ᠴᠠᠭ ᠲᠠᠭᠠᠨ ᠲᠤᠬᠢᠷᠠᠭᠰᠠᠨ ᠮᠡᠷᠭᠡᠵᠢᠯ ᠤᠨ ᠪᠤᠯᠪᠠᠰᠤᠷᠠᠯ
ᠨᠡᠶᠢᠲᠡᠯᠡᠭᠰᠡᠨ ᠴᠠᠭ᠄
2017-12-13
           ᠤᠳᠤ ᠦᠶ᠎ᠡ ᠶᠢᠨ ᠮᠠᠯ ᠠᠵᠤ ᠠᠬᠤᠢ ᠶᠢᠨ ᠬᠦᠭᠵᠢᠯᠳᠡ ᠳᠤ  ᠲᠤᠬᠢᠷᠠᠭᠰᠠᠨ ᠦᠢᠯᠡᠳᠪᠦᠷᠢᠯᠡᠯ ᠡᠵᠡᠩᠨᠡᠯᠳᠡ ᠎ ᠶᠢᠨ ᠰᠢᠨ᠎ᠡ ᠮᠡᠳᠡᠯᠬᠡ ᠮᠡᠷᠭᠡᠵᠢᠯ ᠢ ᠮᠠᠯᠴᠢᠳ ᠲᠤ  ᠬᠦᠷᠳᠡᠭᠡᠨ᠂ ᠬᠤᠳᠠ ᠤᠷᠤᠭᠰᠠᠨ ᠮᠠᠯᠴᠢᠳ ᠤᠨ ᠠᠵᠢᠯ ᠤᠯᠵᠤ ᠦᠢᠯᠡᠰ ᠪᠦᠳᠦᠭᠡᠬᠦ  ᠎ ᠶᠢ ᠠᠬᠢᠭᠤᠯᠬᠤ ᠵᠤᠷᠢᠯᠳᠠ  ᠎ ᠪᠠᠷ᠂ 12 ᠰᠠᠷ᠎ᠠ ᠶᠢᠨ 9 —10᠎ ᠤ ᠡᠳᠦᠷ ᠲᠤ ᠲᠠᠶᠢᠹᠤᠰᠧ ᠬᠤᠰᠢᠭᠤᠨ ᠤ ᠦᠨᠳᠦᠰᠦᠳᠡᠨ ᠱᠠᠰᠢᠨ ᠰᠤᠷᠳᠠᠬᠤᠨ ᠤ ᠭᠡᠷᠡᠭ ᠡᠷᠬᠢᠯᠡᠬᠦ  ᠲᠤᠪᠴᠢᠶᠠᠨ ᠤ ᠬᠢᠨ ᠭᠠᠷᠠᠭ ᠤᠨ ᠰᠡᠬᠦᠯᠴᠢ ᠶᠢᠨ ᠠᠮᠠᠷᠠᠯᠳᠠ  ᠎ ᠶᠢ ᠲᠤᠬᠢᠶᠠᠯᠳᠤᠭᠤᠯᠵᠤ  ᠂ ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ᠂ ᠲᠠᠷᠢᠶᠠᠯᠠᠩ ᠤᠨ ᠶᠡᠭᠡ ᠰᠤᠷᠭᠠᠭᠤᠯᠢ  ᠂  ᠨᠡᠶᠢᠬᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ  ᠎ ᠤᠨ ᠡᠷᠳᠡᠮᠳᠡᠨ  ᠪᠠᠭᠰᠢ ᠨᠡᠷ ᠬᠢᠭᠡᠳ  ᠡᠵᠡᠨ ᠡᠬᠡᠰᠢᠭ  ᠺᠤᠮᠫᠠᠨᠢ᠂  ᠰᠦ ᠲᠠᠢ ᠺᠤᠮᠫᠠᠨᠢ ᠵᠡᠷᠭᠡ ᠰᠤᠶᠤᠯ ᠵᠠᠭᠤᠴᠢ᠂ ᠵᠢᠷᠤᠭ  ᠲᠦᠯᠦᠪᠯᠡᠭᠡ  ᠂ ᠴᠠᠭᠠᠨ ᠢᠳᠡᠭᠡᠨ ᠤ  ᠠᠵᠤ ᠦᠢᠯᠡᠰ  ᠎ ᠤᠨ ᠨᠡᠷ᠎ᠡ ᠲᠦᠷᠦ ᠲᠠᠢ  ᠠᠵᠤ ᠠᠬᠤᠶᠢᠯᠠᠯ ᠤᠨ ᠡᠵᠡᠩᠳᠡᠨ ᠨᠠᠷ  ᠎ ᠢ ᠤᠷᠢᠵᠤ  ᠂  ︽ᠪᠦᠬᠦ ᠬᠤᠰᠢᠭᠤᠨ ᠤ ᠠᠩᠬᠠᠳᠤᠭᠴᠢ ᠤᠳᠠᠭᠠᠨ ᠤ ᠰᠢᠨ᠎ᠡ ᠡᠷᠡᠨ ᠤ ᠮᠠᠯᠴᠢᠳ ᠤᠨ  ᠭᠡᠷᠡᠭᠯᠡᠭᠡᠨ ᠤ ᠮᠡᠷᠭᠡᠵᠢᠯ ᠤᠨ ᠪᠤᠯᠪᠠᠰᠤᠷᠠᠯ︾᠎ ᠢ ᠡᠷᠬᠢᠯᠡᠭᠰᠡᠨ ᠪᠠᠶᠢᠨ᠎ᠠ᠃
     ᠡᠨᠡ ᠤᠳᠠᠭᠠᠨ ᠤ ᠬᠢᠴᠢᠶᠡᠯ ᠪᠤᠯᠪᠠᠰᠤᠷᠠᠯ ᠨᠢ ᠮᠠᠯ ᠠᠵᠤ ᠠᠬᠤᠢ ᠶᠢᠨ ᠦᠢᠯᠡᠳᠪᠦᠷᠢᠯᠡᠯ ᠤᠨ ᠤᠨᠴᠠᠯᠢᠭ ᠪᠠ ᠬᠤᠷᠰᠢᠶᠠᠵᠢᠯ ᠤᠨ ᠤᠳᠬ᠎ᠠ ᠠᠭᠤᠯᠭ᠎ᠠ᠂ ᠮᠠᠯᠴᠢᠳ ᠤᠨ ᠶᠠᠳᠠᠭᠤᠷᠠᠯ ᠤᠨ ᠲᠤᠬᠠᠢ ᠵᠠᠳᠠᠯᠤᠯᠳᠠ᠂  ᠤᠳᠤ ᠦᠶ᠎ᠡ ᠶᠢᠨ ᠰᠢᠨ᠎ᠡ ᠮᠠᠯᠴᠢᠨ ᠪᠤᠯᠬᠤ ᠶᠢᠨ ᠴᠢᠬᠤᠯᠠ ᠱᠠᠭᠠᠷᠳᠠᠯᠭ᠎ᠠ ᠪᠠ ᠰᠢᠯᠳᠠᠭᠠᠨ᠂ ᠡᠯᠧᠺᠲᠷᠤᠨ ᠬᠤᠳᠠᠯᠳᠤᠭᠠᠨ ᠤ ᠴᠠᠭ ᠦᠶ᠎ᠡ ᠳᠠᠬᠢ  ᠮᠠᠯ ᠤᠨ ᠠᠰᠢᠭ  ᠰᠢᠮ᠎ᠡ ᠶᠢᠨ ᠪᠤᠷᠤᠯᠠᠭᠤᠯᠭ᠎ᠠ᠂  ᠰᠦᠯᠵᠢᠶ᠎ᠡ ᠶᠢ ᠠᠰᠢᠭᠯᠠᠵᠤ ᠠᠵᠤ ᠦᠢᠯᠡᠰ ᠢᠶᠠᠨ ᠬᠦᠭᠵᠢᠬᠦᠯᠬᠦ ᠠᠷᠭ᠎ᠠ  ᠲᠡᠮ ᠵᠡᠷᠭᠡ ᠪᠠᠷ ᠭᠤᠤᠯ ᠠᠭᠤᠯᠭ᠎ᠠ ᠪᠤᠯᠭᠠᠭᠰᠠᠨ ᠪᠤᠯᠬᠤᠷ᠂  ᠨᠠᠮ ᠤᠨ ᠠᠷᠪᠠ ᠶᠢᠰᠦᠳᠦᠭᠡᠷ ᠶᠡᠭᠡ ᠬᠤᠷᠠᠯ ᠠᠴᠠ ᠲᠤᠷᠠᠳᠤᠭᠰᠠᠨ ᠠᠷᠠᠳ ᠤᠨ ᠠᠮᠢᠳᠤᠷᠠᠯ ᠢ ᠪᠠᠲᠤᠯᠠᠨ  ᠰᠠᠶᠢᠵᠢᠷᠠᠭᠤᠯᠵᠤ  ᠂  ᠠᠷᠠᠳ ᠲᠦᠮᠡᠨ ᠤ ᠤᠷᠤᠯᠭ᠎ᠠ ᠶᠢᠨ ᠲᠦᠪᠰᠢᠨ ᠢ  ᠲᠡᠭᠡᠭᠰᠢᠯᠡᠬᠦᠯᠦᠨ᠂  ᠶᠠᠳᠠᠭᠤ ᠠᠴᠠ ᠠᠩᠭᠢᠵᠢᠷᠠᠭᠤᠯᠬᠤ ᠪᠤᠭᠤᠮᠲᠠ ᠰᠢᠪᠲᠤᠯᠬᠤ ᠳᠠᠶᠢᠯᠠᠯᠳᠤᠭᠠᠨ ᠤ ᠢᠯᠠᠯᠲᠠ ᠶᠢ ᠤᠯᠬᠤ  ᠲᠠᠶᠢᠴᠢᠨ ᠤᠷᠢᠶᠠᠯᠠᠭ᠎ᠠ  ᠎ ᠳᠤ ᠨᠡᠶᠢᠴᠡᠵᠦ᠂  ᠰᠢᠨ᠎ᠡ ᠡᠷᠡᠨ ᠤ  ᠮᠠᠯ ᠠᠵᠤ ᠠᠬᠤᠢ ᠶᠢᠨ ᠬᠦᠭᠵᠢᠯᠳᠡ ᠎ ᠶᠢᠨ ᠱᠠᠭᠠᠷᠳᠠᠯᠭ᠎ᠠ ᠬᠢᠭᠡᠳ ᠮᠠᠯᠴᠢᠨ ᠲᠦᠮᠡᠨ ᠤ  ᠭᠡᠷᠡᠭᠯᠡᠬᠡᠨ ᠤ ᠮᠡᠳᠡᠯᠬᠡ ᠮᠡᠷᠭᠡᠵᠢᠯ ᠤᠨ  ᠬᠦᠰᠡᠯ ᠱᠠᠭᠠᠷᠳᠠᠯᠭ᠎ᠠ ᠳᠤ ᠶᠠᠪ ᠴᠠᠪ  ᠵᠤᠬᠢᠷᠠᠭᠰᠠᠨ ᠤᠳᠬ᠎ᠠ ᠠᠭᠤᠯᠭ᠎ᠠ ᠲᠠᠢ ᠰᠠᠶᠢᠬᠠᠨ ᠠᠵᠢᠯᠯᠠᠭ᠎ᠠ  ᠪᠤᠯᠵᠤ᠂ ᠬᠤᠯᠠ ᠶᠢ ᠪᠤᠳᠤᠵᠤ ᠠᠯᠤᠰ ᠢ ᠰᠡᠳᠬᠢᠨ᠂  ᠠᠵᠤ ᠠᠮᠢᠳᠤᠷᠠᠯ ᠢᠶᠠᠨ ᠦᠬᠡᠳᠡᠯᠡᠬᠦᠯᠬᠦ ᠶᠢ ᠴᠠᠭ ᠢᠮᠠᠭᠳᠠ  ᠵᠤᠷᠢᠵᠤ ᠶᠠᠪᠤᠳᠠᠭ ᠬᠦᠨᠪᠤᠯᠠᠭ ᠤᠨ ᠮᠠᠯᠴᠢᠨ ᠲᠦᠮᠡᠨ ᠳᠤ  ᠨᠢᠬᠡ ᠬᠡᠮᠵᠢᠶᠡᠨ ᠤ ᠲᠤᠰᠠ ᠲᠡᠮ ᠪᠤᠯᠤᠭᠰᠠᠨ ᠪᠠᠶᠢᠯ᠎ᠠ᠃    ᠴᠡᠪᠡᠷ ᠮᠤᠩᠭᠤᠯ ᠬᠡᠯᠡ ᠪᠠᠷ ᠶᠠᠪᠤᠭᠳᠠᠭᠰᠠᠨ ᠬᠤᠶᠠᠷ ᠡᠳᠦᠷ ᠎ ᠤᠨ ᠪᠤᠯᠪᠠᠰᠤᠷᠠᠯ ᠳᠤ  ᠬᠦᠨᠪᠤᠯᠠᠭ ᠰᠤᠮᠤᠨ ᠤ 19 ᠭᠠᠴᠠᠭᠠᠨ ᠤ 120  ᠨᠡᠷ᠎ᠡ ᠮᠠᠯᠴᠢᠳ ᠤᠨ ᠲᠦᠯᠦᠭᠡᠯᠡᠭᠴᠢ ᠢᠳᠡᠪᠬᠢᠳᠡᠢ ᠤᠷᠤᠯᠴᠠᠵᠤ᠂  ᠬᠢᠴᠢᠶᠡᠯ ᠲᠠᠶᠢᠯᠤᠮᠵᠢ ᠶᠢ ᠨᠠᠷᠢᠨ ᠨᠢᠮᠪᠠᠢ ᠠᠩᠬᠠᠷᠤᠨ  ᠰᠤᠨᠤᠰᠤᠭᠰᠠᠨ ᠪᠦᠬᠡᠳ ᠰᠤᠷᠴᠤ ᠡᠵᠡᠮᠰᠢᠭᠰᠡᠨ ᠮᠡᠳᠡᠯᠭᠡ ᠮᠡᠷᠭᠡᠵᠢᠯ ᠢᠶᠠᠨ ᠮᠠᠯ ᠠᠵᠤ ᠠᠬᠤᠢ ᠶᠢᠨ ᠠᠵᠢᠯ ᠤᠨ ᠪᠠᠶᠢᠷᠢ ᠳᠠᠭᠠᠨ ᠦᠢᠯᠡᠳᠦᠯᠬᠡᠵᠢᠬᠦᠯᠦᠨ᠂  ᠦᠪᠡᠷᠳᠡᠭᠡᠨ ᠦᠯᠢᠭᠡᠷ ᠵᠢᠱᠢᠶ᠎ᠡ ᠪᠤᠯᠵᠤ ᠦᠷᠭᠡᠨ ᠤᠯᠠᠨ ᠮᠠᠯᠴᠢᠨ ᠲᠦᠮᠡᠨ ᠳᠡᠭᠡᠨ ᠤᠯᠠᠮᠵᠢᠯᠠᠨ ᠬᠦᠷᠳᠡᠭᠡᠬᠦ ᠢᠳᠡᠭᠡᠯ ᠵᠤᠷᠢᠭ ᠎ ᠢᠶᠠᠨ ᠢᠯᠡᠷᠭᠡᠶᠢᠯᠡᠵᠦ  ᠪᠠᠶᠢᠪᠠ᠃  
 
ᠢᠷᠡᠯᠲᠡ᠄ ᠲᠠᠶᠢᠹᠦᠰᠧ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号