮᠠᠯ ᠠᠵᠤ ᠠᠬᠤᠢ ᠶᠢᠨ ᠰᠤᠶᠤᠯ᠂ | ᠨᠡᠭᠦᠳᠡᠯ ᠤᠨ ᠰᠤᠶᠤᠯ᠂ ᠮᠤᠷᠢᠨ ᠨᠢᠷᠤᠭᠤᠨ ᠤ ᠰᠤᠶᠤᠯ ᠭᠡᠳᠡᠭ᠃ ᠶᠠᠭᠤ ᠪᠤᠯᠤᠭᠰᠠᠨ ᠴᠤ᠂ ᠪᠦᠬᠦ ᠲᠡᠯᠡᠬᠡᠢ | ᠳᠤ ᠢᠰᠡᠭᠡᠢ ᠲᠤᠭᠤᠷᠭᠠᠳᠠᠨ ᠤ ᠮᠤᠩᠭᠤᠯ ᠰᠤᠶᠤᠯ ᠨᠢ ᠪᠡᠶ᠎ᠡ ᠪᠠᠨ ᠲᠠᠭᠠᠭᠠᠭᠰᠠᠨ ᠲᠤᠮᠤ ᠰᠤᠶᠤᠯ ᠪᠠᠷ ᠪᠤᠰᠴᠤ᠂ | ᠶᠠᠭᠠᠬᠢᠬᠤ ᠶᠢᠨ ᠠᠷᠭ᠎ᠠ ᠦᠬᠡᠢ ᠮᠡᠳᠡᠷᠡᠭᠳᠡᠵᠠᠢ᠃︶ | ᠠᠵᠢᠯᠴᠢ ᠮᠤᠩᠭᠤᠯ ᠶᠠᠰᠤᠳᠠᠨ ᠤ ᠨᠢᠭᠡ ᠰᠠᠯᠠᠭ᠎ᠠ ᠪᠤᠯᠬᠤ ᠵᠡᠬᠦᠨ ᠭᠠᠷ ᠲᠠᠶᠢᠹᠤᠰᠧ — ᠤᠳᠤᠬᠢ | ᠬᠦᠨᠪᠤᠯᠠᠭ ᠤᠨ ᠮᠤᠩᠭᠤᠯᠴᠤᠳ ᠤᠷᠳᠤ ᠬᠤᠭᠤᠴᠠᠭᠠᠨ ᠤ ᠬᠦᠭᠵᠢᠯ ᠤᠨ ᠶᠠᠪᠤᠴᠠ ᠳᠠᠭᠠᠨ ᠲᠡᠳᠡᠨ ᠤ | ᠤᠷᠤᠰᠢᠨ ᠰᠠᠭᠤᠭᠰᠠᠨ ᠭᠠᠵᠠᠷ ᠵᠦᠢ ᠶᠢᠨ ᠪᠠᠶᠢᠷᠢᠰᠢᠯ ᠳᠠᠭᠠᠨ ᠰᠠᠭᠤᠷᠢᠯᠠᠨ᠂ ᠡᠷᠬᠢᠯᠡᠵᠦ ᠡᠵᠡᠩᠨᠡᠭᠰᠡᠨ ᠠᠵᠤ | ᠠᠬᠤᠢ ᠶᠢᠨ ᠲᠦᠷᠦᠯ ᠵᠦᠢᠯ ᠂ ᠡᠰᠡᠨᠢᠵᠦ ᠦᠭᠡᠳᠡᠯᠡᠬᠦ ᠠᠮᠢᠳᠤᠷᠠᠯ ᠤᠨ ᠨᠦᠬᠦᠴᠡᠯ᠂ ᠭᠡᠪᠰᠢᠵᠦ ᠲᠤᠭᠳᠠᠨᠢᠭᠰᠠᠨ | ᠵᠠᠩ ᠲᠠᠳᠬᠠᠯ ᠤᠨ ᠪᠠᠷᠢᠮᠵᠢᠶ᠎ᠠ ᠵᠡᠷᠭᠡ ᠠᠴᠠ ᠪᠤᠯᠵᠤ ᠮᠤᠩᠭᠤᠯᠴᠤᠳ ᠤᠨ ᠤᠯᠠᠮᠵᠢᠯᠠᠯᠳᠤ ᠴᠠᠭᠠᠨ ᠢᠳᠡᠭᠡᠨ ᠤ | ᠬᠡᠪ ᠨᠠᠮᠪᠠ ᠶᠢ ᠪᠦᠷᠢᠨ ᠬᠠᠳᠠᠭᠠᠯᠠᠭᠰᠠᠨ ᠪᠦᠭᠡᠳ ᠠᠮᠢᠵᠢᠷᠠᠯ ᠤᠨ ᠵᠠᠮ ᠳᠠᠭᠠᠨ ᠴᠢᠨᠠᠭᠰᠢᠳᠠ ᠳᠡᠬᠦᠯᠳᠡᠷᠵᠢᠨ | ᠦᠷᠭᠡᠵᠢᠭᠰᠡᠨ ᠦᠪᠡᠷᠮᠢᠴᠡ ᠤᠨᠴᠠᠯᠢᠭ ᠪᠦᠬᠦᠢ ᠲᠠᠶᠢᠹᠤᠰᠧ ᠴᠠᠭᠠᠨ ᠢᠳᠡᠭᠡ ᠶᠢ ᠡᠬᠦᠳᠦᠨ ᠦᠢᠯᠡᠳᠦᠭᠰᠡᠨ ᠪᠠᠶᠢᠨ᠎ᠠ᠃ | ᠲᠡᠭᠡᠪᠡᠯ ᠠᠳᠡ ᠲᠠᠶᠢᠹᠤᠰᠧ ᠴᠠᠭᠠᠨ ᠢᠳᠡᠭᠡᠨ ᠤ ᠲᠤᠳᠤᠭᠠᠳᠤ ᠪᠦᠳᠦᠴᠡ ᠳᠠᠬᠢ ᠲᠤᠰ ᠲᠤᠰ ᠤᠨ ᠨᠡᠷᠡᠶᠢᠳᠦᠯ᠂ | ᠬᠤᠭᠤᠷᠤ ᠬᠤᠭᠤᠷᠤᠨᠳᠤ ᠶᠢᠨ ᠬᠤᠯᠪᠤᠭ᠎ᠠ ᠢᠯᠭᠠᠭ᠎ᠠ ᠵᠢᠴᠢ ᠦᠢᠯᠡᠳᠪᠦᠷᠢᠯᠡᠬᠦ ᠠᠷᠭ᠎ᠠ ᠮᠠᠶ᠋ᠢᠭ ᠢ ᠲᠠᠶᠢᠹᠤᠰᠧ | ᠰᠤᠶᠤᠯ ᠤᠨ ᠬᠤᠪᠢ ᠪᠠᠷ ᠲᠤᠪᠴᠢ ᠲᠠᠨᠢᠯᠴᠠᠭᠤᠯᠤᠶ᠎ᠠ᠃ | ᠰᠦ ᠰᠠᠭᠠᠯᠢ ᠪᠤᠯᠪᠠᠰᠤᠷᠠᠭᠤᠯᠬᠤ ᠪᠤᠯ ᠮᠤᠩᠭᠤᠯᠴᠤᠳ ᠤᠨ ᠭᠡᠷ ᠪᠦᠯᠢ ᠶᠢᠨ ᠭᠠᠷ ᠦᠢᠯᠡᠳᠪᠦᠷᠢᠯᠡᠯ ᠤᠨ | ᠴᠢᠬᠤᠯᠨ ᠨᠢᠭᠡᠨ ᠪᠦᠷᠢᠯᠳᠦᠬᠦᠨ ᠪᠤᠯᠤᠨ᠎ᠠ᠃ ᠲᠠᠶᠢᠹᠤᠰᠧᠴᠤᠳ ᠴᠠᠭᠠᠨ ᠢᠳᠡᠭᠡ ᠶᠢ ᠮᠠᠰᠢ ᠴᠡᠪᠡᠷ ᠨᠠᠷᠢᠯᠢᠭ | ᠪᠤᠯᠪᠠᠰᠤᠷᠠᠭᠤᠯᠳᠠᠭ ᠢᠶᠠᠷ ᠢᠶᠠᠨ ᠠᠯᠳᠠᠷᠳᠠᠢ ᠵᠤᠮ᠃ ᠴᠠᠭᠠᠨ ᠢᠳᠡᠭᠡ ᠶᠢ ᠤᠮᠳᠠᠭᠠᠨ ᠤ ᠵᠦᠢᠯ ᠪᠠ ᠢᠳᠡᠭᠡᠨ ᠤ | ᠵᠦᠢᠯ ᠬᠡᠵᠦ ᠬᠤᠶᠠᠷ ᠠᠩᠬᠢᠯᠠᠨ᠎ᠠ᠃ ᠤᠮᠳᠠᠭᠠᠨ ᠤ ᠵᠢᠯ ᠳᠤ ᠤᠭᠤᠷᠠᠭ᠂ ᠲᠠᠷᠠᠭ᠂ ᠠᠶᠢᠷᠠᠭ᠂ ᠴᠡᠭᠡ᠂ | ᠬᠤᠭᠤᠷᠮᠠᠭ᠂ ᠡᠰᠭᠡ᠂ ᠠᠷᠢᠬᠢ ᠵᠡᠷᠭᠡ ᠪᠠᠭᠳᠠᠵᠤ᠂ ᠢᠳᠡᠭᠡᠨ ᠤ ᠵᠦᠢᠯ ᠳᠤ ᠬᠤᠷᠤᠳ᠂ ᠪᠢᠰᠢᠯᠠᠭ᠂ ᠵᠦᠬᠡᠬᠡᠢ᠂ | ᠰᠢᠷ᠎ᠠ ᠴᠠᠭᠠᠨ ᠲᠤᠰᠤ᠂ ᠴᠦᠴᠦᠬᠡᠢ᠂ ᠦᠷᠦᠮ᠎ᠡ᠂ ᠴᠠᠭ᠎ᠠ᠂ ᠠᠭᠠᠷᠴᠠ ᠠᠭᠠᠷᠤᠤᠯ᠂ ᠠᠭᠠᠷᠴᠠᠨ ᠬᠤᠷᠤᠳ᠂ ᠴᠤᠷ᠎ᠠ | ︵ᠡᠭᠡᠵᠡᠬᠡᠢ︶ ᠵᠡᠷᠭᠡ ᠪᠠᠭᠳᠠᠨ᠎ᠠ᠃ | ᠤᠭᠤᠷᠠᠭ — ᠮᠠᠯ ᠲᠦᠯᠯᠡᠭᠰᠡᠨ ᠤ ᠲᠠᠷᠠᠭ᠎ᠠ ᠭᠠᠷᠬᠤ ᠦᠳᠭᠡᠨ ᠰᠢᠷ᠎ᠠ ᠰᠦ ᠶᠢ ᠤᠭᠤᠷᠠᠭ ᠬᠡᠨ᠎ᠡ᠃ 1 | — 2 ᠬᠤᠨᠤᠭ ᠤᠨ ᠲᠤᠳᠤᠷᠠᠬᠢ ᠶᠢ ᠯᠠᠭ ᠤᠭᠤᠷᠠᠭ ᠬᠡᠵᠦ᠂ 3 —5 ᠬᠤᠨᠤᠭ ᠤᠨ ᠲᠤᠳᠤᠷᠠᠬᠢ ᠶᠢ ᠬᠡᠯᠡᠬᠡᠢ | ᠤᠭᠤᠷᠠᠭ ᠭᠡᠨ᠎ᠡ᠃ ᠤᠭᠤᠷᠠᠭ ᠢ ᠰᠠᠭᠠᠵᠤ ᠠᠪᠤᠭᠠᠳ ᠪᠤᠳᠠᠭ᠎ᠠ ᠰᠠᠮᠤᠷᠤᠨ ᠤᠷᠭᠢᠭᠠᠭᠠᠵᠤ ᠤᠤᠭᠤᠬᠤ ᠳᠤ ᠲᠤᠩ | ᠠᠮᠳᠠᠳᠠᠢ ᠪᠦᠭᠡᠳ ᠦᠯ ᠲᠠᠢ᠃ ᠤᠭᠤᠷᠠᠭ ᠢ ᠠᠭᠰᠢᠭᠤᠯᠤᠨ ᠠᠪᠴᠤ ᠬᠠᠳᠠᠭᠠᠭᠠᠳ ᠢᠳᠡᠵᠦ ᠪᠠᠰᠠ ᠪᠤᠯᠳᠠᠭ᠃ | ᠲᠠᠷᠠᠭ — ᠲᠠᠷᠠᠭ ᠢ ᠬᠢᠬᠦ ᠳᠤ ᠲᠦᠬᠦᠭᠡᠢ ᠪᠤᠶᠤ ᠪᠤᠯᠤᠭᠰᠠᠨᠰᠦ᠋ ᠳᠤ ᠢᠰᠭᠡᠯ ᠪᠠ ᠠᠶᠢᠷᠠᠭ ᠣᠨᠬᠦ᠋ᠷᠦᠩᠬᠡ | ᠬᠤᠯᠢᠵᠤ ᠲᠤᠯᠠᠭᠠᠨ ᠭᠠᠵᠠᠷ ᠪᠦᠷᠢᠵᠦ ᠲᠠᠯᠪᠢᠨᠢᠰᠬᠡᠵᠦ ᠬᠢᠨ᠎ᠡ᠃ ᠲᠠᠷᠠᠭ ᠢ ᠠᠶᠢᠷᠠᠭ ᠮᠡᠳᠦ ᠬᠦᠴᠦᠳᠠᠢ ᠢᠰᠬᠡᠵᠦ | ᠪᠤᠯᠬᠤ ᠦᠬᠡᠢ ᠪᠦᠭᠡᠳ ᠬᠡᠵᠢᠶᠡᠳᠡ ᠢᠰᠬᠦᠯᠡᠩ ᠠᠮᠳᠠ ᠪᠠᠨ ᠬᠠᠳᠠᠭᠠᠯᠠᠭᠰᠠᠨ ᠪᠠᠶᠢᠬᠤ ᠬᠡᠷᠡᠭᠳᠡᠢ᠃ ᠲᠠᠷᠠᠭ ᠪᠤᠯ | ᠰᠢᠮ᠎ᠡ ᠲᠡᠵᠢᠭᠡᠯ ᠲᠡᠭᠦᠯᠳᠡᠷ ᠠᠮᠳᠠᠳᠤ ᠰᠠᠶᠢᠬᠠᠨ ᠤᠮᠳᠠᠭᠠᠨ ᠪᠦᠭᠡᠳ ᠰᠢᠩᠭᠡᠭᠡᠯᠳᠡ ᠶᠢ ᠰᠠᠶᠢᠵᠢᠷᠠᠭᠤᠯᠬᠤ ᠪᠠ | ᠡᠪᠡᠳᠴᠢᠨ ᠬᠡᠮ ᠢ ᠴᠤ ᠵᠠᠰᠠᠬᠤ ᠦᠢᠯᠡᠳᠦᠯ ᠲᠠᠢ ᠶᠤᠮ᠃ | ᠠᠶᠢᠷᠠᠭ — ᠠᠶᠢᠷᠠᠭ ᠪᠤᠯ ᠠᠷᠢᠬᠢ ᠨᠡᠷᠡᠬᠦ ᠬᠦᠷᠦᠩᠬᠡ ᠮᠦᠨ᠃ ᠠᠶᠢᠷᠠᠭ ᠢ ᠦᠨᠢᠶᠡᠨ ᠰᠦ ᠪᠠ ᠬᠡᠬᠦᠦ | ᠶᠢᠨ ᠰᠦ ᠪᠠᠷ ᠢᠰᠭᠡᠳᠡᠭ᠃ ᠠᠶᠢᠷᠠᠭ ᠢ ᠢᠰᠭᠡᠬᠦ ᠳᠤ ᠢᠰᠭᠡᠯ ᠪᠤᠶᠤ ᠠᠶᠢᠷᠠᠭ ᠤᠨ ᠬᠦᠷᠦᠩᠭᠡ ᠶᠢ ᠬᠡᠷᠡᠭᠯᠡᠨ᠎ᠡ | ᠃ ᠢᠰᠭᠡᠭᠰᠡᠨ ᠠᠶᠢᠷᠠᠭ ᠲᠠᠭᠠᠨ ᠡᠳᠦᠷ ᠪᠦᠷᠢ ᠰᠦ ᠨᠡᠮᠡᠵᠦ ᠤᠯᠠᠨ ᠤᠳᠠᠭ᠎ᠠ ᠪᠦᠯᠢᠨ᠎ᠡ᠃ ᠠᠶᠢᠷᠠᠭ ᠢ | ᠲᠠᠭᠠᠷᠠᠭᠤᠯᠬᠤ ᠠᠴᠠ ᠬᠢᠴᠢᠶᠡᠵᠦ ᠠᠶᠢᠷᠠᠭ ᠤᠨ ᠭᠠᠩ ᠢ ᠢᠰᠡᠭᠡᠢ ᠪᠠᠷ ᠪᠦᠷᠢᠭᠰᠡᠨ ᠪᠠᠶᠢᠳᠠᠭ᠃ ᠠᠶᠢᠷᠠᠭ ᠢ | ᠪᠦᠯᠢᠬᠦ ᠳᠤ ᠬᠦᠭᠡᠰᠦᠷᠡᠬᠦ ᠦᠬᠡᠢ ᠪᠠᠶᠢᠪᠠᠯ ᠲᠤᠯᠠᠭᠠᠨ ᠤ ᠬᠡᠮᠵᠢᠶ᠎ᠡ ᠪᠠᠭᠠᠳᠠᠭᠰᠠᠨ ᠪᠤᠶᠤ ᠰᠦ ᠶᠢᠨ ᠨᠡᠮᠡᠯᠳᠡ | ᠶᠠᠭᠡᠳᠴᠦ᠂ ᠪᠦᠯᠢᠯᠳᠡ ᠶᠢᠨ ᠲᠤᠭ᠎ᠠ ᠴᠦᠬᠡᠳᠡᠭᠰᠡᠨ ᠤ ᠰᠢᠯᠳᠠᠭᠠᠨ᠃ ᠭᠡᠷᠪᠡ ᠬᠠᠭ᠋ᠠᠷᠠᠭᠠᠳ ᠦᠨᠦᠷ ᠭᠠᠷᠴᠤ | ᠬᠦᠭᠡᠰᠦᠷᠡᠬᠦ ᠦᠭᠡᠢ ᠪᠠᠶᠢᠪᠠᠯ ᠲᠤᠯᠠᠭᠠᠨ ᠤ ᠬᠡᠮᠵᠢᠶ᠎ᠡ ᠶᠡᠭᠡᠳᠴᠦ᠂ ᠰᠦᠨ ᠤ ᠨᠡᠮᠡᠯᠳᠡ ᠪᠠᠭᠠᠳᠠᠭᠰᠠᠨ ᠤ ᠰᠢᠨᠵᠢ | ᠪᠤᠯᠤᠨ᠎ᠠ᠃ ᠪᠦᠯᠢᠭᠡᠳ ᠢᠷᠡᠬᠦ ᠳᠤ ᠬᠦᠭᠡᠰᠦᠷᠡᠨ ᠱᠤᠤᠭᠢᠵᠦ ᠪᠠᠶᠢᠪᠠᠯ ᠠᠶᠢᠷᠠᠭ ᠤᠨ ᠢᠰᠦᠯᠳᠡ ᠬᠦᠢᠴᠡᠨ᠎ᠡ ᠃ | ᠢᠰᠦᠯᠳᠡ ᠨᠢ ᠬᠦᠢᠴᠡᠪᠡᠯ ᠠᠷᠢᠬᠢ ᠨᠡᠷᠡᠵᠦ ᠪᠤᠯᠤᠨ᠎ᠠ᠃ ᠢᠰᠦᠯᠳᠡ ᠰᠠᠶᠢᠳᠠᠢ ᠠᠶᠢᠷᠠᠭ ᠢᠶᠠᠷ ᠨᠡᠷᠡᠭᠰᠡᠨ ᠠᠷᠢᠬᠢ | ᠢᠳᠡ ᠬᠦᠴᠦ ᠶᠡᠭᠡᠳᠠᠢ ᠪᠠᠶᠢᠳᠠᠭ᠃ ᠠᠶᠢᠷᠠᠭ ᠪᠤᠯ ᠬᠤᠤᠷ ᠲᠠᠶᠢᠯᠬᠤ ᠴᠢᠳᠠᠯ ᠲᠠᠢ ᠤᠮᠳᠠᠭᠠᠨ ᠃ ᠠᠶᠢᠷᠠᠭ ᠤᠨ | ᠦᠩᠬᠦᠷ ᠢ ᠪᠢᠳᠠᠬᠦᠦ ᠬᠠᠪᠤᠳᠠᠷ ᠲᠤ ᠲᠦᠷᠬᠢᠪᠡᠯ ᠮᠦᠨ ᠬᠤᠤᠷ ᠢ ᠲᠠᠶᠢᠯᠵᠤ ᠴᠢᠳᠠᠨ᠎ᠠ᠃ | ᠴᠡᠭᠡ — ᠴᠡᠭᠡ ᠪᠤᠯ ᠬᠡᠬᠦᠦ ᠶᠢᠨ ᠰᠦ ᠶᠢ ᠢᠰᠭᠡᠵᠦ ᠬᠢᠭᠰᠡᠨ ᠤᠮᠳᠠᠭᠠᠨ᠃ ᠢᠰᠭᠡᠬᠦ ᠠᠷᠭ᠎ᠠ ᠨᠢ | ᠦᠨᠳᠦᠰᠦᠨ ᠳᠡᠭᠡᠨ ᠠᠶᠢᠷᠠᠭ ᠲᠠᠢ ᠠᠳᠠᠯᠢ᠂ ᠬᠡᠪᠡᠴᠦ ᠰᠡᠷᠢᠬᠦᠨ ᠭᠠᠵᠠᠷ ᠲᠠᠯᠪᠢᠵᠦ ᠢᠰᠭᠡᠨ᠎ᠡ᠃ ᠶᠡᠷᠦ ᠠᠴᠠ ᠬᠡᠷ | ᠤᠨ ᠵᠡᠬᠦᠨ ᠲᠠᠯ᠎ᠠ ᠳᠤ ᠲᠠᠯᠪᠢᠳᠠᠭ ᠪᠠᠶᠢᠨ᠎ᠠ᠃ ᠬᠠᠯᠠᠭᠤᠨ ᠴᠠᠭ ᠲᠤ ᠪᠠᠰᠠ ᠰᠠᠪᠠᠨ ᠲᠡᠭᠡᠷ᠎ᠡ ᠨᠢ ᠬᠦᠢᠳᠡᠨ | ᠰᠦᠷᠴᠢᠬᠦ ᠬᠡᠷᠡᠭᠳᠡᠢ᠃ ᠴᠡᠭᠡ ᠪᠤᠯ ᠠᠩᠬᠢᠯᠤᠮ᠎ᠠ ᠰᠠᠶᠢᠬᠠᠨ ᠦᠨᠦᠷᠳᠡᠢ᠂ ᠰᠢᠬᠢᠷᠯᠢᠭ ᠮᠦᠷᠳᠡᠭᠡᠨ ᠬᠦᠴᠦᠯᠢᠭ ᠠᠮᠳᠠ | ᠲᠠᠢ᠂ ᠨᠠᠶᠢᠷ ᠬᠤᠷᠢᠮ ᠬᠤᠷᠠᠯ ᠴᠤᠭᠯᠠᠭᠠᠨ ᠳᠤ ᠲᠤᠳᠠᠭᠳᠠᠵᠤ ᠪᠤᠯᠤᠰᠢ ᠦᠬᠡᠢ ᠲᠠᠪᠠᠳᠠᠢ ᠰᠡᠷᠢᠬᠦᠨ ᠤᠮᠳᠠᠭᠠᠨ | ᠪᠦᠭᠡᠳ ᠮᠦᠭᠡᠷᠰᠦᠨ ᠬᠤᠭᠤᠯᠠᠢ ᠶᠢᠨ ᠦᠷᠪᠢᠰᠦᠯ᠂ ᠬᠤᠳᠤᠭᠤᠳᠤ ᠭᠡᠳᠡᠰᠦᠨ ᠤ ᠠᠷᠬᠠᠭ᠂ ᠴᠢᠰᠤ | ᠲᠤᠳᠠᠭᠳᠠᠬᠤ ᠵᠡᠷᠭᠡ ᠡᠪᠡᠳᠴᠢᠨ ᠭᠡᠮ ᠢ ᠠᠨᠠᠭᠠᠨ ᠵᠠᠰᠠᠬᠤ ᠬᠦᠴᠦᠨ ᠴᠢᠳᠠᠯ ᠲᠠᠢ ᠪᠠᠶᠢᠵᠤ ᠤᠨᠴᠠᠭᠠᠶᠢᠯᠠᠨ | ᠠᠭᠤᠰᠬᠢᠨ ᠰᠦᠷᠢᠶ᠎ᠡ ᠳᠤ ᠮᠡᠳᠡᠭᠳᠡᠮ᠎ᠡ ᠲᠤᠰᠠᠳᠠᠢ ᠪᠠᠶᠢᠳᠠᠭ᠃ ᠴᠡᠭᠡ ᠶᠢ ᠰᠠᠶᠢᠳᠤᠷ ᠢᠰᠭᠡᠵᠦ ᠪᠠᠶᠢᠭᠠᠳ ᠮᠦᠨ | ᠠᠷᠢᠬᠢ ᠨᠡᠷᠡᠵᠦ ᠪᠤᠯᠤᠨ᠎ᠠ᠃ | ᠴᠠᠭ᠎ᠠ — ᠠᠶᠢᠷᠠᠭ ᠢᠶᠠᠨ ᠪᠤᠴᠠᠯᠭᠠᠵᠤ ᠠᠷᠢᠬᠢ ᠨᠡᠷᠡᠵᠦ ᠠᠪᠤᠭᠠᠳ ᠦᠯᠡᠳᠡᠭᠰᠡᠨ ᠢ ᠴᠠᠭ᠎ᠠ ᠬᠡᠨ᠎ᠡ᠃ | ᠲᠡᠭᠦᠨ ᠢᠶᠠᠷ ᠭᠤᠤᠯᠳᠠᠭᠤ ᠠᠭᠠᠷᠤᠤᠯ᠂ ᠠᠭᠠᠷᠴᠠᠨ ᠬᠤᠷᠤᠳ᠂ ᠬᠤᠭᠤᠷᠮᠠᠭ ᠬᠢᠨ᠎ᠡ᠃ ᠴᠠᠭ᠎ᠠ ᠪᠤᠯ ᠬᠦᠴᠦᠯᠢᠭ | ᠠᠮᠳᠠᠳᠠᠢ ᠰᠠᠶᠢᠬᠠᠨᠤᠮᠳᠠᠭᠠᠨ ᠪᠦᠬᠡᠳ ᠱᠦᠯᠦ ᠲᠠᠢ ᠬᠤᠭᠤᠯᠠᠨ ᠳᠤ ᠭᠤᠶᠤ ᠰᠠᠶᠢᠬᠠᠨ ᠠᠮᠳᠠ ᠰᠢᠮᠳᠡ | ᠤᠷᠤᠭᠤᠯᠳᠠᠭ ᠪᠠᠶᠢᠨ᠎ᠠ᠃ | ᠬᠤᠭᠤᠷᠮᠠᠭ — ᠬᠤᠭᠤᠷᠮᠠᠭ ᠪᠤᠯ ᠪᠤᠶᠤ ᠭᠤᠤᠯᠳᠠᠭᠤ ᠠᠭᠠᠷᠴᠠ ᠶᠢ ᠬᠠᠯᠠᠭᠤᠨ ᠰᠦ ᠲᠠᠢ ᠬᠤᠳᠬᠤᠵᠤ | ᠲᠦᠷ ᠢᠰᠭᠡᠵᠦ ᠬᠢᠭᠰᠡᠨ ᠤᠮᠳᠠᠭᠠᠨ ᠪᠤᠯᠤᠨ᠎ᠠ᠃ ᠶᠡᠷᠦ ᠶᠢᠨ ᠪᠠᠶᠢᠳᠠᠯ ᠳᠤ ᠢᠰᠭᠡᠬᠦ ᠦᠬᠡᠢ ᠪᠠᠷ ᠰᠠᠶ᠋ᠢ | ᠰᠠᠭᠠᠭᠰᠠᠨ ᠰᠦ ᠪᠠᠷ ᠬᠤᠳᠬᠤᠵᠤ ᠤᠤᠭᠤᠭᠰᠠᠨ ᠴᠤ ᠪᠤᠯᠤᠨ᠎ᠠ᠃ | ᠡᠰᠭᠡ — ᠦᠭᠡᠷ᠎ᠡ ᠨᠡᠷ᠎ᠡ ᠨᠢ ᠮᠤᠷᠫᠢᠰ᠃ ᠲᠠᠶᠢᠹᠤᠰᠧ ᠵᠡᠭᠦᠨ ᠭᠠᠷ ᠨᠤᠳᠤᠭ ᠤᠨ ᠭᠠᠷᠤᠯᠳᠠ᠃ ᠡᠰᠭᠡ | ᠬᠢᠬᠦ ᠪᠤᠯ ᠭᠠᠳᠠᠭᠠᠳᠤ ᠠᠴᠠ ᠤᠷᠤᠵᠤ ᠢᠷᠡᠭᠰᠡᠨ ᠮᠡᠷᠭᠡᠵᠢᠯ ᠶᠤᠮ᠃ ᠲᠠᠶᠢᠹᠤᠰᠧ ᠨᠤᠳᠤᠭ ᠡᠰᠭᠡ | ᠪᠤᠯᠪᠠᠰᠤᠷᠠᠭᠤᠯᠤᠭᠠᠳ ᠵᠠᠭᠤ ᠰᠢᠬᠠᠮ ᠵᠢᠯ ᠤᠨ ᠲᠡᠤᠬᠡ ᠲᠠᠢ ᠪᠤᠯᠵᠤ ᠪᠠᠶᠢᠨ᠎ᠠ᠃ ᠡᠰᠭᠡ ᠶᠢ ᠰᠦ ᠪᠠᠷ ᠭᠤᠤᠯ | ᠮᠠᠲ᠋ᠧᠷᠢᠶᠠᠯ ᠪᠤᠯᠭᠠᠵᠤ ᠵᠤᠬᠢᠬᠤ ᠬᠠᠷᠢᠴᠠᠯ ᠤᠨ ᠴᠠᠭᠠᠨ ᠱᠠᠳᠠᠩ᠂ ᠨᠢᠮᠪᠡᠭᠡ ᠶᠢᠨ ᠬᠦᠴᠢᠯ ᠲᠠᠢ ᠨᠠᠶᠢᠷᠠᠭᠤᠯᠵᠤ | ᠬᠢᠳᠡᠭ᠃ ᠪᠤᠯᠪᠠᠰᠤᠷᠠᠭᠤᠯᠬᠤ ᠳᠠᠭᠠᠨ ᠦᠨᠢᠶᠡᠨ ᠰᠦ ᠪᠠᠨ ᠮᠠᠰᠢᠨ ᠳᠤ ᠡᠷᠬᠢᠬᠦᠯᠵᠦ᠂ ᠲᠤᠰᠤᠯᠢᠭ ᠶᠢ ᠨᠢ | ᠢᠯᠭᠠᠷᠠᠭᠤᠯᠤᠨ ᠠᠪᠤᠭᠠᠳ᠂ ᠰᠦ ᠳᠤᠨᠢ ᠱᠠᠳᠠᠩ᠂ ᠨᠢᠮᠪᠡᠭᠡ ᠶᠢᠨ ᠬᠦᠴᠢᠯ ᠬᠤᠯᠢᠵᠤ ᠰᠠᠶᠢᠳᠤᠷ ᠪᠦᠯᠢᠵᠦ | ᠨᠠᠶᠢᠷᠠᠭᠤᠯᠤᠨ ᠰᠢᠯ ᠯᠤᠩᠬᠤ ᠳᠤ ᠰᠠᠪᠠᠯᠠᠵᠤ᠂ ᠠᠮᠠᠰᠠᠷ ᠶᠢ ᠨᠢ ᠴᠢᠩᠭ᠎ᠠ ᠪᠢᠳᠡᠭᠦᠮᠵᠢᠯᠡᠨ᠎ᠡ᠃ ᠡᠰᠭᠡ ᠪᠤᠯ ᠰᠦᠨ | ᠤ ᠴᠢᠨᠠᠷ ᠢ ᠬᠠᠳᠠᠭᠠᠯᠠᠭᠰᠠᠨ ᠪᠦᠬᠡᠳ ᠫᠢᠸᠤ᠋ ᠶᠢᠨ ᠰᠢᠨᠵᠢ ᠶᠢ ᠪᠦᠷᠢᠯᠳᠦᠬᠦᠯᠦᠭᠰᠡᠨ ᠬᠠᠪᠤᠳᠠᠢ ᠰᠡᠷᠢᠬᠦᠨ | ᠤᠮᠳᠠᠭᠠᠨ ᠶᠤᠮ᠃ ᠲᠠᠶᠢᠹᠤᠰᠧᠴᠣᠳ ᠴᠡᠭᠡ ᠶᠢᠨ ᠤᠬᠢ ᠶᠢ ᠨᠡᠷᠡᠯᠡᠳᠡᠭ ᠡᠰᠦᠭ ᠬᠡᠮᠡᠬᠦ ᠨᠡᠷ᠎ᠡ ᠶᠢᠨ ᠤᠳᠬ᠎ᠠ ᠶᠢ | ᠤᠯᠠᠮᠵᠢᠯᠠᠨ ᠡᠨᠡᠬᠦ ᠤᠮᠳᠠᠭᠠᠨ ᠢᠶᠠᠨ ᠡᠰᠭᠡ ᠬᠡᠵᠦ ᠨᠡᠷᠡᠯᠡᠭᠰᠡᠨ ᠪᠠᠶᠢᠨ᠎ᠠ᠃ | ᠮᠤᠩᠭᠤᠯ ᠠᠷᠢᠬᠢ — ᠪᠠᠰᠠ ᠰᠠᠭᠠᠯᠢ ᠶᠢᠨ ᠠᠷᠢᠬᠢ ᠭᠡᠨ᠎ᠡ᠃ ᠲᠡᠭᠦᠨ ᠢ ᠢᠰᠦᠯᠳᠡ ᠬᠦᠢᠴᠡᠭᠰᠡᠨ | ᠦᠨᠢᠶᠡᠨ ᠰᠦᠨ ᠤ ᠠᠶᠢᠷᠠᠭ ᠪᠠ ᠭᠡᠬᠦᠦ ᠶᠢᠨ ᠰᠦᠨ ᠤ ᠠᠶᠢᠷᠠᠭ ︵ᠴᠡᠭᠡ︶ ᠢᠶᠠᠷ ᠨᠡᠷᠡᠵᠦ ᠠᠪᠳᠠᠭ᠃ ᠠᠶᠢᠷᠠᠭ | ᠤᠨ ᠢᠰᠦᠯᠳᠡ ᠪᠤᠯ ᠰᠠᠶᠢᠨ ᠠᠷᠢᠬᠢ ᠨᠡᠷᠡᠵᠦ ᠴᠢᠳᠠᠬᠤ ᠡᠰᠡᠬᠦ ᠶᠢᠨ ᠵᠠᠩᠬᠢᠯᠠᠭ᠎ᠠ ᠪᠤᠯᠤᠨ᠎ᠠ᠃ ᠬᠡᠬᠦᠦ ᠶᠢᠨ ᠰᠦ | ᠪᠠᠷ ᠨᠡᠷᠡᠭᠰᠡᠨ ᠠᠷᠢᠬᠢ ᠶᠢ ᠭᠡᠬᠦᠨ ᠤ ᠠᠷᠢᠬᠢ ᠭᠡᠵᠦ᠂ ᠦᠨᠢᠶᠡᠨ ᠰᠦ ᠪᠠ ᠭᠡᠬᠦᠦ ᠶᠢᠨ ᠰᠦ ᠶᠢ ᠬᠤᠯᠢᠵᠦ | ᠨᠡᠷᠡᠭᠰᠡᠨ ᠠᠷᠢᠬᠢ ᠶᠢ ᠪᠡᠰᠡᠷᠡᠭ ᠠᠷᠢᠬᠢ ᠭᠡᠳᠡᠭ ᠂ ᠨᠡᠷᠡᠬᠦ ᠠᠷᠭ᠎ᠠ ᠨᠢ ᠠᠳᠠᠯᠢ᠃ ᠠᠷᠢᠬᠢ ᠨᠡᠷᠡᠭᠦ ᠳᠤ ᠬᠤᠩᠬᠤ᠂ | ᠪᠦᠷᠬᠦᠭᠡᠷ᠂ ᠪᠦᠷᠬᠦᠭᠡᠷ ᠤᠨ ᠤᠷᠢᠶᠠᠯᠳᠠ᠂ ᠵᠢᠯᠡᠪᠴᠢ᠂ ᠸᠠᠭᠠᠷ ᠵᠡᠷᠭᠡ ᠪᠠᠭᠠᠵᠢ ᠰᠠᠪᠠ ᠶᠢ ᠬᠡᠷᠡᠭᠯᠡᠨ᠎ᠡ᠃ ᠬᠤᠩᠬᠤ | ᠳᠠᠭᠠᠨ ᠠᠶᠢᠷᠠᠭ ᠢᠶᠠᠨ ᠬᠢᠭᠡᠳ ᠲᠡᠭᠡᠷ᠎ᠡ ᠨᠢ ᠪᠦᠷᠬᠦᠭᠡᠷ ᠢᠶᠠᠨ ᠰᠠᠭᠤᠯᠭᠠᠵᠤ᠂ ᠪᠦᠷᠬᠦᠭᠡᠷ ᠤᠨ ᠴᠢᠬᠢᠨ ᠠᠴᠠ | ᠬᠤᠶᠠᠷ ᠲᠠᠯ᠎ᠠ ᠳᠠᠭᠠᠨ ᠪᠢᠳᠡᠬᠦᠦ ᠤᠭᠤᠰᠤᠷ ᠪᠦᠬᠦᠢ ᠸᠠᠭᠠᠷ ᠢ ᠪᠦᠷᠬᠦᠭᠡᠷ ᠤᠨ ᠭᠤᠤᠯ ᠳᠤ ᠲᠡᠬᠦᠵᠢᠯᠡᠨᠡ᠃ | ᠪᠦᠷᠬᠦᠭᠡᠷ ᠳᠡᠭᠡᠷ᠎ᠡ ᠪᠠᠨ ᠵᠢᠯᠡᠪᠴᠢ ᠪᠠᠨ ᠰᠠᠭᠤᠯᠭᠠᠭᠠᠳ ᠲᠤᠳᠤᠷ᠎ᠠ ᠨᠢ ᠴᠡᠯ ᠬᠦᠢᠳᠡᠨ ᠤᠰᠤ ᠬᠢᠨ᠎ᠡ᠃ ᠪᠦᠷᠬᠦᠭᠡᠷ | ᠤᠨ ᠢᠷᠤᠭᠠᠷ ᠤᠨ ᠬᠤᠩᠬᠤ ᠳᠤ ᠰᠠᠭᠤᠭᠰᠠᠨ ᠭᠡᠰᠡᠭ ᠪᠠ ᠳᠡᠭᠡᠷᠡᠬᠢ ᠵᠢᠯᠡᠪᠴᠢ ᠰᠠᠭᠤᠯᠭᠠᠭᠰᠠᠨ ᠭᠡᠰᠡᠭ ᠢ | ᠪᠦᠷᠬᠦᠭᠡᠷ ᠶᠢᠨ ᠤᠷᠢᠶᠠᠯᠳᠠ ︵ᠪᠦᠰ ᠢᠶᠠᠷ ᠭᠠᠳᠠᠷᠯᠠᠭᠰᠠᠨ ᠤᠭᠤᠰᠤᠷ ᠲᠠᠢ ᠨᠠᠷᠢᠨ ᠤᠷᠳᠤ ᠢᠰᠡᠭᠡᠢ︶ ᠪᠠᠷ | ᠰᠠᠶᠢᠳᠤᠷ ᠪᠢᠳᠡᠬᠦᠯᠡᠨ ᠤᠷᠢᠶᠠᠵᠤ᠂ ᠲᠡᠭᠦᠪᠡᠷ ᠠᠭᠤᠷ ᠭᠠᠷᠬᠤ ᠶᠢ ᠰᠡᠷᠭᠡᠶᠢᠯᠡᠨ᠎ᠡ᠃ ᠲᠡᠭᠡᠭᠡᠳ ᠠᠶᠢᠷᠠᠭ ᠢᠶᠠᠨ | ᠪᠤᠴᠠᠯᠭᠠᠪᠠᠯ ᠠᠶᠢᠷᠠᠭ ᠤᠨ ᠠᠭᠤᠷ ᠵᠢᠯᠡᠪᠴᠢ ᠶᠢᠨ ᠬᠦᠢᠳᠡᠨ ᠢᠷᠤᠭᠠᠷ ᠲᠤ ᠬᠦᠷᠴᠦ ᠮᠦᠬᠦᠯᠢᠭᠵᠢᠭᠡᠳ ᠵᠢᠯᠡᠪᠴᠢ | ᠶᠢᠨ ᠬᠦᠢᠰᠦ ᠶᠢ ᠳᠠᠭᠠᠵᠤ ᠸᠠᠭᠠᠷ ᠲᠤ ᠭᠤᠭᠤᠵᠢᠬᠤ ᠪᠤᠯᠤᠨ᠎ᠠ ᠂ ᠡᠨ᠋ᠨ ᠪᠤᠯ ᠲᠠᠷᠤᠢ ᠠᠷᠢᠬᠢ ᠮᠦᠨ᠃ ᠵᠢᠯᠡᠪᠴᠢ | ᠶᠢᠨ ᠤᠰᠤ ᠪᠦᠯᠢᠶᠡᠰᠪᠡᠯ ᠲᠠᠬᠢᠵᠤ ᠬᠦᠢᠳᠡᠨ ᠤᠰᠤ ᠰᠤᠯᠢᠨ᠎ᠠ ᠂ ᠢᠩᠬᠢᠵᠦ ᠬᠤᠶᠠᠷ᠂ ᠭᠤᠷᠪᠠ ᠤᠳᠠᠭ᠎ᠠ | ᠰᠤᠯᠢᠭᠰᠠᠨ ᠤ ᠲᠠᠷᠠᠭ᠎ᠠ ᠪᠦᠷᠬᠦᠭᠡᠷ ᠢᠶᠠᠨ ᠵᠠᠳᠠᠯᠵᠤ ᠸᠠᠭᠠᠷ ᠲᠠᠢ ᠠᠷᠢᠬᠢ ᠪᠠᠨ ᠲᠠᠷᠤᠶᠢᠬᠠᠨ ᠪᠢᠳᠡᠭᠦᠯᠡᠨ | ᠪᠦᠳᠡᠭᠡᠵᠦ ᠠᠪᠤᠨ᠎ᠠ᠃ ᠬᠠᠯᠠᠭᠤᠨ ᠠᠷᠢᠬᠢᠨ ᠤ ᠪᠦᠳᠡᠭᠡᠯᠭᠡ ᠶᠢ ᠰᠡᠬᠦᠵᠦ ᠰᠢᠳᠠᠭᠠᠵᠤ ᠦᠵᠡᠬᠦ ᠳᠤ ᠫᠦᠷᠳ᠋᠊ ᠬᠢᠳᠡᠯ᠎ᠡ | ᠰᠢᠳᠠᠵᠤ ᠪᠠᠶᠢᠪᠠᠯ ᠤᠬᠢ ᠰᠠᠶᠢᠨ ᠠᠷᠢᠬᠢ ᠭᠠᠷᠤᠭᠰᠠᠨ ᠤ ᠲᠡᠮᠳᠡᠭ ᠮᠦᠨ ᠂ ᠬᠤᠶᠠᠷ ᠳᠤᠭᠤᠭᠠᠨ ᠤ ᠠᠷᠢᠬᠢ ︵ | ᠬᠤᠶᠠᠷ ᠤᠳᠠᠭ᠎ᠠ ᠤᠰᠤ ᠰᠤᠯᠢᠭᠰᠠᠨ︶ ᠤᠯᠠᠩᠬᠢ ᠳᠠᠭᠠᠨ ᠡᠶᠢᠮᠦ ᠪᠠᠶᠢᠳᠠᠭ ᠶᠤᠮ᠃ ᠤᠯᠠᠨ ᠤᠳᠠᠭ᠎ᠠ ᠤᠰᠤ | ᠰᠤᠯᠢᠪᠠᠯ ᠠᠷᠢᠬᠢ ᠰᠣᠯᠠᠷᠠᠨᠠ᠃ ᠠᠷᠢᠬᠢ ᠶᠢ ᠪᠤᠳᠤᠩ ᠳᠤ ᠠᠭᠤᠳᠠᠯᠠᠵᠤ᠂ ᠠᠮᠠᠰᠠᠷ ᠶᠢ ᠨᠢ ᠨᠢᠬᠳᠠ | ᠪᠢᠳᠡᠭᠦᠮᠵᠢᠯᠡᠨ᠂ ᠬᠤᠨᠢᠨ ᠬᠤᠷᠤᠭᠠᠨ ᠤ ᠬᠦᠷᠵᠡᠩ ᠲᠤᠤᠷ᠎ᠠ ᠪᠤᠯᠠᠭᠠᠳ ᠵᠢᠯ ᠦᠨᠵᠢᠪᠡᠯ ᠬᠤᠷᠰᠢᠭᠠᠮᠠᠯ ᠰᠠᠶᠢᠨ | ᠠᠷᠢᠬᠢ ᠪᠤᠯᠤᠨ᠎ᠠ᠃ ᠡᠬᠦᠨ ᠢ ᠵᠢᠯ ᠤᠨ ᠲᠤᠭ᠎ᠠ ᠪᠠᠷ ᠨᠢ ᠰᠢᠳᠦᠯᠡᠩ ᠠᠷᠢᠬᠢ᠂ ᠬᠢᠵᠠᠯᠠᠩ ᠠᠷᠢᠬᠢ᠂ ᠰᠤᠶᠤᠯᠠᠩ | ᠠᠷᠢᠬᠢ ᠬᠡᠵᠦ ᠨᠡᠷᠡᠯᠡᠳᠡᠭ᠃ ᠠᠶᠢᠷᠠᠭ ᠳᠡᠭᠡᠷ᠎ᠡ ᠪᠠᠨ ᠠᠷᠢᠬᠢ ᠨᠡᠮᠡᠵᠦ ᠂ ᠲᠠᠬᠢᠵᠦ ᠲᠡᠭᠡᠷᠡᠬᠢ ᠠᠷᠭ᠎ᠠ ᠪᠠᠷ ᠨᠡᠷᠡᠵᠦ | ᠠᠪᠤᠭᠰᠠᠨ ᠠᠷᠢᠬᠢ ᠶᠢ ᠬᠠᠷᠢᠭᠤᠯᠭ᠎ᠠ ᠭᠡᠨ᠎ᠡ᠃ ᠠᠷᠢᠬᠢ ᠪᠠᠨ ᠬᠠᠷᠢᠭᠤᠯᠵᠤ ᠨᠡᠷᠡᠭᠰᠡᠨ ᠢ ᠠᠷᠠᠵᠠ ᠬᠡᠵᠦ᠂ ᠠᠷᠠᠵᠠ | ᠪᠠᠨ ᠬᠠᠷᠢᠭᠤᠯᠵᠤ ᠨᠡᠷᠡᠭᠰᠡᠨ ᠢ ᠰᠢᠷᠠᠵᠠ ᠬᠡᠵᠦ᠂ ᠰᠢᠷᠠᠵᠠ ᠪᠠᠨ ᠬᠠᠷᠢᠭᠤᠯᠵᠤ ᠨᠡᠷᠡᠭᠰᠡᠨ ᠢ ᠬᠤᠷᠠᠵᠠ ᠬᠡᠨ᠎ᠡ᠃ | ᠮᠤᠩᠭᠤᠯ ᠠᠷᠢᠬᠢ ᠢᠯᠠᠩᠭᠤᠶ᠎ᠠ ᠬᠡᠭᠦᠨ ᠰᠦᠨ ᠤ ᠠᠷᠢᠬᠢ ᠪᠤᠯ ᠰᠢᠩᠬᠡᠭᠡᠯᠳᠡ ᠰᠠᠶᠢᠵᠢᠷᠠᠭᠤᠯᠬᠤ᠂ ᠰᠠᠯᠬᠢ ᠴᠢᠬᠢᠭ | ᠠᠴᠠ ᠪᠤᠯᠤᠭᠰᠠᠨ ᠬᠦᠯ ᠨᠢᠷᠤᠭᠤᠨ ᠤ ᠡᠪᠡᠳᠴᠢᠨ ᠢ ᠵᠠᠰᠠᠬᠤ ᠪᠠ ᠪᠡᠶ᠎ᠡ ᠲᠠᠮᠢᠷᠵᠢᠭᠤᠯᠵᠤ ᠡᠪᠡᠳᠴᠢᠨ ᠢ | ᠡᠰᠡᠷᠬᠦᠴᠡᠬᠦ ᠴᠢᠳᠠᠯ ᠢ ᠨᠡᠮᠡᠭᠳᠡᠬᠦᠯᠬᠦ ᠦᠢᠯᠡᠳᠦᠯ ᠲᠠᠢ᠃ ᠠᠷᠢᠬᠢ ᠨᠡᠷᠡᠬᠦ ᠳᠤ ᠤᠷᠢᠶᠠᠯᠳᠠ ᠶᠢᠨ ᠪᠠᠬᠢ ᠦᠬᠡᠢ | ᠪᠤᠶᠤ ᠪᠦᠷᠬᠦᠭᠡᠷ ᠤᠨ ᠬᠠᠭᠰᠠᠭᠰᠠᠨ ᠠᠴᠠ ᠪᠤᠯᠵᠤ ᠠᠭᠤᠷ ᠭᠠᠳᠠᠭᠰᠢᠯᠠᠪᠠᠯ ᠠᠷᠢᠬᠢ ᠬᠦᠴᠦ ᠮᠠᠭᠤᠳᠠᠢ ᠪᠤᠯᠤᠨ᠎ᠠ ᠂ | ᠡᠬᠦᠨ ᠢ ᠰᠤᠪᠰᠤ ᠭᠡᠳᠡᠭ᠃ ᠮᠤᠩᠭᠤᠯ ᠠᠷᠢᠬᠢ ᠪᠤᠯ ᠠᠮᠳᠠ ᠳᠡᠬᠦᠯᠳᠡᠷ ᠢᠳᠡᠭᠡᠨ ᠤ ᠳᠡᠭᠡᠵᠢ ᠪᠦᠬᠡᠳ ᠬᠤᠷᠢᠮ | ᠨᠠᠶᠢᠷ ᠪᠠᠶᠠᠷ ᠴᠡᠩᠬᠡᠯ ᠤᠨ ᠲᠡᠭᠡᠳᠦ ᠤᠮᠳᠠᠭᠠᠨ ᠪᠤᠯᠤᠨ᠎ᠠ᠃ | ᠵᠦᠬᠡᠭᠡᠢ — ᠵᠦᠬᠡᠭᠡᠢ ᠪᠤᠯ ᠰᠦᠨ ᠤ ᠲᠤᠰᠤᠯᠢᠭ ᠢᠳᠡᠭᠡᠨ ᠪᠤᠯᠤᠨ᠎ᠠ᠃ ᠵᠤᠨ ᠤ ᠴᠠᠭ ᠲᠤ | ᠰᠠᠭᠠᠭᠰᠠᠨ ᠰᠦ ᠪᠠᠨ ᠸᠠᠭᠠᠷ ᠰᠠᠪᠠᠨ ᠳᠤ ᠬᠢᠵᠦ ᠰᠡᠷᠢᠬᠦᠨ ᠭᠠᠵᠠᠷ ᠬᠦᠳᠡᠯᠭᠡᠯ ᠦᠬᠡᠢ ᠲᠠᠯᠪᠢᠪᠠᠯ ᠪᠠᠷᠤᠭ48 ᠴᠠᠭ | ᠤᠨ ᠲᠤᠳᠤᠷ᠎ᠠ ᠰᠦ ᠡᠭᠡᠳᠡᠨ᠎ᠡ᠂ ᠡᠭᠡᠳᠡᠭᠰᠡᠨ ᠰᠦᠨ ᠤ ᠲᠡᠭᠡᠷ᠎ᠡ ᠲᠠᠯ᠎ᠠ ᠳᠤ ᠦᠳᠭᠡᠨ ᠲᠤᠰᠤᠯᠢᠭ ᠨᠢ ᠢᠯᠭᠠᠷᠠᠨ | ᠭᠠᠷᠬᠤ ᠦᠶᠡᠰ ᠲᠡᠭᠦᠨ ᠢ ᠰᠦᠨ ᠠᠴᠠ ᠨᠢ ᠳᠡᠭᠡᠭᠦᠷ ᠬᠠᠮᠤᠵᠤ ᠠᠪᠤᠭᠰᠠᠨ ᠢ ᠵᠦᠬᠡᠬᠡᠢ ᠬᠡᠨ᠎ᠡ᠃ ᠵᠦᠬᠡᠭᠡᠢ ᠪᠤᠯ | ᠰᠢᠷ᠎ᠠ ᠴᠠᠭᠠᠨ ᠲᠤᠰᠤᠨ ᠤ ᠡᠬᠢ ᠮᠠᠲ᠋ᠧᠷᠢᠶᠠᠯ ᠪᠤᠯᠬᠤ ᠪᠦᠭᠡᠳ ᠴᠠᠢ ᠨᠡᠶᠢᠯᠡᠬᠦᠯᠵᠦ᠂ ᠪᠤᠤᠪᠤ ᠪᠤᠭᠤᠷᠰᠤᠭ ᠲᠦᠷᠢᠵᠦ | ᠢᠳᠡᠬᠦ ᠮᠡᠳᠦ ᠪᠠᠷ ᠲᠡᠷᠡ ᠬᠡᠪ ᠢᠶᠠᠷ ᠨᠢ ᠬᠡᠷᠡᠭᠯᠡᠵᠦ ᠴᠤ ᠪᠤᠯᠤᠨ᠎ᠠ᠃ ᠵᠦᠭᠡᠭᠡᠢ ᠲᠠᠢ ᠪᠤᠳᠠᠭ᠎ᠠ ᠵᠢᠭᠤᠷᠠᠵᠤ ᠢᠳᠡᠬᠦ | ᠪᠤᠯ ᠮᠤᠩᠭᠤᠯᠴᠤᠳ ᠤᠨ ᠢᠳᠡᠭᠡᠨ ᠤ ᠳᠡᠭᠡᠳᠦ ᠶᠢᠨ ᠨᠢᠭᠡ ᠪᠤᠯᠤᠨ᠎ᠠ᠂ ᠬᠢᠬᠦ ᠠᠷᠭ᠎ᠠ ᠨᠢ᠄ ᠲᠤᠮᠳᠠᠭᠤᠷ ᠠᠶᠠᠭ᠎ᠠ | ᠬᠢᠷᠢᠳᠠᠢ ᠬᠠᠭᠤᠷᠤᠭᠰᠠᠨ ᠪᠤᠳᠠᠭ᠎ᠠ ︵ᠬᠠᠭᠤᠷᠠᠢ ᠪᠤᠳᠠᠭ᠎ᠠ︶ ᠶᠢ ᠪᠤᠴᠠᠯᠤᠭᠰᠠᠨ ᠤᠰᠤᠨ ᠳᠤ ᠵᠠᠶᠢᠯᠠᠵᠤ | ᠳᠡᠪᠳᠦᠭᠡᠭᠰᠡᠨ ᠤ ᠲᠠᠷᠠᠭ᠎ᠠ ᠤᠰᠤ ᠶᠢ ᠨᠢ ᠰᠢᠪᠬᠠᠷᠠᠨ ᠠᠰᠬᠠᠵᠤ ᠂ ᠲᠡᠭᠡᠷ᠎ᠡ ᠨᠢ ᠬᠤᠷᠤᠭᠤ ᠵᠤᠵᠠᠭᠠᠨ ᠬᠦᠰᠢᠭᠰᠡᠨ | ᠵᠦᠭᠡᠭᠡᠢ ᠪᠠᠨ ᠰᠢᠨᠠᠭ᠎ᠠ ᠰᠢᠬᠠᠮ ᠬᠢᠵᠦ ᠵᠢᠭᠤᠷᠠᠪᠠᠯ ᠪᠤᠯᠴᠢᠬᠠᠨ᠎ᠠ᠂ ᠠᠮᠳᠠᠳᠠᠢ ᠢᠳᠡᠬᠦ ᠭᠡᠪᠡᠯ ᠪᠤᠷᠠᠮ᠂ ᠱᠠᠳᠠᠩ | ᠬᠢᠵᠦ ᠬᠤᠳᠬᠤᠨ᠎ᠠ᠃ ᠡᠭᠡᠳᠡᠭᠰᠡᠨ ᠰᠦ ᠪᠠ ᠵᠦᠬᠡᠭᠡᠢ ᠶᠢᠨ ᠵᠠᠪᠰᠠᠷ ᠲᠠᠬᠢ ᠰᠦ ᠵᠦᠬᠡᠭᠡᠢ ᠶᠢᠨ ᠬᠤᠯᠢᠮᠠᠭ ᠢ | ᠰᠢᠩᠭᠡ ᠬᠡᠳᠡᠭ᠂ ᠮᠦᠨᠴᠦ ᠰᠠᠶᠢᠬᠠᠨ ᠰᠡᠷᠢᠬᠦᠨ ᠤᠮᠳᠠᠭᠠᠨ ᠶᠤᠮ᠃ | ᠰᠦᠨ ᠬᠤᠷᠤᠳ — ᠰᠦᠨ ᠬᠤᠷᠤᠳ ᠪᠤᠯ ᠲᠠᠶᠢᠹᠤᠰᠧ ᠨᠤᠳᠤᠭ ᠤᠨ ᠮᠠᠯᠴᠢᠨ ᠡᠷᠦᠬᠡ ᠪᠦᠬᠦᠨ ᠤ | ᠨᠡᠶᠢᠳᠡᠮ ᠬᠢᠵᠦ ᠬᠡᠷᠡᠭᠯᠡᠳᠡᠭ ᠭᠤᠤᠯ ᠴᠠᠭᠠᠨ ᠢᠳᠡᠭᠡ ᠮᠦᠨ᠃ ᠵᠦᠭᠡᠭᠡᠢ ᠶᠢ ᠬᠠᠮᠤᠵᠤ ᠠᠪᠤᠭᠰᠠᠨ ᠤ ᠲᠠᠷᠠᠭ᠎ᠠ | ᠦᠯᠡᠳᠡᠭᠰᠡᠨ ᠰᠦᠨ ᠤ ᠡᠭᠡᠳᠡᠮ ︵ᠡᠭᠡᠳᠡᠭᠰᠡᠨ ᠰᠦ︶ ᠢᠶᠠᠨ ᠲᠤᠭᠤᠭᠠᠨ ᠳᠤ ᠬᠢᠵᠦ ᠵᠦᠬᠡᠯᠡᠨ ᠭᠠᠯ ᠢᠶᠠᠷ | ᠪᠤᠴᠠᠯᠭᠠᠪᠠᠯ ᠰᠢᠷ᠎ᠠ ᠤᠰᠤ ᠪᠤᠯᠤᠨ ᠡᠭᠡᠵᠡᠭᠡᠢ ᠨᠢ ᠢᠯᠭᠠᠷᠠᠨ᠎ᠠ᠃ ᠰᠢᠷ᠎ᠠ ᠤᠰᠤ ᠶᠢ ᠨᠢ ᠰᠠᠶᠢᠳᠤᠷ ᠱᠦᠬᠦᠵᠦ | ᠠᠪᠤᠭᠠᠳ ᠦᠯᠡᠳᠡᠭᠰᠡᠨ ᠡᠭᠡᠵᠡᠭᠡᠢ ᠶᠢ ᠰᠠᠶᠢᠳᠤᠷ ᠨᠤᠬᠤᠨ ᠨᠡᠶᠢᠴᠡᠬᠦᠯᠵᠦ᠂ ᠤᠷᠠᠯᠢᠭ ᠰᠠᠶᠢᠬᠠᠨ ᠰᠡᠶᠢᠯᠦᠭᠰᠡᠨ | ᠶᠠᠩᠵᠤ ᠪᠦᠷᠢ ᠶᠢᠨ ᠬᠡᠪ ᠲᠤ ᠲᠠᠷᠤᠰᠢᠭᠤᠯᠵᠤ ᠠᠪᠬᠤ ᠪᠤᠶᠤ ᠬᠠᠪᠳᠠᠭᠠᠶᠢᠯᠠᠨ ᠲᠠᠷᠤᠵᠤ ᠡᠭᠡᠷᠡᠭᠡᠭᠡᠳ ᠭᠡᠷᠴᠢᠵᠦ | ᠬᠠᠳᠠᠭᠠᠪᠠᠯ ᠰᠦᠨ ᠬᠤᠷᠤᠳ ᠪᠤᠯᠤᠨ᠎ᠠ᠃ ᠬᠡᠪᠯᠡᠭᠰᠡᠨ ᠶᠢ ᠬᠡᠪ ᠤᠨ ᠬᠤᠷᠤᠳ ᠬᠡᠵᠦ ᠂ ᠭᠡᠷᠴᠢᠵᠦ ᠬᠠᠳᠠᠭᠠᠭᠰᠠᠨ | ᠢ ᠭᠡᠷᠴᠢᠮᠡᠯ ᠬᠡᠳᠡᠭ᠃ ᠬᠤᠷᠤᠳ ᠢ ᠲᠤᠭᠤᠭᠠᠨ ᠳᠤ ᠨᠤᠬᠤᠬᠤ ᠦᠶ᠎ᠡ ᠳᠡᠭᠡᠨ ᠰᠢᠬᠢᠷ ᠪᠤᠶᠤ ᠪᠤᠷᠠᠮ ᠬᠤᠯᠢᠵᠤ | ᠬᠢᠪᠡᠯ ᠢᠳᠡᠬᠦ ᠳᠤ ᠠᠮᠳᠠᠳᠠᠢ ᠪᠦᠭᠡᠳ ᠠᠶᠢᠬᠤᠪᠳᠤᠷ ᠬᠠᠳᠠᠬᠤ ᠦᠭᠡᠢ ᠪᠠᠶᠢᠳᠠᠭ᠃ ᠬᠤᠷᠤᠳ ᠢ ᠭᠤᠤᠯᠳᠠᠭᠤ ᠴᠠᠢ | ᠳᠤ ᠲᠡᠪᠳᠦᠭᠡᠵᠦ ᠢᠳᠡᠬᠦ ᠪᠤᠶᠤ ᠰᠢᠭᠤᠳ ᠢᠳᠡᠭᠰᠡᠨ ᠴᠤ ᠪᠤᠯᠤᠨ᠎ᠠ ᠃ | ᠪᠢᠰᠢᠯᠠᠭ — ᠪᠢᠰᠢᠯᠠᠭ ᠲᠤ ᠪᠤᠯᠤᠭᠰᠠᠨ ᠰᠦᠨ ᠤ ᠪᠢᠰᠢᠯᠠᠭ᠂ ᠲᠦᠬᠦᠭᠡᠢ ᠰᠦᠨ ᠤ ᠪᠢᠰᠢᠯᠠᠭ ᠬᠡᠵᠦ | ᠬᠤᠶᠠᠷ ᠵᠦᠢᠯ ᠪᠤᠢ᠃ ᠦᠷᠦᠮ᠎ᠡ ᠬᠦᠭᠡᠷᠦᠬᠦᠯᠵᠦ ᠠᠪᠤᠭᠰᠠᠨ ᠪᠤᠯᠤᠭᠰᠠᠨ ᠰᠦᠨ ᠤ ᠡᠭᠡᠳᠡᠮ ᠢᠶᠠᠷ ᠰᠢᠬᠠᠭᠰᠠᠨ ᠢ | ᠪᠤᠯᠤᠭᠰᠠᠨ ᠰᠦᠨ ᠤ ᠪᠢᠰᠢᠯᠠᠭ ᠬᠡᠵᠦ᠂ ᠡᠭᠡᠳᠡᠭᠰᠡᠨ ᠰᠦ ᠬᠤᠯᠢᠵᠤ ᠰᠢᠬᠠᠭᠰᠠᠨ ᠢ ᠲᠦᠬᠦᠭᠡᠢ ᠰᠦᠨ ᠤ ᠪᠢᠰᠢᠯᠠᠭ | ᠭᠡᠨ᠎ᠡ᠃ ᠪᠢᠰᠢᠯᠠᠭ ᠢ ᠮᠦᠨ ᠬᠤᠷᠤᠳ ᠬᠢᠬᠦ ᠲᠠᠢ ᠠᠳᠠᠯᠢ ᠪᠤᠴᠠᠯᠭᠠᠵᠤ᠂ ᠡᠭᠡᠳᠡᠮ ᠦᠳᠭᠡᠷᠡᠬᠦ ᠦᠶᠡᠰ ᠴᠡᠪᠡᠷ | ᠴᠠᠭᠠᠨ ᠪᠦᠰᠡᠨ ᠳᠡᠭᠡᠷ᠎ᠡ ᠱᠦᠬᠦᠵᠦ ᠭᠠᠷᠭᠠᠭᠠᠳ᠂ ᠰᠢᠷ᠎ᠠ ᠤᠰᠤ ᠶᠢ ᠨᠢ ᠰᠠᠶᠢᠳᠤᠷ ᠰᠢᠪᠬᠠᠵᠤ ᠬᠠᠪᠳᠠᠭᠠᠶᠢᠯᠠᠨ | ᠭᠡᠪᠰᠢᠬᠦᠯᠦᠭᠡᠳ᠂ ᠲᠤᠰᠬᠠᠢ ᠪᠡᠯᠡᠳᠭᠡᠭᠰᠡᠨ ᠬᠤᠶᠠᠷ ᠮᠤᠳᠤᠨ ᠬᠠᠪᠳᠠᠰᠤ ᠶᠢᠨ ᠵᠠᠪᠰᠠᠷ ᠲᠠᠯᠪᠢᠵᠦ ᠲᠡᠭᠡᠷ᠎ᠡ ᠠᠴᠠ ᠨᠢ | ᠴᠢᠯᠠᠭᠤ ᠵᠡᠷᠭᠡ ᠬᠦᠨᠳᠦ ᠶᠠᠭᠤᠮ᠎ᠠ ᠪᠠᠷ ᠲᠠᠷᠤᠵᠤ ᠤᠰᠤ ᠶᠢ ᠪᠦᠷᠢᠨ ᠰᠢᠪᠬᠠᠷᠠᠭᠠᠵᠤ ᠠᠪᠤᠨ᠎ᠠ᠃ ᠪᠢᠰᠢᠯᠠᠭ ᠤᠨ | ᠦᠩᠭᠡ ᠨᠢ ᠰᠢᠷ᠎ᠠ᠂ ᠠᠮᠳᠠ ᠨᠢ ᠰᠢᠬᠢᠷᠯᠢᠭ᠂ ᠨᠤᠶᠢᠳᠠᠨ ᠢᠶᠠᠷ ᠵᠦᠰᠦᠵᠦ ᠢᠳᠡᠬᠦ ᠳᠤ ᠲᠤᠩ ᠰᠠᠶᠢᠬᠠᠨ ᠠᠮᠳᠠᠳᠠᠢ᠂ | ᠵᠤᠨ ᠤ ᠴᠠᠭ ᠲᠤ ᠪᠠᠷᠢᠨ ᠢᠳᠡᠵᠦ ᠪᠤᠯᠬᠤ ᠪᠦᠭᠡᠳ ᠴᠠᠢ ᠶᠢᠨ ᠬᠢᠴᠡ ᠳᠤ ᠲᠤᠩ ᠲᠤᠬᠢᠷᠠᠮᠵᠢᠳᠠᠢ᠃ | ᠰᠢᠷ᠎ᠠ ᠴᠠᠭᠠᠨ ᠲᠤᠰᠤ — ᠵᠦᠭᠡᠭᠡᠢ ᠪᠠᠨ ᠸᠠᠭᠠᠷ ᠰᠠᠪᠠᠨ ᠳᠤ ᠬᠢᠵᠦ ᠬᠤᠳᠬᠤᠪᠠᠯ ᠲᠤᠰᠤ ᠨᠢ | ᠪᠦᠭᠡᠮᠨᠡᠷᠡᠵᠦ ᠢᠯᠭᠠᠷᠠᠨ ᠭᠠᠷᠤᠨ᠎ᠠ᠂ ᠡᠬᠦᠨ ᠢ ᠴᠠᠭᠠᠨ ᠲᠤᠰᠤ ᠭᠡᠳᠡᠭ᠃ ᠢᠯᠭᠠᠷᠠᠨ ᠭᠠᠷᠤᠭᠰᠠᠨ ᠰᠦᠮᠦᠰᠦ ᠶᠢ | ᠮᠦᠨ ᠰᠢᠩᠭᠡ ᠬᠡᠵᠦ᠂ ᠡᠭᠦᠨ ᠢ ᠰᠠᠭᠠᠯᠢ ᠶᠢᠨ ᠠᠷᠢᠬᠢ ᠶᠢᠨ ᠬᠦᠷᠦᠩᠭᠡ ᠪᠤᠯᠭᠠᠵᠤ ᠪᠤᠯᠤᠨ᠎ᠠ᠃ ᠴᠠᠭᠠᠨ ᠲᠤᠰᠤ | ᠶᠢ ᠲᠡᠷᠨ ᠭᠡᠪ ᠢᠶᠠᠷ ᠨᠢ ᠢᠳᠡᠵᠦ ᠭᠡᠷᠡᠭᠯᠡᠬᠦ ᠪᠠ ᠬᠠᠳᠠᠭᠠᠯᠠᠵᠤ ᠪᠤᠯᠤᠨ᠎ᠠ᠃ ᠬᠠᠳᠠᠭᠠᠯᠠᠬᠤ ᠲᠠᠭᠠᠨ ᠰᠦᠮᠦᠰᠦ ᠶᠢ | ᠨᠢ ᠰᠠᠶᠢᠳᠤᠷ ᠰᠢᠪᠬᠠᠷᠠᠭᠠᠭᠠᠳ ᠪᠠᠭ᠎ᠠ ᠬᠡᠮᠵᠢᠶᠡᠨ ᠤ ᠨᠠᠷᠢᠯᠢᠭ ᠲᠠᠪᠤᠰᠤ ᠬᠤᠯᠢᠵᠤ ᠂ ᠰᠠᠶᠢᠳᠤᠷ ᠨᠤᠬᠤᠵᠤ | ᠨᠡᠶᠢᠴᠡᠭᠦᠯᠦᠨ ᠰᠡᠷᠢᠬᠦᠨ ᠭᠠᠵᠠᠷ ᠲᠠᠯᠪᠢᠵᠤ ᠬᠠᠳᠠᠭᠠᠯᠠᠨ᠎ᠠ᠃ ᠴᠠᠭᠠᠨ ᠲᠤᠰᠤ ᠪᠠᠨ ᠪᠤᠴᠠᠯᠭᠠᠨ ᠬᠠᠶᠢᠯᠠᠭᠤᠯᠵᠤ ᠰᠢᠷ᠎ᠠ | ᠲᠤᠰᠤ ᠪᠤᠯᠪᠠᠰᠤᠷᠠᠭᠤᠯᠤᠨ ᠠᠪᠤᠨ᠎ᠠ᠃ ᠰᠢᠷ᠎ᠠ ᠲᠤᠰᠤ ᠪᠤᠯ ᠬᠦᠮᠦᠨ ᠤ ᠪᠡᠶ᠎ᠡ ᠳᠤ ᠲᠡᠵᠢᠭᠡᠯ ᠰᠠᠶᠢᠳᠠᠢ ᠪᠦᠬᠡᠳ | ᠢᠳᠡ ᠢᠯᠴᠢ ᠶᠢ ᠨᠡᠮᠡᠭᠳᠡᠬᠦᠯᠬᠦ ᠴᠢᠳᠠᠯ ᠲᠠᠢ ᠤᠬᠢ ᠰᠠᠶᠢᠨ ᠢᠳᠡᠭᠡᠨ ᠮᠦᠨ᠃ ᠰᠢᠷ᠎ᠠ ᠲᠤᠰᠤ ᠲᠠᠢ᠂ ᠪᠤᠳᠠᠭ᠎ᠠ | ᠲᠠᠢ ᠴᠠᠢ ᠤᠤᠭᠤᠬᠤ ᠪᠤᠯ ᠮᠤᠩᠭᠤᠯᠴᠣᠳ ᠤᠨ ᠪᠠᠰᠠ ᠨᠢᠭᠡ ᠤᠨᠴᠠᠯᠢᠭᠳᠤ ᠢᠳᠡᠭᠡᠨ᠃ ᠰᠢᠷ᠎ᠠ ᠲᠤᠰᠤ ᠶᠢ ᠪᠠᠰᠠ | ᠴᠠᠢ ᠬᠤᠭᠤᠯᠠᠨ ᠳᠠᠭᠠᠨ ᠰᠠᠮᠤᠷᠴᠤ ᠠᠮᠳᠠ ᠤᠷᠤᠭᠤᠯᠵᠤ ᠪᠤᠯᠤᠨ᠎ᠠ᠂ ᠶᠢᠤᠮᠠᠢ ᠶᠢᠨ ᠭᠤᠯᠢᠷ ᠲᠠᠢ ᠵᠢᠭᠤᠷᠠᠵᠤ | ᠢᠳᠡᠵᠦ ᠪᠤᠯᠤᠨ᠎ᠠ᠂ ᠵᠤᠯᠨ ᠠᠰᠠᠭᠠᠵᠤ ᠪᠤᠯᠤᠨ᠎ᠠ᠂ ᠡᠮ ᠤᠨ ᠬᠦᠯᠭᠡ ᠳᠤ ᠤᠷᠤᠵᠤ ᠡᠪᠡᠳᠴᠢᠨ ᠡᠮᠭᠡᠭ ᠢ ᠪᠠᠰᠠ | ᠵᠠᠰᠠᠳᠠᠭ᠂ ᠰᠢᠮ᠎ᠡ ᠲᠡᠵᠢᠭᠡᠯ ᠶᠡᠬᠡᠳᠠᠢ ᠪᠤᠯᠬᠤᠷ ᠤᠰᠤᠭᠤᠵᠤ ᠪᠡᠭᠡᠷᠡᠭᠰᠡᠨ ᠬᠦᠮᠦᠨ ᠮᠠᠯ ᠳᠤ ᠰᠢᠷ᠎ᠠ ᠲᠤᠰᠤ | ᠴᠢᠳᠬᠤᠵᠤ ᠦᠭᠪᠡᠯ ᠢᠯᠴᠢ ᠨᠡᠮᠡᠭᠳᠡᠵᠦ ᠲᠠᠷᠤᠢ ᠲᠡᠩᠭᠡᠷᠡᠳᠡᠭ ᠪᠠᠶᠢᠨ᠎ᠠ᠃ ᠰᠢᠷ᠎ᠠ ᠴᠠᠭᠠᠨ ᠲᠤᠰᠤ ᠶᠢ ᠬᠤᠨᠢᠨ ᠤ | ᠤᠯᠤᠭᠠᠢ ᠬᠦᠵᠡᠭᠡ ᠪᠤᠶᠤ ᠰᠢᠯ ᠱᠠᠭᠠᠵᠠᠩ᠂ ᠸᠠᠭᠠᠷ ᠪᠤᠳᠤᠩ ᠳᠤ ᠰᠠᠪᠠᠯᠠᠵᠤ ᠲᠦᠷᠪᠡᠨ ᠤᠯᠠᠷᠢᠯ ᠳᠤ | ᠬᠠᠳᠠᠭᠠᠯᠠᠵᠤ ᠭᠡᠷᠡᠭᠯᠡᠵᠦ ᠪᠤᠯᠤᠨ᠎ᠠ ᠃ | ᠴᠦᠴᠦᠭᠡᠢ — ᠰᠢᠷ᠎ᠠ ᠲᠤᠰᠤ ᠢᠯᠭᠠᠷᠠᠭᠤᠯᠤᠨ ᠪᠤᠯᠪᠠᠰᠤᠷᠠᠭᠤᠯᠵᠤ ᠭᠠᠷᠭᠠᠭᠰᠠᠨ ᠰᠢᠭᠠᠷᠤ ᠶᠢ ᠴᠦᠴᠦᠭᠡᠢ | ᠬᠡᠨ᠎ᠡ᠃ ᠴᠦᠴᠦᠭᠡᠢ ᠪᠤᠯ ᠮᠦᠨ ᠴᠤ ᠬᠦᠴᠦᠯᠢᠭ ᠠᠮᠳᠠᠳᠠᠢ ᠰᠠᠶᠢᠬᠠᠨ ᠢᠳᠡᠭᠡᠨ ᠪᠤᠯᠤᠨ᠎ᠠ ᠃ ᠡᠬᠦᠨ ᠠᠴᠠ | ᠭᠠᠳᠠᠨ᠎ᠠ ᠠᠶᠢᠷᠠᠭ ᠤᠨ ᠲᠤᠰᠤ᠂ ᠴᠠᠭᠠᠨ ᠲᠤᠰᠤ ᠢᠯᠭᠠᠷᠠᠭᠤᠯᠵᠤ ᠦᠯᠡᠳᠡᠭᠰᠡᠨ ᠵᠦᠬᠡᠭᠡᠢ ᠶᠢᠨ ᠰᠦᠮᠦᠰᠦ ︵ | ᠰᠢᠩᠭᠡ︶ ᠵᠡᠷᠭᠡ ᠶᠢ ᠪᠤᠴᠠᠯᠭᠠᠵᠤ ᠴᠦᠴᠦᠬᠡᠢ ᠪᠤᠯᠭᠠᠨ ᠠᠪᠤᠨ᠎ᠠ᠃ ᠡᠭᠦᠨ ᠢ ᠴᠠᠭᠠᠨ ᠴᠦᠴᠦᠬᠡᠢ ᠪᠤᠶᠤ | ᠬᠦᠴᠦᠳᠠᠢ ᠴᠦᠴᠦᠬᠡᠢ ᠭᠡᠳᠡᠭ᠃ ᠴᠦᠴᠦᠬᠡᠢ ᠳᠤ ᠰᠢᠬᠢᠷ ᠪᠤᠷᠠᠮ ᠬᠤᠯᠢᠵᠤ ᠰᠠᠶᠢᠳᠤᠷ ᠨᠤᠬᠤᠵᠤ ᠠᠮᠳᠠᠳᠠᠢ | ᠴᠦᠴᠦᠬᠡᠢ ᠪᠤᠯᠭᠠᠨ ᠭᠡᠪᠰᠢᠬᠦᠯᠵᠦ ᠠᠪᠳᠠᠭ ᠴᠤ ᠪᠠᠶᠢᠨ᠎ᠠ᠃ | ᠴᠤᠷ᠎ᠠ — ᠴᠤᠷ᠎ᠠ ᠪᠤᠯ ᠬᠤᠷᠤᠳ ᠬᠢᠬᠦ ᠲᠠᠢ ᠠᠳᠠᠯᠢ ᠡᠭᠡᠳᠡᠮ ᠢ ᠪᠤᠴᠠᠯᠭᠠᠵᠤ ᠰᠢᠷ᠎ᠠ ᠤᠰᠤ ᠨᠢ | ᠢᠯᠭᠠᠷᠠᠭᠰᠠᠨ ᠬᠤᠶᠢᠨ᠎ᠠ ᠱᠦᠬᠦᠵᠦ ᠠᠪᠤᠭᠠᠳ ᠬᠠᠳᠠᠭᠠᠭᠰᠠᠨ ᠢᠳᠡᠭᠡᠨ ᠮᠦᠨ ᠂ ᠪᠠᠰᠠ ᠡᠭᠡᠵᠡᠬᠡᠢ ᠭᠡᠳᠡᠭ᠃ ᠡᠨ᠋ᠨ | ᠨᠢ ᠦᠨᠡᠨᠳᠡᠭᠡᠨ ᠲᠤᠳᠠᠭᠤ ᠪᠤᠯᠪᠠᠰᠤᠷᠠᠭᠤᠯᠤᠯᠳᠠ ᠶᠤᠮ ᠂ ᠲᠠᠶᠢᠹᠤᠰᠧᠴᠤᠳ ᠲᠡᠮᠡᠢ ᠬᠢᠳᠡᠭ ᠦᠬᠡᠢ᠃ ᠴᠤᠷ᠎ᠠ ᠪᠤᠯ | ᠬᠠᠳᠠᠬᠤ ᠨᠢ ᠲᠦᠷᠭᠡᠨ᠃ ᠬᠠᠳᠠᠭᠠᠯᠠᠬᠤ ᠳᠤ ᠰᠠᠶᠢᠨ ᠪᠠᠶᠢᠳᠠᠭ ᠠᠴᠠ ᠤᠷᠢᠳᠤ ᠨᠡᠬᠦᠳᠠᠯ ᠠᠮᠢᠳᠤᠷᠠᠯ ᠤᠨ ᠦᠶ᠎ᠡ | ᠳᠤ ᠠᠷᠠᠰᠤᠨ ᠲᠤᠯᠤᠮ ᠳᠤ ᠬᠢᠭᠡᠳ ᠳᠡᠭᠡᠷ᠎ᠡ ᠨᠢ ᠪᠠᠭ᠎ᠠ ᠤᠰᠤ ᠬᠢᠵᠦ ᠮᠤᠷᠢᠨ ᠳ᠋ᠠᠭᠠᠨᠭᠠᠨᠵᠤᠭᠠᠯᠠᠵᠤ ᠶᠠᠪᠤᠪᠠᠯ᠂ | ᠤᠷᠤᠢ ᠶᠢᠨ ᠪᠠᠭᠤᠳᠠᠯ ᠳᠠᠭᠠᠨ ᠬᠦᠷᠬᠦ ᠦᠶᠡᠰ ᠲᠡᠷᠨ ᠨᠢ ᠬᠠᠶᠢᠯᠵᠤ ᠬᠤᠭᠤᠷᠮᠠᠭ ᠪᠤᠯᠤᠭᠠᠳ ᠬᠤᠭᠤᠯᠨ | ᠤᠮᠳᠠᠬᠤᠤᠰᠯᠠᠭᠰᠠᠨ ᠠᠮᠳᠠᠳᠤ ᠢᠳᠡᠭᠡᠨ ᠪᠤᠯᠳᠠᠭ ᠪᠠᠶᠢᠨ᠎ᠠ᠃ | ᠠᠭᠠᠷᠴᠠ᠂ ᠠᠭᠠᠷᠤᠤᠯ᠂ ᠠᠭᠠᠷᠴᠠᠨ ᠬᠤᠷᠤᠳ — ᠠᠶᠢᠷᠠᠭ ᠢᠶᠠᠷ ᠠᠷᠢᠬᠢ ᠨᠡᠷᠡᠵᠦ ᠦᠯᠡᠳᠡᠭᠰᠡᠨ ᠴᠠᠭ᠎ᠠ | ᠪᠠᠨ ᠪᠦᠰ ᠤᠭᠤᠳᠠᠨ ᠳᠤ ᠰᠠᠪᠠᠯᠠᠵᠤ ᠠᠪᠤᠭᠠᠳ ᠰᠢᠷ᠎ᠠ ᠤᠰᠤ ᠶᠢ ᠨᠢ ᠱᠦᠬᠦᠷᠡᠬᠦᠯᠵᠦ ᠲᠠᠷᠤᠵᠤ ᠡᠭᠰᠢᠬᠡᠭᠰᠡᠨ ᠢ | ᠠᠭᠠᠷᠴᠠ ᠭᠡᠨ᠎ᠡ᠃ ᠠᠭᠠᠷᠴᠠ ᠶᠢ ᠪᠠᠵᠠᠵᠤ ᠬᠡᠮᠭᠡᠴᠢᠵᠦ ᠬᠠᠳᠠᠭᠠᠭᠰᠠᠨ ᠢ ᠠᠭᠠᠷᠤᠤᠯ ᠭᠡᠵᠦ᠂ ᠠᠭᠠᠷᠴᠠ ᠪᠠᠨ | ᠪᠦᠭᠡᠮᠯᠡᠨ ᠪᠠᠷᠢᠬᠤ ᠪᠤᠶᠤ ᠬᠢᠯᠭᠠᠰᠤ ᠪᠠᠷ ᠵᠦᠰᠦᠵᠦ ᠬᠠᠳᠠᠭᠠᠭᠰᠠᠨ ᠢ ᠠᠭᠠᠷᠴᠠᠨ ᠬᠤᠷᠤᠳ ᠬᠡᠨ᠎ᠡ᠃ ᠬᠡᠬᠦᠨ | ᠰᠦᠨ ᠤ ᠠᠶᠢᠷᠠᠭ ᠢᠶᠠᠷ ᠳᠡᠭᠡᠷᠡᠬᠢ ᠮᠡᠳᠦ ᠦᠢᠯᠡᠳᠦᠭᠰᠡᠨ ᠢ ᠭᠡᠬᠦᠨ ᠰᠦᠨ ᠤ ᠠᠭᠠᠷᠴᠠᠨ ᠬᠤᠷᠤᠳ ᠬᠡᠨ᠎ᠡ᠃ | ᠠᠭᠠᠷᠴᠠᠨᠬᠤᠷᠤᠳ᠂ ᠠᠭᠠᠷᠤᠤᠯ ᠪᠤᠯ ᠬᠠᠳᠠᠭᠠᠯᠵᠤ ᠢᠳᠡᠬᠦ ᠳᠤ ᠵᠤᠬᠢᠮᠵᠢᠳᠠᠢ᠂ ᠠᠶᠢᠬᠤᠪᠳᠤᠷ ᠬᠦᠴᠦᠯᠢᠭ ᠠᠮᠳᠠᠳᠠᠢ | ᠂ ᠴᠠᠢ ᠶᠢᠨ ᠰᠠᠶᠢᠨ ᠬᠤᠯᠢᠴᠠ ᠢᠳᠡᠭᠡᠨ ᠮᠦᠨ᠃ | ᠦᠷᠦᠮ᠎ᠡ — ᠦᠷᠦᠮ᠎ᠡ ᠪᠤᠯ ᠰᠦ ᠶᠢ ᠬᠦᠭᠡᠷᠦᠬᠦᠯᠵᠦ ᠪᠤᠯᠪᠠᠰᠤᠷᠠᠭᠤᠯᠤᠭᠰᠠᠨ ᠢᠳᠡᠭᠡᠨ᠃ ᠨᠠᠮᠤᠷ | ᠤᠨ ᠰᠡᠬᠦᠯᠴᠢ ᠪᠠᠷ ᠰᠦ ᠦᠳᠭᠡᠷᠡᠬᠦ ᠦᠶᠡᠰ ᠦᠷᠦᠮ᠎ᠡ ᠬᠦᠭᠡᠷᠦᠬᠦᠯᠵᠦ ᠠᠪᠤᠨ᠎ᠠ᠂ ᠢᠩᠬᠢᠪᠡᠯ ᠦᠷᠦᠮ᠎ᠡ ᠨᠢ | ᠲᠤᠰᠤᠯᠢᠭ ᠵᠤᠵᠠᠭᠠᠨ ᠪᠤᠯᠳᠠᠭ᠃ ᠦᠷᠦᠮ᠎ᠡ ᠬᠦᠭᠡᠷᠦᠬᠦᠯᠬᠦ ᠳᠤ ᠰᠦ ᠪᠠᠨ ᠲᠤᠭᠤᠭᠠᠨ ᠳᠤ ᠬᠢᠵᠦ | ᠬᠦᠭᠡᠷᠦᠬᠦᠯᠦᠭᠡᠳ ᠤᠯᠠᠨ ᠤᠳᠠᠭ᠎ᠠ ᠰᠠᠮᠤᠷᠤᠨ᠎ᠠ᠂ ᠭᠠᠯ ᠤᠨ ᠢᠯᠴᠢ ᠪᠠᠭᠤᠷᠠᠬᠤ ᠶᠢ ᠲᠠᠭᠠᠨ ᠬᠦᠭᠡᠰᠦ ᠨᠢ | ᠵᠠᠮᠬᠠᠷᠠᠵᠤ ᠴᠤᠬᠤᠷᠳᠠᠨ ᠬᠦᠷᠦᠰᠦᠯᠡᠨᠡ᠂ ᠡᠨ᠋ᠨ ᠦᠶ᠎ᠡ ᠳᠤ ᠭᠠᠯ ᠤᠨ ᠬᠦᠴᠦ ᠶᠢ ᠪᠠᠭᠠᠰᠬᠠᠨ᠎ᠠ᠂ ᠲᠤᠰᠤᠯᠢᠭ ᠢ | ᠨᠢ ᠵᠤᠵᠠᠭᠠᠷᠠᠭᠤᠯᠬᠤ ᠶᠢᠨ ᠲᠦᠯᠦᠬᠡ ᠲᠤᠭᠤᠭᠠᠨ ᠳᠤ ᠨᠠᠭᠠᠯᠳᠤᠭᠰᠠᠨ ᠬᠦᠪᠡᠭᠡ ᠶᠢ ᠨᠢ ᠬᠤᠰᠤᠭᠤᠷ ᠢᠶᠠᠷ | ᠰᠠᠯᠭᠠᠨ ᠡᠳᠦᠷ ᠲᠤ ᠬᠡᠳᠦ ᠤᠳᠠᠭ᠎ᠠ ᠰᠦ ᠨᠡᠮᠡᠨ᠎ᠡ᠂ ᠰᠦ ᠤᠯᠠᠨ ᠨᠡᠮᠡᠪᠡᠯ ᠦᠷᠦᠮ᠎ᠡ ᠵᠤᠵᠠᠭᠠᠨ ᠪᠤᠯᠤᠨ᠎ᠠ᠃ | ᠪᠠᠷᠤᠭ24 ᠴᠠᠭ ᠴᠠᠷᠴᠠᠭᠠᠭᠰᠠᠨ ᠤ ᠲᠠᠷᠠᠭ᠎ᠠ ᠪᠦᠬᠦᠯᠢ ᠪᠠᠷ ᠨᠢ ᠠᠪᠴᠤ ᠨᠤᠭᠤᠯᠵᠤ ᠲᠠᠯᠪᠢᠭᠠᠳ ᠬᠠᠳᠠᠭᠠᠨ᠎ᠠ᠃ | ᠨᠤᠶᠢᠳᠠᠨ ᠦᠷᠦᠮ᠎ᠡ ᠶᠢ ᠰᠢᠷᠭᠠᠭᠠᠪᠠᠯ ᠮᠦᠨ ᠰᠢᠷ᠎ᠠ ᠲᠤᠰᠤ ᠪᠠ ᠴᠦᠴᠦᠭᠡᠢ ᠭᠠᠷᠤᠨ᠎ᠠ᠃ ᠦᠷᠦᠮ᠎ᠡ ᠪᠤᠯ ᠴᠠᠭᠠᠨ | ᠢᠳᠡᠭᠡᠨ ᠤ ᠪᠤᠯᠪᠠᠰᠤᠷᠠᠭᠤᠯᠤᠯᠳᠠ ᠶᠢᠨ ᠨᠡᠯᠢᠶᠡᠳ ᠨᠠᠷᠢᠨ ᠬᠢᠴᠡᠳᠠᠢ ᠲᠤᠰᠤᠯᠢᠭ ᠢᠳᠡᠭᠡᠨ ᠪᠦᠭᠡᠳ ᠰᠦ ᠲᠤᠰᠤᠨ | ᠤ ᠠᠮᠳᠠ ᠶᠢ ᠪᠦᠷᠢᠨ ᠬᠠᠳᠠᠭᠠᠯᠠᠭᠰᠠᠨ᠂ ᠠᠮᠳᠠ ᠭᠤᠶᠤ᠂ ᠴᠢᠨᠠᠷ ᠰᠠᠶᠢᠨ᠂ ᠲᠡᠵᠢᠭᠡᠯ ᠦᠨᠳᠦᠷ ᠰᠣᠳᠣᠨᠰᠠᠶᠢᠨ | ᠴᠠᠭᠠᠨ ᠢᠳᠡᠭᠡ ᠪᠤᠯᠤᠨ᠎ᠠ᠃ ᠦᠷᠦᠮ᠎ᠡ ᠶᠢ ᠨᠤᠶᠢᠳᠠᠨ ᠢᠶᠠᠷ ᠨᠢ ᠬᠠᠮᠤᠵᠤ ᠠᠪᠤᠭᠠᠳ ᠵᠦᠬᠡᠭᠡᠢ ᠰᠢᠭ ᠪᠤᠳᠠᠭ᠎ᠠ | ᠵᠢᠭᠤᠷᠠᠵᠤ ᠢᠳᠡᠵᠦ ᠪᠤᠯᠤᠨ᠎ᠠ᠂ ᠪᠠᠰᠠ ᠴᠠᠭᠠᠨ ᠢᠳᠡᠭᠡᠨ ᠤ ᠦᠩᠭᠡ ᠲᠠᠯᠪᠢᠬᠤ᠂ ᠴᠠᠢ ᠳᠤ ᠬᠢᠵᠦ ᠤᠤᠭᠤᠬᠤ᠂ | ᠵᠤᠴᠢᠨ ᠲᠠᠶᠢᠯᠠᠬᠤ ᠳᠤ ᠬᠡᠷᠡᠭᠯᠡᠨ᠎ᠡ᠃ | ᠰᠢᠷ᠎ᠠ ᠤᠰᠤ — ᠴᠠᠭᠠᠨ ᠢᠳᠡᠭᠡᠨ ᠤ ᠳᠠᠭᠠᠯᠳᠤᠪᠤᠷᠢ ᠵᠦᠢᠯ ᠂ ᠤᠷᠢᠳᠤ ᠶᠠᠭᠤᠮ᠎ᠠ ᠬᠤᠪᠤᠷ ᠦᠶᠡᠰ | ᠰᠢᠷ᠎ᠠ ᠤᠰᠤ ᠶᠢ ᠲᠤᠩᠭᠠᠨ ᠪᠤᠴᠠᠯᠭᠠᠵᠤ ᠰᠢᠷ᠎ᠠ ᠤᠰᠤᠨ ᠤ ᠬᠤᠷᠤᠳ ᠪᠠᠰᠠ ᠬᠢᠳᠡᠭ᠃ ᠬᠤᠷᠤᠳ ᠬᠢᠬᠦ ᠳᠤ | ᠭᠠᠷᠤᠭᠰᠠᠨ ᠰᠢᠷ᠎ᠠ ᠤᠰᠤ ᠶᠢ ᠠᠶᠢᠷᠠᠭ ᠢᠰᠭᠡᠬᠦ ᠳᠤ ᠬᠡᠷᠡᠭᠯᠡᠵᠦ ᠪᠤᠯᠬᠤ ᠪᠠ ᠭᠤᠯᠢᠷ ᠢᠰᠭᠡᠬᠦ ᠳᠤ ᠬᠡᠷᠡᠭᠯᠡᠨ᠎ᠡ᠃ | ᠰᠢᠷ᠎ᠠ ᠣᠰᠣ ᠪᠠᠷ ᠶᠠᠳᠠᠷ ᠲᠤᠷᠤᠢ ᠮᠠᠯ ᠢ ᠤᠰᠤᠯᠠᠪᠠᠯ ᠲᠦᠷᠭᠡᠨ ᠲᠡᠩᠭᠡᠷᠡᠬᠦ ᠪᠦᠭᠡᠳ ᠮᠠᠯ ᠤᠨ ᠬᠠᠮᠠᠭᠤ ᠡᠪᠳᠴᠢᠨ | ᠢ ᠤᠬᠢᠶᠠᠪᠠᠰᠤ ᠤᠷᠬᠠᠭ ᠦᠬᠡᠢ ᠡᠳᠡᠭᠡᠷᠡᠨ᠎ᠡ᠃ | | | | | | | | |