ᠡᠷᠳᠡᠮᠳᠡᠨ  ᠬᠠᠩᠭᠢᠨ ᠂  ᠭᠤᠮᠪᠤᠵᠠᠪ
ᠨᠡᠶᠢᠲᠡᠯᠡᠭᠰᠡᠨ ᠴᠠᠭ᠄
2017/5/24
     ᠬᠠᠩᠭᠢᠨ ᠭᠤᠮᠪᠤᠵᠠᠪ —  1921 ᠤᠨ ᠤ  ︵ᠴᠠᠭᠠᠬᠴᠢᠨ ᠲᠠᠬᠢᠶ᠎ᠠ ᠵᠢᠯ︶ 4 ᠰᠠᠷ᠎ᠠ ᠶᠢᠨ 3 ᠤ ᠡᠳᠦᠷ ᠦᠪᠦᠷ ᠮᠤᠩᠭᠤᠯ ᠤᠨ ᠴᠠᠬᠠᠷ ᠤᠨ ᠲᠠᠶᠢᠫᠤᠰᠧ ᠵᠡᠭᠦᠨ ᠭᠠᠷ ᠰᠦᠷᠦᠭ ᠤᠨ ᠭᠦᠯᠦ ᠴᠠᠭᠠᠨ ᠬᠤᠰᠢᠭᠤᠨ ᠤ ᠦᠴᠢ ᠤᠪᠤᠭᠠᠨ ᠤ ᠨᠢᠭᠡᠨ ᠰᠤᠷᠪᠤᠯᠵᠢᠳᠦ ᠡᠷᠦᠬᠡ ᠬᠠᠩᠭᠢᠨ ᠤᠪᠤᠬᠳᠤ ᠹᠦᠯᠧᠬᠡᠩᠭᠡ  ᠂  ᠭᠠᠯᠢᠩᠳᠠᠷᠢ   ᠤᠨ ᠬᠦᠪᠡᠭᠦᠨ ᠪᠤᠯᠤᠨ ᠲᠦᠷᠦᠵᠡᠢ᠃  ᠲᠡᠷᠡ ᠬᠠᠷᠬᠠᠨ ᠪᠠᠭ᠎ᠠ ᠠᠴᠠ ᠪᠠᠨ ᠰᠡᠴᠡᠨ ᠰᠡᠷᠭᠦᠯᠡᠩ ᠲᠤᠯᠠ 1937 ᠤᠨ ᠳᠤ ᠠᠷᠪᠠᠨ ᠵᠢᠷᠭᠤᠭᠠᠨ ᠨᠠᠰᠤᠳᠠᠢ ᠳᠠᠭᠠᠨ ᠲᠤᠮᠳᠠᠳᠤ ᠰᠤᠷᠭᠠᠭᠤᠯᠢ ᠶᠢᠨ ᠪᠦᠬᠦ ᠬᠡᠴᠢᠶᠡᠯ ᠢ ᠰᠤᠷᠴᠦ ᠲᠡᠭᠦᠰᠦᠭᠡᠳ ᠶᠠᠫᠤᠨ ᠤᠯᠤᠰ ᠲᠤ ᠬᠦᠷᠴᠦ ᠶᠡᠭᠡ ᠰᠤᠷᠭᠠᠭᠤᠯᠢ ᠶᠢᠨ ᠬᠦᠮᠦᠵᠢᠯ ᠬᠦᠷᠳᠡᠵᠦ᠂1941 ᠤᠨ ᠳᠤ ᠶᠠᠫᠤᠨ ᠤ  ᠬᠤᠺᠠᠺᠠᠶᠢᠳᠤ᠋ ᠶᠡᠭᠡ ᠰᠤᠷᠭᠠᠭᠤᠯᠢ ︵北海道︶ ᠶᠢᠨ ᠤᠢ ᠰᠢᠭᠤᠢ ᠶᠢᠨ ᠮᠡᠷᠭᠡᠵᠢᠯ ᠤᠨ ᠰᠠᠯᠪᠤᠷᠢ ᠠᠴᠠ ᠲᠡᠭᠦᠰᠴᠦ᠂1948 ᠤᠨ ᠤ11 ᠰᠠᠷ᠎ᠠ ᠳᠤ  ᠠᠮᠧᠷᠢᠺᠠ ᠤᠯᠤᠰ ᠲᠤ ᠬᠦᠷᠴᠦ ᠦᠷᠭᠦᠯᠵᠢᠯᠡᠨ ᠰᠤᠷᠤᠯᠴᠠᠵᠠᠢ᠃  ᠠᠮᠧᠷᠢᠺᠠ  ᠳᠤ ᠤᠴᠢᠬᠠᠰᠨ ᠬᠤᠶᠢᠨ᠎ᠠ  ᠲᠡᠭᠦᠨ ᠳᠤ ᠦᠭᠡ ᠬᠡᠯᠡ ᠨᠠᠪᠳᠡᠷᠡᠬᠦ ᠦᠭᠡᠢ ᠵᠡᠷᠭᠡ ᠮᠠᠰᠢ  ᠤᠯᠠᠨ ᠬᠦᠴᠢᠷ ᠪᠡᠷᠬᠡᠰᠢᠶᠡᠯ  ᠲᠤᠯᠭᠠᠷᠠᠬᠰᠠᠨ ᠪᠤᠯᠪᠠᠴᠤ ᠦᠪᠡᠷ ᠤᠨ  ᠰᠢᠷᠭᠠᠭᠤ ᠴᠠᠷᠠᠮᠠᠶᠢᠯᠠᠭ᠎ᠠ ᠪᠠᠷ ᠢᠶᠠᠨ ᠠᠯᠢᠪᠠ ᠬᠦᠴᠢᠷ ᠢ ᠢᠯᠠᠨ ᠲᠠᠪᠠᠵᠤ  ᠂ ᠨᠢᠭᠡ ᠲᠠᠯ᠎ᠠ ᠪᠠᠷ ᠠᠵᠢᠯ ᠬᠢᠵᠦ ᠠᠮᠢᠳᠤᠷᠠᠯ ᠢᠶᠠᠨ ᠠᠷᠭᠠᠴᠠᠭᠠᠬᠤ ᠶᠢᠨ ᠲᠠᠭᠠᠭᠤ   ᠺᠤᠯᠤᠮᠪᠢᠶ᠎ᠠ  ᠶᠡᠭᠡ ᠰᠤᠷᠭᠠᠭᠤᠯᠢ ︵哥伦比亚大学︶ ᠳᠤ ᠰᠤᠷᠤᠯᠴᠠᠵᠤ ᠪᠠᠶᠢᠭᠠᠳ 1963 ᠤᠨ ᠳᠤ ᠮᠠᠰᠲ᠋ᠧᠷ(学士) ᠴᠤᠯᠠ ᠤᠯᠵᠤ  ᠲᠡᠭᠦᠰᠦᠭᠡᠳ᠂  ᠠᠯᠳᠠᠢ ᠬᠡᠯᠡᠨ ᠤ ᠰᠤᠳᠤᠯᠤᠭᠠᠨ ︵阿尔泰语系研究)   ᠢᠶᠠᠷ ᠢᠶᠠᠨ 1970 ᠤᠨ ᠳᠤ  ᠢᠨᠳᠢᠶᠠᠨᠠ ᠶᠡᠭᠡ ᠰᠤᠷᠭᠠᠭᠤᠯᠢ ︵印第安纳大学︶ ᠶᠢᠨ ᠭᠦᠨ ᠤᠬᠠᠭᠠᠨ ᠤ ᠳ᠋ᠤᠺᠲ᠋ᠤᠷ ︵ 博士  ︶ ᠴᠤᠯᠠ ᠬᠠᠮᠠᠭᠠᠯᠠᠵᠠᠢ᠃ 1971 ᠤᠨ ᠳᠤ ᠢᠨᠳᠢᠶᠠᠨᠠ ᠶᠡᠭᠡ ᠰᠤᠷᠭᠠᠭᠤᠯᠢ ︵印第安纳大学︶ ᠶᠢᠨ ᠲᠤᠰᠬᠠᠢ ᠪᠠᠭᠰᠢ ᠪᠠᠷ ᠤᠷᠢᠬᠳᠠᠵᠤ ᠮᠤᠩᠭᠤᠯ ᠬᠡᠯᠡ᠂ ᠮᠤᠩᠭᠤᠯ ᠤᠳᠬ᠎ᠠ ᠵᠤᠬᠢᠶᠠᠯ ᠤᠨ ᠬᠡᠴᠢᠶᠡᠯ ᠢ ᠭᠤᠤᠯᠯᠠᠨ ᠵᠢᠭᠠᠬᠤ ᠶᠢᠨ ᠬᠠᠮᠳᠤ  ᠠᠯᠳᠠᠢ ᠬᠡᠯᠡᠨ ᠤ ᠲᠤᠬᠠᠢ ᠰᠤᠳᠤᠯᠭᠠᠨ ᠢᠶᠠᠨ ᠦᠷᠭᠦᠯᠵᠢᠯᠡᠨ ᠬᠢᠵᠡᠢ᠃ ᠲᠡᠷᠡ‌ᠢᠨᠳᠢᠶᠠᠨᠠ ᠶᠡᠭᠡ ᠰᠤᠷᠭᠠᠭᠤᠯᠢ ︵印第安纳大学 ︶ ᠪᠦᠬᠦᠯᠢ ᠠᠷᠪᠠᠨ ᠶᠢᠰᠦᠨ ᠵᠢᠯ ᠪᠠᠭᠰᠢᠯᠠᠵᠤ1989 ᠤᠨ ᠤ 10 ᠰᠠᠷ᠎ᠠ ᠶᠢᠨ 11 ᠤ ᠡᠳᠦᠷ ᠮᠤᠩᠭᠤᠯ ᠤᠯᠤᠰ  ᠤᠨ ᠤᠯᠠᠭᠠᠨᠪᠠᠭᠠᠳᠤᠷ ᠬᠤᠳᠠᠨ ᠲᠤ ᠡᠷᠳᠡᠮ ᠰᠢᠨᠵᠢᠯᠡᠭᠡᠨ ᠤ ᠬᠤᠷᠠᠯ ᠳᠤ ᠤᠷᠤᠯᠴᠠᠵᠤ ᠪᠠᠶᠢᠬᠤ ᠬᠤᠭᠤᠴᠠᠭᠠᠨ  ᠳᠠᠭᠠᠨ ᠦᠩᠭᠡᠷᠦ ᠶᠠᠳᠠᠷᠠᠬᠰᠠᠨ ᠠᠴᠠ ᠪᠤᠯᠵᠤ ᠲᠦᠷᠭᠡᠨ ᠡᠪᠡᠳᠴᠢᠨ ᠢᠶᠠᠷ ᠨᠠᠰᠤ ᠪᠤᠯᠵᠠᠢ᠃      ᠭᠤᠮᠪᠤᠵᠠᠪ 1961 ᠤᠨ ᠤ 11 ᠰᠠᠷ᠎ᠠ ᠳᠤ ᠢᠨᠳᠢᠶᠠᠨᠠ ᠶᠡᠭᠡ ᠰᠤᠷᠭᠠᠭᠤᠯᠢ ︵印第安纳大学︶ ᠳᠤ《 ᠮᠤᠩᠭᠤᠯᠴᠤᠳ ᠤᠨ ᠬᠤᠯᠪᠤᠭ᠎ᠠ 》 ᠶᠢ ᠡᠭᠦᠰᠭᠡᠨ ᠪᠠᠶᠢᠭᠤᠯᠪᠠ᠃ ᠲᠤᠰ ᠬᠤᠯᠪᠤᠭ᠎ᠠ   ᠨᠢ ᠮᠤᠩᠭᠤᠯ  ᠤᠨ ᠲᠡᠦᠬᠡ᠂ ᠬᠡᠯᠡ᠂ ᠤᠳᠬ᠎ᠠ ᠰᠤᠶᠤᠯ ᠢ ᠰᠤᠳᠤᠯᠠᠬᠤ ᠪᠠᠷ ᠭᠤᠤᠯ ᠡᠭᠦᠷᠭᠡ ᠪᠠᠨ ᠪᠤᠯᠭᠠᠵᠤ᠂ ᠡᠷᠳᠡᠮᠳᠡᠳ᠂ ᠰᠤᠳᠤᠯᠭᠠᠳᠠᠨ ᠤ ᠡᠷᠳᠡᠮ ᠰᠢᠨᠵᠢᠯᠡᠭᠡᠨ ᠤᠨ ᠦᠭᠦᠯᠡᠯ ᠢ ᠦᠪᠡᠷ ᠤᠨ《 ᠮᠠᠨᠳᠤᠬᠤ ᠮᠤᠩᠭᠤᠯ》 ᠰᠡᠳᠬᠦᠯ ᠳᠡᠭᠡᠨ ᠨᠡᠶᠢᠳᠡᠯᠡᠳᠡᠭ ᠪᠠᠶᠢᠨ᠎ᠠ᠃ ᠲᠡᠷᠡ ᠲᠤᠰ ᠨᠡᠶᠢᠭᠡᠮᠯᠢᠭ ᠢ ᠡᠬᠢᠯᠡᠨ ᠪᠠᠶᠢᠭᠤᠯᠤᠬᠰᠠᠨ ᠠᠴᠠ ᠠᠪᠤᠭᠠᠳ  ᠨᠡᠶᠢᠭᠡᠮᠯᠢᠭ ᠤᠨ ᠬᠡᠷᠡᠭ ᠮᠡᠳᠡᠭᠴᠢᠳ ᠤᠨ ᠲᠡᠷᠢᠭᠦᠯᠡᠭᠴᠢ ᠶᠢᠨ ᠲᠤᠰᠢᠶᠠᠯ ᠢ ᠬᠠᠷᠢᠭᠤᠴᠠᠵᠤ ᠪᠠᠶᠢᠵᠠᠢ᠃ ᠲᠤᠰ《 ᠮᠤᠩᠭᠤᠯᠴᠤᠳ ᠤᠨ ᠬᠤᠯᠪᠤᠭ᠎ᠠ 》ᠪᠠᠶᠢᠭᠤᠯᠤᠬᠳᠠᠬᠰᠠᠨ ᠠᠴᠠ ᠨᠠᠰᠢ 28 ᠵᠢᠯ   ᠢ ᠦᠭᠭᠡᠷᠡᠭᠡᠭᠡᠳ ᠤᠯᠠᠨ ᠤᠯᠤᠰ ᠤᠨ ᠡᠷᠳᠡᠮ ᠰᠢᠨᠵᠢᠯᠡᠭᠡᠨ ᠤ ᠡᠳᠡᠭᠡᠳ ᠤᠨ ᠠᠩᠬᠠᠷᠤᠯ ᠢ ᠲᠠᠳᠠᠵᠤ᠂ ᠬᠦᠨᠳᠦᠳᠬᠡᠯ ᠢ ᠤᠯᠤᠬᠰᠠᠨ ᠨᠢ ᠪᠦᠷ ᠭᠤᠮᠪᠤᠵᠠᠪ ᠠᠪᠤᠭᠠᠢ  ᠶᠢᠨ ᠤᠳᠤᠷᠢᠳᠤᠯᠭ᠎ᠠ ᠪᠤᠯᠤᠨ ᠴᠠᠷᠢᠮᠠᠶᠢᠯᠠᠭ᠎ᠠ ᠲᠠᠢ ᠰᠠᠯᠤᠰᠢ ᠦᠭᠡᠢ ᠶᠤᠮ᠃      ᠭᠤᠮᠪᠤᠵᠠᠪ ᠫᠷᠤᠫᠧᠰᠰᠤᠷ ᠪᠤᠯ ᠨᠢᠭᠡᠨ ᠦᠷᠭᠡᠨ ᠮᠡᠳᠡᠯᠭᠡ ᠲᠠᠢ ᠤᠯᠠᠨ ᠪᠦᠳᠦᠭᠡᠯ ᠲᠠᠢ ᠡᠷᠳᠡᠮᠳᠡᠨ ᠶᠤᠮ᠃ ᠲᠡᠷᠡ ᠬᠦᠨᠳᠦ ᠨᠦᠰᠦᠷ ᠵᠢᠭᠠᠨ ᠰᠤᠷᠭᠠᠬᠤ ᠡᠭᠦᠷᠭᠡ ᠠᠴᠠ ᠭᠠᠳᠠᠨ᠎ᠠ ᠮᠠᠰᠢ ᠠᠷᠪᠢᠨ ᠡᠷᠳᠡᠮ ᠰᠢᠨᠵᠢᠯᠡᠭᠡᠨ ᠤ ᠦᠭᠦᠯᠡᠯ ᠨᠠᠶᠢᠳᠡᠯᠡᠵᠦ᠂  ᠨᠤᠮ ᠪᠢᠴᠢᠭ ᠬᠡᠪᠯᠡᠭᠦᠯᠦᠭᠰᠡᠨ ᠪᠠᠶᠢᠨ᠎ᠠ᠃ ᠲᠡᠭᠦᠨ ᠤ ᠬᠡᠪᠯᠡᠭᠦᠯᠦᠭᠰᠡᠨ ᠰᠢᠨ᠎ᠡ ᠬᠠᠭᠤᠴᠢᠨ ᠮᠤᠩᠭᠤᠯ ᠬᠡᠯᠡᠨ ᠤ ᠲᠤᠯᠢ ᠪᠢᠴᠢᠭ  ᠂ ᠮᠤᠩᠭᠤᠯ ᠠᠩᠭᠢᠯᠢ ᠲᠤᠯᠢ ᠪᠢᠴᠢᠭ ᠪᠠ ᠮᠤᠩᠭᠤᠯ ᠬᠡᠯᠡᠨ ᠤ ᠰᠤᠷᠬᠤ ᠪᠢᠴᠢᠭ  ᠨᠢ ᠮᠤᠩᠭᠤᠯ ᠰᠤᠳᠤᠯᠤᠯ ᠬᠢᠵᠦ ᠪᠠᠶᠢᠭ᠎ᠠ ᠪᠠ ᠠᠯᠳᠠᠢ ᠬᠡᠯᠡᠨ ᠤ ᠲᠤᠬᠠᠢ  ᠰᠤᠳᠤᠯᠤᠭᠠᠴᠢᠳ ᠪᠤᠯᠤᠨ  ᠠᠯᠳᠠᠢ ᠬᠡᠯᠡᠨ  ᠤ ᠰᠤᠳᠤᠯᠭᠠᠴᠢᠳ ᠤᠨ ᠲᠤᠳᠠᠬᠳᠠᠵᠤ ᠪᠤᠯᠤᠰᠢ ᠦᠭᠡᠢ ᠬᠤᠪᠤᠷ ᠨᠠᠨᠳᠢᠨ ᠭᠠᠷ ᠠᠪᠤᠯᠭ᠎ᠠ ᠶᠢᠨ ᠪᠢᠴᠢᠭ   ᠨᠢ ᠪᠤᠯᠤᠬᠰᠠᠨ ᠪᠠᠶᠢᠨ᠎ᠠ᠃ ᠲᠡᠭᠦᠨ ᠤ  ᠭᠡᠨᠡᠳᠳᠡ ᠢᠶᠠᠷ ᠨᠠᠰᠤ ᠪᠤᠯᠤᠬᠰᠠᠨ ᠳᠤ ᠪᠦᠬᠦ ᠠᠮᠧᠷᠢᠺᠠ ᠶᠢᠨ ᠮᠤᠩᠭᠤᠯ ᠬᠡᠯᠡᠨ  ᠤ ᠰᠤᠳᠤᠯᠭᠠᠳᠠᠨ ᠨᠠᠷ ᠵᠢᠴᠢ ᠮᠤᠩᠭᠤᠯ᠂ ᠲᠤᠮᠳᠠᠳᠤ ᠵᠡᠷᠭᠡ  ᠤᠯᠠᠨ ᠤᠯᠤᠰ ᠤᠨ ᠡᠷᠳᠡᠮᠳᠡᠨ ᠰᠤᠳᠤᠯᠭᠠᠳᠠᠨ ᠲᠤᠶᠢᠯ  ᠢᠶᠠᠷ ᠡᠮᠭᠢᠨᠢᠨ ᠬᠠᠰᠢᠭᠤᠳᠠᠵᠤ᠂ ᠲᠡᠭᠦᠨ ᠤ ᠱᠠᠷᠢᠯ ᠢ ᠮᠤᠩᠭᠤᠯ ᠤᠯᠤᠰ ᠤᠨ ᠠᠯᠳᠠᠨ ᠦᠯᠦᠭᠡᠢ ᠳᠤ ᠬᠦᠨᠳᠦᠳᠬᠡᠨ ᠤᠷᠤᠰᠢᠭᠤᠯᠵᠠᠢ᠃      ᠭᠤᠮᠪᠤᠵᠠᠪ ᠦᠳᠡᠯᠦᠬᠡ ᠨᠠᠰᠤᠨ ᠳᠠᠭᠠᠨ ᠡᠬᠡ ᠤᠯᠤᠰ᠂ ᠲᠦᠷᠦᠭᠰᠡᠨ ᠨᠤᠳᠤᠭ᠂ ᠲᠦᠷᠦᠯ ᠰᠠᠳᠤᠨ ᠢᠶᠠᠨ ᠡᠷᠭᠢᠨ ᠦᠵᠡᠬᠦ  ᠬᠡᠰᠡᠨ ᠤᠳᠠᠭᠠᠨ ᠵᠢᠯ   ᠤᠨ ᠬᠦᠰᠡᠯ ᠨᠢ ᠪᠡᠶᠡᠯᠡᠭᠳᠡᠵᠦ᠂ ᠤᠯᠤᠰ ᠲᠠᠭᠠᠨ ᠢᠷᠡᠬᠦ ᠳᠤ ᠤᠯᠤᠰ ᠤᠨ ᠲᠡᠳ᠋ ᠲᠡᠷᠢᠭᠦᠯᠡᠭᠴᠢ ᠤᠯᠠᠭᠠᠨᠬᠦᠦ ᠬᠦᠯᠢᠶᠠᠨ ᠠᠪᠠᠴᠤ ᠠᠭᠤᠯᠵᠠᠬᠰᠠᠨ ᠪᠦᠭᠡᠳ᠂ ᠤᠷᠤᠨ ᠤ ᠲᠦᠪ  ᠬᠦᠬᠡᠬᠤᠳᠠᠨ  ᠳᠤ ᠮᠤᠩᠭᠤᠯ ᠡᠷᠳᠡᠮᠳᠡᠨ ᠨᠠᠷ ᠲᠠᠢ ᠠᠭᠤᠯᠵᠠᠨ ᠶᠠᠷᠢᠶ᠎ᠠ ᠢᠯᠡᠳᠬᠡᠯ ᠬᠢᠵᠦ᠂ ᠡᠵᠡᠨ ᠪᠤᠬᠳᠠᠨ ᠴᠡᠩᠭᠢᠰ ᠤᠨ ᠤᠩᠭᠤᠨ  ᠢ ᠲᠠᠬᠢᠵᠦ᠂ ᠲᠦᠷᠦᠭᠰᠡᠨ ᠨᠤᠳᠤᠭ ᠭᠦᠨᠪᠤᠯᠠᠭ ᠲᠠᠭᠠᠨ ᠬᠦᠷᠴᠦ ᠲᠡᠭᠡᠳᠦᠰ ᠤᠨ ᠢᠶᠠᠨ ᠤᠪᠤᠭ᠎ᠠ ᠪᠤᠩᠬᠠᠨ ᠶᠢᠨ ᠲᠡᠬᠢᠵᠦ᠂ ᠤᠩᠭᠤᠨ ᠶᠠᠫᠠ ᠳᠠᠭᠠᠨ ᠮᠦᠷᠭᠦᠵᠦ᠂ ᠨᠠᠰᠤᠳᠠᠨ ᠲᠤᠮᠤᠭᠠᠳᠠᠨ᠂ ᠲᠦᠷᠦᠯ ᠰᠠᠳᠤᠨ ᠲᠠᠢ ᠪᠠᠨ ᠤᠴᠠᠷᠠᠵᠤ ᠂ ᠰᠤᠷᠭᠠᠭᠤᠯᠢ ᠶᠢᠨ ᠪᠠᠭᠰᠢ ᠨᠠᠷ ᠲᠠᠢ ᠠᠭᠤᠯᠵᠠᠨ ᠶᠠᠷᠢᠶ᠎ᠠ  ᠢᠯᠡᠳᠬᠡᠯ ᠬᠢᠭᠰᠡᠨ ᠶᠤᠮ᠃ ᠨᠤᠳᠤᠭ ᠤᠨ ᠬᠢᠨᠢ ᠨᠠᠮ ᠵᠠᠰᠠᠭ ᠤᠨ ᠤᠳᠤᠷᠢᠳᠤᠯᠭ᠎ᠠ ᠡᠨᠡᠬᠦ ᠲᠡᠯᠡᠬᠡᠢ  ᠵᠢᠨ‌ᠠᠯᠳᠠᠷᠳᠦ ᠡᠷᠳᠡᠮᠳᠡᠨ ᠢᠶᠠᠨ ᠡᠭᠦᠷᠢᠳᠡ ᠮᠦᠷᠦᠭᠡᠳᠡᠨ ᠲᠤᠷᠠᠰᠬᠠᠬᠤ  ᠶᠢᠨ ᠲᠦᠯᠦᠭᠡ  ᠲᠡᠭᠦᠨ ᠤ ᠲᠦᠷᠦᠭᠰᠡᠨ ᠨᠤᠳᠤᠭ ᠭᠦᠨᠪᠤᠯᠠᠭ  ᠰᠤᠮᠤᠨ ᠤ ᠦᠴᠢ ᠤᠪᠤᠭ᠎ᠠ ᠭᠠᠴᠠᠭᠠᠨ   ᠳᠤᠨᠢ《 ᠭᠤᠮᠪᠤᠵᠠᠪ ᠤᠨ ᠲᠤᠷᠠᠰᠬᠠᠯ ᠤᠨ ᠤᠷᠳᠤᠨ》 ᠪᠠᠶᠢᠭᠤᠯᠠᠵᠤ᠂  ᠬᠦᠷᠡᠯ ᠱᠤᠭᠤᠮᠠᠯ ᠱᠤᠭᠤᠵᠤ᠂  ᠲᠤᠷᠠᠰᠬᠠᠯ ᠤᠨ ᠤᠷᠳᠤᠨ ᠪᠠᠶᠢᠭᠤᠯᠠᠬᠳᠠᠵᠤ ᠡᠷᠦᠬᠡ ᠰᠡᠬᠦᠬᠦ ᠶᠤᠰᠤᠯᠠᠯ ᠳᠤ  ᠪᠦᠬᠦ ᠤᠷᠤᠨ ᠳᠤ ᠡᠯ᠎ᠡ ᠭᠠᠵᠠᠷ ᠤᠨ ᠡᠷᠳᠡᠮᠳᠡᠨ ᠮᠡᠷᠭᠡᠳ ᠪᠤᠯᠤᠨ ᠲᠡᠭᠦᠨ ᠤ ᠤᠯᠤᠰ ᠤᠨ ᠲᠤᠳᠤᠭᠠᠳᠤ ᠭᠠᠳᠠᠭᠠᠳᠤ ᠳᠤ ᠪᠠᠶᠢᠭ᠎ᠠ ᠲᠦᠷᠦᠯ ᠰᠠᠳᠤᠨ ᠤᠷᠤᠯᠴᠠᠬᠰᠠᠨ ᠪᠦᠭᠡᠨ ᠪᠠᠰᠠ ᠲᠤᠰᠬᠠᠶᠢᠯᠠᠨ ᠰᠤᠳᠤᠯᠤᠨ ᠶᠠᠷᠢᠯᠴᠠᠬᠤ ᠬᠤᠷᠠᠯ ᠬᠢᠵᠦ ᠲᠡᠭᠦᠨ ᠤ ᠠᠯᠳᠠᠷ ᠭᠠᠪᠢᠶ᠎ᠠ ᠶᠢ  ᠲᠤᠷᠰᠤᠨ ᠲᠡᠮᠳᠡᠭᠯᠡᠭᠰᠡᠨ ᠪᠦᠭᠡᠳ ᠦᠪᠦᠷ ᠮᠤᠩᠭᠤᠯ ᠤᠨ ᠲᠧᠯᠢᠸᠢᠰ ᠬᠤᠷᠢᠶ᠎ᠠ ᠲᠤᠰᠬᠠᠢ ᠫᠢᠯᠢᠮ  ᠦᠢᠯᠳᠴᠤ ᠲᠤᠰᠬᠠᠢ ᠨᠡᠪᠳᠡᠷᠭᠦᠯᠭᠡ  ᠬᠢᠭᠰᠡᠨ ᠪᠠᠶᠢᠨ᠎ᠠ᠃ ᠭᠦᠨᠪᠤᠯᠠᠬᠴᠤᠳ᠂ ᠭᠦᠨᠪᠤᠯᠠᠭ ᠤᠨ ᠲᠡᠦᠬᠡᠨ ᠬᠦᠬᠡ ᠰᠤᠳᠤᠷ《 ᠲᠠᠶᠢᠫᠤᠰᠧ ᠵᠡᠭᠦᠨ ᠭᠠᠷ —  ᠭᠦᠨᠪᠤᠯᠠᠭ》 ᠬᠡᠮᠡᠬᠦ ᠨᠤᠮ ᠳᠠᠭᠠᠨ ᠰᠤᠳᠤᠷᠯᠠᠵᠤ ᠲᠡᠭᠦᠨ ᠤ ᠠᠯᠳᠠᠷ ᠭᠠᠪᠢᠶ᠎ᠠ ᠶᠢ ᠮᠦᠩᠬᠡᠯᠡᠭᠰᠡᠨ ᠪᠠᠶᠢᠨ᠎ᠠ᠃
 
ᠢᠷᠡᠯᠲᠡ᠄ ᠲᠠᠶᠢᠹᠦᠰᠧ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号