ᠡᠩᠬᠡᠪᠠᠳᠤ
ᠨᠡᠶᠢᠲᠡᠯᠡᠭᠰᠡᠨ ᠴᠠᠭ᠄
2017/5/24
     ᠡᠩᠬᠡᠪᠠᠳᠦ᠂ 1882 ᠤᠨ ᠳᠤ  ︵ᠬᠠᠷ᠎ᠠ ᠮᠤᠷᠢᠨ ᠵᠢᠯ︶᠂   ᠲᠠᠶᠢᠹᠤᠰᠧ ᠵᠡᠭᠦᠨ ᠭᠠᠷ ᠰᠦᠷᠦᠭ ᠤᠨ ᠭᠦᠯᠦ ᠴᠠᠭᠠᠨ ᠬᠤᠰᠢᠭᠤᠨ ᠤ ᠦᠴᠢ ᠤᠪᠤᠭ᠎ᠠ  ︵ᠤᠳᠤᠬᠢ ᠰᠢᠯᠢ ᠶᠢᠨ ᠭᠤᠤᠯ ᠠᠶᠢᠮᠠᠭ ᠤᠨ  ᠲᠠᠶᠢᠹᠤᠰᠧ ᠬᠤᠰᠢᠭᠤᠨ ᠤ ᠭᠦᠨᠪᠤᠯᠠᠭ ᠰᠤᠮᠤᠨ ᠤ ᠦᠴᠢ ᠤᠪᠤᠭ᠎ᠠ ᠭᠠᠴᠠᠭ᠎ᠠ︶   ᠳᠤ ᠬᠠᠩᠭᠢᠨ ᠤᠪᠤᠬᠳᠠᠢ ᠰᠤᠷᠪᠤᠯᠵᠢᠳᠤ ᠠᠶᠢᠯ ᠳᠤ ᠲᠦᠷᠦᠵᠡᠢ᠃ ᠲᠡᠷᠡ ᠬᠠᠩᠭᠢᠨ ᠭᠤᠮᠪᠤᠵᠠᠪ ᠤᠨ ᠭᠤᠷᠪᠠᠳᠤᠭᠠᠷ ᠡᠪᠦᠭᠡ ᠠᠪᠤ ᠨᠢ ᠪᠤᠯᠳᠠᠭ᠃ ᠲᠡᠭᠦᠨ ᠤ ᠮᠤᠩᠭᠤᠯ ᠨᠡᠷ᠎ᠡ ᠨᠢ ᠡᠩᠬᠡᠪᠠᠳᠦ  ᠂  ᠡᠷᠭᠦᠭᠰᠡᠨ ᠨᠡᠷ᠎ᠠ ᠨᠢ ᠽᠢ ᠷᠦᠩ  ᠃ ᠡᠩᠬᠡᠪᠠᠳᠦ ᠵᠠᠩ ᠠᠪᠤᠷᠢ ᠨᠢ ᠲᠤᠭᠤᠢ ᠰᠢᠭ᠋᠂ ᠶᠡᠭᠡ ᠰᠡᠴᠡᠨ ᠰᠡᠷᠭᠦᠯᠡᠩ᠂ ᠪᠠᠭ᠎ᠠ ᠠᠴᠠ ᠪᠠᠨ ᠬᠡᠯᠡ ᠠᠮᠨ ᠨᠢ ᠬᠤᠷᠴᠠ᠂ ᠶᠤᠰᠤ ᠶᠠᠷᠢᠬᠤ ᠲᠤᠷᠠᠳᠠᠢ ᠪᠠᠶᠢᠳᠠᠭ᠃ 11 ᠨᠠᠰᠤᠳᠠᠢ ᠳᠠᠭᠠᠨ ᠮᠠᠯᠠᠭᠠᠢ ᠶᠢᠨ ᠰᠦᠮ᠎ᠡ ᠶᠢᠨ ᠴᠤᠶᠢᠷ ᠤᠨ  ᠮᠦᠷᠦᠶᠢᠴᠡᠭᠡᠨ ᠳᠤ ᠶᠡᠭᠡ ᠯᠠᠮ᠎ᠠ  ᠲᠠᠢ ᠪᠠᠨ ᠴᠤᠶᠢᠷ ᠬᠡᠯᠡᠯᠴᠡᠵᠦ ᠢᠯᠠᠭᠠᠳ ᠨᠡᠷ᠎ᠡ ᠭᠠᠷᠴᠦ ᠪᠠᠶᠢᠪᠠ᠃ 18 ᠨᠠᠰᠤᠳᠠᠢ ᠳᠠᠭᠠᠨ ᠪᠡᠭᠡᠵᠢᠩ ᠤᠨ ᠶᠦᠩ ᠡᠾᠧ ᠬᠦᠩ ᠬᠡᠶᠢᠳ ᠲᠤ ᠤᠴᠢᠵᠤ ᠯᠠᠮ᠎ᠠ  ᠪᠤᠯᠤᠬᠰᠠᠨ ᠪᠦᠭᠡᠳ ᠲᠡᠷᠡ  ᠦᠶ᠎ᠡ ᠠᠴᠠ ᠡᠬᠢᠯᠡᠭᠡᠳ ᠬᠤᠪᠢᠰᠬᠠᠯ ᠤᠨ ᠦᠵᠡᠯ ᠰᠠᠨᠠᠭ᠎ᠠ ᠶᠢ ᠬᠦᠯᠢᠶᠡᠨ ᠠᠪᠤᠬᠰᠠᠨ ᠪᠠᠶᠢᠨ᠎ᠠ᠃      ᠡᠩᠬᠡᠪᠠᠳᠦ  ᠪᠤᠯ ᠮᠤᠩᠭᠤᠯ  ᠦᠨᠳᠡᠰᠦᠳᠡᠨ ᠤ ᠬᠦᠷᠦᠩᠭᠡᠳᠡᠨ ᠠᠩᠭᠢ ᠶᠢᠨ ᠠᠷᠠᠳᠴᠢᠯᠠᠬᠰᠠᠨ ‍ᠤ᠊ ᠬᠤᠪᠢᠰᠬᠠᠯᠴᠢᠳ   ᠤᠨ ᠠᠬᠠᠮᠠᠳ ᠦᠶ᠎ᠡ ᠶᠢᠨ ᠬᠢᠨ ᠤ ᠨᠢᠭᠡ ᠨᠢ ᠪᠤᠯᠤᠨ᠎ᠠ᠃ ᠲᠡᠷᠡ ᠰᠦᠨ ᠵᠦᠩ ᠱᠠᠨ ᠤ ᠰᠠᠨᠠᠭᠠᠴᠢᠯᠠᠬᠰᠠᠨ ᠠᠷᠠᠳᠴᠢᠯᠠᠬᠰᠠᠨ ᠬᠤᠪᠢᠰᠬᠠᠯ ᠤᠨ ᠦᠶ᠎ᠡ ᠶᠢᠨ ᠮᠤᠩᠭᠤᠯᠴᠤᠳ ᠤᠨ ᠲᠤᠳᠤᠷ᠎ᠠ ᠬᠠᠮᠤᠭ ᠤᠨ ᠡᠷᠳᠡ  ᠤᠬᠠᠭᠠᠷᠠᠭᠰᠠᠨ ᠪᠦᠭᠡᠳ ᠭᠤᠮᠢᠨᠳᠠᠩ ᠨᠠᠮ ᠪᠤᠯᠤᠨ ᠡᠪ ᠬᠠᠮᠳᠤ ᠨᠠᠮ ᠤᠨ ᠬᠠᠮᠳᠤᠷᠠᠯᠴᠠᠬᠤ ᠳᠤ ᠪᠠᠯᠡᠷᠠᠰᠢ ᠦᠭᠡᠢ ᠭᠠᠪᠢᠶ᠎ᠠ ᠵᠢᠳᠬᠦᠯ ᠪᠠᠶᠢᠭᠤᠯᠤᠬᠰᠠᠨ ᠶᠤᠮ᠃ ᠡᠩᠬᠡᠪᠠᠳᠦ ᠶᠢᠨ ᠦᠰᠴᠦ ᠪᠤᠶᠢᠵᠢᠬᠰᠠᠨ  ᠶᠠᠪᠤᠴᠠ ᠨᠢ ᠲᠡᠭᠦᠨ  ᠤ ᠲᠦᠷᠦᠭᠰᠡᠨ ᠨᠤᠳᠤᠭ ᠪᠤᠯᠤᠨ ᠦᠰᠴᠦ ᠪᠤᠶᠢᠵᠢᠬᠰᠠᠨ ᠤᠷᠴᠢᠨ ᠲᠤᠭᠤᠷᠢᠨ  ᠪᠠ ᠤᠨᠴᠠᠭᠠᠢ ᠲᠡᠦᠬᠡᠨ ᠠᠬᠤᠢ᠂ ᠴᠠᠭ ᠲᠤᠬᠢᠶᠠᠯ ᠲᠠᠢ ᠰᠢᠭᠤᠳ  ᠬᠤᠯᠪᠤᠭᠳᠠᠨ᠎ᠠ᠃     1911 ᠤᠨ ᠤ ᠡᠬᠢᠨ ᠳᠤ  ᠲᠡᠷᠡᠪᠡᠷ  ᠪᠤᠰᠤᠳ ᠬᠦᠮᠦᠨ ᠤ ᠲᠠᠨᠢᠯᠴᠠᠭᠤᠯᠭ᠎ᠠ ᠪᠠᠷ ᠲᠠᠨᠢᠵᠦ ᠮᠠᠳᠠᠬᠦ ᠦᠭᠡᠢ ᠡᠮᠦᠨ᠎ᠡ ᠤᠷᠤᠨ ᠳᠤ ᠭᠠᠭᠴᠠᠭᠠᠷ ᠢᠶᠠᠨ ᠬᠦᠷᠴᠦ  ᠂1912 ᠤᠨ ᠳᠤ  ᠰᠦᠨ ᠵᠦ᠋ᠩ ᠱᠠᠨ ᠠᠪᠤᠭᠠᠢ ᠶᠢᠨ ᠤᠳᠤᠷᠢᠳᠤᠬᠰᠠᠨ‌‍ᠲ᠋ᠦ᠋ᠩ ᠮᠧ ᠾᠦᠢ  ᠡᠪᠯᠡᠯ ᠳᠤ ᠤᠷᠤᠵᠤ  ᠂ ᠬᠤᠪᠢᠰᠬᠠᠯ ᠤᠨ ᠲᠦᠯᠦᠭᠡ ᠡᠳ᠋ ᠮᠦᠩᠭᠦ ᠴᠤᠬᠯᠠᠭᠤᠯᠠᠬᠤ ᠡᠭᠦᠷᠭᠡ ᠶᠢ ᠲᠠᠭᠠᠭᠠᠵᠤ ᠠᠪᠤᠭᠰᠠᠨ ᠪᠠᠶᠢᠨ᠎ᠠ᠃ ᠲᠡᠷᠡ ᠪᠠᠶᠠᠨ ᠬᠤᠳᠠᠯᠳᠤᠭᠠᠴᠢᠨ ᠢᠶᠠᠷ ᠤᠪᠯᠠᠵᠤ ᠵᠠᠰᠠᠭᠠᠳ ᠵᠡᠭᠦᠨ ᠬᠤᠶᠢᠳᠤ ᠤᠷᠤᠨ᠂ ᠪᠠᠷᠠᠭᠤᠨ ᠬᠤᠶᠢᠳᠤ ᠤᠷᠤᠨ  ᠵᠢᠴᠢ ᠪᠡᠭᠡᠵᠢᠩ᠂  ᠲᠢᠶᠠᠨᠵᠢᠨ ᠵᠡᠷᠭᠡ ᠭᠠᠵᠠᠷ  ᠤᠷᠤᠨ ᠢᠶᠠᠷ ᠬᠤᠪᠢᠰᠠᠬᠠᠯ ᠤᠨ ᠤᠴᠢᠷ ᠶᠤᠰᠤ ᠶᠢ ᠨᠢᠭᠤᠴᠠ ᠪᠠᠷ ᠤᠬᠠᠭᠤᠯᠤᠨ ᠶᠠᠪᠤᠬᠰᠠᠨ ᠢᠶᠠᠷ ᠮᠤᠩᠭᠤᠯ ᠰᠡᠬᠡᠭᠡᠳᠡᠳ ᠤᠨ ᠲᠤᠮᠳᠠ ᠮᠠᠰᠢ ᠶᠡᠭᠡ ᠨᠦᠯᠦᠭᠡ ᠲᠠᠢ ᠪᠤᠯᠵᠤ᠂ ᠦᠪᠦᠷ ᠮᠤᠩᠭᠤᠯ ᠤᠷᠤᠨ ᠳᠠᠭᠠᠨ ᠨᠡᠷᠡᠳᠡᠢ ᠬᠦᠷᠦᠩᠬᠡᠳᠡᠨ ᠠᠩᠭᠢ ᠶᠢᠨ ᠠᠷᠠᠳᠴᠢᠯᠠᠬᠰᠠᠨ ᠬᠤᠪᠢᠰᠬᠠᠯᠴᠢ  ᠪᠤᠯᠵᠠᠢ᠃ ᠲᠡᠭᠦᠨ ᠤ ᠡᠨᠡᠬᠦ ᠴᠦᠬᠦᠷᠡᠰᠢ ᠦᠭᠡᠢ ᠴᠠᠷᠮᠠᠶᠢᠯᠠᠭ᠎ᠠ ᠨᠢ ᠰᠦᠨ ᠵᠦ᠋ᠩ ᠱᠠᠨ ᠳᠤ  ᠶᠡᠬᠡᠳᠡ ᠲᠤᠭᠤᠬᠳᠠᠵᠤ᠂ ᠰᠦᠨ ᠵᠦᠩ ᠱᠠᠨ ᠲᠡᠭᠦᠨ ᠢ 《 ᠤᠷᠳᠤ ᠬᠤᠭᠤᠴᠠᠭ᠎ᠠ ᠪᠠᠷ ᠨᠢᠭᠤᠴᠠ ᠠᠵᠢᠯ  ᠬᠢᠭᠰᠡᠨ᠂  ᠶᠡᠷᠦ ᠠᠴᠠ ᠨᠡᠷ᠎ᠡ ᠠᠰᠢᠭ ᠢ  ᠬᠦᠭᠡᠭᠡᠴᠡᠯᠳᠦᠳᠡᠭ ᠦᠭᠡᠢ  ᠂  ᠤᠯᠳᠠᠬᠤᠶ᠎ᠡ  ᠪᠡᠷᠭᠡ ᠰᠠᠶᠢᠨ ᠨᠦᠭᠦᠷ》 ᠭᠡᠵᠦ ᠦᠨᠡᠯᠡᠵᠤ ᠪᠠᠶᠢᠪᠠ᠃     ᠡᠩᠬᠡᠪᠠᠳᠤ ᠰᠦᠩ ᠵᠦᠩ ᠱᠠᠨ ᠤ ᠲᠤᠷᠳᠤᠬᠰᠠᠨ 《 ᠵᠦᠪᠯᠡᠯᠳᠦ ᠬᠤᠯᠪᠤᠭᠠᠳᠤ ᠤᠯᠤᠰ ᠲᠠᠢ ᠬᠤᠯᠪᠤᠭᠠᠯᠠᠬᠤ ᠂ ᠡᠪ ᠬᠠᠮᠳᠤ ᠨᠠᠮ ᠲᠠᠢ ᠬᠤᠯᠪᠤᠭᠠᠯᠠᠬᠤ᠂ ᠠᠵᠢᠯᠴᠢᠨ ᠲᠠᠷᠢᠶᠠᠴᠢᠨ ᠢ ᠲᠡᠮᠵᠢᠨ ᠲᠡᠳᠬᠦᠬᠦ 》ᠭᠤᠷᠪᠠᠨ  ᠶᠡᠭᠡ ᠪᠤᠳᠤᠯᠭ᠎ᠠ ᠶᠢ ᠡᠷᠡᠰ ᠬᠦᠷᠢᠶᠡᠯᠡᠨ᠂  ᠰᠦᠨ ᠵᠦᠩ ᠱᠠᠨ ᠪᠤᠯᠤᠨ ᠯᠢ ᠳ᠋ᠠ ᠵᠤᠤ ᠬᠤᠶᠠᠷ ᠤᠨ  ᠬᠤᠭᠤᠷᠤᠨᠳᠡᠬᠢ ᠬᠤᠯᠪᠤᠭᠠᠴᠢᠨ ᠪᠤᠯᠵᠤ᠂ ᠤᠯᠠᠨ ᠤᠳᠠᠭ᠎ᠠ ᠲᠡᠳᠡᠨ ᠤ ᠬᠤᠭᠤᠷᠤᠩᠳᠤ ᠵᠠᠬᠢᠳᠠᠯ ᠴᠢᠮᠡᠭᠡ ᠲᠠᠮᠵᠢᠭᠤᠯᠵᠤ ᠦᠭᠴᠡᠢ᠃  ᠡᠨᠡ ᠮᠡᠳᠦᠴᠢᠯᠡᠨ ᠭᠠᠷᠠᠮᠭᠠᠢ ᠠᠵᠢᠯᠯᠠᠬᠰᠠᠨ ᠠᠴᠠ᠂ 1924 ᠤᠨ ᠳᠤ ᠭᠤᠮᠢᠨᠳᠠᠩ ᠨᠠᠮ ᠤᠨ ᠠᠩᠬᠠᠳᠤᠭᠠᠷ ᠬᠤᠭᠤᠴᠠᠭᠠᠨ ᠤ ᠪᠦᠬᠦ ᠤᠯᠤᠰ ᠤᠨ ᠲᠦᠯᠦᠭᠡᠯᠡᠭᠴᠢᠳ ᠤᠨ ᠶᠡᠭᠡ ᠬᠤᠷᠠᠯ  ᠭᠤᠸᠠᠩᠵᠸᠦ ᠳᠤ  ᠬᠤᠷᠠᠯᠳᠤᠬᠤ ᠳᠤ  ᠰᠦᠨ ᠵᠦᠩ  ᠱᠠᠨ‌ᠦᠪᠡᠷ ᠤᠨ ᠪᠡᠶ᠎ᠡ ᠪᠠᠷ  ᠨᠡᠷ᠎ᠡ ᠲᠤᠷᠠᠳᠴᠤ᠂ ᠡᠩᠬᠡᠪᠠᠳᠤ᠂ ᠯᠢ ᠳ᠋ᠠ ᠵᠤᠤ ᠵᠡᠷᠭᠡ ᠲᠡᠪᠤᠨ ᠬᠦᠮᠦᠨ  ᠢ ᠤᠮᠠᠷᠠᠳᠤ ᠤᠷᠤᠨ ᠤ ᠲᠦᠯᠦᠭᠡᠯᠡᠭᠴᠢ ᠪᠠᠷ ᠲᠤᠰ ᠬᠤᠷᠠᠯ ᠳᠤ ᠤᠷᠤᠯᠴᠠᠭᠤᠯᠵᠠᠢ  ᠃  ᠡᠨᠡ ᠬᠤᠷᠠᠯ ᠲᠡᠭᠡᠷ᠎ᠡ ᠡᠩᠬᠡᠪᠡᠳᠤ ᠲᠦᠪ ᠬᠤᠷᠢᠶᠠᠨ ᠤ ᠭᠦᠢᠴᠡᠳᠬᠡᠬᠦ  ᠵᠦᠪᠯᠡᠯ ᠤᠨ ᠬᠡᠰᠢᠭᠦᠨ ᠢᠶᠠᠷ ᠰᠤᠩᠭᠤᠬᠳᠠᠪᠠ᠃     1925 ᠤᠨ ᠳᠤ᠂ ᠰᠦᠨ ᠵᠦᠩ ᠱᠠᠨ ᠤᠮᠠᠷᠠᠰᠢ  ᠵᠤᠷᠢᠬᠤ ᠦᠶ᠎ᠡ ᠳᠤ ᠡᠩᠬᠡᠪᠠᠳᠤ ᠤᠷᠢᠳᠴᠢᠯᠠᠨ ᠬᠦᠷᠴᠦ ᠠᠮᠤᠷ ᠢ ᠬᠠᠮᠠᠭᠠᠯᠠᠬᠤ ᠵᠡᠷᠭᠡ ᠠᠵᠢᠯ ᠢ ᠪᠠᠶᠢᠷᠢᠯᠭᠤᠯᠪᠠ᠃ ᠲᠤᠰ ᠵᠢᠯ   ᠨᠢ ᠰᠦᠨ ᠵᠦᠩ ᠱᠠᠨ ᠪᠡᠭᠡᠵᠢᠩ ᠳᠤ ᠨᠠᠰᠤ ᠪᠠᠷᠠᠬᠰᠠᠨ ᠲᠠᠷᠠᠭ᠎ᠠ ᠡᠩᠬᠡᠪᠠᠳᠤ  ᠯᠢᠶᠤᠤ ᠵᠦᠩ ᠺᠠᠢ᠂ ᠲᠠᠨ ᠶᠠᠨ ᠺᠠᠢ ᠵᠡᠷᠭᠡ ᠬᠦᠮᠦᠰ ᠲᠠᠢ ᠬᠠᠮᠵᠢᠯᠴᠢᠨ ᠭᠤᠮᠢᠨᠳᠠᠩ ᠤᠨ ᠨᠠᠮ ᠤᠨ ᠠᠵᠢᠯ ᠪᠠ ᠲᠤᠳᠤᠭᠠᠳᠤ ᠳᠠᠬᠢ ᠪᠦᠯᠬᠦᠮᠳᠡᠯ ᠤᠨ ᠠᠵᠢᠯ ᠢ ᠴᠠᠷᠮᠠᠶᠢᠨ ᠭᠦᠢᠴᠡᠳᠬᠡᠵᠦ ᠢᠷᠡᠵᠡᠢ᠃  ᠲᠤᠰ ᠵᠢᠯ ᠨᠢ ᠲᠡᠷᠡᠪᠡᠷ《 ᠦᠪᠦᠷ ᠮᠤᠩᠭᠤᠯ ᠤᠨ ᠠᠷᠠᠳ ᠤᠨ ᠬᠤᠪᠢᠰᠬᠠᠯᠳᠤ ᠨᠠᠮ》 ᠢ ᠪᠠᠶᠢᠭᠤᠯᠬᠤ  ᠠᠵᠢᠯ ᠳᠤ ᠤᠷᠤᠯᠴᠠᠪᠠ᠃ 1926 ᠤᠨ   ᠤ 1 ᠰᠠᠷ᠎ᠠ ᠳᠤ ᠭᠤᠮᠢᠨᠳᠠᠩ  ᠨᠠᠮ ᠤᠨ ᠬᠤᠶᠠᠳᠤᠭᠠᠷ ᠤᠳᠠᠭᠠᠨ ᠤ ᠪᠦᠬᠦ ᠤᠯᠤᠰ ᠤᠨ ᠲᠦᠯᠦᠭᠡᠯᠡᠭᠴᠢᠳ ᠤᠨ ᠶᠡᠭᠡ ᠬᠤᠷᠠᠯ ᠲᠡᠭᠡᠷ᠎ᠡ ᠡᠩᠬᠡᠪᠠᠳᠤ ᠲᠡᠷᠢᠭᠦᠯᠡᠭᠴᠢᠳ ᠤᠨ ᠪᠦᠯᠬᠦᠮ ᠤᠨ ᠲᠤᠯᠤᠭᠠᠨ ᠬᠡᠰᠢᠭᠦᠨ ᠤ ᠨᠢᠭᠡ ᠪᠠᠷ ᠰᠤᠩᠭᠤᠬᠳᠠᠵᠤ᠂ ᠲᠦᠪ ᠬᠤᠷᠢᠶᠠᠨ ᠤ ᠭᠦᠢᠴᠡᠳᠬᠡᠬᠦ   ᠵᠦᠪᠯᠡᠯ ᠤᠨ ᠬᠡᠰᠢᠭᠦᠨ  ᠤ ᠡᠭᠦᠷᠭᠡ ᠶᠢ ᠦᠷᠭᠦᠯᠵᠢᠯᠡᠨ ᠬᠠᠷᠢᠭᠤᠴᠠᠬᠰᠠᠨ ᠪᠦᠭᠡᠳ ᠲᠡᠷᠡ ᠦᠶ᠎ᠡ ᠠᠴᠠ ᠡᠬᠢᠯᠡᠨ ᠭᠤᠮᠢᠨᠳᠠᠩ ᠨᠠᠮ ᠤᠨ ᠤᠮᠠᠷᠡᠳᠤ ᠤᠷᠤᠨ ᠤ  ᠬᠠᠷᠢᠭᠤᠴᠠᠯᠭᠠᠳᠠᠨ ᠤ ᠨᠢᠭᠡ ᠨᠢ  ᠪᠤᠯᠵᠤ ᠨᠠᠮ ᠤᠨ ᠠᠵᠢᠯ ᠢ ᠭᠤᠤᠯᠠᠯᠨ᠂ ᠡᠷᠬᠢᠯᠡᠬᠦ ᠶᠢᠨ ᠬᠠᠮᠳᠤ ᠪᠠᠰᠠ ᠲᠦᠪ ᠤᠨ ᠬᠢᠨᠠᠨ ᠪᠠᠶᠢᠴᠠᠭᠠᠬᠤ‌‍ᠰ ᠵᠦᠪᠯᠡᠯ ᠤᠨ ᠬᠡᠰᠢᠭᠦᠨ ᠪᠤᠯᠤᠬᠰᠠᠨ ᠪᠠᠶᠢᠨ᠎ᠠ᠃  ᠡᠨᠡ ᠬᠤᠭᠤᠴᠠᠭᠠᠨ ᠳᠤ ᠡᠩᠭᠡᠪᠠᠳᠤ ᠤᠮᠠᠷᠠᠳᠤ ᠤᠷᠤᠨ ᠤ ᠨᠠᠮ ᠤᠨ ᠠᠵᠢᠯ ᠤᠨ ᠭᠤᠤᠯ   ᠬᠠᠷᠢᠭᠤᠴᠠᠯᠭᠠᠳᠠᠨ ᠪᠤᠯᠤᠭᠰᠠᠨ  ᠤ ᠬᠤᠪᠢ ᠳᠤ ᠦᠷᠭᠦᠯᠵᠢ  ᠡᠮᠦᠨᠡᠰᠢ  ᠤᠮᠠᠷᠠᠰᠢ   ᠪᠠᠨ ᠨᠠᠰᠢ ᠴᠠᠰᠢ   ᠬᠦᠶᠦᠵᠦ᠂ ᠡᠪ ᠬᠠᠮᠳᠤ ᠨᠠᠮ ᠪᠤᠯᠤᠨ ᠭᠤᠮᠢᠨᠳᠠᠩ ᠨᠠᠮ ᠤᠨ ᠬᠤᠯᠪᠤᠭᠠᠯᠠᠯ ᠢ  ᠠᠬᠢᠭᠤᠯᠬᠤ ᠠᠵᠢᠯ   ᠳᠤ ᠰᠢᠮᠳᠠᠵᠤ ᠪᠠᠶᠢᠵᠠᠢ᠃     1927 ᠤᠨ ᠳᠤ  ᠵᠢᠶᠠᠩ  ᠵᠢᠶᠧ ᠱᠢ ᠬᠤᠪᠢᠰᠬᠠᠯ ᠠᠴᠠ ᠤᠷᠪᠠᠨ ᠲᠡᠷᠰᠡᠯᠡᠭᠰᠡᠨ ᠤ ᠲᠠᠷᠠᠭ᠎ᠠ᠂  ᠡᠩᠬᠡᠪᠠᠳᠤ  ᠮᠠᠤ ᠽᠧ ᠳ᠋ᠦᠩ᠂  ᠰᠦᠩ ᠴᠢᠩ ᠯᠢᠨ ᠵᠡᠷᠭᠡ ᠬᠤᠷᠢᠨ ᠬᠤᠶᠠᠷ ᠬᠦᠮᠦᠨ ᠲᠠᠢ ᠬᠤᠯᠪᠤᠭᠠᠯᠠᠨ《 ᠲᠦᠪ ᠬᠤᠷᠢᠶᠠᠨ  ᠤ ᠬᠡᠰᠢᠭᠦᠳ ᠤᠨ ᠲᠤᠩᠬᠠᠭ》 ᠲᠡᠭᠡᠷ᠎ᠡ ᠭᠠᠷ ᠤᠨ ᠦᠰᠦᠭ ᠵᠢᠷᠤᠵᠤ᠂ ᠵᠢᠶᠠᠩ  ᠵᠢᠶᠧ ᠱᠢ ᠶᠢᠨ ᠬᠤᠪᠢᠰᠬᠠᠯ   ᠠᠴᠠ  ᠲᠡᠷᠡᠰᠯᠡᠭᠰᠡᠨ ᠠᠵᠢᠯᠯᠠᠭ᠎ᠠ ᠶᠢ ᠪᠤᠷᠤᠭᠤᠰᠢᠶᠠᠨ᠂ ᠭᠤᠮᠢᠨᠳᠠᠩ ᠨᠠᠮ ᠤᠨ ᠬᠤᠪᠢᠰᠬᠠᠯ ᠤᠨ ᠵᠦᠪᠯᠡᠯ ᠪᠠᠶᠢᠭᠤᠯᠠᠬᠤ ᠶᠢ ᠬᠦᠷᠢᠶᠡᠯᠡᠵᠤ ᠪᠠᠶᠢᠬᠤ ᠪᠠᠨ ᠢᠯᠡᠳᠬᠡᠵᠡᠢ᠃ 1928 ᠤᠨ ᠤ 4 ᠰᠠᠷ᠎ᠠ   ᠳᠤ᠂ ᠵᠡᠭᠦᠨ ᠬᠤᠶᠢᠳᠤ  ᠶᠢᠨ ᠴᠡᠷᠢᠭ ᠤᠨ ᠡᠷᠬᠡᠳᠡᠨ ᠵᠠᠩ ᠽᠦᠸᠧ ᠯᠢᠨ 300 ᠭᠠᠷᠤᠢ ᠴᠡᠷᠢᠭ ᠴᠠᠬᠳᠠᠭ᠎ᠠ ᠲᠤᠮᠢᠯᠠᠨ᠂  ᠭᠠᠳᠠᠭᠠᠳᠤ ᠶᠢᠨ ᠡᠯᠴᠢᠨ ᠤ ᠪᠦᠯᠦᠭᠯᠠᠯ ᠲᠠᠢ ᠰᠦᠯᠪᠡᠭᠡᠯᠡᠵᠦ ᠪᠠᠶᠢᠭᠠᠳ ᠪᠡᠭᠡᠵᠢᠩ ᠬᠤᠳᠠ ᠶᠢᠨ ᠵᠡᠭᠦᠨ ᠲᠤᠭᠤᠷᠢᠭ ᠳᠠᠬᠢ  ᠵᠦᠪᠯᠡᠯᠳᠦ ᠬᠤᠯᠪᠤᠭᠠᠳᠤ ᠤᠯᠤᠰ ᠤᠨ ᠡᠯᠴᠢᠨ ᠰᠠᠶᠢᠳ ᠤᠨ ᠶᠠᠮᠤᠨ ᠢ  ᠪᠦᠰᠡᠯᠡᠵᠦ᠂ ᠯᠢ ᠳ᠋ᠠ ᠵᠤᠤ ᠵᠡᠷᠭᠡ 10 ᠬᠦᠮᠦᠨ ᠢ ᠬᠠᠤᠯᠢ ᠪᠤᠰᠤ ᠪᠠᠷ ᠪᠠᠷᠢᠪᠴᠢᠯᠠᠪᠠ᠃ ᠲᠤᠰ ᠭᠡᠷᠡᠭ ᠤᠨ ᠲᠠᠷᠠᠭᠠᠬᠨ ᠤᠷᠪᠠᠭᠴᠢ ᠨᠢᠭᠤᠴᠠ ᠶᠢ ᠵᠠᠳᠠᠷᠠᠭᠤᠯᠤᠬᠰᠠᠨ  ᠠᠴᠠ ᠡᠩᠭᠡᠪᠠᠳᠤ ᠪᠠᠰᠠ ᠪᠠᠷᠢᠪᠴᠢᠯᠠᠬᠳᠠᠵᠤ ᠪᠡᠭᠡᠵᠢᠩ ᠤᠨ ᠳ᠋ᠢ ᠠᠨ ᠮᠧᠨ ᠬᠦᠭᠦᠷᠭᠡ ᠶᠢᠨ ᠲᠡᠷᠭᠡᠳᠡᠬᠢ ᠮᠤᠤ ᠡᠯ ᠭᠤᠳᠤᠮᠵᠢᠨ ᠳᠤ ᠬᠤᠷᠢᠬᠳᠠᠵᠠᠢ᠃  ᠲᠡᠭᠦᠨ ᠢ ᠤᠯᠠᠨ ᠤᠳᠠᠭ᠎ᠠ  ᠡᠷᠡᠬᠦᠳᠡᠨ ᠲᠠᠮᠤᠯᠤᠬᠰᠠᠨ ᠪᠤᠯᠪᠠᠴᠤ ᠦᠴᠢᠭ   ᠢᠶᠠᠨ ᠦᠭᠭᠦᠭᠰᠡᠨ ᠦᠭᠡᠢ᠂ ᠦᠪᠡᠷ ᠢ ᠢᠶᠠᠨ  ᠠᠷᠠᠯᠵᠢᠶᠠᠴᠢᠨ ᠭᠡᠳᠡᠭ ᠢᠶᠠᠨ ᠡᠷᠡᠰ ᠪᠠᠷᠢᠮᠳᠠᠯᠠᠵᠤ ᠪᠠᠶᠢᠪᠠ᠃ ᠰᠡᠭᠦᠯᠡᠷ  ᠨᠢ ᠭᠤᠮᠢᠨᠳᠠᠩ ᠨᠠᠮ ᠤᠨ ᠴᠠᠷᠮᠠᠶᠢᠯᠠᠭ᠎ᠠ ᠪᠠᠷ ᠭᠢᠨᠳᠠᠨ ᠠᠴᠠ ᠠᠪᠤᠷᠬᠳᠠᠵᠤ ᠡᠮᠦᠨᠡᠳᠦ ᠤᠷᠤᠨ ᠳᠤ ᠤᠴᠢᠵᠦ ᠰᠢᠷᠬ᠎ᠠ  ᠪᠠᠨ ᠰᠤᠪᠢᠯᠠᠵᠠᠢ᠃      ᠡᠩᠬᠡᠪᠠᠳᠦ ᠶᠢᠨ ᠬᠤᠪᠢᠰᠬᠠᠯᠳᠤ ᠠᠵᠢᠯᠯᠠᠭ᠎ᠠ ᠨᠢ ᠲᠡᠭᠦᠨ ᠤ ᠭᠡᠷ ᠤᠨ ᠬᠦᠮᠦᠰ ᠪᠤᠯᠤᠨ ᠠᠬ᠎ᠠ ᠲᠡᠭᠦᠦ ᠨᠠᠷ  ᠲᠠᠭᠠᠨ ᠭᠦᠨ ᠨᠦᠯᠦᠭᠡ ᠦᠭᠴᠡᠢ᠃ ᠡᠩᠬᠡᠪᠠᠳᠦ ᠶᠢᠨ ᠶᠡᠭᠡ ᠠᠬ᠎ᠠ ᠰᠡᠷᠡᠩᠳᠤᠩᠷᠤᠪ ︵ᠬᠠᠩ ᠶᠢᠨ ᠱᠸᠦ︶ ᠪᠤᠯ ᠲᠠᠶᠢᠹᠤᠰᠧ ᠵᠡᠭᠦᠨ ᠭᠠᠷ ᠰᠦᠷᠦᠭ ᠤᠨ ᠠᠮᠪᠠᠨ ᠨᠤᠶᠠᠨ ᠪᠠᠶᠢᠬᠰᠠᠨ ᠲᠤᠯᠠ ᠲᠡᠭᠦᠦ ᠡᠩᠬᠡᠪᠠᠳᠤ ᠶᠢᠨ ᠢᠶᠠᠨ ᠰᠦᠨ ᠵᠦᠩ ᠱᠠᠨ ᠢ ᠲᠠᠭᠠᠵᠤ ᠬᠤᠪᠢᠰᠬᠠᠯ ᠤᠨ ᠠᠵᠢᠯᠯᠠᠭ᠎ᠠ ᠳᠤ ᠤᠷᠤᠯᠴᠠᠬᠤ   ᠳᠤ  ᠦᠵᠡᠯ ᠰᠠᠨᠠᠭ᠎ᠠ ᠪᠠ ᠠᠵᠤ  ᠠᠬᠤᠢ  ᠶᠢᠨ ᠲᠠᠯᠠᠪᠠᠷ ᠬᠦᠴᠦᠳᠡᠢ ᠲᠡᠮᠵᠢᠯᠭᠡ ᠦᠭᠭᠦᠭᠰᠡᠨ ᠪᠦᠭᠡᠳ ᠦᠪᠡᠷᠳᠡᠭᠡᠨ ᠪᠠᠰᠠ ᠭᠤᠮᠢᠨᠳᠠᠩ ᠨᠠᠮ ᠳᠤ ᠤᠷᠤᠬᠰᠠᠨ ᠶᠤᠮ᠃ 1926 ᠤᠨ ᠳᠤ ᠰᠡᠷᠡᠩᠳᠤᠩᠷᠤᠪ  ᠪᠡᠭᠡᠵᠢᠩ ᠳᠤ《 ᠮᠤᠩᠭᠤᠯ ᠭᠠᠷᠠᠭ ᠤᠨ ᠰᠤᠨᠢᠨ 》 ᠢ  ᠡᠬᠦᠰᠬᠡᠨ ᠡᠷᠬᠢᠯᠡᠵᠦ  ᠂ ᠰᠦᠨ ᠵᠦᠩ ᠱᠠᠨ ᠤ《 ᠰᠠᠨ ᠮᠢᠨ ᠦᠵᠡᠯ  ︾ ᠢ ᠢᠳᠡᠪᠬᠢᠳᠡᠢ ᠤᠬᠠᠭᠤᠯᠤᠬᠰᠠᠨ ᠪᠠᠶᠢᠨ᠎ᠠ᠃ ᠲᠤᠰ ᠰᠤᠨᠢᠨ ᠨᠢ ᠲᠤᠬᠠᠢ ᠶᠢᠨ ᠦᠶ᠎ᠡ ᠶᠢᠨ ᠮᠤᠩᠭᠤᠯ ᠦᠨᠳᠦᠰᠦᠳᠡᠨ ᠤ ᠰᠡᠬᠡᠭᠡᠳᠡᠳ ᠤᠨ ᠲᠤᠮᠳᠠ ᠮᠠᠰᠢ ᠶᠡᠭᠡ  ᠨᠦᠯᠦᠭᠡ  ᠦᠵᠡᠬᠦᠯᠵᠦ᠂《 ᠰᠠᠨ ᠮᠢᠨ ᠦᠵᠡᠯ》 ᠢ ᠬᠦᠮᠦᠨ ᠪᠦᠬᠦᠨ ᠳᠤ  ᠲᠠᠨᠢᠭᠤᠯᠤᠭᠠᠳ᠂ ᠰᠡᠷᠡᠩᠳᠤᠩᠷᠤᠪ ᠴᠦ ᠢᠷᠭᠡᠨ ᠤᠯᠤᠰ ᠠᠴᠠ ᠨᠠᠰᠢᠬᠢ ᠬᠠᠮᠤᠭ ᠠᠩᠬᠠᠨ ᠤ ᠮᠤᠩᠭᠤᠯ ᠰᠤᠨᠢᠨ ᠡᠷᠬᠢᠯᠡᠭᠰᠡᠨ ᠬᠦᠮᠦᠨ ᠪᠤᠯᠵᠠᠢ᠃ ᠲᠡᠭᠦᠨ  ᠤ ᠬᠤᠶᠠᠷ ᠠᠬ᠎ᠠ ᠨᠢ ᠴᠤ ᠲᠡᠭᠦᠦ ᠶᠢᠨ ᠪᠠᠨ  ᠬᠤᠪᠢᠰᠬᠠᠯᠳᠤ ᠠᠵᠢᠯᠯᠠᠭ᠎ᠠ ᠶᠢ ᠦᠵᠡᠯ ᠰᠠᠨᠠᠭ᠎ᠠ ᠪᠠ ᠠᠵᠤ ᠠᠬᠤᠢ  ᠶᠢᠨ ᠲᠠᠯ᠎ᠠ ᠪᠠᠷ  ᠮᠠᠰᠢ ᠶᠡᠭᠡ  ᠬᠠᠪᠰᠤᠷᠤᠨ ᠲᠡᠮᠵᠢᠵᠦ ᠪᠠᠶᠢᠵᠠᠢ᠃    ᠡᠩᠬᠡᠪᠠᠳᠤ 1929 ᠤᠨ ᠳᠤ ᠭᠤᠮᠢᠨᠳᠠᠩ ᠨᠠᠮ ᠤᠨ ᠲᠦᠷᠪᠡᠳᠦᠭᠡᠷ ᠬᠤᠭᠤᠴᠠᠭᠠᠨ ᠤ ᠲᠦᠪ ᠬᠤᠷᠢᠶᠠᠨ ᠤ ᠪᠠᠶᠢᠴᠠᠭᠠᠬᠤ ᠬᠤᠷᠢᠶᠠᠨ ᠤ ᠬᠡᠰᠢᠭᠦᠨ᠂ ᠤᠯᠤᠰ ᠠᠷᠠᠳ ᠤᠨ ᠵᠠᠰᠠᠭ ᠶᠠᠪᠤᠭᠤᠯᠬᠤ ᠬᠤᠷᠢᠶᠠᠨ ᠤ ᠬᠡᠰᠢᠭᠦᠨ ᠪᠤᠯᠵᠤ᠂1931 ᠤᠨ ᠳᠤ ᠦᠪᠦᠷ ᠮᠤᠩᠭᠤᠯ ᠤᠨ ᠡᠯ᠎ᠡ ᠬᠤᠰᠢᠭᠤᠳ ᠤᠨ ᠲᠦᠯᠦᠭᠡᠯᠡᠭᠴᠢᠳ ᠲᠠᠢ ᠬᠠᠮᠳᠤ ᠨᠠᠨᠵᠢᠩ ᠬᠦᠷᠴᠦ ᠢᠷᠭᠡᠨ ᠤᠯᠤᠰ ᠤᠨ ᠵᠠᠰᠠᠭ ᠤᠨ ᠭᠠᠵᠠᠷ ᠲᠤ《 ᠸᠠᠩ  ᠭᠦᠩ ᠤᠨ ᠲᠦᠷᠮ ᠢ ᠦᠭᠡᠶᠢᠰᠬᠡᠵᠦ᠂ ᠦᠪᠦᠷ ᠮᠤᠩᠭᠤᠯ ᠳᠤ ᠦᠪᠡᠷᠳᠡᠭᠡᠨ ᠵᠠᠰᠠᠬᠤ ᠲᠦᠷᠢᠮ ᠢ ᠬᠡᠷᠡᠭᠵᠢᠭᠦᠯᠬᠦ ᠲᠤᠬᠠᠢ》 ᠡᠷᠭᠦᠳᠡᠯ ᠭᠠᠷᠭᠠᠵᠠᠢ᠃ 1934 ᠤᠨ  ᠳᠤ ᠮᠤᠩᠭᠤᠯ ᠤᠷᠤᠨ ᠤ ᠦᠪᠡᠷᠳᠡᠭᠡᠨ ᠵᠠᠰᠠᠬᠤ ᠵᠠᠰᠠᠭ ᠤᠨ ᠶᠠᠪᠤᠳᠠᠯ ᠤᠨ ᠵᠦᠪᠯᠡᠯ ᠤᠨ ᠬᠡᠰᠢᠭᠦᠨ  ᠪᠤᠯᠵᠤ᠂ 1937 ᠤᠨ ᠳᠤ ᠲᠤᠮᠳᠠᠳᠤ  ᠢᠷᠭᠡᠨ ᠤᠯᠤᠰ ᠤᠨ ᠵᠠᠰᠠᠭ ᠤᠨ ᠭᠠᠵᠠᠷ ᠤᠨ ᠲᠤᠮᠢᠯᠠᠯᠳᠠ ᠪᠠᠷ ᠪᠡᠭᠡᠵᠢᠩ ᠳᠤ ᠤᠴᠢᠵᠤ ᠠᠵᠢᠯᠯᠠᠨ᠂ 1939 ᠤᠨ ᠳᠤ  ᠭᠤᠮᠢᠨᠳᠠᠩ ᠨᠠᠮ ᠤᠨ ᠲᠤᠮᠢᠯᠠᠯᠳᠠ ᠪᠠᠷ ᠨᠠᠨᠵᠢᠩ ᠳᠤ  ᠬᠦᠷᠴᠦ ᠬᠠᠭᠤᠷᠮᠠᠭ ᠵᠠᠰᠠᠭ ᠤᠨ ᠭᠠᠵᠠᠷ ᠤᠨ ᠬᠡᠰᠢᠭᠦᠨ ᠪᠤᠯᠤᠭᠰᠠᠨ ᠪᠦᠭᠡᠳ ᠶᠡᠭᠡ ᠵᠤᠤ ᠠᠶᠢᠮᠠᠭ ᠤᠨ ᠤᠷᠳᠤᠰ ᠵᠡᠭᠦᠨ ᠬᠤᠰᠢᠭᠤᠨ ᠭᠠᠷ ᠤᠨ ᠬᠤᠶᠢᠳᠤ ᠬᠤᠰᠢᠭᠤᠨ ᠤ ᠲᠤᠰᠯᠠᠬᠴᠢ ᠪᠤᠯᠤᠭᠰᠠᠨ ᠪᠠᠶᠢᠨ᠎ᠠ᠃ 1944 ᠤᠨ ᠳᠤ ᠶᠠᠫᠤᠨ ᠢ ᠡᠰᠡᠷᠭᠦᠴᠢᠬᠦ ᠲᠠᠶᠢᠨ ᠲᠡᠭᠦᠰᠬᠦ ᠠᠴᠠ ᠡᠮᠦᠨᠡᠬᠡᠨ ᠡᠩᠬᠡᠪᠠᠳᠤ 62 ᠨᠠᠰᠤᠨ   ᠳᠠᠭᠠᠨ ᠨᠠᠨᠵᠢᠩ ᠳᠤ ᠨᠠᠰᠤ ᠪᠠᠷᠠᠵᠠᠢ᠃   ᠡᠩᠬᠡᠪᠠᠳᠤ ᠬᠡᠳᠦᠶᠢᠪᠡᠷ ᠨᠤᠳᠤᠭ ᠤᠷᠤᠨ ᠳᠠᠭᠠᠨ ᠠᠵᠢᠯᠯᠠᠬᠰᠠᠨ ᠦᠭᠡᠢ ᠪᠤᠯᠪᠠᠴᠤ᠂ ᠲᠡᠭᠦᠨ ᠤ ᠨᠢᠭᠡᠨ ᠨᠠᠰᠤᠨ ᠤ  ᠬᠢᠨᠢ ᠦᠢᠯᠡ ᠶᠠᠪᠤᠳᠠᠯ ᠨᠢ  ᠬᠤᠶᠠᠷ ᠠᠬ᠎ᠠ ᠪᠤᠯᠤᠨ ᠭᠤᠮᠪᠤᠵᠠᠪ ᠵᠡᠷᠭᠡ  ᠬᠤᠶᠢᠴᠢ ᠦᠶ᠎ᠡ ᠶᠢᠨ ᠬᠢᠨ ᠵᠢᠴᠢ  ᠲᠠᠶᠢᠹᠤᠰᠧ ᠵᠡᠭᠦᠨ ᠭᠠᠷ ᠤᠨ ᠲᠤᠬᠠᠢ ᠶᠢᠨ ᠦᠶ᠎ᠡ ᠶᠢᠨ ᠮᠠᠰᠢ ᠤᠯᠠᠨ ᠰᠡᠬᠡᠭᠡᠳᠡᠨ ᠪᠤᠯᠤᠨ ᠲᠡᠭᠡᠳᠦ ᠲᠠᠪᠬᠤᠷᠭᠠᠳᠠᠨ ᠤ ᠦᠵᠡᠯ ᠰᠠᠨᠠᠭᠠᠨ   ᠤ ᠭᠦᠨ ᠨᠦᠯᠦᠭᠡ ᠦᠭᠭᠦᠭᠰᠡᠨ  ᠪᠠᠶᠢᠨ᠎ᠠ  ᠃  
 
ᠢᠷᠡᠯᠲᠡ᠄ ᠲᠠᠶᠢᠹᠦᠰᠧ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号