ᠲᠠᠶᠢᠹᠤᠰᠧ ᠬᠤᠰᠢᠭᠤ ︽ᠨᠠᠶᠢᠳᠠᠵᠤ ᠮᠠᠯᠵᠢᠬᠤ︾  ᠠᠷᠭ᠎ᠠ ᠶᠢ ᠰᠦᠪᠡᠭᠴᠢᠯᠡᠨ  ᠮᠠᠯ ᠠᠵᠤ ᠠᠬᠤᠢ ᠶᠢᠨ ᠬᠦᠭᠵᠢᠯᠳᠡ ᠶᠢ ᠠᠬᠢᠭᠤᠯᠵᠤ  ᠪᠠᠶᠢᠨ᠎ᠠ
ᠨᠡᠶᠢᠲᠡᠯᠡᠭᠰᠡᠨ ᠴᠠᠭ᠄
2017-12-13

         2017 ᠤᠨ ᠳᠤ᠂ ᠲᠠᠶᠢᠹᠤᠰᠧ ᠬᠤᠰᠢᠭᠤ ᠬᠦᠳᠡᠯᠮᠦᠷᠢ ᠬᠦᠴᠦᠨ ᠦᠬᠡᠢ ᠶᠠᠳᠠᠭᠤ ᠬᠦᠴᠢᠷᠳᠡᠢ

ᠡᠷᠦᠬᠡ  ᠂ ᠦᠨᠳᠦᠰᠦᠨ ᠬᠦᠳᠡᠯᠮᠦᠷᠢᠯᠡᠬᠦ ᠴᠢᠳᠠᠪᠤᠷᠢ ᠲᠠᠢ ᠪᠤᠯᠪᠠᠴᠤ ᠪᠡᠯᠡ  ᠮᠦᠩᠬᠦ᠂ ᠮᠡᠷᠭᠡᠵᠢᠯ᠂ ᠲᠦᠷᠦᠯ ᠵᠦᠢᠯ

ᠲᠤᠳᠠᠭᠳᠠᠭᠰᠠᠨ ᠠᠴᠠ ᠪᠤᠯᠵᠤ ᠶᠠᠳᠠᠭᠤᠷᠠᠭᠰᠠᠨ ᠬᠦᠴᠢᠷᠳᠡᠢ ᠡᠷᠦᠬᠡ ᠳᠤ ᠵᠤᠷᠢᠭᠤᠯᠵᠤ᠂  ︽ᠵᠠᠰᠠᠭ ᠤᠨ ᠤᠷᠳᠤᠨ ᠤ

ᠨᠦᠬᠦᠪᠦᠷᠢ + ᠲᠤᠯᠤᠭᠠᠶᠢᠯᠠᠭᠴᠢ ᠠᠵᠤ ᠠᠬᠤᠶᠢᠯᠠᠯ + ᠬᠦᠴᠢᠷᠳᠡᠢ ᠡᠷᠦᠬᠡ ᠶᠢᠨ ᠦᠪᠡᠷ ᠤᠨ ᠬᠤᠷᠠᠮᠳᠤᠭᠤᠯᠭ᠎ᠠ︾

᠎ ᠶᠢᠨ  ᠬᠡᠯᠪᠡᠷᠢ ᠪᠠᠷ ᠠᠵᠤ ᠠᠬᠤᠶᠢᠯᠠᠯ ᠳᠤ ᠲᠦᠪᠯᠡᠷᠡᠬᠦᠯᠦᠨ ᠮᠠᠯᠵᠢᠭᠤᠯᠬᠤ ︽ᠨᠠᠶᠢᠳᠠᠵᠤ ᠮᠠᠯᠵᠢᠬᠤ︾  ᠠᠷᠭ᠎ᠠ ᠶᠢ

ᠰᠦᠪᠡᠭᠴᠢᠯᠡᠨ᠂ ᠮᠢᠬᠠᠨ ᠤ ᠦᠬᠡᠷ  ᠲᠡᠵᠢᠬᠡᠨ ᠦᠷᠡᠵᠢᠬᠦᠯᠬᠦ ᠠᠵᠤ ᠦᠢᠯᠡᠰ ᠢ ᠬᠦᠭᠵᠢᠬᠦᠯᠵᠦ᠂  ᠲᠤᠭᠳᠠᠪᠤᠷᠢᠳᠠᠢ

ᠰᠠᠶᠢᠨ ᠠᠰᠢᠭ ᠲᠤᠰᠠ ᠶᠢᠨ ᠬᠤᠯᠪᠤᠭᠳᠠᠯ ᠤᠨ ᠲᠤᠭᠳᠠᠴᠠ ᠶᠢ ᠪᠠᠶᠢᠭᠤᠯᠬᠤ ᠪᠠᠷ ᠲᠠᠮᠵᠢᠭᠠᠳ᠂ ᠶᠠᠳᠠᠭᠤ ᠬᠦᠴᠢᠷᠳᠡᠢ

ᠡᠷᠦᠬᠡ  ᠎ ᠶᠢᠨ ᠠᠰᠢᠭ ᠤᠷᠤᠯᠭ᠎ᠠ ᠶᠢ ᠨᠡᠮᠡᠭᠳᠡᠬᠦᠯᠵᠦ ᠪᠠᠶᠢᠨ᠎ᠠ᠃  ᠤᠳᠤ ᠪᠤᠯᠳᠠᠯ᠎ᠠ᠂ ᠬᠤᠰᠢᠭᠤᠨ ᠤ ᠤᠷᠢᠵᠤ

ᠤᠷᠤᠭᠤᠯᠤᠭᠰᠠᠨ  ᠦᠪᠦᠷ ᠮᠤᠩᠭᠤᠯ ᠤᠨ ᠵᠦᠩ ᠰᠢᠤᠢ ᠷᠦᠩ ᠲᠠᠢ  ᠮᠠᠯ ᠠᠵᠤ ᠠᠬᠤᠢ ᠶᠢᠨ ᠬᠢᠵᠠᠭᠠᠷᠳᠤ ᠺᠤᠮᠫᠠᠨᠢ

᠎ ᠨᠢ  ᠨᠠᠶᠢᠳᠠᠯᠭ᠎ᠠ ᠬᠦᠯᠢᠶᠡᠬᠦ ᠠᠷᠭ᠎ᠠ ᠪᠠᠷ 700 ᠭᠠᠷᠤᠢ ᠡᠷᠦᠬᠡ ᠶᠢᠨ 1379 ᠲᠤᠯᠤᠭᠠᠢ ᠠᠩᠬᠢᠰ ᠬᠠᠷ᠎ᠠ  ᠦᠨᠢᠶ᠎ᠡ

᠎ ᠶᠢ  ᠮᠠᠯᠵᠢᠵᠤ᠂  ᠨᠠᠶᠢᠳᠠᠵᠤ ᠮᠠᠯᠵᠢᠭᠤᠯᠤᠭᠰᠠᠨ ᠶᠠᠳᠠᠭᠤ ᠬᠦᠴᠢᠷᠳᠡᠢ ᠡᠷᠦᠬᠡ ᠨᠢ ᠦᠬᠡᠷ ᠪᠦᠷᠢ ᠠᠴᠠ ᠵᠢᠯ ᠤᠨ

1500 ᠲᠦᠬᠦᠷᠢᠭ ᠤᠨ  ᠤᠷᠤᠯᠭ᠎ᠠ  ᠤᠯᠵᠤ  ᠂   ᠦᠪᠦᠷ ᠮᠤᠩᠭᠤᠯ ᠤᠨ  ᠳ᠋ᠦ᠋ ᠮᠧᠩ ᠮᠠᠯ ᠠᠵᠤ ᠠᠬᠤᠢ

ᠬᠦᠭᠵᠢᠬᠦᠯᠬᠦ ᠬᠢᠵᠠᠭᠠᠷᠳᠤ ᠺᠤᠮᠫᠠᠨᠢ ᠨᠢ  ᠪᠠᠰᠠ 104 ᠡᠷᠦᠬᠡ ᠶᠢᠨ 770 ᠴᠠᠬᠠᠷ ᠬᠤᠨᠢ ᠶᠢ ᠮᠠᠯᠵᠢᠵᠤ᠂  

ᠨᠠᠶᠢᠳᠠᠵᠤ ᠮᠠᠯᠵᠢᠭᠤᠯᠤᠭᠰᠠᠨ ᠶᠠᠳᠠᠭᠤ ᠬᠦᠴᠢᠷᠳᠡᠢ ᠡᠷᠦᠬᠡ ᠨᠢ  ᠬᠤᠨᠢ ᠪᠦᠷᠢ ᠠᠴᠠ ᠵᠢᠯ ᠤᠨ 300 ᠲᠦᠬᠦᠷᠢᠭ

᠎ ᠤᠨ  ᠤᠷᠤᠯᠭ᠎ᠠ  ᠤᠯᠵᠤ  ᠪᠠᠶᠢᠨ᠎ᠠ᠃ ︽ᠨᠠᠶᠢᠳᠠᠵᠤ ᠮᠠᠯᠵᠢᠬᠤ︾  ᠠᠷᠭ᠎ᠠ ᠨᠢ ᠲᠠᠷᠬᠠᠢ ᠡᠵᠡᠩᠨᠡᠯᠳᠡ ᠶᠢ  

ᠬᠤᠷᠰᠢᠭᠰᠠᠨ ᠡᠵᠡᠩᠨᠡᠯᠳᠡ ᠪᠤᠯᠭᠠᠵᠤ᠂  ᠮᠠᠯᠴᠢᠨ ᠲᠠᠷᠢᠶᠠᠴᠢᠨ ᠤ ᠵᠤᠬᠢᠶᠠᠨ ᠪᠠᠶᠢᠭᠤᠯᠵᠢᠭᠰᠠᠨ ᠬᠢᠷᠢ ᠬᠡᠮᠵᠢᠶ᠎ᠡ ᠶᠢ

ᠲᠡᠭᠡᠭᠰᠢᠯᠡᠬᠦᠯᠦᠨ᠂  ᠮᠠᠯ ᠠᠵᠤ ᠠᠬᠤᠢ ᠶᠢᠨ ᠵᠠᠬ᠎ᠠ ᠲᠡᠯᠬᠡᠬᠦᠷ ᠤᠨ ᠲᠦᠭᠰᠢᠬᠦᠷᠢ ᠶᠢ ᠲᠤᠯᠬᠤ ᠴᠢᠳᠠᠪᠤᠷᠢ ᠪᠠ ᠵᠠᠬ᠎ᠠ

ᠲᠡᠯᠬᠡᠬᠦᠷ ᠤᠨ ᠦᠷᠢᠰᠦᠯᠳᠦᠬᠡᠨ ᠤ ᠴᠢᠳᠠᠪᠤᠷᠢ ᠶᠢ ᠴᠢᠩᠭᠠᠷᠠᠭᠤᠯᠵᠤ᠂  ᠶᠠᠳᠠᠭᠤ ᠬᠦᠴᠢᠷᠳᠡᠢ ᠡᠷᠦᠬᠡ ᠳᠤ ᠨᠡᠩ ᠶᠡᠭᠡ

ᠪᠤᠳᠠᠳᠠᠢ ᠠᠰᠢᠭ ᠬᠦᠷᠳᠡᠭᠡᠨ᠂  ᠶᠠᠳᠠᠭᠤ ᠬᠦᠴᠢᠷᠳᠡᠢ ᠡᠷᠦᠬᠡ ᠳᠤ ︽ᠴᠢᠰᠤ ᠶᠡᠬᠦᠯᠡᠬᠦ︾᠎ ᠪᠠᠷ ᠪᠠᠷᠠᠬᠤ ᠦᠬᠡᠢ᠂ ︽

ᠴᠢᠰᠤ  ᠪᠦᠳᠦᠭᠡᠬᠦ︾ ᠴᠢᠳᠠᠪᠤᠷᠢ ᠲᠠᠢ ᠪᠤᠯᠭᠠᠵᠤ᠂ ᠶᠠᠳᠠᠭᠤ ᠬᠦᠴᠢᠷᠳᠡᠢ ᠡᠷᠦᠬᠡ ᠶᠢᠨ ᠤᠷᠤᠯᠭ᠎ᠠ ᠨᠡᠮᠡᠭᠳᠡᠬᠦᠯᠬᠦ  

ᠠᠷᠭ᠎ᠠ ᠵᠠᠮ ᠢ  ᠦᠷᠭᠡᠳᠭᠡᠨ᠂  ᠲᠡᠳᠡᠨ ᠤ ᠲᠤᠭᠳᠠᠭᠤᠨ ᠢᠶᠠᠷ ᠶᠠᠳᠠᠭᠤ ᠠᠴᠠ  ᠠᠩᠬᠢᠵᠢᠷᠠᠬᠤ ᠶᠢ ᠨᠢ ᠲᠦᠷᠭᠡᠳᠭᠡᠬᠦ

᠎ ᠶᠢᠨ  ᠬᠠᠮᠳᠤ᠂  ᠮᠠᠯ ᠠᠵᠤ ᠠᠬᠤᠢ ᠶᠢᠨ ᠠᠵᠤ ᠦᠢᠯᠡᠰ ᠤᠨ ᠬᠦᠭᠵᠢᠯᠳᠡ ᠶᠢ ᠨᠡᠩ ᠴᠢᠨᠠᠭᠰᠢᠳᠠ ᠠᠬᠢᠭᠤᠯᠵᠤ

ᠪᠠᠶᠢᠨ᠎ᠠ᠃

 
ᠢᠷᠡᠯᠲᠡ᠄ ᠲᠠᠶᠢᠹᠦᠰᠧ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号