ᠵᠠᠰᠠᠭ   ᠤᠨ  ᠣᠷᠳᠣᠨ   ᠤ  ᠠᠵᠢᠯ   ᠤᠨ  ᠢᠯᠡᠳᠬᠡᠯ
ᠨᠡᠶᠢᠲᠡᠯᠡᠭᠰᠡᠨ ᠴᠠᠭ᠄
2014/3/5
ᠲᠠᠶᠢᠹᠤᠰᠧ ᠬᠤᠰᠢᠭᠤᠨ ᠤ ᠠᠷᠪᠠᠨ  ᠲᠦᠷᠪᠡᠳᠦᠭᠡᠷ ᠬᠤᠭᠤᠴᠠᠭᠠᠨ ᠤ ᠠᠷᠠᠳ ᠤᠨ ᠲᠦᠯᠦᠭᠡᠯᠡᠭᠴᠢᠳ   ᠤᠨᠶᠡᠭᠡ  ᠬᠤᠷᠠᠯ   ᠤᠨ  ᠭᠤᠷᠪᠠᠳᠤᠭᠠᠷ  ᠤᠳᠠᠭᠠᠨ   ᠤ  ᠬᠤᠷᠠᠯᠳᠤᠭᠠᠨ   ᠤ  ᠪᠢᠴᠢᠭ   ᠮᠠᠲ᠋ᠧᠷᠢᠶᠠᠯ  ︵18︶                                                                                                              ᠵᠠᠰᠠᠭ   ᠤᠨ   ᠣᠷᠳᠣᠨ   ᠤ   ᠠᠵᠢᠯ   ᠤᠨ   ᠢᠯᠡᠳᠬᠡᠯ                                                                          2014 ᠣᠨ ᠤ  3  ᠰᠠᠷᠠᠶᠢᠨ  5   ᠤ ᠡᠳᠦᠷ ᠲᠠᠶᠢᠹᠤᠰᠧ ᠬᠤᠰᠢᠭᠤᠨ ᠤ ᠠᠷᠪᠠᠨ ᠲᠦᠷᠪᠡᠳᠦᠭᠡᠷ ᠬᠤᠭᠤᠴᠠᠭᠠᠨ ᠤ                                                                          ᠠᠷᠠᠳ   ᠤᠨ ᠲᠥᠯᠥᠭᠡᠯᠡᠭᠴᠢᠳ ᠤᠨ  ᠶᠡᠭᠡ  ᠬᠤᠷᠠᠯ   ᠤᠨ  ᠭᠤᠷᠪᠠᠳᠤᠭᠠᠷ  ᠤᠳᠠᠭᠠᠨ   ᠤ  ᠬᠤᠷᠠᠯᠳᠤᠭᠠᠨ  ᠳᠡᠭᠡᠷ᠎ᠡ                                                                                                                                                                                             ᠨᠠᠨ  ᠵᠦᠩ  ᠢᠦᠢ   ᠲᠦᠯᠦᠭᠡᠯᠡᠭᠴᠢᠳ ᠡ  ᠄       ᠳᠣᠣᠷ᠎ᠠ  ᠪᠢ  ᠬᠤᠰᠢᠭᠤ  ᠵᠠᠰᠠᠭ   ᠤᠨ ᠣᠷᠳᠣᠨ   ᠢ ᠲᠦᠯᠦᠭᠡᠯᠡᠵᠦ  ᠶᠡᠭᠡ  ᠬᠤᠷᠠᠯ   ᠳᠤ  ᠠᠵᠢᠯ ᠤᠨ  ᠢᠯᠡᠳᠭᠡᠯ  ᠬᠢᠶ᠎ᠡ  ᠂  ᠬᠢᠨᠠᠨ  ᠵᠥᠪᠯᠡᠬᠦ  ᠪᠣᠯᠪᠠᠤ  ᠃   ᠤᠯᠤᠰ  ᠲᠥᠷᠥ   ᠶᠢᠨ  ᠵᠥᠪᠯᠡᠯᠭᠡᠨ   ᠤ  ᠭᠡᠰᠢᠭᠦᠳ  ᠪᠣᠯᠣᠨ  ᠬᠤᠷᠠᠯ   ᠳᠤ  ᠰᠤᠯᠨ ᠣᠷᠣᠯᠴᠠᠭᠰᠠᠨ  ᠨᠦᠬᠦᠳ   ᠠᠴᠠ  ᠰᠠᠨᠠᠯ  ᠰᠢᠭᠦᠮᠵᠢ   ᠪᠠᠨ  ᠳᠡᠪᠰᠢᠭᠦᠯᠦᠮᠦ᠃       ᠨᠢᠭᠡ  ᠂ 2013 ᠤᠨ ᠤ ᠠᠵᠢᠯ ᠤᠨ ᠡᠷᠬᠢᠴᠡᠬᠦᠯᠦᠯ        ᠦᠩᠭᠡᠷᠡᠬᠦ‍ ᠨᠢᠬᠡ ᠵᠢᠯ  ᠠᠶᠢᠮᠠᠭ ᠤᠨ ᠨᠠᠮ ᠤᠨ ᠬᠤᠷᠢᠶ᠎ᠠ᠂ ᠠᠶᠢᠮᠠᠭ ᠤᠨ ᠵᠠᠬᠢᠷᠭ᠎ᠠ  ᠬᠢᠭᠡᠳ ᠬᠤᠰᠢᠭᠤ ᠨᠠᠮ ᠤᠨ ᠬᠤᠷᠢᠶᠠᠨ ᠤ ᠵᠦᠪ ᠤᠨᠤᠪᠴᠢᠳᠠᠢ ᠤᠳᠤᠷᠢᠳᠤᠯᠭ᠎ᠠ ᠲᠤᠤᠷ᠎ᠠ᠂ ᠬᠤᠰᠢᠭᠤ  ᠠᠷᠠᠳ   ᠤᠨ  ᠲᠦᠯᠦᠭᠡᠯᠡᠭᠴᠢᠳ ᠤᠨ ᠶᠡᠭᠡ  ᠬᠤᠷᠠᠯ  ᠂ ᠤᠯᠤᠰ  ᠲᠦᠷᠦ   ᠶᠢᠨ  ᠵᠦᠪᠯᠡᠯᠭᠡᠨ   ᠤ  ᠬᠢᠨᠠᠯᠳᠠ  ᠪᠠ ᠲᠡᠮᠵᠢᠯᠬᠡ ᠲᠤᠤᠷ᠎ᠠ᠂  ᠬᠤᠰᠢᠭᠤ ᠵᠠᠰᠠᠭ ᠤᠨ ᠤᠷᠳᠤᠨ ᠨᠢ  ᠰᠢᠨᠵᠢᠯᠡᠬᠦ ᠤᠬᠠᠭᠠᠨᠴᠢ ᠬᠦᠭᠵᠢᠯᠳᠡ ᠶᠢᠨ ᠦᠵᠡᠯᠳᠡ ᠪᠠᠷ ᠪᠦᠬᠦ ᠲᠠᠯ᠎ᠠ ᠶᠢ  ᠵᠢᠯᠤᠭᠤᠳᠤᠭᠤᠯᠤᠨ᠂ ᠪᠦᠬᠦ ᠬᠤᠰᠢᠭᠤᠨ ᠤ ᠡᠯ᠎ᠡ ᠦᠨᠳᠦᠰᠦᠳᠡᠨ ᠤ ᠺᠠᠳᠠᠷ ᠤᠯᠠᠨ ᠲᠦᠮᠡᠨ ᠢ ᠪᠦᠯᠬᠦᠮᠳᠡᠬᠦᠯᠦᠨ ᠲᠠᠶᠢᠴᠢᠯᠠᠵᠤ  ᠂ ᠨᠠᠮ ᠤᠨ ᠠᠷᠪᠠᠨ ᠨᠠᠢᠮᠠᠳᠤᠭᠠᠷ ᠶᠡᠭᠡ ᠬᠤᠷᠠᠯ  ᠂ ᠠᠷᠪᠠᠨ ᠨᠠᠢᠮᠠᠳᠤᠭᠠᠷ ᠬᠤᠭᠤᠴᠠᠭᠠᠨ ᠤ ᠲᠦᠪ ᠬᠤᠷᠢᠶᠠᠨ ᠤ ᠭᠤᠷᠪᠠᠳᠤᠭᠠᠷ ᠪᠦᠬᠦᠳᠡ ᠬᠤᠷᠠᠯ ᠤᠨ ᠵᠤᠷᠢᠭ ᠰᠠᠨᠠᠭ᠎ᠠ ᠬᠢᠭᠡᠳ ᠦᠪᠡᠷᠳᠡᠭᠡᠨ ᠵᠠᠰᠠᠬᠤ ᠤᠷᠤᠨ ᠤ ︽8337︾ ᠬᠦᠭᠵᠢᠯᠳᠡ ᠶᠢᠨ ᠰᠡᠳᠬᠢᠴᠡ ᠶᠢ ᠨᠠᠷᠢᠨ ᠨᠢᠮᠪᠠᠢ ᠲᠤᠤᠱᠯᠠᠭᠤᠯᠤᠨ᠂  ᠬᠦᠴᠢᠷ ᠪᠡᠷᠭᠡ ᠶᠢ ᠲᠤᠭᠤᠯᠵᠤ ᠯᠠᠪᠳᠠᠭᠤᠨ ᠪᠠᠳᠤᠳᠠᠢ ᠤᠷᠤᠭᠰᠢᠯᠠᠭᠠᠳ᠂ ᠠᠷᠪᠠᠨ  ᠲᠦᠷᠪᠡᠳᠦᠭᠡᠷ ᠬᠤᠭᠤᠴᠠᠭᠠᠨ ᠤ ᠠᠷᠠᠳ  ᠤᠨ ᠲᠦᠯᠦᠭᠡᠯᠡᠭᠴᠢᠳ ᠤᠨ ᠶᠡᠭᠡ ᠬᠤᠷᠠᠯ ᠤᠨ  ᠬᠤᠶᠠᠳᠤᠭᠠᠷ  ᠬᠤᠷᠠᠯᠳᠤᠭᠠᠨ  ᠲᠡᠭᠡᠷ᠎ᠡ ᠲᠤᠭᠳᠠᠭᠰᠠᠨ ᠡᠯ᠎ᠡ ᠵᠦᠢᠯ  ᠤᠨ ᠡᠬᠦᠷᠭᠡ ᠬᠠᠷᠠᠯᠳᠠ   ᠪᠠᠨ  ᠠᠮᠵᠢᠯᠳᠠ ᠲᠠᠢ ᠰᠠᠶᠢᠨ ᠪᠡᠶᠡᠯᠡᠬᠦᠯᠵᠦ᠂ ᠠᠵᠤ ᠠᠬᠤᠢ ᠨᠡᠶᠢᠬᠡᠮ   ᠨᠢ ᠠᠰᠤᠷᠤ ᠰᠠᠶᠢᠨ ᠬᠦᠭᠵᠢᠯᠳᠡ ᠶᠢᠨ ᠪᠠᠶᠢᠳᠠᠯ ᠢᠶᠠᠨ ᠬᠠᠳᠠᠭᠠᠯᠠᠭᠰᠠᠨ ᠪᠠᠶᠢᠨ᠎ᠠ᠃        ︵ᠨᠢᠬᠡ︶ ᠠᠵᠤ ᠠᠬᠤᠢ ᠶᠢᠨ ᠬᠦᠭᠵᠢᠯᠳᠡ ᠲᠤᠭᠳᠠᠭᠤᠨ ᠢ ᠪᠠᠳᠤᠯᠠᠬᠤ ᠶᠢᠨ ᠲᠤᠮᠳᠠ ᠰᠠᠶᠢᠵᠢᠷᠠᠬᠤ ᠬᠠᠨᠳᠤᠰᠢ ᠲᠠᠢ ᠪᠤᠯᠵᠠᠢ᠃       ᠪᠦᠬᠦ  ᠵᠢᠯ ᠳᠤ ᠣᠷᠣᠨ  ᠨᠤᠲᠤᠭ   ᠤᠨ ᠦᠢᠯᠡᠳᠪᠦᠷᠢᠯᠡᠯ   ᠤᠨ  ᠶᠡᠷᠦᠩᠬᠡᠢ  ᠥᠷᠲᠡᠭ 41.3 ᠳ᠋ᠦᠩᠰᠢᠭᠤᠷ ᠲᠥᠭᠦᠷᠢᠭ   ᠢ ᠪᠡᠶᠡᠯᠡᠬᠦᠯᠵᠦ᠂   10.2% ᠪᠠᠷ  ᠨᠡᠮᠡᠭᠳᠡᠭᠰᠡᠨ ᠪᠠᠶᠢᠨ᠎ᠠ᠃ ᠡᠬᠦᠨ ᠳᠤ᠂ ᠨᠢᠭᠡᠳᠦᠬᠡᠷ ᠠᠵᠤ ᠦᠢᠯᠡᠰ ᠤᠨ ᠨᠡᠮᠡᠭᠳᠡᠯ ᠦᠷᠳᠡᠭ 11.5 ᠳ᠋ᠦᠩᠰᠢᠭᠤᠷ ᠲᠦᠬᠦᠷᠢᠭ ᠲᠤ ᠬᠦᠷᠴᠦ᠂ 5.2% ᠪᠠᠷ ᠨᠡᠮᠡᠭᠳᠡᠨ᠂  ᠬᠤᠶᠠᠳᠤᠭᠠᠷ ᠠᠵᠤ ᠦᠢᠯᠡᠰ ᠤᠨ ᠨᠡᠮᠡᠭᠳᠡᠯ ᠦᠷᠳᠡᠭ  16.6 ᠳ᠋ᠦᠩᠰᠢᠭᠤᠷ ᠲᠦᠬᠦᠷᠢᠭ ᠲᠤ ᠬᠦᠷᠴᠦ᠂ 14.9 % ᠪᠠᠷ ᠨᠡᠮᠡᠭᠳᠡᠨ᠂  ᠡᠬᠦᠨ ᠤ ᠲᠤᠳᠤᠷ᠎ᠠ ᠠᠵᠤ ᠦᠢᠯᠡᠳᠪᠦᠷᠢ ᠶᠢᠨ  ᠨᠡᠮᠡᠭᠳᠡᠯ ᠦᠷᠳᠡᠭ 13.6 ᠳ᠋ᠦᠩᠰᠢᠭᠤᠷ ᠲᠦᠬᠦᠷᠢᠭ   ᠲᠤ ᠬᠦᠷᠴᠦ᠂ 18.4% ᠪᠠᠷ  ᠨᠡᠮᠡᠭᠳᠡᠪᠡ  ᠃ ᠭᠤᠷᠪᠠᠳᠤᠭᠠᠷ ᠠᠵᠤ ᠦᠢᠯᠡᠰ ᠤᠨ ᠨᠡᠮᠡᠭᠳᠡᠯ ᠦᠷᠳᠡᠭ 13.3 ᠳ᠋ᠦᠩᠰᠢᠭᠤᠷ ᠲᠦᠬᠦᠷᠢᠭ   ᠲᠤ ᠬᠦᠷᠴᠦ᠂ 8.9 % ᠪᠠᠷ  ᠨᠡᠮᠡᠭᠳᠡᠨ᠂   ᠤᠷᠤᠨ ᠨᠤᠳᠤᠭ ᠤᠨ ᠡᠳ᠋ ᠤᠨ ᠵᠠᠰᠠᠭ ᠤᠨ ᠣᠷᠣᠯᠭ᠎ᠠ 2 ᠳ᠋ᠦᠩᠰᠢᠭᠤᠷ ᠲᠦᠬᠦᠷᠢᠭ ᠲᠤ ᠬᠦᠷᠴᠦ᠂  26% ᠪᠠᠷ ᠨᠡᠮᠡᠭᠳᠡᠵᠡᠢ᠃ ᠬᠤᠳᠠ ᠪᠠᠯᠭᠠᠰᠤᠨ ᠤ ᠰᠠᠭᠤᠭᠠᠯᠢ ᠠᠷᠠᠳ ᠤᠨ ᠬᠦᠮᠦᠨ ᠳᠤᠮᠳᠠᠴᠢ ᠲᠤᠬᠢᠷᠠᠭᠤᠯᠵᠤ ᠪᠤᠯᠬᠤᠶᠢᠴᠠ ᠤᠷᠤᠯᠭ᠎ᠠ 20897 ᠲᠦᠬᠦᠷᠢᠭ ᠲᠤ ᠬᠦᠷᠴᠦ᠂ 10.4% ᠪᠠᠷ  ᠨᠡᠮᠡᠭᠳᠡᠨ᠂  ᠮᠠᠯᠴᠢᠨ ᠲᠠᠷᠢᠶᠠᠴᠢᠨ ᠤ ᠬᠦᠮᠦᠨ ᠳᠤᠮᠳᠠᠴᠢ ᠴᠡᠪᠡᠷ ᠤᠷᠤᠯᠭ᠎ᠠ 7538 ᠲᠦᠭᠦᠷᠢᠭ   ᠲᠤ ᠬᠦᠷᠴᠦ᠂  12% ᠪᠠᠷ ᠨᠡᠮᠡᠭᠳᠡᠪᠡ  ᠃ ᠪᠦᠬᠦ ᠨᠡᠶᠢᠬᠡᠮ ᠤᠨ ᠲᠤᠭᠳᠠᠮᠠᠯ ᠬᠦᠷᠦᠩᠭᠡ ᠶᠢᠨ ᠪᠡᠯᠡ ᠤᠷᠤᠭᠤᠯᠤᠯᠳᠠ 30.1 ᠳ᠋ᠦᠩᠰᠢᠭᠤᠷ ᠲᠦᠬᠦᠷᠢᠭ ᠲᠤ  ᠬᠦᠷᠴᠦ᠂ 7.4 % ᠪᠠᠷ  ᠨᠡᠮᠡᠭᠳᠡᠭᠰᠡᠨ ᠪᠠᠶᠢᠨ᠎ᠠ᠃  ᠡᠶᠢᠨᠬᠦ ᠭᠤᠤᠯ ᠪᠤᠯᠬᠤ ᠠᠵᠤ ᠠᠬᠤᠢ ᠶᠢᠨ ᠵᠢᠭᠠᠯᠳᠠ ᠲᠤᠭ᠎ᠠ ᠲᠤᠭᠳᠠᠭᠤᠨ ᠢ ᠪᠠᠳᠤᠯᠠᠬᠤ ᠶᠠᠪᠤᠴᠠ ᠳᠤ  ᠵᠤᠬᠢᠬᠤ ᠬᠡᠮᠵᠢᠶᠡᠨ ᠤ ᠨᠡᠮᠡᠭᠳᠡᠯ ᠢ  ᠪᠡᠶᠡᠯᠡᠬᠦᠯᠦᠬᠡᠳ  ᠂  ᠤᠯᠠᠩᠬᠢ ᠨᠢ 10 % ᠠᠴᠠ ᠲᠡᠭᠡᠭᠰᠢ ᠨᠡᠮᠡᠭᠳᠡᠯ   ᠤᠨ ᠬᠤᠷᠳᠤᠴᠠ ᠶᠢ ᠪᠠᠳᠤᠯᠠᠵᠠᠢ᠃       ᠲᠠᠷᠢᠶᠠᠯᠠᠩ  ᠮᠠᠯ  ᠠᠵᠤ  ᠠᠬᠤᠢ   ᠶᠢᠨ  ᠤᠳᠤᠬᠢᠴᠢᠯᠠᠯᠳᠠ   ᠶᠢᠨ  ᠠᠮᠵᠢᠯᠳᠠ  ᠪᠦᠳᠦᠮᠵᠢ  ᠢᠯᠡᠷᠭᠡᠢ  ᠪᠠᠶᠢᠭ᠎ᠠ  ᠃   ᠲᠠᠷᠢᠶᠠᠯᠠᠩ ᠮᠠᠯᠵᠢᠯ ᠤᠨ ᠦᠢᠯᠡᠳᠪᠦᠷᠢᠯᠡᠯ ᠡᠯᠪᠡᠭ ᠬᠤᠷᠶᠠᠯᠳᠠ ᠤᠯᠤᠭᠰᠠᠨ᠃ ᠪᠦᠬᠦ ᠬᠤᠰᠢᠭᠤᠨ ᠤ ᠲᠠᠷᠢᠮᠠᠯ ᠤᠨ ᠶᠡᠷᠦᠩᠬᠡᠢ ᠲᠠᠯᠠᠪᠠᠢ 141.1 ᠲᠦᠮᠡᠨ ᠮᠤ᠋ ᠳᠤ ᠬᠦᠷᠴᠦ᠂  ᠡᠬᠦᠨ ᠤ ᠲᠤᠳᠤᠷ᠎ᠠ ᠠᠮᠤ ᠪᠤᠳᠠᠭᠠᠨ ᠤ  ᠶᠡᠷᠦᠩᠬᠡᠢ ᠲᠠᠯᠠᠪᠠᠢ 102 ᠲᠦᠮᠡᠨ ᠮᠤ᠋᠂  ᠠᠮᠤ ᠪᠤᠳᠠᠭᠠᠨ ᠤ ᠶᠡᠷᠦᠩᠬᠡᠢ ᠤᠨᠠᠯᠳᠠ 32 ᠲᠦᠮᠡᠨ ᠲᠤᠨ ᠳᠤ ᠬᠦᠷᠴᠦ᠂ 132.8 % ᠪᠠᠷ ᠨᠡᠮᠡᠭᠳᠡᠨ᠂ ᠲᠡᠦᠬᠡᠨ ᠰᠢᠨ᠎ᠡ ᠲᠡᠮᠳᠡᠭᠯᠡᠯ ᠢ ᠡᠬᠦᠳᠦᠭᠰᠡᠨ ᠪᠠᠶᠢᠨ᠎ᠠ᠃  ᠮᠠᠯᠵᠢᠯ ᠤᠨ ᠭᠡᠪᠴᠢᠶ᠎ᠡ ᠦᠷᠭᠡᠳᠦᠨ ᠪᠤᠵᠠᠭᠠᠶᠢᠷᠠᠵᠤ᠂  ᠵᠤᠨ ᠤ ᠲᠤᠭᠠᠯᠠᠯᠭ᠎ᠠ ᠳᠤ  ᠨᠡᠶᠢᠳᠡ 24.3 ᠲᠦᠮᠡᠨ ᠮᠠᠯ ᠪᠦᠷᠢᠳᠭᠡᠵᠦ᠂  38.7 % ᠪᠠᠷ  ᠨᠡᠮᠡᠭᠳᠡᠪᠡ᠃  ᠲᠠᠷᠢᠶᠠᠯᠠᠩ ᠮᠠᠯ ᠠᠵᠤ ᠠᠬᠤᠢ ᠶᠢᠨ ᠰᠠᠭᠤᠷᠢ ᠲᠦᠬᠦᠭᠡᠷᠦᠮᠵᠢ ᠶᠢᠨ ᠪᠦᠳᠦᠭᠡᠨ ᠪᠠᠶᠢᠭᠤᠯᠤᠯᠳᠠ ᠶᠢ ᠤᠯᠠᠮ ᠨᠢᠬᠡ ᠠᠯᠬᠤᠮ  ᠴᠢᠩᠭᠠᠳᠬᠠᠵᠤ᠂ ᠤᠰᠤᠨ ᠳᠤ ᠠᠷᠪᠢᠳᠠᠢ ᠤᠰᠤᠯᠠᠯᠳᠠ ᠶᠢᠨ ᠲᠠᠯᠠᠪᠠᠢ 2.3 ᠲᠦᠮᠡᠨ ᠮᠤ᠋  ᠨᠡᠮᠡᠭᠳᠡᠨ᠂ ᠨᠡᠶᠢᠳᠡ 35.14 ᠲᠦᠮᠡᠨ ᠮᠤ᠋ ᠳᠤ  ᠬᠦᠷᠴᠦ᠂   ᠮᠠᠯ ᠤᠨ ᠰᠠᠷᠠᠪᠴᠢ 6.5 ᠲᠦᠮᠡᠨ ᠬᠠᠪᠳᠠᠭᠠᠢ ᠲᠦᠷᠪᠡᠯᠵᠢᠨ ᠮᠧᠲᠷ᠂  ᠡᠪᠡᠰᠦ ᠬᠠᠳᠠᠭᠠᠯᠠᠬᠤ ᠰᠠᠷᠠᠪᠴᠢ 1.4 ᠲᠦᠮᠡᠨ ᠬᠠᠪᠳᠠᠭᠠᠢ ᠲᠦᠷᠪᠡᠯᠵᠢᠨ ᠮᠧᠲᠷ᠂  ᠨᠤᠭᠤᠭᠠᠨ ᠲᠠᠷᠤᠰᠢ ᠶᠢᠨ ᠵᠤᠭᠤᠷᠢ 6.6 ᠲᠦᠮᠡᠨ ᠪᠤᠰᠤᠭ᠎ᠠ ᠲᠦᠷᠪᠡᠯᠵᠢᠨ ᠮᠧᠲᠷ᠂  ᠢᠳᠡᠰᠢᠨ ᠨᠤᠭᠤᠭᠠᠨ ᠤ ᠬᠦᠯᠡᠮᠵᠢ 97 ᠮᠤ᠋ ᠶᠢ ᠪᠠᠶᠢᠭᠤᠯᠵᠤ᠂  ᠲᠦᠮᠦᠰᠦᠨ ᠤ ᠵᠤᠭᠤᠷᠢ ᠶᠢᠨ ᠪᠠᠭᠳᠠᠭᠠᠮᠵᠢ  1.8 ᠲᠦᠮᠡᠨ ᠲᠤᠨ  ᠨᠡᠮᠡᠭᠳᠡᠭᠰᠡᠨ ᠪᠦᠬᠡᠳ ᠡᠯ᠎ᠡ ᠲᠦᠷᠦᠯ ᠤᠨ ᠬᠡᠪᠴᠢᠶᠡᠵᠢᠭᠰᠡᠨ ᠮᠠᠯᠵᠢᠯ ᠤᠨ ᠲᠠᠯᠠᠪᠠᠢ 23 ᠪᠠᠶᠢᠭᠤᠯᠤᠭᠳᠠᠵᠤ᠂  ᠦᠢᠯᠡᠳᠪᠦᠷᠢᠯᠡᠯ ᠤᠨ ᠨᠦᠬᠦᠴᠡᠯ ᠤᠯᠠᠮ ᠨᠢᠬᠡ ᠠᠯᠬᠤᠮ ᠰᠠᠶᠢᠵᠢᠷᠠᠭᠰᠠᠨ ᠪᠠᠶᠢᠨ᠎ᠠ᠃  ᠠᠵᠤ ᠦᠢᠯᠡᠰᠵᠢᠯᠳᠡ ᠶᠢᠨ ᠲᠦᠪᠰᠢᠨ ᠲᠠᠰᠤᠷᠠᠯᠳᠠ ᠦᠬᠡᠢ  ᠲᠡᠭᠡᠭᠰᠢᠯᠡᠵᠦ᠂  ᠮᠧᠩ ᠲᠠᠢ  ᠮᠢᠬᠠᠨ ᠤ ᠬᠤᠨᠢ ᠮᠠᠯᠵᠢᠬᠤ ᠪᠠ ᠰᠢᠤᠸᠠᠢ ᠯᠦᠩ ᠬᠠᠷ᠎ᠠ ᠦᠬᠡᠷ ᠪᠤᠷᠳᠤᠬᠤ  ᠵᠡᠷᠭᠡ ᠭᠤᠤᠯᠳᠠᠯᠭᠠᠳᠠᠢ ᠲᠠᠭᠠᠭᠤᠯᠤᠭᠴᠢ ᠠᠵᠤ ᠠᠬᠤᠶᠢᠯᠠᠯ ᠢ  ᠤᠷᠤᠭᠤᠯᠵᠤ ᠨᠤᠳᠤᠭᠰᠢᠭᠤᠯᠤᠭᠰᠠᠨ ᠪᠦᠬᠡᠳ  ᠮᠠᠯᠴᠢᠨ ᠲᠠᠷᠢᠶᠠᠴᠢᠨ ᠤ ᠲᠤᠰᠬᠠᠢ ᠬᠤᠷᠰᠢᠶᠠᠵᠢᠯ ᠢ ᠤᠯᠠᠮ ᠲᠦᠷᠢᠮᠵᠢᠬᠦᠯᠦᠨ ᠬᠦᠭᠵᠢᠬᠦᠯᠵᠦ᠂ ᠵᠢᠱᠢᠶ᠎ᠡ ᠦᠵᠡᠬᠦᠯᠬᠦ ᠬᠤᠷᠰᠢᠶᠠᠵᠢᠯ  6᠂  ᠵᠢᠱᠢᠶ᠎ᠡ ᠦᠵᠡᠬᠦᠯᠬᠦ ᠮᠠᠯᠴᠢᠨ ᠲᠠᠷᠢᠶᠠᠴᠢᠨ ᠡᠷᠦᠬᠡ 21  ᠨᠡᠮᠡᠭᠳᠡᠪᠡ᠃  ᠪᠠᠷᠢᠮᠵᠢᠶᠠᠳᠤ ᠦᠢᠯᠡᠳᠪᠦᠷᠢᠯᠡᠯ ᠢ  ᠯᠠᠪᠳᠠᠭᠤᠨ ᠢᠶᠠᠷ ᠲᠦᠯᠬᠢᠨ  ᠠᠬᠢᠭᠤᠯᠵᠤ᠂  68 ᠲᠦᠮᠡᠨ ᠮᠤ᠋ ᠬᠤᠤᠷᠳᠠᠯ ᠦᠬᠡᠢ ᠰᠠᠭᠤᠷᠢᠨ ᠭᠠᠵᠠᠷ ᠪᠠ 22 ᠲᠦᠮᠡᠨ ᠮᠤ᠋ ᠪᠤᠬᠢᠷᠳᠤᠯ ᠦᠬᠡᠢ ᠢᠳᠡᠭᠡᠨ ᠤ ᠰᠠᠭᠤᠷᠢᠨ ᠭᠠᠵᠠᠷ ᠤᠨ ᠬᠢᠨᠠᠯᠳᠠ ᠬᠠᠮᠢᠶᠠᠷᠤᠯᠳᠠ ᠶᠢ ᠴᠢᠩᠭᠠᠳᠬᠠᠵᠤ᠂  ᠪᠤᠬᠢᠷᠳᠤᠯ ᠦᠬᠡᠢ ᠢᠳᠡᠭᠡᠨ ᠤ ᠰᠠᠭᠤᠷᠢᠨ ᠭᠠᠵᠠᠷ ᠢᠶᠠᠷ ᠰᠢᠯᠭᠠᠨ ᠭᠡᠷᠡᠴᠢᠯᠡᠬᠦᠯᠬᠦ ᠠᠵᠢᠯ ᠢ ᠴᠢᠩᠭ᠎ᠠ ᠠᠳᠬᠤᠨ᠂  ᠮᠠᠯ ᠤᠨ ᠠᠰᠢᠭ ᠰᠢᠮ᠎ᠡ ᠲᠠᠷᠢᠶᠠᠯᠠᠩ ᠤᠨ ᠪᠦᠳᠦᠭᠡᠭᠳᠡᠬᠦᠨ ᠤ ᠦᠷᠢᠰᠦᠯᠳᠦᠭᠡᠨ ᠤ ᠴᠢᠳᠠᠪᠤᠷᠢ ᠶᠢ ᠨᠡᠮᠡᠭᠳᠡᠬᠦᠯᠵᠡᠢ᠃ ᠮᠠᠯ ᠤᠨ ᠠᠰᠢᠭ ᠰᠢᠮ᠎ᠡ ᠲᠠᠷᠢᠶᠠᠯᠠᠩ ᠤᠨ ᠪᠦᠳᠦᠭᠡᠭᠳᠡᠬᠦᠨ ᠢ ᠰᠢᠯᠭᠠᠨ ᠪᠠᠶᠢᠴᠠᠭᠠᠬᠤ ᠦᠷᠳᠡᠭᠡᠨ ᠤ ᠠᠵᠢᠯ   ᠢ ᠡᠬᠢᠯᠡᠬᠦᠯᠵᠦ᠂  ᠢᠳᠡᠰᠢᠨ ᠨᠤᠭᠤᠭᠠᠨ   ᠤ ᠬᠤᠤᠷᠳᠤ ᠡᠮ ᠤᠨ ᠦᠯᠡᠳᠡᠪᠦᠷᠢ   ᠶᠢ ᠰᠢᠯᠭᠠᠨ ᠪᠠᠶᠢᠴᠠᠭᠠᠭᠰᠠᠨ ᠤ ᠳ᠋ᠦᠩ ᠳᠤ ᠬᠢᠷᠢ ᠲᠡᠩᠴᠡᠭᠰᠡᠨ ᠨᠤᠷᠮ᠎ᠠ 98.2% ᠳᠤ ᠬᠦᠷᠴᠡᠢ᠃  ᠠᠮᠢᠳᠠᠨ ᠤ ᠬᠢᠵᠢᠭ ᠭᠡᠮ ᠰᠡᠷᠭᠡᠶᠢᠯᠡᠬᠦ ᠠᠵᠢᠯ ᠢ  ᠴᠢᠩᠭᠠᠳᠬᠠᠨ᠂ ᠬᠢᠵᠢᠭ ᠰᠡᠷᠭᠡᠶᠢᠯᠡᠬᠦ ᠨᠤᠷᠮ᠎ᠠ 100 % ᠳᠤ ᠬᠦᠷᠴᠦ᠂ ᠦᠪᠡᠷᠳᠡᠭᠡᠨ ᠵᠠᠰᠠᠬᠤ  ᠤᠷᠤᠨ ᠤ ᠲᠠᠷᠢᠶᠠᠯᠠᠩ ᠮᠠᠯ ᠠᠵᠤ ᠠᠬᠤᠢ  ᠶᠢᠨ ᠲᠢᠩᠬᠢᠮ ᠠᠴᠠ ᠮᠠᠨ ᠤ ᠬᠤᠰᠢᠭᠤ ᠶᠢ ︽ ᠮᠠᠯ ᠤᠨ ᠠᠰᠢᠭ ᠰᠢᠮ᠎ᠡ ᠲᠠᠷᠢᠶᠠᠯᠠᠩ ᠤᠨ ᠪᠦᠳᠦᠭᠡᠭᠳᠡᠬᠦᠨ ᠤ ᠶᠠᠰᠤ ᠴᠢᠨᠠᠷ ᠤᠨ ᠠᠮᠤᠷ ᠲᠦᠪᠰᠢᠨ ᠤ ᠬᠢᠨᠠᠯᠳᠠ ᠬᠠᠮᠢᠶᠠᠷᠤᠯᠳᠠ ᠶᠢᠨ ᠵᠢᠱᠢᠶ᠎ᠡ ᠦᠵᠡᠬᠦᠯᠬᠦ ᠬᠤᠰᠢᠭᠤ︾ ᠪᠠᠷ ᠲᠤᠭᠳᠠᠭᠠᠭᠰᠠᠨ ᠪᠠᠶᠢᠨ᠎ᠠ᠃ ᠨᠡᠷᠡᠳᠦ ᠲᠡᠮᠳᠡᠭ ᠢ ᠡᠬᠦᠳᠬᠦ ᠲᠠᠯᠠᠪᠠᠷ ᠢᠯᠡᠷᠭᠡᠢ ᠠᠮᠵᠢᠯᠳᠠ ᠤᠯᠵᠤ᠂ ᠤᠯᠤᠰ ᠤᠨ ᠦᠢᠯᠡᠳᠪᠦᠷᠢ ᠬᠤᠳᠠᠯᠳᠤᠭᠠᠨ ᠤ ᠬᠠᠮᠢᠶᠠᠷᠤᠯᠳᠠ ᠶᠢᠨ ᠶᠡᠷᠦᠩᠬᠡᠢ ᠲᠤᠪᠴᠢᠶ᠎ᠠ ᠳᠤ ︽ᠴᠠᠬᠠᠷ︾ ᠲᠡᠮᠳᠡᠭ ᠢ ᠲᠠᠩᠰᠠᠯᠠᠭᠤᠯᠤᠨ᠂  ︽ᠬᠦᠨᠪᠤᠯᠠᠭ︾ ᠤᠯᠠᠭᠠᠨ ᠢᠳᠡᠭᠡᠨ ᠤ ᠲᠠᠸᠠᠷ ᠤᠨ ᠲᠡᠮᠳᠡᠭ ᠨᠢ ᠦᠪᠡᠷᠳᠡᠭᠡᠨ ᠵᠠᠰᠠᠬᠤ ᠤᠷᠤᠨ  ᠤ ᠨᠡᠷᠡᠳᠦ ᠲᠡᠮᠳᠡᠭ  ᠪᠤᠯᠤᠭᠰᠠᠨ ᠪᠦᠬᠡᠳ ︽ᠬᠤᠩ ᠵᠢᠩ ᠶᠤᠸᠠᠨ︾ ᠲᠠᠸᠠᠷ ᠤᠨ ᠲᠡᠮᠳᠡᠭ ᠲᠤᠮᠳᠠᠳᠤ ᠤᠯᠤᠰ ᠤᠨ ᠨᠡᠷ᠎ᠡ ᠠᠯᠳᠠᠷᠰᠢᠭᠰᠠᠨ ᠲᠠᠸᠠᠷ ᠤᠨ ᠲᠡᠮᠳᠡᠭ ᠲᠤ ᠤᠷᠤᠭᠠᠳ᠂ ᠰᠢᠯᠢ ᠶᠢᠨ ᠭᠤᠤᠯ ᠠᠶᠢᠮᠠᠭ   ᠲᠤ ᠤᠯᠤᠰ   ᠤᠨ ᠨᠡᠷ᠎ᠡ ᠠᠯᠳᠠᠷᠰᠢᠭᠰᠠᠨ ᠲᠠᠸᠠᠷ ᠤᠨ ᠲᠡᠮᠳᠡᠭ  ᠪᠠᠶᠢᠭ᠎ᠠ ᠦᠬᠡᠢ ᠲᠡᠦᠬᠡ ᠶᠢ ᠡᠴᠦᠰᠯᠡᠬᠦᠯᠪᠡ᠃        ᠠᠵᠤ ᠦᠢᠯᠡᠳᠪᠦᠷᠢ ᠶᠢᠨ ᠠᠵᠤ ᠠᠬᠤᠢ ᠲᠤᠭᠳᠠᠭᠠᠤᠨ ᠢᠶᠠᠷ ᠬᠦᠭᠵᠢᠭᠰᠡᠨ᠃  ᠪᠦᠬᠦ ᠵᠢᠯ ᠳᠤ ᠠᠵᠤ ᠦᠢᠯᠡᠳᠪᠦᠷᠢ ᠶᠢᠨ ᠭᠤᠤᠯᠳᠠᠯᠭᠠᠳᠠᠢ ᠲᠦᠷᠦᠯ ᠵᠦᠢᠯ 20 ᠶᠢ ᠭᠡᠷᠡᠭᠵᠢᠬᠦᠯᠵᠦ᠂  ᠡᠬᠦᠨ ᠳᠤ ᠰᠢᠨ᠎ᠡ ᠪᠠᠷ ᠪᠠᠶᠢᠭᠤᠯᠤᠭᠰᠠᠨ᠂ ᠵᠠᠯᠭᠠᠵᠤ ᠪᠠᠶᠢᠭᠤᠯᠤᠭᠰᠠᠨ ᠲᠦᠷᠦᠯ ᠵᠦᠢᠯ 16 ᠪᠠᠶᠢᠵᠤ᠂ 93% ᠶᠢ ᠡᠵᠡᠯᠡᠵᠠᠢ᠃ ᠠᠵᠤ ᠦᠢᠯᠡᠳᠪᠦᠷᠢ ᠶᠢᠨ ᠲᠤᠭᠳᠠᠮᠠᠯ ᠬᠦᠷᠦᠩᠬᠡ ᠶᠢᠨ ᠪᠡᠯᠡ  ᠤᠷᠤᠭᠤᠯᠤᠯᠳᠠ 6.02 ᠳ᠋ᠦᠩᠰᠢᠭᠤᠷ ᠲᠦᠭᠦᠷᠢᠭ   ᠲᠤ ᠬᠦᠷᠴᠦ᠂  ᠠᠶᠢᠮᠠᠭ ᠤᠨ ᠲᠤᠭᠳᠠᠭᠠᠭᠰᠠᠨ ᠡᠬᠦᠷᠭᠡ ᠶᠢᠨ 100.3 % ᠶᠢ  ᠪᠡᠶᠡᠯᠡᠬᠦᠯᠦᠭᠰᠡᠨ ᠪᠠᠶᠢᠨ᠎ᠠ᠃ ᠤᠯᠤᠰ  ᠤᠨ ᠴᠠᠬᠢᠯᠭᠠᠨ ᠬᠦᠴᠦᠨ ᠤ ᠭᠤᠷᠪᠠᠳᠤᠭᠠᠷ ᠬᠤᠭᠤᠴᠠᠭᠠᠨ ᠤ ᠲᠦᠷᠦᠯ ᠵᠦᠢᠯ᠂  ᠬᠠᠶᠢᠯᠤᠭᠤᠷ ᠵᠤᠩᠰᠢ ᠶᠢᠨ ᠠᠭᠤᠷᠬᠠᠢ ᠶᠢᠨ ᠲᠦᠷᠦᠯ ᠵᠦᠢᠯ᠂  ᠴᠠᠩ ᠴᠢ ᠬᠤᠩ ᠦᠬᠡᠷ ᠬᠤᠨᠢ ᠨᠢᠳᠤᠯᠬᠤ  ᠦᠢᠯᠡᠳᠪᠦᠷᠢ ᠶᠢᠨ ᠲᠦᠷᠦᠯ ᠵᠦᠢᠯ ᠵᠡᠷᠭᠡ ᠨᠢ ᠪᠠᠶᠢᠭᠤᠯᠤᠭᠳᠠᠭᠠᠳ ᠦᠢᠯᠡᠳᠪᠦᠷᠢᠯᠡᠯ ᠡᠬᠢᠯᠡᠵᠦ᠂ ᠲᠠᠯ᠎ᠠ ᠨᠤᠳᠤᠭ ᠠᠷᠢᠬᠢᠨ ᠦᠢᠯᠡᠳᠪᠦᠷᠢ᠂  ᠬᠤᠩ ᠵᠢᠩ ᠶᠤᠸᠠᠨ ᠲᠤᠰᠤᠨ ᠤ ᠦᠢᠯᠡᠳᠪᠦᠷᠢ᠂  ᠤᠯᠤᠰ ᠤᠨ ᠴᠠᠬᠢᠯᠭᠠᠨ ᠬᠦᠴᠦᠨ ᠤ ᠺᠤᠮᠫᠠᠨᠢ᠂  ᠱᠧᠨ ᠬᠤᠸᠠ  ᠰᠢᠶᠧ ᠾᠧ  ᠪᠦᠯᠦᠭᠯᠡᠯ᠂  ᠯᠦᠩ ᠴᠠᠩ ᠲᠡᠮᠦᠷᠯᠢᠭ ᠬᠠᠶᠢᠯᠤᠭᠤᠯᠬᠤ  ᠠᠭᠤᠷᠬᠠᠢ ᠵᠡᠷᠭᠡ ᠤᠳᠤ ᠪᠠᠶᠢᠭ᠎ᠠ ᠠᠵᠤ ᠠᠬᠤᠶᠢᠯᠠᠯ ᠤᠨ ᠡᠷᠬᠢᠯᠳᠦᠯ ᠲᠤᠭᠳᠠᠭᠤᠨ  ᠪᠠᠶᠢᠭ᠎ᠠ᠃  ᠤᠳᠤ ᠪᠠᠶᠢᠭ᠎ᠠ ᠠᠵᠤ ᠠᠬᠤᠶᠢᠯᠠᠯ ᠤᠨ ᠮᠡᠷᠭᠡᠵᠢᠯ ᠤᠨ ᠦᠭᠡᠷᠡᠴᠢᠯᠡᠯᠳᠡ ᠶᠢ ᠯᠠᠪᠳᠠᠭᠤᠨ ᠢᠶᠠᠷ ᠠᠬᠢᠭᠤᠯᠬᠤ   ᠶᠢᠨ ᠬᠠᠮᠳᠤ᠂  ᠠᠵᠤ ᠠᠬᠤᠶᠢᠯᠠᠯ ᠤᠨ ᠬᠦᠭᠵᠢᠯᠳᠡ ᠶᠢ ᠬᠠᠪᠰᠤᠷᠤᠨ ᠲᠡᠳᠬᠦᠬᠦ ᠲᠤᠬᠠᠢ ᠲᠡᠭᠡᠳᠦ ᠱᠠᠳᠤᠨ ᠤ ᠲᠦᠷᠦ ᠶᠢᠨ ᠪᠤᠳᠤᠯᠭ᠎ᠠ ᠶᠢ ᠨᠢᠮᠪᠠᠢ ᠨᠠᠶᠢᠳᠠᠪᠤᠷᠢᠵᠢᠭᠤᠯᠵᠤ᠂ ᠠᠷᠭ᠎ᠠ ᠤᠬᠠᠭᠠᠨ ᠰᠦᠪᠡᠭᠴᠢᠯᠡᠨ ᠠᠵᠤ ᠠᠬᠤᠶᠢᠯᠠᠯ ᠢ ᠬᠠᠪᠰᠤᠷᠴᠤ ᠬᠦᠴᠢᠷᠳᠡᠯ ᠤᠨ ᠪᠤᠭᠤᠮᠳᠠ ᠶᠢ ᠲᠠᠪᠠᠭᠤᠯᠤᠭᠰᠠᠨ ᠪᠠᠶᠢᠨ᠎ᠠ᠃  ᠬᠡᠪᠴᠢᠶᠡᠵᠢᠯ ᠠᠴᠠ ᠲᠡᠭᠡᠭᠰᠢᠬᠢ  ᠠᠵᠤ ᠦᠢᠯᠡᠳᠪᠦᠷᠢ ᠶᠢᠨ ᠠᠵᠤ ᠠᠬᠤᠶᠢᠯᠠᠯ 25 ᠡᠷᠦᠬᠡ ᠳᠤ ᠬᠦᠷᠴᠦ᠂  ᠨᠡᠮᠡᠭᠳᠡᠯ ᠤᠨ ᠦᠷᠳᠡᠭ 8.5 ᠳ᠋ᠦᠩᠰᠢᠭᠤᠷ ᠲᠦᠭᠦᠷᠢᠭ   ᠢ ᠪᠡᠶᠡᠯᠡᠬᠦᠯᠵᠦ᠂ 24.6%   ᠪᠠᠷ ᠨᠡᠮᠡᠭᠳᠡᠵᠡᠢ᠃ ᠤᠷᠤᠨ ᠲᠤᠭᠤᠷᠢᠭ ᠤᠨ ᠪᠦᠳᠦᠭᠡᠨ ᠪᠠᠶᠢᠭᠤᠯᠤᠯᠳᠠ ᠦᠷᠬᠦᠯᠵᠢᠯᠡᠨ ᠲᠦᠷᠭᠡᠰᠴᠦ᠂ ᠪᠤᠤᠴᠠᠩ ᠤᠨ ᠲᠡᠭᠡᠳᠦ ᠰᠢᠨ᠎ᠡ ᠮᠡᠷᠭᠡᠵᠢᠯ ᠤᠨ ᠠᠵᠤ ᠦᠢᠯᠡᠰ ᠤᠨ ᠤᠷᠤᠨ ᠲᠤᠭᠤᠷᠢᠭ ᠨᠢ ᠪᠦᠬᠦ ᠠᠶᠢᠮᠠᠭ ᠤᠨ ᠨᠠᠢᠮᠠᠨ ᠶᠡᠭᠡ ᠠᠵᠤ ᠦᠢᠯᠡᠳᠪᠦᠷᠢ ᠶᠢᠨ ᠤᠷᠤᠨ ᠲᠤᠭᠤᠷᠢᠭ ᠲᠤ ᠵᠢᠬᠰᠠᠭᠠᠭᠳᠠᠵᠤ᠂ ᠨᠡᠶᠢᠳᠡ 1.8 ᠳ᠋ᠦᠩᠰᠢᠭᠤᠷ ᠲᠦᠭᠦᠷᠢᠭ ᠤᠨ ᠪᠡᠯᠡ  ᠤᠷᠤᠭᠤᠯᠵᠤ᠂ ᠪᠦᠳᠦᠭᠡᠨ ᠪᠠᠶᠢᠭᠤᠯᠤᠭᠰᠠᠨ ᠲᠠᠯᠠᠪᠠᠢ 1.05 ᠬᠠᠪᠳᠠᠭᠠᠢ ᠲᠦᠷᠪᠡᠯᠵᠢᠨ  ᠺᠢᠯᠤᠮᠧᠲᠷ ᠲᠤ ᠬᠦᠷᠴᠦ᠂ 8 ᠠᠵᠤ ᠠᠬᠤᠶᠢᠯᠠᠯ ᠤᠷᠤᠨ ᠲᠤᠭᠤᠷᠢᠭ ᠲᠤ ᠤᠷᠤᠵᠤ  ᠰᠠᠭᠤᠷᠢᠰᠢᠨ᠂ 4 ᠨᠢ ᠨᠢᠬᠡᠨᠳᠡ ᠦᠢᠯᠡᠳᠪᠦᠷᠢᠯᠡᠯ ᠡᠬᠢᠯᠡᠵᠡᠢ᠃ ᠠᠷᠠᠯᠵᠢᠶᠠᠴᠢᠨ ᠤᠷᠢᠵᠤ ᠪᠡᠯᠡ  ᠤᠷᠤᠭᠤᠯᠬᠤ ᠲᠠᠯᠠᠪᠠᠷ  ᠠᠮᠵᠢᠯᠳᠠ ᠲᠤᠪᠤᠶᠢᠮ᠎ᠠ ᠪᠠᠶᠢᠵᠤ᠂  7 ᠠᠵᠤ ᠠᠬᠤᠶᠢᠯᠠᠯ ᠢ  ᠤᠷᠢᠨ ᠤᠷᠤᠭᠤᠯᠵᠤ᠂ 21.3 ᠳ᠋ᠦᠩᠰᠢᠭᠤᠷ ᠲᠦᠭᠦᠷᠢᠭ ᠤᠨ ᠪᠡᠯᠡ  ᠤᠷᠤᠭᠤᠯᠬᠤ ᠭᠡᠯᠡᠯᠴᠡᠭᠡᠷ ᠢ ᠲᠤᠭᠳᠠᠵᠠᠢ᠃ ᠡᠬᠦᠨ ᠳᠤ ᠲᠡᠭᠡᠳᠦ ᠰᠢᠨ᠎ᠡ ᠮᠡᠷᠭᠡᠵᠢᠯ ᠤᠨ ᠪᠠ  ᠤᠳᠤᠬᠢᠴᠢᠯᠠᠭᠰᠠᠨ ᠲᠤᠨᠤᠭ ᠲᠦᠬᠦᠭᠡᠷᠦᠮᠵᠢ ᠦᠢᠯᠡᠳᠬᠦ ᠠᠵᠤ ᠠᠬᠤᠶᠢᠯᠠᠯ 4 ᠪᠠᠶᠢᠵᠤ  ᠂ ᠰᠠᠯᠬᠢᠨ ᠰᠠᠩᠰᠠ ᠶᠢᠨ ᠦᠢᠯᠡᠳᠪᠦᠷᠢ᠂  ᠯᠢᠲ ᠴᠠᠬᠢᠯᠭᠠᠨ ᠴᠡᠨᠡᠭ   ᠤᠨ ᠦᠢᠯᠡᠳᠪᠦᠷᠢ ᠶᠢᠨ ᠪᠠᠷᠢᠯᠭ᠎ᠠ ᠡᠬᠢᠯᠡᠵᠦ᠂ ᠴᠡᠪᠡᠷ ᠤᠰᠤᠨ ᠤ ᠲᠦᠬᠦᠭᠡᠷᠦᠮᠵᠢ ᠦᠢᠯᠡᠳᠬᠦ᠂ ᠡᠯᠧᠺᠲᠷᠤᠨ ᠺᠤᠳ᠋ ᠲᠠᠷᠤᠮᠯᠠᠭᠤᠷ ᠦᠢᠯᠡᠳᠬᠦ ᠵᠡᠷᠭᠡ ᠠᠵᠤ ᠠᠬᠤᠶᠢᠯᠠᠯ ᠨᠢ ᠶᠠᠭ ᠬᠠᠮᠢᠶ᠎ᠠ ᠪᠦᠬᠦᠢ ᠭᠠᠷ ᠬᠦᠢᠴᠡᠳᠭᠡᠯ ᠢᠶᠠᠨ ᠬᠢᠵᠦ ᠪᠤᠢ᠃ ᠠᠭᠤᠷᠬᠠᠢ ᠶᠢᠨ ᠬᠠᠶᠢᠨ ᠪᠠᠶᠢᠴᠠᠭᠠᠯᠳᠠ ᠮᠡᠳᠡᠭᠳᠡᠮ᠎ᠡ ᠠᠮᠵᠢᠯᠳᠠ ᠤᠯᠵᠤ᠂ 5200 ᠲᠦᠮᠡᠨ ᠲᠦᠬᠦᠷᠢᠭ ᠤᠨ ᠪᠡᠯᠡ  ᠤᠷᠤᠭᠤᠯᠤᠨ᠂ 28 ᠲᠦᠷᠦᠯ ᠵᠦᠢᠯ ᠢ ᠬᠠᠶᠢᠨ ᠪᠠᠶᠢᠴᠠᠭᠠᠵᠤ᠂   ᠶᠢᠨ ᠳ᠋ᠸᠦ ᠽᠢ ᠠᠭᠤᠯᠠ   ᠶᠢᠨ ᠬᠠᠷ᠎ᠠ ᠲᠤᠭᠤᠯᠭ᠎ᠠ ᠴᠠᠶᠢᠷ ᠤᠨ ᠠᠭᠤᠷᠬᠠᠢ᠂  ᠴᠢᠶᠠᠨ ᠶᠢᠨ ᠭᠸᠦ ᠶᠢᠨ ᠴᠠᠭᠠᠨ ᠲᠤᠭᠤᠯᠭ᠎ᠠ ᠶᠢᠨ ᠤᠯᠠᠨ ᠲᠡᠮᠦᠷᠯᠢᠭᠳᠦ ᠠᠭᠤᠷᠬᠠᠢ᠂ ᠱᠠ ᠽᠢ ᠭᠸᠦ ᠶᠢᠨ ᠸᠤᠯᠹᠷᠤᠮ ᠮᠤᠯᠢᠪᠳᠧᠨ ᠤ ᠤᠯᠠᠨ ᠲᠡᠮᠦᠷᠯᠢᠭᠳᠦ ᠠᠭᠤᠷᠬᠠᠢ   ᠶᠢᠨ ᠡᠯ᠎ᠡ   ᠱᠠᠳᠤᠨ ᠤ ᠠᠵᠢᠯ  ᠠᠮᠵᠢᠯᠳᠠᠳᠠᠢ ᠶᠠᠪᠤᠭᠳᠠᠪᠠ᠃       ᠦᠢᠯᠡᠴᠢᠯᠡᠬᠡᠨ ᠤ ᠦᠢᠯᠡᠰ ᠡᠳᠦᠷ ᠢᠷᠡᠬᠦᠶ᠎ᠡ ᠦᠷᠨᠢᠨ ᠬᠦᠭᠵᠢᠪᠡ᠃  ᠤᠳᠤ ᠪᠠᠶᠢᠭ᠎ᠠ ᠵᠤᠭᠠᠴᠠᠯ ᠤᠨ ᠦᠵᠡᠮᠵᠢᠳᠦ ᠤᠷᠤᠨ   ᠤ ᠴᠢᠨᠠᠷ ᠲᠡᠰ ᠢ ᠲᠡᠪᠰᠢᠬᠦᠯᠬᠦ ᠰᠠᠭᠤᠷᠢᠨ ᠲᠡᠭᠡᠷ᠎ᠡ ᠠᠳᠤᠭᠤᠨ ᠰᠤᠶᠤᠯ   ᠢ ᠤᠬᠠᠭᠤᠯᠤᠨ ᠲᠡᠯᠭᠡᠷᠡᠬᠦᠯᠬᠦ ᠠᠵᠢᠯ ᠢ ᠰᠠᠶᠢᠨ ᠬᠢᠵᠦ᠂ ︽ᠬᠠᠭᠠᠨ ᠤ ᠠᠳᠤᠭᠤᠨ ᠵᠤᠰᠠᠭᠠᠯ︾ ᠨᠢ ᠤᠯᠤᠰ ᠤᠨ 4A ᠲᠡᠰ ᠤᠨ ᠦᠵᠡᠮᠵᠢᠳᠦ ᠤᠷᠤᠨ ᠪᠤᠯᠵᠤ᠂  ᠦᠨᠳᠦᠰᠦᠳᠡᠨ ᠤ  ᠵᠠᠩ ᠦᠢᠯᠡ ᠶᠢᠨ ᠵᠤᠭᠠᠴᠠᠯ ᠪᠠ ᠲᠠᠷᠢᠶᠠᠯᠠᠬᠤ ᠰᠤᠶᠤᠯ ᠤᠨ ᠵᠤᠭᠠᠴᠠᠯ ᠢ ᠨᠢᠬᠡᠳᠦᠯᠳᠡᠢ ᠲᠦᠯᠦᠪᠵᠢᠬᠦᠯᠦᠨ ᠬᠦᠭᠵᠢᠬᠦᠯᠵᠦ᠂ 32 ᠡᠷᠦᠬᠡ ᠭᠡᠷ ᠪᠦᠯᠢ ᠶᠢᠨ ᠪᠠᠭᠤᠳᠠᠯ ᠡᠷᠬᠢᠯᠡᠨ᠂  ︽ᠮᠠᠯᠴᠢᠨ ᠲᠠᠷᠢᠶᠠᠴᠢᠨ ᠡᠷᠦᠬᠡ ᠶᠢᠨ ᠵᠤᠭᠠᠴᠠᠯ︾  ᠨᠡᠶᠢᠳᠡ 43 ᠡᠷᠦᠬᠡ ᠪᠤᠯᠵᠤ ᠬᠦᠭᠵᠢᠪᠡ᠃ ᠪᠦᠬᠦ ᠵᠢᠯ ᠳᠤ  ᠲᠤᠳᠤᠷ᠎ᠠ ᠭᠠᠳᠠᠨ᠎ᠠ ᠶᠢᠨ ᠵᠢᠭᠤᠯᠴᠢᠯᠠᠭᠴᠢ 30 ᠲᠦᠮᠡᠨ  ᠬᠦᠮᠦᠨ ︵ᠤᠳᠠᠭ᠎ᠠ︶ ᠢ ᠤᠭᠳᠤᠨ ᠵᠤᠴᠢᠯᠠᠵᠤ᠂  ᠡᠨᠡ   ᠨᠢ ᠲᠡᠭᠡᠷ᠎ᠡ ᠵᠢᠯ ᠠᠴᠠ ᠪᠠᠨ 20 % ᠪᠠᠷ ᠨᠡᠮᠡᠭᠳᠡᠨ᠂  ᠵᠤᠭᠠᠴᠠᠯ ᠤᠨ ᠦᠢᠯᠡᠰ ᠤᠨ ᠤᠷᠤᠯᠭ᠎ᠠ 1.35 ᠳ᠋ᠦᠩᠰᠢᠭᠤᠷ ᠲᠦᠭᠦᠷᠢᠭ ᠲᠤ ᠬᠦᠷᠦᠭᠡᠳ᠂ 19.5% ᠪᠠᠷ ᠨᠡᠮᠡᠭᠳᠡᠭᠰᠡᠨ ᠪᠠᠶᠢᠨ᠎ᠠ᠃ ᠲᠢᠶᠠᠨ ᠪᠤᠤ ᠮᠠᠰᠢᠨ ᠲᠡᠷᠭᠡᠨ  ᠤ ᠠᠷᠠᠯᠵᠢᠶᠠᠨ ᠤ ᠲᠤᠭᠤᠷᠢᠭ᠂  ᠲᠠᠬᠢᠯᠳᠠ ᠡᠬᠢ ᠪᠠᠶᠠᠯᠢᠭ ᠤᠨ ᠰᠤᠯᠢᠯᠴᠠᠭᠠᠨ ᠤ ᠵᠠᠬ᠎ᠠ᠂ ᠠᠮᠤ ᠪᠤᠳᠠᠭᠠᠨ ᠤ ᠬᠦᠮᠦᠷᠭᠡ ᠵᠡᠷᠭᠡ ᠨᠢᠬᠡ ᠪᠦᠯᠦᠭ ᠠᠷᠠᠯᠵᠢᠶ᠎ᠠ  ᠬᠦᠢᠯᠬᠡᠬᠡᠨ ᠤ ᠭᠤᠤᠯᠳᠠᠯᠭᠠᠳᠠᠢ ᠢᠨᠵᠧᠨᠧᠷᠢᠩ ᠢ  ᠡᠬᠢᠯᠡᠪᠡ᠃  ᠬᠦᠢᠯᠬᠡᠬᠡᠨ ᠤ ᠰᠢᠰᠲ᠋ᠧᠮ ᠡᠳᠦᠷ ᠢᠷᠡᠬᠦᠶ᠎ᠡ ᠲᠡᠬᠦᠯᠳᠡᠷᠵᠢᠵᠦ᠂  ᠡᠯ᠎ᠡ ᠲᠦᠷᠦᠯ ᠤᠨ ᠲᠠᠸᠠᠷ ᠤᠨ ᠰᠤᠯᠢᠯᠴᠠᠭᠠᠨ ᠤ ᠵᠠᠬ᠎ᠠ ᠲᠡᠯᠬᠡᠬᠦᠷ 19 ᠰᠠᠭᠤᠷᠢ᠂   ᠲᠡᠯᠬᠡᠬᠦᠷ ᠬᠤᠳᠠᠯᠳᠤᠭ᠎ᠠ 5561 ᠡᠷᠦᠬᠡ  ᠂  ᠠᠷᠠᠯᠵᠢᠶ᠎ᠠ ᠡᠷᠬᠢᠯᠡᠭᠴᠢ 1.3 ᠲᠦᠮᠡᠨ ᠬᠦᠮᠦᠨ ᠳᠤ  ᠬᠦᠷᠴᠡᠢ᠃  ᠪᠦᠬᠦ ᠨᠡᠶᠢᠬᠡᠮ ᠤᠨ ᠭᠡᠷᠡᠭᠯᠡᠭᠡᠨ ᠤ ᠪᠤᠳᠠᠰ ᠤᠨ ᠵᠢᠵᠢᠭᠯᠡᠨ ᠪᠤᠷᠤᠯᠠᠭᠤᠯᠤᠭᠰᠠᠨ  ᠶᠡᠷᠦᠩᠬᠡᠢ ᠬᠡᠮᠵᠢᠶ᠎ᠡ 14.8  ᠳ᠋ᠦᠩᠰᠢᠭᠤᠷ ᠲᠦᠭᠦᠷᠢᠭ ᠲᠤ ᠬᠦᠷᠴᠦ᠂ 12.2% ᠪᠠᠷ ᠨᠡᠮᠡᠭᠳᠡᠪᠡ᠃ ᠮᠦᠩᠬᠦᠨ ᠬᠦᠢᠯᠬᠡᠬᠡᠨ ᠤ  ᠪᠠᠳᠤᠯᠠᠭᠠᠨ ᠤ ᠴᠢᠳᠠᠪᠤᠷᠢ ᠤᠯᠠᠮ ᠨᠢᠬᠡ ᠠᠯᠬᠤᠮ ᠴᠢᠩᠭᠠᠷᠠᠵᠤ᠂  ᠰᠢᠯᠢ ᠶᠢᠨ ᠭᠤᠤᠯ ᠠᠶᠢᠮᠠᠭ ᠤᠨ ᠤᠤᠭᠠᠨ ᠡᠷᠦᠬᠡ ᠬᠤᠪᠢᠴᠠᠭᠠᠨ ᠤ ᠲᠦᠷᠢᠮᠳᠦ ᠬᠦᠳᠡᠭᠡ ᠲᠤᠰᠬᠤᠨ ᠤ ᠬᠤᠳᠠᠯᠳᠤᠭᠠᠨ ᠤ ᠪᠠᠩᠬᠢ   ᠶᠢ ᠪᠠᠶᠢᠭᠤᠯᠵᠠᠢ᠃ ᠪᠦᠬᠦ ᠬᠤᠰᠢᠭᠤᠨ ᠤ ᠮᠦᠩᠬᠦᠨ ᠬᠦᠢᠯᠬᠡᠬᠡᠨ ᠤ ᠪᠠᠶᠢᠭᠤᠯᠤᠮᠵᠢ ᠶᠢᠨ ᠬᠠᠳᠠᠭᠠᠯᠠᠮᠵᠢ ᠵᠢᠬᠡᠯᠡᠯᠬᠡ ᠶᠢᠨ ᠦᠯᠡᠳᠡᠪᠦᠷᠢ ᠲᠤᠰᠪᠤᠷᠢ 32.7 ᠳ᠋ᠦᠩᠰᠢᠭᠤᠷ ᠲᠦᠭᠦᠷᠢᠭ  ᠪᠠ 17.4 ᠳ᠋ᠦᠩᠰᠢᠭᠤᠷ ᠲᠦᠭᠦᠷᠢᠭ ᠲᠤ ᠬᠦᠷᠴᠦ᠂ ᠵᠢᠯ ᠤᠨ ᠡᠬᠢᠨ ᠤ ᠬᠢ ᠲᠠᠢ  ᠬᠠᠷᠢᠴᠠᠭᠤᠯᠪᠠᠯ  ᠲᠤᠰᠪᠤᠷᠢ 11.2 %  ᠪᠠ 11% ᠪᠠᠷ ᠨᠡᠮᠡᠭᠳᠡᠪᠡ᠃       ︵ᠬᠤᠶᠠᠷ︶  ᠦᠷᠬᠦᠯᠵᠢᠯᠡᠭᠰᠡᠨ ᠬᠦᠭᠵᠢᠯᠳᠡ ᠶᠢᠨ ᠴᠢᠳᠠᠪᠤᠷᠢ ᠮᠡᠳᠡᠭᠳᠡᠮ᠎ᠡ  ᠴᠢᠩᠭᠠᠷᠠᠪᠠ᠃      ᠠᠮᠢ ᠠᠬᠤᠢ ᠶᠢᠨ ᠬᠠᠮᠠᠭᠠᠯᠠᠯᠳᠠ ᠪᠠ ᠪᠦᠳᠦᠭᠡᠨ ᠪᠠᠶᠢᠭᠤᠯᠤᠯᠳᠠ ᠶᠢ ᠵᠡᠷᠭᠡᠪᠡᠷ ᠴᠢᠬᠤᠯᠠᠴᠢᠯᠠᠵᠤ᠂  ᠪᠡᠭᠡᠵᠢᠩ  ᠤᠨ ᠠᠷᠤ ᠳᠠᠬᠢ ᠠᠮᠢ ᠠᠬᠤᠢ ᠶᠢᠨ ᠠᠶᠤᠯᠬᠦᠢ ᠬᠠᠯᠬᠠᠪᠴᠢ ᠶᠢ ᠪᠦᠬᠦ ᠬᠦᠴᠦᠨ ᠢᠶᠠᠷ  ᠪᠠᠬᠢᠵᠢᠬᠦᠯᠦᠨ ᠪᠠᠶᠢᠭᠤᠯᠪᠠ᠃   ᠲᠠᠯ᠎ᠠ ᠨᠤᠳᠤᠭ ᠤᠨ ᠠᠮᠢ ᠠᠬᠤᠢ ᠶᠢᠨ ᠱᠠᠩᠨᠠᠯ ᠨᠦᠬᠦᠪᠦᠷᠢ ᠶᠢᠨ ᠲᠤᠭᠳᠠᠴᠠ᠂  ᠮᠠᠯ ᠪᠡᠯᠴᠢᠭᠡᠷ ᠤᠨ ᠲᠡᠩᠴᠡᠬᠦᠷᠢ  ᠶᠢᠨ ᠲᠦᠷᠢᠮ ᠵᠡᠷᠭᠡ ᠲᠦᠷᠦ ᠶᠢᠨ ᠪᠤᠳᠤᠯᠭ᠎ᠠ ᠶᠢ ᠨᠢᠮᠪᠠᠢ  ᠨᠠᠶᠢᠳᠠᠪᠤᠷᠢᠵᠢᠭᠤᠯᠤᠨ᠂ ᠪᠡᠯᠴᠢᠭᠡᠷ ᠰᠡᠷᠬᠦᠬᠡᠵᠦ ᠪᠡᠯᠴᠢᠭᠡᠷᠯᠡᠬᠦᠯᠬᠦ ᠶᠢ  ᠴᠠᠭᠠᠵᠠᠯᠠᠬᠤ ᠠᠷᠭ᠎ᠠ ᠲᠦᠷᠢᠮ ᠢ ᠦᠷᠬᠦᠯᠵᠢᠯᠡᠨ ᠭᠡᠷᠡᠭᠵᠢᠬᠦᠯᠵᠦ᠂  ᠲᠠᠷᠢᠶᠠᠯᠠᠬᠤ ᠤᠷᠤᠨ ᠤ ᠪᠤᠭ ᠮᠠᠯ ᠢ ᠪᠦᠬᠦ ᠵᠢᠯ ᠢᠶᠠᠷ ᠬᠠᠰᠢᠶᠠᠯᠠᠨ ᠮᠠᠯᠵᠢᠬᠤ ᠠᠴᠠ ᠭᠠᠳᠠᠨ᠎ᠠ ᠮᠠᠯᠵᠢᠬᠤ ᠤᠷᠤᠨ ᠤ 9 ᠭᠠᠴᠠᠭᠠᠨ ᠳᠤ ᠪᠤᠭ ᠮᠠᠯ ᠢ ᠬᠠᠰᠢᠶᠠᠯᠠᠬᠤ ᠲᠤᠷᠰᠢᠯᠳᠠ ᠶᠢᠨ ᠴᠡᠭ ᠤᠨ ᠠᠵᠢᠯ ᠢ ᠬᠢᠵᠡᠢ᠃  ᠠᠮᠢ ᠠᠬᠤᠢ ᠶᠢᠨ ᠬᠠᠮᠠᠭᠠᠯᠠᠯᠳᠠ ᠪᠠ ᠪᠦᠳᠦᠬᠡᠨ ᠪᠠᠶᠢᠭᠤᠯᠤᠯᠳᠠ ᠶᠢᠨ ᠲᠦᠷᠦᠯ ᠵᠦᠢᠯ ᠢ ᠦᠨᠳᠦᠷ ᠴᠢᠨᠠᠷ ᠴᠢᠨᠰᠠᠭ᠎ᠠ ᠪᠠᠷ ᠪᠡᠶᠡᠯᠡᠬᠦᠯᠵᠦ᠂  ᠪᠡᠭᠡᠵᠢᠩ ᠲᠢᠶᠠᠨᠵᠢᠨ ᠤ ᠡᠯᠡᠰᠦᠨ ᠤ ᠡᠬᠢ ᠶᠢ ᠵᠠᠰᠠᠬᠤ ᠲᠠᠯᠠᠪᠠᠢ 5 ᠲᠦᠮᠡᠨ ᠮᠤ᠋  ᠂  ᠨᠦᠬᠦᠵᠦ ᠲᠠᠷᠢᠬᠤ ᠲᠠᠯᠠᠪᠠᠢ 4 ᠲᠦᠮᠡᠨ ᠮᠤ᠋  ᠂  ᠠᠰᠢᠭ ᠮᠠᠭᠤᠳᠠᠢ ᠤᠢ  ᠮᠤᠳᠤ ᠶᠢ ᠦᠬᠡᠷᠡᠴᠢᠯᠡᠬᠦ  ᠲᠠᠯᠠᠪᠠᠢ  2 ᠲᠦᠮᠡᠨ ᠮᠤ᠋   ᠶᠢ ᠪᠡᠶᠡᠯᠡᠬᠦᠯᠪᠡ᠃ ᠭᠤᠤᠯᠳᠠᠯᠭᠠᠳᠠᠢ ᠭᠠᠵᠠᠷ ᠤᠷᠤᠨ ᠤ ᠨᠤᠭᠤᠭᠠᠷᠠᠭᠤᠯᠤᠯᠳᠠ ᠶᠢ ᠲᠦᠷᠭᠡᠳᠭᠡᠵᠦ᠂  ᠵᠠᠮ ᠤᠨ ᠬᠠᠵᠠᠭᠤ ᠶᠢᠨ ᠨᠤᠭᠤᠭᠠᠷᠠᠭᠤᠯᠤᠯᠳᠠ 2800 ᠮᠤ᠋  ᠂  ᠬᠤᠳᠠ ᠪᠠᠯᠭᠠᠰᠤᠨ ᠤ ᠬᠦᠪᠡᠭᠡ ᠵᠠᠬ᠎ᠠ ᠶᠢᠨ ᠨᠤᠭᠤᠭᠠᠷᠠᠭᠤᠯᠤᠯᠳᠠ 1000 ᠮᠤ᠋᠂ ᠬᠤᠳᠠ ᠤᠰᠤᠨ   ᠤ ᠨᠤᠭᠤᠭᠠᠷᠠᠭᠤᠯᠤᠯᠳᠠ 3 ᠭᠡᠰᠡᠭ᠂  ᠦᠢᠯᠡᠳᠪᠦᠷᠢ ᠠᠭᠤᠷᠬᠠᠢ ᠶᠢᠨ ᠤᠷᠤᠨ ᠤ ᠨᠤᠭᠤᠭᠠᠷᠠᠭᠤᠯᠤᠯᠳᠠ 3 ᠭᠡᠰᠡᠭ ᠢ ᠲᠤᠰᠪᠤᠷᠢ ᠪᠡᠶᠡᠯᠡᠬᠦᠯᠪᠡ᠃ ᠨᠡᠶᠢᠳᠡ ᠶᠢᠨ ᠠᠰᠠᠷᠠᠮᠵᠢ ᠶᠢᠨ ᠤᠢ ᠰᠢᠭᠤᠢ   ᠶᠢᠨ ᠲᠠᠭᠠᠳᠬᠠᠯ ᠤᠨ ᠠᠵᠢᠯ ᠢ ᠡᠬᠢᠯᠡᠵᠦ᠂ 112 ᠲᠦᠮᠡᠨ ᠮᠤ᠋ ᠤᠢ ᠮᠤᠳᠤ ᠶᠢ ᠲᠠᠭᠠᠳᠬᠠᠯ ᠳᠤ ᠤᠷᠤᠭᠤᠯᠪᠠ᠃ ᠬᠤᠭ ᠨᠤᠪᠰᠢ ᠰᠢᠢᠳᠪᠦᠷᠢᠯᠡᠬᠦ ᠦᠢᠯᠡᠳᠪᠦᠷᠢ ᠶᠢᠨ ᠪᠠᠷᠢᠯᠭ᠎ᠠ ᠡᠬᠢᠯᠡᠵᠦ᠂  ᠪᠤᠵᠠᠷ ᠤᠰᠤ ᠰᠢᠢᠳᠪᠦᠷᠢᠯᠡᠬᠦ ᠦᠢᠯᠡᠳᠪᠦᠷᠢ ᠠᠰᠢᠭᠯᠠᠯᠳᠠ ᠳᠤ ᠤᠷᠤᠵᠠᠢ᠃ ᠡᠨᠧᠷᠬᠢ ᠠᠷᠪᠢᠯᠠᠵᠤ ᠪᠤᠬᠢᠷᠳᠤᠯ ᠭᠠᠳᠠᠭᠰᠢᠯᠠᠭᠤᠯᠬᠤ ᠠᠵᠢᠯ ᠢ ᠬᠦᠨᠳᠦᠳᠭᠡᠨ ᠴᠢᠬᠤᠯᠠᠴᠢᠯᠠᠵᠤ᠂ ᠡᠯ᠎ᠡ ᠲᠦᠷᠦᠯ ᠤᠨ  ᠬᠢᠵᠠᠭᠠᠷᠯᠠᠬᠤ ᠴᠢᠨᠠᠷᠳᠠᠢ ᠵᠢᠭᠠᠯᠳᠠ ᠲᠤᠭ᠎ᠠ ᠶᠢ ᠪᠦᠷ ᠠᠶᠢᠮᠠᠭ ᠤᠨ ᠪᠠᠷᠢᠮᠵᠢᠶ᠎ᠠ ᠪᠠᠷ  ᠭᠡᠷᠡᠭᠵᠢᠬᠦᠯᠦᠭᠰᠡᠨ ᠪᠠᠶᠢᠨ᠎ᠠ᠃ ᠤᠢ ᠰᠢᠭᠤᠢ ᠨᠤᠳᠤᠭ ᠪᠡᠯᠴᠢᠭᠡᠷ ᠤᠨ  ᠬᠠᠤᠯᠢ ᠭᠡᠷᠡᠭᠵᠢᠬᠦᠯᠬᠦ ᠬᠢᠨᠠᠯᠳᠠ ᠶᠢ ᠴᠢᠩᠭᠠᠳᠬᠠᠵᠤ᠂ 674 ᠤᠳᠠᠭᠠᠨ ᠤ ᠭᠡᠷᠡᠭ  ᠵᠠᠷᠭᠤ ᠶᠢ ᠪᠠᠶᠢᠴᠠᠭᠠᠨ ᠰᠢᠢᠳᠪᠦᠷᠢᠯᠡᠵᠦ᠂  ᠨᠤᠳᠤᠭ ᠪᠡᠯᠴᠢᠭᠡᠷ ᠤᠨ ᠭᠠᠯ ᠤᠨ ᠠᠶᠤᠯ ᠢ ᠪᠦᠳᠦᠮᠵᠢᠳᠡᠢ  ᠰᠡᠷᠭᠡᠶᠢᠯᠡᠨ ᠬᠤᠷᠢᠭᠯᠠᠵᠠᠢ᠃ ᠰᠠᠭᠤᠷᠢ ᠲᠦᠬᠦᠭᠡᠷᠦᠮᠵᠢ   ᠶᠢ ᠤᠯᠠᠮ ᠪᠠᠬᠢᠵᠢᠬᠦᠯᠵᠦ᠂  ᠪᠦᠬᠦ ᠵᠢᠯ ᠳᠤ 2.53 ᠳ᠋ᠦᠩᠰᠢᠭᠤᠷ ᠲᠦᠭᠦᠷᠢᠭ ᠤᠨ ᠪᠡᠯᠡ  ᠤᠷᠤᠭᠤᠯᠤᠨ᠂ ᠨᠢᠬᠡ ᠪᠦᠯᠦᠭ ᠭᠤᠤᠯᠳᠠᠯᠭᠠᠳᠠᠢ ᠰᠠᠭᠤᠷᠢ ᠲᠦᠬᠦᠭᠡᠷᠦᠮᠵᠢ ᠶᠢᠨ ᠢᠨᠵᠧᠨᠧᠷᠢᠩ ᠢ  ᠡᠬᠢᠯᠡᠬᠦᠯᠪᠡ᠃  ᠭᠠᠴᠠᠭ᠎ᠠ ᠲᠤᠰᠬᠤᠨ  ᠳᠤ ᠨᠡᠪᠳᠡᠷᠡᠬᠦ  ᠽᠧᠮᠧᠨ᠋ᠲ ᠵᠠᠮ 177 ᠺᠢᠯᠤᠮᠧᠲᠷ ᠵᠠᠰᠠᠵᠤ᠂  ᠪᠤᠤᠴᠠᠩ ᠠᠴᠠ ᠰᠠᠩ ᠤᠨ ᠲᠠᠯᠠᠢ ᠬᠦᠷᠬᠦ ᠲᠦᠷᠭᠡᠨ ᠵᠠᠮ ᠢ  ᠪᠢᠳᠡᠬᠦᠮᠵᠢᠯᠡᠨ ᠲᠡᠷᠭᠡ ᠨᠡᠪᠳᠡᠷᠡᠬᠦᠯᠵᠡᠢ᠃ ᠪᠤᠤᠴᠠᠩ   ᠤᠨ110 ᠺᠢᠯᠤᠸᠤᠯᠲ ᠤᠨ ᠴᠠᠬᠢᠯᠭᠠᠨ ᠬᠤᠪᠢᠰᠬᠠᠬᠤ ᠦᠷᠳᠡᠭᠡᠨ ᠤ ᠦᠷᠭᠡᠳᠭᠡᠯ ᠤᠨ ᠢᠨᠵᠧᠨᠧᠷᠢᠩ  ᠪᠠ  2 ᠰᠠᠭᠤᠷᠢ 35 ᠺᠢᠯᠤᠸᠤᠯᠲ ᠤᠨ ᠴᠠᠬᠢᠯᠭᠠᠨ ᠬᠤᠪᠢᠰᠬᠠᠬᠤ ᠦᠷᠳᠡᠭᠡᠨ ᠤ ᠦᠷᠭᠡᠳᠭᠡᠯ ᠤᠨ ᠢᠨᠵᠧᠨᠧᠷᠢᠩ  ᠵᠢᠴᠢ 10  ᠺᠢᠯᠤᠸᠤᠯᠲ   ᠠᠴᠠ ᠲᠤᠷᠤᠭᠰᠢᠬᠢ  ᠴᠠᠬᠢᠯᠭᠠᠨ ᠱᠤᠭᠤᠮ ᠤᠨ  ᠦᠬᠡᠷᠡᠴᠢᠯᠡᠯᠳᠡ ᠶᠢᠨ ᠢᠨᠵᠧᠨᠧᠷᠢᠩ   ᠢ ᠪᠡᠶᠡᠯᠡᠬᠦᠯᠵᠦ᠂   ᠪᠦᠬᠦ ᠵᠢᠯ ᠳᠤ ᠬᠤᠳᠠᠯᠳᠤᠨ ᠠᠪᠤᠭᠰᠠᠨ ᠴᠠᠬᠢᠯᠭᠠᠨ ᠤ ᠬᠡᠮᠵᠢᠶ᠎ᠡ  4.4  ᠳ᠋ᠦᠩᠰᠢᠭᠤᠷ ᠺᠢᠯᠤᠸᠠᠲ ᠴᠠᠭ᠂  ᠴᠠᠬᠢᠯᠭᠠᠨ   ᠤ ᠪᠤᠷᠤᠯᠠᠭᠤᠯᠭ᠎ᠠ   ᠶᠢᠨ ᠬᠡᠮᠵᠢᠶ᠎ᠡ 3.3  ᠳ᠋ᠦᠩᠰᠢᠭᠤᠷ ᠺᠢᠯᠤᠸᠠᠲ ᠴᠠᠭ ᠲᠤ  ᠬᠦᠷᠦᠭᠡᠳ᠂  ᠬᠤᠳᠠ ᠬᠦᠳᠡᠭᠡ ᠶᠢᠨ ᠴᠠᠬᠢᠯᠭᠠᠨ  ᠬᠦᠴᠦᠨ ᠤ ᠪᠦᠷᠢᠯᠳᠦᠴᠡ ᠤᠯᠠᠮ   ᠨᠢᠬᠡ ᠠᠯᠬᠤᠮ ᠰᠠᠶᠢᠵᠢᠷᠠᠭᠰᠠᠨ ᠪᠠᠶᠢᠨ᠎ᠠ᠃  6 ᠺᠢᠯᠤᠮᠧᠲᠷ ᠬᠢᠷᠢᠳᠡᠢ  ᠲᠤᠮᠳᠠ ᠪᠠᠭ᠎ᠠ ᠭᠤᠤᠯ ᠤᠨ ᠤᠷᠤᠰᠬᠠᠯ   ᠤᠨ ᠵᠠᠰᠠᠯᠳᠠ   ᠶᠢ ᠬᠢᠵᠦ  ᠂ ᠠᠭᠤᠯᠠᠨ ᠦᠶᠡᠷ ᠰᠡᠷᠭᠡᠶᠢᠯᠡᠬᠦ ᠪᠠᠷᠢᠯᠭ᠎ᠠ ᠶᠢᠨ ᠪᠤᠰᠤ ᠲᠦᠷᠦᠯ ᠵᠦᠢᠯ ᠢ ᠦᠨᠳᠦᠰᠦᠨ ᠳᠡᠭᠡᠨ  ᠪᠡᠶᠡᠯᠡᠬᠦᠯᠵᠦ᠂ ᠤᠰᠤᠨ ᠠᠰᠢᠭᠯᠠᠯᠳᠠ ᠶᠢᠨ ᠲᠦᠬᠦᠭᠡᠷᠦᠮᠵᠢ ᠶᠢᠨ ᠪᠠᠶᠢᠭᠤᠯᠤᠯᠳᠠ ᠯᠠᠪᠳᠠᠭᠤᠨ ᠢᠶᠠᠷ  ᠶᠠᠪᠤᠭᠳᠠᠵᠠᠢ᠃ ᠴᠢᠮᠡᠭᠡ ᠬᠤᠯᠪᠤᠭᠠᠨ ᠤ ᠲᠤᠬᠢᠶ᠎ᠠ ᠦᠬᠡᠢ ᠭᠠᠵᠠᠷ ᠤᠷᠤᠨ   ᠳᠤ ᠴᠢᠮᠡᠭᠡ ᠬᠤᠯᠪᠤᠭ᠎ᠠ ᠨᠡᠪᠳᠡᠷᠡᠬᠦᠯᠬᠦ ᠠᠵᠢᠯ ᠤᠨ ᠡᠷᠴᠢᠮ ᠢ ᠴᠢᠩᠭᠠᠷᠠᠭᠤᠯᠵᠤ᠂  ᠴᠢᠮᠡᠭᠡ ᠬᠤᠯᠪᠤᠭᠠᠨ ᠤ ᠰᠠᠭᠤᠷᠢ ᠦᠷᠳᠡᠭᠡ 13 ᠶᠢ  ᠰᠢᠨ᠎ᠡ ᠪᠠᠷ ᠪᠠᠶᠢᠭᠤᠯᠤᠨ᠂  ᠡᠬᠦᠨ ᠤ ᠲᠤᠳᠤᠷ᠎ᠠ 3G ᠬᠤᠯᠪᠤᠭᠠᠨ ᠤ ᠦᠷᠳᠡᠭᠡ 11 ᠰᠠᠭᠤᠷᠢ ᠶᠢ ᠪᠠᠶᠢᠭᠤᠯᠵᠤ᠂  ᠴᠢᠮᠡᠭᠡ ᠬᠤᠯᠪᠤᠭᠠᠨ ᠤ ᠪᠠᠳᠤᠯᠠᠭᠠᠨ ᠤ ᠲᠦᠪᠰᠢᠨ ᠢ  ᠲᠡᠭᠡᠭᠰᠢᠯᠡᠬᠦᠯᠪᠡ᠃  ᠪᠤᠤᠴᠠᠩ  ᠤᠨ ᠰᠢᠨ᠎ᠡ ᠲᠤᠭᠤᠷᠢᠭ ᠤᠨ ᠬᠦᠭᠵᠢᠬᠦᠯᠦᠯᠳᠡ ᠪᠠ ᠬᠠᠭᠤᠴᠢᠨ ᠲᠤᠭᠤᠷᠢᠭ ᠤᠨ ᠦᠬᠡᠷᠡᠴᠢᠯᠡᠯᠳᠡ ᠶᠢᠨ  ᠠᠵᠢᠯ ᠤᠨ ᠲᠤᠭᠤᠷᠢᠨ ᠳᠤ 1.2 ᠺᠢᠯᠤᠮᠧᠲᠷ ᠪᠤᠬᠢᠷᠳᠤᠯ ᠭᠠᠳᠠᠭᠰᠢᠯᠠᠭᠤᠯᠬᠤ ᠲᠤᠤᠷ ᠬᠤᠭᠤᠯᠠᠢ᠂ 1.9  ᠺᠢᠯᠤᠮᠧᠲᠷ  ᠤᠰᠤ ᠬᠠᠩᠭᠠᠬᠤ ᠲᠤᠤᠷ ᠬᠤᠭᠤᠯᠠᠢ᠂ 6.6  ᠺᠢᠯᠤᠮᠧᠲᠷ ᠢᠯᠴᠢ ᠬᠠᠩᠭᠠᠬᠤ ᠲᠤᠤᠷ ᠬᠤᠭᠤᠯᠠᠢ ᠶᠢ ᠤᠭᠰᠠᠷᠠᠵᠤ᠂ 2 ᠰᠠᠭᠤᠷᠢ ᠬᠤᠭ ᠨᠤᠪᠰᠢ ᠵᠦᠬᠡᠬᠡᠪᠦᠷᠢᠯᠡᠬᠦ ᠦᠷᠳᠡᠭᠡ  ᠂  5 ᠰᠠᠭᠤᠷᠢ ᠤᠰᠤ ᠪᠠᠷ ᠵᠠᠶᠢᠯᠠᠬᠤ ᠨᠡᠶᠢᠳᠡ ᠶᠢᠨ ᠵᠤᠷᠯᠤᠩ  ᠤᠨ ᠪᠠᠷᠢᠯᠭ᠎ᠠ ᠶᠢ ᠡᠬᠢᠯᠡᠵᠦ᠂  13 ᠰᠠᠭᠤᠷᠢ ᠢᠯᠴᠢ ᠰᠤᠯᠢᠭᠳᠠᠭᠤᠯᠬᠤ ᠦᠷᠳᠡᠭᠡ   ᠶᠢ  ᠪᠠᠶᠢᠭᠤᠯᠤᠭᠠᠳ᠂ ᠬᠤᠳᠠ ᠪᠠᠯᠭᠠᠰᠤᠨ ᠤ ᠴᠢᠳᠠᠪᠬᠢ ᠤᠯᠠᠮ ᠨᠢᠬᠡ ᠠᠯᠬᠤᠮ ᠲᠡᠬᠦᠯᠳᠡᠷᠵᠢᠭᠰᠡᠨ ᠪᠠᠶᠢᠨ᠎ᠠ᠃   ᠤᠷᠤᠨ ᠰᠠᠭᠤᠴᠠ ᠶᠢᠨ ᠪᠦᠳᠦᠬᠡᠨ ᠪᠠᠶᠢᠭᠤᠯᠤᠯᠳᠠ ᠶᠢ ᠲᠦᠯᠬᠢᠨ ᠠᠬᠢᠭᠤᠯᠵᠤ᠂ 1.52  ᠳ᠋ᠦᠩᠰᠢᠭᠤᠷ ᠲᠦᠭᠦᠷᠢᠭ ᠤᠨ ᠪᠡᠯᠡ ᠤᠷᠤᠭᠤᠯᠤᠨ ᠂ ᠨᠡᠶᠢᠳᠡ  30.1 ᠲᠦᠮᠡᠨ ᠬᠠᠪᠳᠠᠭᠠᠢ ᠲᠦᠷᠪᠡᠯᠵᠢᠨ ᠮᠧᠲᠷ ᠬᠤᠳᠠᠯᠳᠤᠭᠠᠨ ᠤ ᠠᠰᠠᠷ  ᠪᠠ ᠤᠷᠤᠨ ᠰᠠᠭᠤᠴᠠ  ᠶᠢᠨ ᠠᠰᠠᠷ   ᠤᠨ ᠪᠠᠶᠢᠭᠤᠯᠤᠯᠳᠠ ᠶᠢ ᠡᠬᠢᠯᠡᠵᠦ᠂ 9.7 ᠲᠦᠮᠡᠨ ᠬᠠᠪᠳᠠᠭᠠᠢ ᠲᠦᠷᠪᠡᠯᠵᠢᠨ ᠮᠧᠲᠷ ᠢ ᠨᠢ ᠪᠠᠶᠢᠭᠤᠯᠵᠤ  ᠲᠠᠭᠤᠰᠪᠠ᠃         ︵ᠭᠤᠷᠪᠠ︶  ᠠᠷᠠᠳ ᠤᠨ ᠠᠮᠢᠳᠤᠷᠠᠯ ᠤᠨ ᠠᠵᠢᠯ ᠡᠷᠴᠢᠮ ᠲᠠᠢ ᠶᠠᠪᠤᠭᠳᠠᠡᠪᠡ᠃        ᠡᠳ᠋ ᠤᠨ ᠵᠠᠰᠠᠭ ᠤᠨ ᠤᠷᠤᠯᠭ᠎ᠠ ᠵᠠᠷᠤᠯᠭ᠎ᠠ   ᠶᠢᠨ ᠵᠦᠷᠢᠴᠡᠯ ᠶᠡᠭᠡᠰᠦᠭᠰᠡᠨ ᠪᠠᠶᠢᠳᠠᠯ ᠲᠤᠤᠷ᠎ᠠ ︽ᠭᠤᠷᠪᠠᠨ ᠠᠯᠪᠠᠨ ᠵᠠᠷᠤᠳᠠᠯ︾  ᠪᠠ ᠡᠩ ᠤᠨ ᠴᠢᠨᠠᠷᠳᠠᠢ ᠵᠠᠷᠤᠯᠭ᠎ᠠ ᠶᠢ ᠪᠠᠭᠠᠰᠬᠠᠬᠤ ᠵᠡᠷᠭᠡ ᠠᠷᠭ᠎ᠠ  ᠪᠠᠷᠢᠯ ᠢᠶᠠᠷ  ᠲᠠᠮᠵᠢᠭᠠᠳ ᠠᠷᠠᠳ ᠤᠨ ᠠᠮᠢᠳᠤᠷᠠᠯ ᠢ ᠪᠦᠬᠦ ᠬᠦᠴᠦᠨ ᠢᠶᠠᠷ ᠪᠠᠳᠤᠯᠠᠭᠰᠠᠨ ᠪᠠᠶᠢᠨ᠎ᠠ᠃  ᠪᠦᠬᠦ ᠵᠢᠯ ᠳᠤ ᠠᠷᠠᠳ ᠤᠨ ᠠᠮᠢᠳᠤᠷᠠᠯ  ᠤᠨ ᠵᠠᠷᠤᠳᠠᠯ 5.93  ᠳ᠋ᠦᠩᠰᠢᠭᠤᠷ ᠲᠦᠭᠦᠷᠢᠭ ᠲᠤ ᠬᠦᠷᠴᠦ 10.4% ᠪᠠᠷ  ᠨᠡᠮᠡᠭᠳᠡᠭᠡᠳ᠂  ᠡᠳ᠋ ᠤᠨ ᠵᠠᠰᠠᠭ  ᠤᠨ ᠲᠦᠰᠦᠪ ᠤᠨ ᠵᠠᠷᠤᠯᠭ᠎ᠠ ᠶᠢᠨ 46.1%   ᠶᠢ ᠡᠵᠡᠯᠡᠪᠡ᠃ ᠬᠤᠳᠠ ᠪᠠᠯᠭᠠᠰᠤᠨ ᠤ ᠠᠵᠢᠯᠳᠠᠨ ᠠᠵᠢᠯᠴᠢᠨ᠂ ᠬᠤᠳᠠ ᠬᠦᠳᠡᠭᠡ ᠶᠢᠨ ᠰᠠᠭᠤᠭᠠᠯᠢ ᠠᠷᠠᠳ ᠤᠨ ᠨᠡᠶᠢᠬᠡᠮ ᠤᠨ ᠲᠠᠭᠠᠳᠬᠠᠯ ᠤᠨ ᠪᠦᠷᠬᠦᠴᠡ ᠶᠢ ᠤᠯᠠᠮ ᠴᠢᠨᠠᠭᠰᠢᠳᠠ ᠦᠷᠭᠡᠳᠭᠡᠵᠦ᠂ ᠠᠵᠤ ᠠᠬᠤᠶᠢᠯᠠᠯ ᠤᠨ ᠠᠵᠢᠯ ᠠᠴᠠ ᠪᠠᠨ ᠠᠮᠠᠷᠠᠭᠰᠠᠳ ᠤᠨ ᠨᠠᠰᠤᠵᠢᠯ ᠤᠨ ᠠᠰᠠᠷᠠᠮᠵᠢ ᠶᠢᠨ ᠮᠦᠩᠬᠦ ᠂ ᠬᠤᠳᠠ ᠬᠦᠳᠡᠭᠡ ᠶᠢᠨ ᠨᠠᠭᠠᠳᠤ ᠵᠠᠬ᠎ᠠ ᠶᠢᠨ ᠠᠮᠢᠳᠤᠷᠠᠯ ᠤᠨ ᠪᠠᠳᠤᠯᠠᠭ᠎ᠠ ᠵᠡᠷᠭᠡ ᠪᠠᠳᠤᠯᠠᠭᠠᠨ ᠤ  ᠵᠢᠭᠠᠯᠳᠠ ᠲᠤᠭ᠎ᠠ  ᠶᠢ ᠪᠦᠷ 11%   ᠠᠴᠠ ᠲᠡᠭᠡᠭᠰᠢ ᠨᠡᠮᠡᠭᠳᠡᠬᠦᠯᠵᠡᠢ᠃  ᠠᠵᠢᠯ ᠤᠯᠭᠤᠯᠳᠠ ᠶᠢ ᠲᠤᠭᠳᠠᠪᠤᠷᠢᠵᠢᠭᠤᠯᠬᠤ ᠪᠠ ᠶᠡᠭᠡᠰᠬᠡᠵᠦ᠂ 1.13 ᠲᠦᠮᠡᠨ ᠠᠵᠢᠯ ᠤᠨ ᠪᠠᠶᠢᠷᠢ ᠡᠯᠰᠡᠨ᠂ 2328  ᠨᠡᠷ᠎ᠡ ᠬᠤᠳᠠ ᠪᠠᠯᠭᠠᠰᠤᠨ ᠤ ᠡᠯ᠎ᠡ ᠲᠦᠷᠦᠯ  ᠤᠨ ᠬᠦᠮᠦᠨ ᠳᠤ ᠠᠵᠢᠯ ᠲᠤᠬᠢᠷᠠᠭᠤᠯᠵᠤ᠂ ᠡᠬᠦᠨ ᠤ ᠲᠤᠳᠤᠷ᠎ᠠ 1700 ᠬᠦᠮᠦᠨ ᠳᠤ ᠰᠢᠨ᠎ᠡ ᠪᠠᠷ ᠠᠵᠢᠯ ᠤᠯᠭᠤᠨ ᠂  ᠬᠤᠳᠠ ᠪᠠᠯᠭᠠᠰᠤᠨ ᠤ ᠲᠠᠩᠰᠠᠯᠠᠭᠤᠯᠤᠭᠰᠠᠨ ᠠᠵᠢᠯ ᠠᠯᠳᠠᠬᠤ ᠨᠤᠷᠮ᠎ᠠ   ᠶᠢ 3.35%  ᠲᠤᠳᠤᠷ᠎ᠠ ᠬᠢᠵᠠᠭᠠᠷᠯᠠᠪᠠ ᠃  ᠤᠷᠤᠨ ᠰᠠᠭᠤᠴᠠ ᠶᠢᠨ ᠪᠠᠳᠤᠯᠠᠭᠠᠨ ᠤ ᠠᠵᠢᠯ ᠢ ᠭᠡᠷᠡᠭᠵᠢᠬᠦᠯᠵᠦ᠂  ᠬᠢᠮᠳᠠ ᠲᠦᠷᠢᠶᠡᠰᠦᠨ ᠤ  ᠤᠷᠤᠨ ᠰᠠᠭᠤᠴᠠ 109 ᠢᠵᠢ ᠶᠢ ᠬᠤᠪᠢᠶᠠᠵᠤ᠂ 100 ᠢᠵᠢ ᠨᠡᠶᠢᠳᠡ ᠶᠢᠨ ᠲᠦᠷᠢᠶᠡᠰᠦᠨ ᠤ ᠭᠡᠷ ᠪᠠᠶᠢᠰᠢᠩ   ᠤᠨ ᠪᠠᠷᠢᠯᠭ᠎ᠠ ᠶᠢ ᠡᠬᠢᠯᠡᠨ᠂  ᠭᠡᠷ ᠲᠦᠷᠢᠶᠡᠰᠦᠯᠡᠬᠦ ᠨᠦᠬᠦᠪᠦᠷᠢ 217 ᠲᠦᠮᠡᠨ ᠲᠦᠬᠦᠷᠢᠭ ᠢ ᠲᠠᠷᠬᠠᠭᠠᠵᠤ᠂ 1423 ᠡᠷᠦᠬᠡ ᠬᠦᠴᠢᠷᠳᠡᠢ ᠭᠡᠷ ᠪᠦᠯᠢ ᠳᠤ ᠠᠰᠢᠭ  ᠬᠦᠷᠳᠡᠭᠡᠭᠰᠡᠨ ᠤ ᠬᠠᠮᠳᠤ ᠮᠠᠯᠵᠢᠬᠤ ᠲᠠᠷᠢᠶᠠᠯᠠᠬᠤ ᠤᠷᠤᠨ ᠤ 1400 ᠡᠷᠦᠬᠡ ᠶᠢᠨ ᠠᠶᠤᠯᠳᠠᠢ ᠭᠡᠷ ᠪᠠᠶᠢᠰᠢᠩ ᠢ  ᠰᠢᠨᠡᠳᠭᠡᠭᠰᠡᠨ ᠪᠠᠶᠢᠨ᠎ᠠ  ᠃  ᠲᠤᠭᠠᠴᠢᠯᠠᠭᠰᠠᠨ ᠲᠧᠯᠸᠢᠰ  ᠨᠡᠪᠳᠡᠷᠡᠬᠦᠯᠬᠡ  ᠶᠢᠨ ᠲᠤᠬᠢᠶ᠎ᠠ ᠬᠦᠯᠢᠶᠡᠬᠦ ᠦᠷᠳᠡᠭᠡ 4 ᠰᠠᠭᠤᠷᠢ ᠶᠢ ᠪᠠᠶᠢᠭᠤᠯᠵᠤ᠂ 1.3 ᠲᠦᠮᠡᠨ ᠢᠵᠢ ᠬᠦᠯᠢᠶᠡᠨ ᠠᠪᠬᠤ ᠲᠦᠬᠦᠭᠡᠷᠦᠮᠵᠢ ᠶᠢ  ᠤᠬᠰᠠᠷᠠᠭᠠᠳ᠂  ᠠᠶᠢᠮᠠᠭ ᠬᠤᠰᠢᠭᠤ ᠬᠤᠶᠠᠷ ᠱᠠᠳᠤᠨ ᠤ ᠲᠧᠯᠸᠢᠰ ᠨᠡᠪᠳᠡᠷᠡᠬᠦᠯᠬᠡ ᠶᠢᠨ  ᠲᠤᠬᠢᠶᠠᠨ ᠤ ᠪᠦᠷᠬᠦᠴᠡ 50% ᠳᠤ ᠬᠦᠷᠦᠭᠰᠡᠨ ᠪᠠᠶᠢᠨ᠎ᠠ᠃  9 ᠰᠠᠭᠤᠷᠢ ᠠᠷᠢᠭᠤᠨ ᠴᠡᠪᠡᠷ ᠤᠤᠭᠤᠬᠤ ᠤᠰᠤᠨ  ᠤ ᠢᠨᠵᠧᠨᠧᠷᠢᠩ ᠢ ᠭᠡᠷᠡᠭᠵᠢᠬᠦᠯᠵᠦ᠂ 3185 ᠬᠦᠮᠦᠨ᠂ 1.17 ᠲᠦᠮᠡᠨ ᠮᠠᠯ ᠤᠨᠤᠭᠠᠨ ᠤ ᠠᠶᠤᠯᠬᠦᠢ ᠤᠰᠤ ᠤᠮᠳᠠ ᠶᠢᠨ ᠠᠰᠠᠭᠤᠳᠠᠯ ᠢ ᠰᠢᠢᠳᠪᠦᠷᠢᠯᠡᠪᠡ᠃  ︽ᠲᠤᠰᠬᠠᠢ ᠲᠦᠷᠦᠯ ᠢᠶᠠᠷ ᠵᠦᠪᠯᠡᠬᠦ︾ ᠡᠳ᠋ ᠤᠨ ᠵᠠᠰᠠᠭ ᠤᠨ ᠱᠠᠩᠨᠠᠵᠤ ᠨᠦᠬᠦᠪᠦᠷᠢᠯᠡᠬᠦ ᠲᠦᠷᠦᠯ ᠵᠦᠢᠯ 100 ᠶᠢ ᠭᠡᠷᠡᠭᠵᠢᠬᠦᠯᠵᠦ᠂  ᠮᠠᠯᠵᠢᠬᠤ ᠲᠠᠷᠢᠶᠠᠯᠠᠬᠤ ᠤᠷᠤᠨ ᠤ ᠤᠷᠤᠰᠢᠨ ᠠᠮᠢᠳᠤᠷᠠᠬᠤ ᠤᠷᠴᠢᠨ ᠠᠬᠤᠢ ᠶᠢ ᠤᠯᠠᠮ ᠨᠢᠬᠡ ᠠᠯᠬᠤᠮ ᠰᠠᠶᠢᠵᠢᠷᠠᠭᠤᠯᠵᠠᠢ᠃  ᠮᠦᠨ ᠵᠢᠯ ᠪᠤᠤᠴᠠᠩ ᠪᠠᠯᠭᠠᠰᠤᠨ ᠤ ᠪᠢᠶᠠᠨ ᠴᠢᠶᠠᠩ ᠲᠤᠰᠬᠤᠨ ᠨᠢ  ᠰᠢᠯᠢ ᠶᠢᠨ ᠭᠤᠤᠯ ᠠᠶᠢᠮᠠᠭ ᠤᠨ ᠮᠠᠯᠵᠢᠬᠤ ᠲᠠᠷᠢᠶᠠᠯᠠᠬᠤ ᠤᠷᠤᠨ ᠤ ᠶᠡᠷᠦᠩᠬᠡᠶᠢᠯᠡᠭᠰᠡᠨ ᠦᠬᠡᠷᠡᠴᠢᠯᠡᠯᠳᠡ ᠶᠢᠨ ᠠᠵᠢᠯ ᠤᠨ ᠵᠢᠱᠢᠶ᠎ᠡ ᠦᠵᠡᠬᠦᠯᠬᠦ ᠲᠤᠷᠰᠢᠯᠳᠠ ᠤᠨ ᠴᠡᠭ ᠪᠤᠯᠤᠭᠰᠠᠨ ᠪᠠᠶᠢᠨ᠎ᠠ᠃  ᠴᠡᠷᠢᠭ ᠠᠴᠠ ᠬᠠᠯᠠᠭᠳᠠᠭᠰᠠᠳ ᠢ ᠲᠦᠪᠬᠢᠨᠡᠬᠦᠯᠬᠦ ᠠᠵᠢᠯ᠂   ᠬᠦᠴᠢᠷᠳᠡᠢ ᠮᠠᠯᠴᠢᠨ ᠲᠠᠷᠢᠶᠠᠴᠢᠨ ᠳᠤ ᠲᠤᠯᠠᠭᠠᠯᠠᠭ᠎ᠠ ᠶᠢᠨ ᠰᠦᠢᠳᠭᠡᠯ ᠤᠯᠭᠤᠬᠤ ᠵᠡᠷᠭᠡ ᠠᠷᠠᠳ ᠤᠨ ᠠᠮᠢᠳᠤᠷᠠᠯ ᠤᠨ ᠠᠵᠢᠯ ᠢ  ᠲᠤᠬᠢᠳᠠᠢ ᠰᠠᠶᠢᠨ ᠨᠠᠶᠢᠳᠠᠪᠤᠷᠢᠵᠢᠭᠤᠯᠵᠤ ᠢᠷᠡᠪᠡ᠃ ︽ᠲᠠᠶᠢᠹᠤᠰᠧ ᠬᠤᠰᠢᠭᠤᠨ ᠤ ᠶᠠᠳᠠᠭᠤ ᠶᠢ ᠳᠡᠳᠬᠦᠵᠦ ᠬᠦᠭᠵᠢᠬᠦᠯᠬᠦ ᠲᠦᠯᠦᠪᠵᠢᠬᠦᠯᠬᠡ ︵2013 — 2017︶︾ ᠶᠢ ᠨᠠᠶᠢᠷᠠᠭᠤᠯᠤᠨ ᠲᠤᠭᠳᠠᠭᠠᠪᠠ᠃ 4631 ᠲᠦᠮᠡᠨ ᠲᠦᠬᠦᠷᠢᠭ  ᠤᠨ ᠪᠡᠯᠡ  ᠮᠦᠩᠬᠦ ᠤᠷᠤᠭᠤᠯᠵᠤ᠂  ᠪᠦᠬᠦᠶᠢᠯᠡ ᠲᠤᠰᠬᠤᠨ ᠢᠶᠠᠷ ᠠᠬᠢᠭᠤᠯᠬᠤ᠂  ᠭᠡᠰᠡᠭ ᠲᠠᠯᠠᠪᠠᠢ ᠶᠢ ᠨᠢᠬᠡᠳᠭᠡᠨ  ᠬᠦᠭᠵᠢᠬᠦᠯᠬᠦ ᠵᠡᠷᠭᠡ ᠲᠦᠷᠦᠯ ᠵᠦᠢᠯ ᠢ  ᠭᠡᠷᠡᠭᠵᠢᠬᠦᠯᠦᠨ᠂ 8000 ᠭᠠᠷᠤᠢ ᠬᠦᠮᠦᠨ ᠠᠮᠠ ᠶᠠᠳᠠᠭᠤ ᠠᠴᠠ ᠠᠩᠬᠢᠵᠢᠷᠠᠵᠠᠢ᠃  ᠤᠷᠤᠨ   ᠤ ᠲᠡᠰ ᠤᠨ ᠤᠳᠤᠷᠢᠳᠬᠤ ᠺᠠᠳᠠᠷ ᠴᠡᠭ ᠬᠠᠷᠢᠴᠠᠵᠤ ᠬᠠᠪᠰᠤᠷᠤᠨ ᠲᠡᠳᠬᠦᠬᠦ᠂ ᠪᠠᠶᠢᠭᠤᠯᠭ᠎ᠠ ᠨᠢᠬᠡᠴᠡ ᠶᠢᠨ  ᠲᠠᠭᠠᠭᠠᠴᠢᠯᠠᠨ ᠲᠡᠳᠬᠦᠬᠦ ᠵᠢᠴᠢ ᠨᠡᠶᠢᠬᠡᠮ ᠤᠨ ᠬᠠᠪᠰᠤᠷᠤᠨ ᠲᠡᠳᠬᠦᠬᠦ ᠠᠵᠢᠯ ᠯᠠᠪᠳᠠᠭᠤᠨ  ᠪᠠᠳᠤᠳᠠᠢ ᠶᠠᠪᠤᠭᠳᠠᠭᠰᠠᠨ ᠪᠠᠶᠢᠨ᠎ᠠ᠃       ︵ᠲᠦᠷᠪᠡ︶ ᠨᠡᠶᠢᠬᠡᠮ ᠤᠨ ᠦᠢᠯᠡᠰ ᠵᠤᠬᠢᠴᠠᠩᠭᠤᠢ ᠬᠦᠭᠵᠢᠪᠠ᠃      ᠨᠢᠬᠡᠳᠦᠭᠡᠷ ᠲᠤᠮᠳᠠᠳᠤ ᠰᠤᠷᠭᠠᠭᠤᠯᠢ᠂ ᠬᠤᠰᠢᠭᠤᠨ ᠤ ᠬᠡᠤᠬᠡᠳ ᠤᠨ ᠴᠡᠴᠡᠷᠯᠢᠭ ᠵᠡᠷᠭᠡ ᠰᠤᠷᠭᠠᠭᠤᠯᠢ ᠶᠢᠨ ᠰᠢᠨ᠎ᠡ ᠪᠠᠷ ᠪᠠᠶᠢᠭᠤᠯᠬᠤ ᠢᠨᠵᠧᠨ᠋ᠷᠢᠩ   ᠤᠨ ᠢᠵᠢ ᠪᠦᠷᠢᠳᠦᠭᠰᠡᠨ ᠪᠦᠲᠦᠭᠡᠨ ᠪᠠᠶᠢᠭᠤᠯᠤᠯᠲᠠ ᠶᠢ ᠬᠢᠵᠦ ᠠᠰᠢᠬᠯᠠᠯᠲᠠ  ᠳᠤ ᠣᠷᠣᠭᠤᠯᠣᠨ᠂ ᠰᠤᠮᠦ ᠰᠢᠶᠠᠩ ᠪᠠᠯᠭᠠᠰᠤᠨ ᠤ ᠬᠡᠤᠬᠡᠳ ᠤᠨ ᠴᠡᠴᠡᠷᠯᠢᠭ 3 ᠶᠢ ᠪᠠᠶᠢᠭᠤᠯᠵᠤ᠂ ᠪᠤᠤᠴᠠᠩ ᠤᠨ ᠨᠢᠭᠡᠳᠤᠭᠡᠷ ᠳᠤᠮᠳᠡᠳᠤ ᠰᠤᠷᠭᠠᠭᠤᠯᠢ ᠪᠠ ᠳᠦᠷᠪᠡᠳᠦᠭᠡᠷ ᠪᠠᠭ᠎ᠠ ᠰᠤᠷᠭᠠᠭᠤᠯᠢ ᠨᠢ ᠪᠦᠬᠦ ᠠᠶᠢᠮᠠᠭ ᠤᠨ ᠪᠠᠷᠢᠮᠵᠢᠶᠠᠲᠦ ᠰᠤᠷᠭᠠᠭᠤᠯᠢ ᠪᠠᠷ ᠦᠨᠡᠯᠡᠭᠳᠡᠭᠰᠡᠨ ᠪᠠᠶᠢᠨ᠎ᠠ᠃  ᠡᠮ ᠡᠮᠨᠡᠯᠭᠡ ᠡᠷᠡᠭᠦᠯ ᠬᠠᠮᠠᠭᠠᠯᠠᠯ᠂ ᠰᠣᠶᠤᠯ ᠲᠠᠮᠢᠷ ᠤᠨ ᠠᠵᠢᠯ ᠢ ᠲᠠᠰᠤᠷᠠᠯᠲᠠ ᠦᠭᠡᠢ ᠴᠢᠩᠭᠠᠳᠬᠠᠵᠦ᠂ ᠬᠤᠲᠠ ᠬᠥᠳᠡᠭᠡ ᠶᠢᠨ ᠨᠡᠶᠢᠲᠠ ᠶᠢᠨ ᠦᠢᠯᠡᠴᠢᠯᠡᠭᠡᠨ ᠤ ᠳᠡᠩᠴᠠᠬᠦᠷᠢᠰᠢᠯ ᠤᠨ ᠬᠢᠷᠢ ᠲᠦᠪᠰᠢᠨ ᠦᠷᠭᠦᠯᠵᠢᠯᠡᠨ ᠳᠡᠭᠡᠭᠰᠢᠯᠡᠵᠠᠢ᠃ ᠲᠥᠷᠦᠯᠲᠠ ᠶᠢᠨ ᠳᠣᠣᠷ᠎ᠠ ᠲᠦᠪᠰᠢᠨ ᠢ ᠲᠣᠬᠳᠠᠪᠤᠷᠢᠵᠢᠭᠤᠯᠵᠦ᠂ ᠲᠦᠷᠦᠬᠦ ᠨᠤᠷᠮ᠎ᠠ ᠶᠢ 8.82‰ ᠳᠣᠳᠤᠷ᠎ᠠ ᠬᠢᠵᠠᠭᠠᠷᠯᠠᠪᠠ᠃ ᠰᠢᠨᠵᠢᠯᠡᠭᠡ ᠮᠡᠷᠭᠡᠵᠢᠯ ᠢᠶᠠᠷ ᠠᠷᠠᠳ ᠢᠶᠠᠨ ᠪᠠᠶᠠᠵᠢᠭᠤᠯᠵᠦ ᠬᠤᠰᠢᠭᠤ ᠪᠠᠨ ᠬᠦᠴᠦᠷᠭᠡᠭᠵᠢᠬᠦᠯᠬᠦ᠂ ᠬᠡᠷᠡᠭᠯᠡᠭᠡᠨ ᠤ ᠮᠡᠷᠭᠡᠵᠢᠯ ᠢ ᠰᠤᠳᠤᠯᠬᠤ ᠪᠠ ᠠᠰᠢᠬᠯᠠᠬᠤ ᠵᠡᠷᠭᠡ ᠲᠦᠷᠦᠯ ᠵᠦᠢᠯ ᠢ ᠬᠡᠷᠡᠭᠵᠢᠭᠦᠯᠵᠦ᠂ ᠰᠢᠨᠵᠢᠯᠡᠭᠡ ᠮᠡᠷᠭᠡᠵᠢᠯ ᠤᠨ ᠦᠢᠯᠡᠴᠢᠯᠡᠭᠡᠨ ᠤ ᠠᠵᠢᠯ ᠢ ᠤᠯᠡᠮ ᠨᠢᠭᠡ ᠠᠯᠬᠤᠮ ᠴᠢᠩᠭᠠᠳᠬᠠᠪᠠ᠃ ᠨᠡᠶᠢᠭᠡᠮ ᠤᠨ ᠬᠠᠮᠢᠶᠠᠷᠤᠯᠲᠠ ᠶᠢᠨ ᠶᠡᠷᠦᠩᠬᠡᠶᠢᠯᠡᠭᠰᠡᠨ ᠵᠠᠰᠠᠯᠲᠠ ᠶᠢ  ᠴᠢᠩᠭᠠᠳᠬᠠᠨ᠂ ᠡᠯ᠎ᠡ ᠵᠦᠢᠯ  ᠤᠨ ᠬᠠᠤᠯᠢ ᠪᠤᠰᠤ ᠶᠠᠯᠠᠲᠦ ᠠᠵᠢᠯᠯᠠᠭ᠎ᠠ ᠳᠤ ᠴᠢᠩᠭ᠎ᠠ ᠴᠣᠬᠢᠯᠲᠠ ᠦᠭᠴᠦ᠂ ᠨᠡᠶᠢᠬᠡᠮ ᠤᠨ ᠵᠦᠷᠢᠴᠡᠯ ᠢ ᠤᠶᠢᠯᠠᠭᠠᠨ ᠪᠠᠶᠢᠴᠠᠭᠠᠵᠤ ᠵᠤᠬᠢᠴᠠᠭᠤᠯᠤᠨ ᠰᠢᠢᠳᠪᠦᠷᠢᠯᠡᠬᠦ ᠠᠵᠢᠯ ᠢ ᠨᠠᠷᠢᠨ ᠨᠢᠮᠪᠠᠢ ᠦᠷᠨᠢᠬᠦᠯᠦᠨ᠂  ᠪᠦᠬᠦ ᠵᠢᠯ ᠳᠤ 280 ᠭᠡᠷᠡᠭ ᠢ ᠪᠠᠶᠢᠴᠠᠭᠠᠨ ᠤᠶᠢᠯᠠᠭᠠᠵᠤ᠂ 274 ᠶᠢ ᠨᠢ  ᠵᠤᠬᠢᠴᠠᠭᠤᠯᠤᠨ ᠰᠢᠢᠳᠪᠦᠷᠢᠯᠡᠭᠡᠳ᠂  ᠰᠢᠢᠳᠪᠦᠷᠢᠯᠡᠭᠰᠡᠨ ᠨᠤᠷᠮ᠎ᠠ 98 %   ᠳᠤ ᠬᠦᠷᠴᠡᠢ᠃ ᠬᠤᠰᠢᠭᠤᠨ ᠤ ᠤᠳᠤᠷᠢᠳᠤᠯᠭ᠎ᠠ ᠵᠠᠭᠠᠯᠳᠤᠯᠭ᠎ᠠ ᠰᠤᠷᠪᠤᠯᠵᠢᠯᠠᠭ᠎ᠠ ᠶᠢ ᠬᠦᠯᠢᠶᠡᠨ ᠠᠪᠬᠤ᠂ ᠤᠳᠤᠷᠢᠳᠤᠯᠭ᠎ᠠ ᠬᠡᠷᠡᠭ ᠢ ᠳᠠᠭᠠᠭᠠᠵᠦ ᠰᠢᠢᠳᠪᠦᠷᠢᠯᠡᠬᠦ ᠪᠠ ᠺᠠᠲᠠᠷ ᠳᠣᠷᠤᠬᠰᠢ ᠪᠠᠭᠤᠵᠦ ᠪᠠᠶᠢᠴᠠᠭᠠᠬᠤ ᠬᠠᠷᠢᠭᠤᠴᠠᠯᠭ᠎ᠠ ᠶᠢᠨ ᠳᠦᠷᠢᠮ ᠢ ᠨᠢᠮᠪᠠᠢ ᠨᠠᠶᠢᠳᠠᠪᠤᠷᠢᠵᠢᠭᠤᠯᠤᠨ᠂ ᠨᠢᠭᠡ ᠪᠦᠯᠦᠭ ᠭᠤᠣᠯᠳᠠᠯᠭ᠎ᠠ ᠲᠠᠢ ᠵᠠᠬᠢᠳᠠᠯ ᠰᠤᠷᠪᠤᠯᠵᠢᠯᠠᠭ᠎ᠠ ᠶᠢᠨ ᠠᠰᠠᠭᠤᠳᠠᠯ ᠢ ᠰᠢᠢᠳᠪᠤᠷᠢᠯᠡᠵᠦ᠂ ᠪᠦᠬᠦ ᠬᠤᠰᠢᠭᠤᠨ ᠤ ᠵᠠᠬᠢᠳᠠᠯ ᠰᠤᠷᠪᠤᠯᠵᠢᠯᠠᠭ᠎ᠠ ᠶᠢᠨ ᠶᠡᠷᠦᠩᠬᠡᠢ ᠬᠡᠮᠵᠢᠶ᠎ᠠ 30 % ᠪᠠᠷ ᠳᠣᠷᠣᠬᠰᠢᠯᠠᠨ᠂ ᠨᠡᠶᠢᠭᠡᠮ ᠤᠨ ᠡᠶ᠎ᠡ ᠵᠣᠬᠢᠴᠠᠯ ᠪᠠ ᠲᠣᠬᠳᠠᠭᠤᠨ ᠢ ᠪᠠᠲᠤᠯᠠᠪᠠ᠃ ᠠᠶᠤᠯᠬᠦᠢ ᠦᠢᠯᠡᠳᠪᠤᠷᠢᠯᠡᠯ᠂ ᠢᠳᠡᠭᠡᠨ ᠡᠮ ᠤᠨ ᠵᠦᠢᠯ ᠤᠨ ᠬᠢᠨᠠᠯᠲᠠ ᠬᠠᠮᠢᠶᠠᠷᠤᠯᠲᠠ ᠶᠢ ᠴᠢᠩᠭᠠᠳᠬᠠᠵᠤ᠂ ᠡᠯ᠎ᠠ ᠠᠵᠢᠯ ᠲᠦᠷᠦᠯ ᠤᠨ ᠬᠦᠷᠢᠶᠡᠨ ᠳᠤ ᠬᠦᠨᠲᠦ ᠶᠡᠭᠡ ᠠᠶᠤᠯ ᠭᠡᠮ ᠭᠠᠷᠤᠬᠰᠠᠨ ᠦᠭᠡᠢ᠃ ᠦᠨᠲᠦᠰᠦᠲᠡᠨ ᠱᠠᠰᠢᠨ ᠰᠤᠷᠲᠠᠬᠤᠨ ᠤ ᠠᠵᠢᠯ ᠯᠠᠪᠳᠠᠭᠤᠨ ᠢᠶᠠᠷ ᠶᠠᠪᠤᠬᠳᠠᠵᠤ᠂  ᠦᠢᠯᠡᠳᠪᠦᠷᠢ ᠬᠤᠳᠠᠯᠳᠤᠭᠠᠨ ᠤ ᠬᠠᠮᠢᠶᠠᠷᠦᠯᠲᠠ᠂ ᠶᠠᠰᠤ ᠴᠢᠨᠠᠷ ᠲᠤ ᠬᠢᠨᠠᠯᠲᠠ ᠲᠠᠯᠪᠢᠬᠤ᠂ ᠴᠠᠭ ᠠᠭᠤᠷ᠂ ᠠᠭᠠᠷ ᠤᠨ ᠰᠡᠷᠭᠡᠶᠢᠯᠡᠯᠲᠠ᠂ ᠭᠠᠵᠠᠷ ᠬᠥᠳᠡᠯᠦᠯᠲᠠ ᠶᠢ ᠤᠷᠢᠳᠴᠢᠯᠠᠨ ᠮᠡᠳᠡᠭᠡᠯᠡᠬᠦ᠂ ᠡᠮᠡᠭᠲᠠᠶᠢᠴᠤᠳ ᠬᠡᠦᠭᠡᠳ ᠪᠠᠭᠠᠴᠤᠳ᠂ ᠨᠠᠰᠤᠳᠠᠶᠢᠴᠤᠳ᠂ ᠵᠡᠪᠰᠡᠭᠲᠦ ᠬᠦᠴᠦᠨ ᠵᠢᠴᠢ ᠡᠷᠦᠭᠡ ᠶᠢᠨ ᠴᠡᠷᠢᠭ ᠤᠨ ᠪᠡᠯᠡᠳᠬᠡᠯ ᠠᠩᠬᠢ ᠶᠢᠨ ᠠᠵᠢᠯ ᠢ ᠯᠡᠪᠳᠠᠭᠤᠨ ᠢᠶᠠᠷ ᠲᠦᠯᠬᠢᠨ ᠠᠬᠢᠭᠤᠯᠪᠠ  ᠃ ᠵᠡᠪᠰᠡᠭᠲᠦ ᠴᠠᠬᠳᠠᠭ᠎ᠠ ᠪᠠ ᠭᠠᠯ ᠰᠡᠷᠭᠡᠶᠢᠯᠡᠬᠦ ᠠᠩᠬᠢ ᠶᠢᠨ ᠪᠦᠲᠦᠭᠡᠨ ᠪᠠᠶᠢᠭᠤᠯᠤᠯᠲᠠ ᠶᠢ ᠢᠳᠡᠪᠬᠢᠲᠠᠢ ᠳᠡᠮᠵᠢᠵᠦ᠂ ᠪᠠᠲᠤᠯᠠᠭᠠᠨ  ᠤ ᠴᠢᠳᠠᠪᠤᠷᠢ ᠶᠢ ᠤᠯᠠᠮ ᠨᠢᠭᠡ ᠠᠯᠬᠤᠮ ᠨᠡᠮᠡᠭᠳᠡᠭᠦᠯᠪᠠ᠃        ︵ᠲᠠᠪᠤ︶  ᠵᠠᠰᠠᠭ ᠤᠨ ᠣᠷᠳᠤᠨ ᠤ  ᠲᠤᠰ ᠪᠡᠶ᠎ᠡ ᠶᠢᠨ ᠪᠠᠶᠢᠭᠤᠯᠤᠯᠲᠠ ᠶᠢ  ᠲᠠᠰᠤᠷᠠᠯᠳᠠ ᠦᠬᠡᠢ ᠴᠢᠩᠭᠠᠳᠬᠠᠪᠠ᠃        ᠲᠦᠪ ᠬᠤᠷᠢᠶᠠᠨ ᠤ ᠨᠠᠢᠮᠠᠨ ᠲᠤᠭᠳᠠᠭᠠᠯ᠂  ᠦᠪᠡᠷᠳᠡᠭᠡᠨ ᠵᠠᠰᠠᠬᠤ ᠤᠷᠤᠨ ᠤ 28 ᠪᠤᠳᠠᠳᠠᠢ ᠲᠤᠭᠳᠠᠭᠠᠯ ᠵᠢᠴᠢ ᠠᠵᠢᠯ ᠤᠨ ᠰᠤᠷᠲᠠᠯ ᠢ ᠰᠠᠶᠢᠵᠢᠷᠠᠭᠤᠯᠬᠤ᠂  ᠤᠯᠠᠨ ᠲᠦᠮᠡᠨ ᠲᠠᠢ ᠨᠢᠬᠳᠠ ᠬᠠᠷᠢᠴᠠᠬᠤ ᠲᠤᠬᠠᠢ ᠠᠶᠢᠮᠠᠭ ᠤᠨ ᠨᠠᠮ ᠤᠨ ᠬᠤᠷᠢᠶ᠎ᠠ᠂ ᠠᠶᠢᠮᠠᠭ ᠤᠨ ᠵᠠᠬᠢᠷᠭ᠎ᠠ ᠶᠢᠨ ᠬᠠᠮᠢᠶ᠎ᠠ ᠪᠦᠬᠦᠢ  ᠳᠦᠷᠢᠮ ᠲᠣᠬᠲᠠᠭᠠᠯ ᠢ ᠨᠠᠷᠢᠨ ᠨᠢᠮᠪᠠᠢ ᠲᠤᠤᠱᠯᠠᠭᠤᠯᠤᠨ ᠨᠠᠶᠢᠳᠠᠪᠤᠷᠢᠵᠢᠭᠤᠯᠵᠦ᠂ ᠰᠠᠬᠢᠯᠭ᠎ᠠ ᠪᠠᠲᠦ ᠴᠢᠩᠭᠠᠳᠬᠠᠬᠤ ᠠᠵᠢᠯᠯᠠᠭ᠎ᠠ ᠶᠢ ᠭᠦᠨᠵᠡᠭᠡᠢ ᠥᠷᠨᠢᠭᠦᠯᠦᠨ᠂ ᠵᠣᠴᠢᠯᠠᠭ᠎ᠠ ᠶᠢᠨ ᠪᠠᠷᠢᠮᠵᠢᠶ᠎ᠠ ᠶᠢ ᠴᠢᠩᠭᠠᠳᠬᠠᠵᠦ᠂ ᠬᠤᠷᠠᠯ ᠤᠨ ᠮᠠᠲ᠋ᠧᠷᠢᠶᠠᠯ ᠢ  ᠴᠤᠮᠬᠠᠳᠬᠠᠨ  ᠂ ᠱᠠᠯᠢᠨ ᠪᠦᠷᠢᠯᠭᠡᠬᠦ ᠶᠢ  ᠲᠡᠪᠴᠢᠵᠦ᠂ ᠵᠠᠰᠠᠭ ᠤᠨ ᠰᠤᠷᠲᠠᠯ   ᠤᠨ ᠰᠠᠶᠢᠵᠢᠷᠠᠯᠳᠠ ᠪᠠᠷ ᠠᠷᠠᠳ ᠤᠨ ᠰᠤᠷᠲᠠᠯ ᠪᠠ ᠨᠡᠶᠢᠭᠡᠮ  ᠤᠨ ᠰᠤᠷᠲᠠᠯ ᠤᠨ ᠰᠠᠶᠢᠵᠢᠷᠠᠯᠲᠠ ᠶᠢ ᠠᠬᠢᠭᠤᠯᠤᠬᠰᠠᠨ ᠪᠠᠶᠢᠨ᠎ᠠ᠃ ᠬᠤᠰᠢᠭᠤᠨ ᠤ ᠠᠷᠠᠳ ᠤᠨ ᠲᠦᠯᠦᠭᠡᠯᠡᠭᠴᠢᠳ  ᠤᠨ ᠶᠡᠭᠡ ᠬᠤᠷᠠᠯ ᠵᠢᠴᠢ ᠲᠡᠭᠦᠨ ᠤ ᠪᠠᠶᠢᠩᠭᠤ ᠶᠢᠨ ᠬᠤᠷᠢᠶᠠᠨ ᠤ ᠰᠢᠢᠳᠪᠤᠷᠢ ᠪᠠ ᠲᠣᠬᠳᠠᠭᠠᠯ ᠢ ᠴᠢᠩᠭ᠎ᠠ ᠬᠡᠷᠡᠭᠵᠢᠭᠦᠯᠵᠦ᠂ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠬᠠᠤᠯᠢ ᠶᠤᠰᠦ ᠪᠠᠷ ᠬᠢᠨᠠᠯᠲᠠ ᠲᠠᠯᠪᠢᠬᠤ ᠪᠠ ᠤᠯᠤᠰ ᠲᠦᠷᠦ ᠶᠢᠨ ᠵᠦᠪᠯᠡᠯᠭᠡᠨ ᠤ ᠠᠷᠠᠳᠴᠢᠯᠠᠯ ᠢᠶᠠᠷ ᠬᠢᠨᠠᠯᠲᠠ ᠲᠠᠯᠪᠢᠬᠤ ᠶᠢ ᠤᠬᠠᠮᠰᠠᠷ ᠠᠴᠠ ᠪᠠᠨ ᠬᠦᠯᠢᠶᠠᠨ ᠠᠪᠴᠦ᠂ ᠪᠦᠬᠦ ᠵᠢᠯ ᠳᠤ ᠠᠷᠠᠳ ᠤᠨ ᠲᠦᠯᠦᠭᠡᠯᠡᠭᠴᠢ ᠶᠢᠨ ᠰᠠᠨᠠᠯ 82 ᠬᠤᠪᠢ᠂ ᠤᠯᠤᠰ ᠲᠦᠷᠦ ᠶᠢᠨ ᠵᠦᠪᠯᠡᠯᠭᠡᠨ  ᠤ ᠬᠡᠰᠢᠬᠦᠳ ᠤᠨ ᠰᠠᠨᠠᠯ ᠳᠤᠷᠠᠳᠤᠯᠭ᠎ᠠ 157 ᠬᠤᠪᠢ ᠶᠢ ᠬᠦᠢᠴᠡᠳᠬᠡᠵᠦ᠂  ᠬᠦᠢᠴᠡᠳᠭᠡᠭᠰᠡᠨ ᠨᠤᠷᠮ᠎ᠠ ᠪᠦᠷ 100% ᠳᠤ ᠬᠦᠷᠴᠠᠢ᠃ ᠠᠯᠪᠠᠨ ᠲᠡᠷᠭᠡ ᠪᠠ ᠠᠯᠪᠠᠨ ᠭᠡᠷ ᠢ ᠴᠡᠭᠴᠡᠯᠡᠬᠦ ᠠᠵᠢᠯ ᠢ ᠨᠠᠶᠢᠳᠠᠪᠤᠷᠢᠵᠢᠭᠤᠯᠵᠦ᠂  ᠰᠤᠷᠲᠠᠯ ᠴᠡᠭᠴᠡᠯᠡᠬᠦ ᠲᠤᠰᠬᠠᠢ ᠲᠦᠷᠦᠯ ᠤᠨ ᠠᠵᠢᠯᠯᠠᠭ᠎ᠠ ᠶᠢ ᠭᠦᠨᠵᠡᠭᠡᠢ ᠥᠷᠨᠢᠭᠦᠯᠵᠦ᠂ ᠪᠠᠶᠢᠭᠤᠯᠭ᠎ᠠ ᠶᠢᠨ ᠠᠵᠢᠯ  ᠤᠨ ᠪᠦᠲᠦᠮᠵᠢ ᠶᠢ ᠤᠯᠠᠮ ᠨᠢᠭᠡ ᠠᠯᠬᠤᠮ ᠨᠡᠮᠡᠭᠳᠡᠭᠦᠯᠪᠡ᠃        ᠲᠥᠯᠥᠭᠡᠯᠡᠭᠴᠢᠳ ᠡ᠂  ᠥᠩᠭᠡᠷᠡᠬᠦ ᠵᠢᠯ ᠮᠠᠨ ᠤ  ᠬᠤᠰᠢᠭᠤᠨ ᠤ ᠠᠵᠦ ᠠᠬᠤᠢ ᠨᠡᠶᠢᠭᠡᠮ   ᠨᠢ ᠣᠬᠢ ᠰᠠᠶᠢᠨ ᠬᠥᠭᠵᠢᠯᠲᠡ ᠶᠢᠨ ᠪᠠᠶᠢᠳᠠᠯ ᠢᠶᠠᠨ ᠪᠠᠲᠦᠯᠠᠬᠰᠠᠨ ᠪᠠᠶᠢᠨ᠎ᠠ᠃  ᠬᠦᠮᠦᠨ ᠠᠷᠠᠳ   ᠢ ᠪᠠᠶᠠᠰᠬᠠᠨ ᠵᠤᠷᠢᠬᠵᠢᠭᠤᠯᠤᠭᠰᠠᠨ ᠡᠳᠡᠭᠡᠷ ᠠᠮᠵᠢᠯᠲᠠ ᠪᠦᠲᠦᠮᠵᠢ  ᠪᠣᠯ ᠠᠶᠢᠮᠠᠭ ᠤᠨ ᠨᠠᠮ ᠤᠨ ᠬᠤᠷᠢᠶ᠎ᠠ᠂ ᠠᠶᠢᠮᠠᠭ ᠤᠨ ᠵᠠᠬᠢᠷᠭ᠎ᠠ ᠬᠢᠭᠡᠳ ᠬᠤᠰᠢᠭᠤ ᠨᠠᠮ ᠤᠨ ᠬᠤᠷᠢᠶᠠᠨ ᠤ ᠰᠢᠨᠵᠢᠯᠡᠬᠦ ᠤᠬᠠᠭᠠᠨᠴᠢ ᠪᠠᠷ ᠰᠢᠢᠳᠪᠦᠷᠢ ᠠᠪᠴᠦ᠂ ᠵᠦᠪ ᠤᠨᠤᠪᠴᠢᠲᠠᠢ ᠪᠠᠷ ᠤᠳᠤᠷᠢᠳᠤᠨ ᠵᠢᠯᠤᠭᠤᠳᠤᠬᠰᠠᠨ ᠤ ᠦᠷ᠎ᠡ ᠪᠦᠲᠦᠭᠡᠯ᠂  ᠪᠦᠬᠦ ᠬᠤᠰᠢᠭᠤ ᠲᠠᠶᠠᠭᠠᠷ ᠪᠤᠳᠠᠳᠠᠢ ᠪᠠᠶᠢᠳᠠᠯ ᠳᠠᠭᠠᠨ ᠰᠠᠭᠤᠷᠢᠯᠠᠵᠦ᠂ ︽8337︾ ᠬᠦᠭᠵᠢᠯᠲᠠ ᠶᠢᠨ ᠰᠡᠳᠬᠢᠴᠡ ᠶᠢ  ᠬᠦᠨᠵᠡᠭᠡᠢ ᠨᠠᠶᠢᠳᠠᠪᠤᠷᠢᠵᠢᠭᠤᠯᠤᠭᠰᠠᠨ ᠤ ᠦᠷ᠎ᠡ ᠪᠦᠲᠦᠭᠡᠯ᠂  ᠨᠡᠩ ᠴᠦ ᠪᠦᠬᠦ ᠬᠤᠰᠢᠭᠤᠨ ᠤ ᠡᠯ᠎ᠡ ᠦᠨᠳᠤᠰᠦᠲᠠᠨ ᠤ ᠺᠠᠲᠠᠷ ᠤᠯᠠᠨ ᠲᠦᠮᠡᠨ ᠢᠶᠠᠷ ᠢᠶᠠᠨ ᠰᠡᠳᠬᠢᠯ ᠨᠢᠭᠡᠳᠴᠦ ᠬᠦᠴᠦ ᠬᠠᠮᠳᠤᠳᠬᠠᠨ᠂  ᠪᠡᠷᠭᠡ ᠶᠢ ᠰᠦᠷᠴᠦ ᠪᠦᠯᠬᠦᠮᠳᠡᠨ ᠲᠡᠮᠡᠴᠡᠭᠰᠡᠨ ᠤ ᠦᠷ᠎ᠡ ᠪᠦᠲᠤᠭᠡᠯ ᠪᠤᠯᠤᠨ᠎ᠠ᠃ ᠠᠳᠡ ᠪᠢ ᠬᠤᠰᠢᠭᠤ ᠵᠠᠰᠠᠭ ᠤᠨ ᠣᠷᠳᠤᠨ ᠢ ᠲᠦᠯᠦᠭᠡᠯᠡᠵᠦ᠂ ᠲᠠᠶᠢᠹᠤᠰᠧ ᠬᠤᠰᠢᠭᠤᠨ ᠤ ᠴᠣᠬᠴᠠᠯᠠᠯᠲᠠ ᠬᠥᠭᠵᠢᠯᠲᠠ ᠶᠢᠨ ᠦᠢᠯᠡᠰ ᠢ ᠬᠠᠯᠠᠮᠵᠢᠯᠠᠵᠦ ᠳᠡᠮᠵᠢᠭᠰᠡᠨ ᠨᠠᠶᠢᠵᠠ ᠨᠥᠬᠦᠳ ᠲᠤ ᠴᠢᠩ ᠰᠡᠳᠬᠢᠯ ᠤᠨ ᠲᠠᠯᠠᠷᠬᠠᠯ ᠪᠠ  ᠬᠦᠨᠳᠦᠳᠭᠡᠯ ᠳᠡᠪᠰᠢᠭᠦᠯᠵᠦ ᠪᠠᠶᠢᠨ᠎ᠠ︕       ᠠᠮᠵᠢᠯᠲᠠ ᠪᠦᠲᠦᠮᠵᠢ ᠪᠠᠨ ᠣᠯᠵᠦ ᠬᠠᠷᠠᠬᠤ ᠶᠢᠨ ᠳᠠᠭᠠᠤ᠂ ᠪᠢᠳᠡ ᠪᠠᠰᠠ ᠬᠥᠭᠵᠢᠯᠲᠠ ᠶᠢᠨ ᠳᠤᠮᠳᠡ ᠣᠷᠣᠰᠢᠵᠦ ᠪᠠᠶᠢᠭ᠎ᠠ ᠴᠥᠬᠡᠨ ᠪᠣᠰᠤ ᠠᠰᠠᠭᠤᠳᠠᠯ ᠢ  ᠰᠡᠷᠭᠡᠭ ᠢᠶᠠᠷ ᠳᠠᠨᠢᠭᠤᠰᠢᠲᠠᠢ᠃  ᠨᠢᠭᠡ ᠳᠤ ᠠᠵᠤ ᠠᠬᠤᠢ  ᠶᠢᠨ ᠶᠡᠷᠦᠩᠬᠡᠢ ᠬᠡᠮᠵᠢᠶ᠎ᠡ ᠪᠠᠭ᠎ᠠ᠂ ᠨᠢᠭᠡ᠂ ᠬᠤᠶᠡᠷ᠂ ᠭᠤᠷᠪᠠᠳᠤᠭᠠᠷ ᠠᠵᠤ ᠦᠢᠯᠡᠰ ᠤᠨ ᠬᠦᠭᠵᠢᠯᠳᠡ ᠲᠡᠩᠴᠡᠬᠦᠷᠢ ᠦᠬᠡᠢ  ᠃ ᠬᠤᠶᠠᠷ ᠲᠤ ᠰᠢᠨ᠎ᠡ ᠬᠡᠯᠪᠡᠷᠢ ᠶᠢᠨ ᠠᠵᠤ ᠦᠢᠯᠡᠳᠪᠦᠷᠢ ᠡᠬᠢᠯᠡᠯᠳᠡ ᠶᠢᠨ ᠱᠠᠳᠤᠨ ᠳᠠᠭᠠᠨ ᠪᠠᠶᠢᠵᠤ᠂  ᠭᠡᠪᠴᠢᠶ᠎ᠡ ᠪᠠᠭ᠎ᠠ᠂ ᠰᠠᠭᠤᠷᠢ ᠮᠠᠭᠤ᠂ ᠭᠡᠰᠡᠭ ᠠᠵᠤ ᠠᠬᠤᠶᠢᠯᠠᠯ ᠤᠨ  ᠭᠡᠰᠡᠭ ᠠᠵᠤ ᠠᠬᠤᠶᠢᠯᠠᠯ ᠤᠨ ᠡᠵᠡᠩᠨᠡᠯᠲᠡ  ᠶᠢᠨ ᠴᠢᠨᠠᠷ ᠠᠨᠠᠢ  ᠪᠠᠶᠢᠭ᠎ᠠ᠃ ᠭᠤᠷᠪᠠ ᠳᠤ ᠲᠠᠷᠢᠶᠠᠯᠠᠩ ᠮᠠᠯ ᠠᠵᠤ ᠠᠬᠤᠢ ᠶᠢᠨ ᠠᠵᠤ ᠦᠢᠯᠠᠰᠵᠢᠯᠲᠠ  ᠂ ᠭᠡᠪᠴᠢᠶᠡᠵᠢᠯᠳᠡ᠂ ᠡᠷᠴᠢᠮᠵᠢᠯᠳᠡ ᠶᠢᠨ ᠬᠢᠷᠢ ᠲᠦᠪᠰᠢᠨ ᠲᠤᠤᠷ᠎ᠠ᠂  ᠤᠨᠴᠠᠯᠢᠭᠳᠤ  ᠲᠠᠪᠠᠭᠤᠯᠢᠭ ᠠᠵᠤ ᠦᠢᠯᠡᠰ  ᠬᠦᠢᠴᠡᠳ ᠬᠦᠭᠵᠢᠵᠦ ᠲᠡᠶᠢᠯᠦᠬᠡᠳᠦᠢ᠃  ᠲᠦᠷᠪᠡ ᠳᠤ ᠰᠠᠭᠤᠷᠢ ᠲᠦᠬᠦᠭᠡᠷᠦᠮᠵᠢ ᠶᠢᠨ  ᠪᠦᠳᠦᠭᠡᠨ ᠪᠠᠶᠢᠭᠤᠯᠤᠯᠳᠠ ᠬᠤᠴᠤᠷᠴᠤ᠂ ᠲᠠᠭᠠᠭᠠᠴᠠ ᠴᠢᠳᠠᠪᠤᠷᠢ ᠪᠠᠰᠠ ᠲᠤᠷᠤᠢ ᠪᠠᠶᠢᠭ᠎ᠠ᠃ ᠲᠠᠪᠤ ᠳᠤ  ᠡᠳ᠋ ᠤᠨ ᠵᠠᠰᠠᠭ ᠤᠨ ᠤᠷᠤᠯᠭ᠎ᠠ ᠵᠠᠷᠤᠯᠭ᠎ᠠ ᠶᠢᠨ ᠵᠦᠷᠢᠴᠡᠯ ᠲᠤᠪᠤᠶᠢᠵᠤ᠂ ︽ᠴᠠᠯᠢᠩ ᠢ ᠪᠠᠳᠤᠯᠠᠬᠤ᠂ ᠠᠷᠠᠳ ᠤᠨ ᠠᠮᠢᠳᠤᠷᠠᠯ ᠢ ᠪᠠᠳᠤᠯᠠᠬᠤ᠂ ᠡᠷᠬᠢᠯᠳᠦᠯ ᠢ ᠪᠠᠳᠤᠯᠠᠬᠤ︾ ᠡᠬᠦᠷᠭᠡ ᠬᠦᠨᠳᠦ ᠪᠠᠶᠢᠭ᠎ᠠ᠃  ᠵᠢᠷᠭᠤᠭ᠎ᠠ ᠳᠤ ᠣᠯᠠᠨ ᠲᠦᠮᠡᠨ ᠤ ᠬᠠᠯᠠᠮᠵᠢᠯᠠᠵᠦ ᠪᠠᠶᠢᠭ᠎ᠠ ᠴᠢᠬᠤᠯᠠ ᠠᠰᠠᠭᠤᠳᠠᠯ᠂ ᠬᠦᠴᠢᠷᠲᠠᠢ ᠠᠰᠠᠭᠤᠳᠠᠯ ᠢ ᠪᠠᠰᠠ ᠬᠠᠩᠭᠠᠮᠵᠢᠲᠠᠢ ᠰᠢᠢᠳᠪᠦᠷᠢᠯᠠᠵᠦ ᠳᠠᠶᠢᠯᠦᠭᠡᠳᠦᠢ᠂ ᠵᠠᠰᠠᠭ ᠤᠨ ᠣᠷᠳᠤᠨ ᠤ ᠲᠣᠰ ᠪᠡᠶ᠎ᠡ ᠶᠢᠨ ᠪᠠᠶᠢᠭᠤᠯᠤᠯᠲᠠ ᠶᠢ ᠤᠯᠠᠮ ᠴᠢᠩᠭᠠᠳᠬᠠᠵᠤ᠂ ᠬᠥᠭᠵᠢᠯᠲᠠ ᠶᠢᠨ ᠣᠷᠴᠢᠨ ᠲᠣᠭᠤᠷᠢᠨ ᠢ ᠴᠢᠨᠠᠬᠰᠢᠲᠠ ᠰᠢᠯᠢᠳᠡᠭᠵᠢᠬᠦᠯᠬᠦ ᠴᠢᠬᠤᠯᠠᠲᠠᠢ ᠪᠠᠶᠢᠭ᠎ᠠ᠃ ᠪᠢᠳᠡ ᠡᠷᠬᠡᠪᠰᠢ ᠲᠠᠷᠢᠬᠢ ᠲᠣᠯᠤᠭᠠᠢ ᠪᠠᠨ ᠴᠠᠭ ᠢᠮᠠᠬᠲᠠ ᠰᠡᠷᠭᠡᠭ ᠪᠠᠶᠢᠯᠭᠠᠵᠦ᠂  ᠬᠤᠶᠢᠰᠢᠳᠠ ᠶᠢᠨ ᠠᠵᠢᠯ ᠲᠤᠮᠳᠠ ᠪᠠᠨ ᠡᠳᠡᠭᠡᠷ ᠠᠰᠠᠭᠤᠳᠠᠯ ᠢ ᠨᠢᠮᠪᠠᠢ ᠰᠢᠢᠳᠪᠦᠷᠢᠯᠡᠬᠦ ᠬᠡᠷᠡᠭᠲᠠᠢ᠃       ᠬᠤᠶᠠᠷ᠂  2014 ᠤᠨ ᠤ ᠠᠵᠢᠯ ᠤᠨ ᠪᠠᠶᠢᠷᠢᠯᠠᠭᠤᠯᠤᠯᠳᠠ      2014 ᠤᠨ ᠳᠤ  ᠵᠠᠰᠠᠭ ᠤᠨ ᠤᠷᠳᠤᠨ ᠤ ᠠᠵᠢᠯ ᠤᠨ ᠶᠡᠷᠦᠩᠬᠡᠢ  ᠰᠡᠳᠬᠢᠴᠡ  ᠪᠤᠯ᠄ ᠰᠢᠨᠵᠢᠯᠡᠬᠦ  ᠤᠬᠠᠭᠠᠨᠴᠢ ᠬᠦᠭᠵᠢᠯᠳᠡ ᠶᠢᠨ ᠦᠵᠡᠯᠳᠡ ᠪᠠᠷ ᠵᠢᠯᠤᠭᠤᠳᠤᠯᠭ᠎ᠠ ᠪᠤᠯᠭᠠᠨ᠂ ᠨᠠᠮ ᠤᠨ ᠠᠷᠪᠠᠨ ᠨᠠᠢᠮᠠᠳᠤᠭᠠᠷ ᠶᠡᠭᠡ ᠬᠤᠷᠠᠯ  ᠪᠠ ᠠᠷᠪᠠᠨ ᠨᠠᠢᠮᠠᠳᠤᠭᠠᠷ ᠬᠤᠭᠤᠴᠠᠭᠠᠨ ᠤ ᠭᠤᠷᠪᠠᠳᠤᠭᠠᠷ ᠪᠦᠬᠦᠳᠡ  ᠬᠤᠷᠠᠯ ᠤᠨ ᠵᠤᠷᠢᠭ ᠰᠠᠨᠠᠭ᠎ᠠ ᠶᠢ ᠬᠦᠨᠵᠡᠬᠡᠢ ᠲᠤᠤᠱᠯᠠᠭᠤᠯᠵᠤ᠂ ᠦᠪᠡᠷᠳᠡᠭᠡᠨ ᠵᠠᠰᠠᠬᠤ ᠤᠷᠤᠨ ᠤ ︽8337︾ ᠬᠦᠭᠵᠢᠯᠳᠡ ᠶᠢᠨ ᠰᠡᠳᠬᠢᠴᠡ  ᠬᠢᠭᠡᠳ ᠠᠶᠢᠮᠠᠭ ᠤᠨ ᠨᠠᠮ ᠤᠨ ᠬᠤᠷᠢᠶ᠎ᠠ᠂ ᠠᠶᠢᠮᠠᠭ ᠤᠨ ᠵᠠᠬᠢᠷᠭ᠎ᠠ ᠶᠢᠨ ᠰᠢᠢᠳᠪᠦᠷᠢᠳᠦ ᠪᠤᠳᠤᠯᠭ᠎ᠠ ᠶᠢᠨ ᠪᠠᠶᠢᠷᠢᠯᠠᠭᠤᠯᠤᠯᠳᠠ ᠶᠢ ᠨᠢᠮᠪᠠᠢ ᠨᠠᠶᠢᠳᠠᠪᠤᠷᠢᠵᠢᠭᠤᠯᠤᠨ᠂  ᠬᠤᠰᠢᠭᠤ ᠨᠠᠮ ᠤᠨ ᠬᠤᠷᠢᠶᠠᠨ ᠤ ᠠᠷᠪᠠᠨ ᠭᠤᠷᠪᠠᠳᠤᠭᠠᠷ ᠬᠤᠭᠤᠴᠠᠭᠠᠨ ᠤ ᠲᠦᠷᠪᠡᠳᠦᠭᠡᠷ ᠪᠦᠬᠦᠳᠡ ᠬᠤᠷᠠᠯᠳᠤᠭᠠᠨ ᠤ ᠶᠡᠷᠦᠩᠬᠡᠢ ᠱᠠᠭᠠᠷᠳᠠᠯᠭ᠎ᠠ ᠶᠤᠰᠤᠭᠠᠷ᠂  ᠲᠦᠷᠦᠯ ᠵᠦᠢᠯ  ᠤᠨ ᠪᠦᠳᠦᠬᠡᠨ ᠪᠠᠶᠢᠭᠤᠯᠤᠯᠳᠠ ᠪᠠᠷ  ᠭᠤᠤᠯ  ᠪᠤᠯᠭᠠᠨ ᠠᠵᠤ ᠠᠬᠤᠢ ᠶᠢᠨ ᠨᠡᠯᠢᠶᠡᠳ ᠲᠦᠷᠭᠡᠨ ᠢᠶᠠᠷ ᠬᠦᠭᠵᠢᠬᠦ ᠶᠢ ᠲᠦᠯᠬᠢᠨ ᠠᠬᠢᠭᠤᠯᠵᠤ᠂   ᠬᠡᠮᠵᠢᠶ᠎ᠡ ᠶᠢ  ᠶᠡᠬᠡᠰᠬᠡᠵᠦ ᠲᠡᠰ ᠢ ᠲᠡᠪᠰᠢᠬᠦᠯᠬᠦ ᠪᠠᠷ  ᠭᠤᠤᠯᠳᠠᠯᠭ᠎ᠠ ᠪᠤᠯᠭᠠᠨ᠂  ᠨᠢᠬᠡ᠂ ᠬᠤᠶᠠᠷ᠂ ᠭᠤᠷᠪᠠᠳᠤᠭᠠᠷ ᠠᠵᠤ ᠦᠢᠯᠡᠰ ᠤᠨ ᠪᠦᠷᠢᠯᠳᠦᠴᠡ ᠶᠢ  ᠲᠤᠬᠢᠷᠠᠭᠤᠯᠤᠨ ᠰᠢᠯᠢᠳᠡᠭᠵᠢᠬᠦᠯᠵᠦ᠂  ᠰᠢᠨ᠎ᠡ ᠬᠡᠯᠪᠡᠷᠢ ᠶᠢᠨ ᠠᠵᠤ ᠦᠢᠯᠡᠳᠪᠦᠷᠢᠵᠢᠯᠳᠡ ᠶᠢ ᠲᠦᠯᠬᠢᠨ ᠠᠬᠢᠭᠤᠯᠬᠤ ᠪᠠᠷ  ᠬᠦᠳᠦᠴᠢ ᠪᠤᠯᠭᠠᠨ᠂ ᠬᠤᠳᠠ ᠬᠦᠳᠡᠭᠡ  ᠶᠢᠨ ᠨᠢᠬᠡ ᠴᠤᠭᠴᠠᠵᠢᠭᠰᠠᠨ ᠬᠦᠭᠵᠢᠯᠳᠡ ᠶᠢᠨ ᠠᠬᠢᠴᠠ ᠶᠢ ᠲᠦᠷᠭᠡᠳᠭᠡᠵᠦ᠂  ᠠᠷᠠᠳ ᠤᠨ ᠠᠮᠢᠳᠤᠷᠠᠯ ᠤᠨ ᠢᠨᠵᠧᠨᠧᠷᠢᠩ ᠢᠶᠠᠷ ᠭᠠᠷᠳᠠᠴᠠ ᠪᠤᠯᠭᠠᠨ᠂  ᠠᠷᠠᠳ ᠤᠨ ᠠᠮᠢᠳᠤᠷᠠᠯ ᠢ  ᠪᠠᠳᠤᠯᠠᠬᠤ   ᠶᠢᠨ ᠬᠠᠮᠳᠤ ᠰᠠᠶᠢᠵᠢᠷᠠᠭᠤᠯᠵᠤ᠂  ᠨᠡᠶᠢᠬᠡᠮ ᠤᠨ ᠦᠢᠯᠡᠰ ᠢ  ᠪᠦᠬᠦ ᠲᠠᠯᠠᠪᠠᠷ ᠬᠦᠭᠵᠢᠬᠦᠯᠦᠨ᠂ ᠠᠵᠤ ᠠᠬᠤᠢ  ᠨᠡᠶᠢᠬᠡᠮ ᠤᠨ ᠡᠷᠡᠬᠦᠯ  ᠪᠦᠬᠡᠳ ᠵᠤᠬᠢᠴᠠᠩᠭᠤᠢ  ᠬᠦᠭᠵᠢᠯᠳᠡ ᠶᠢ ᠲᠦᠯᠬᠢᠨ ᠠᠬᠢᠭᠤᠯᠵᠤ᠂ ᠴᠢᠨᠡᠭᠡᠯᠢᠭ ᠨᠡᠶᠢᠬᠡᠮ ᠢ ᠪᠦᠬᠦ ᠲᠠᠯᠠᠪᠠᠷ ᠪᠠᠶᠢᠭᠤᠯᠤᠨ ᠪᠦᠳᠦᠭᠡᠬᠦ ᠳᠤ ᠪᠠᠳᠤ ᠪᠠᠬᠢ ᠰᠠᠭᠤᠷᠢ ᠶᠢ ᠲᠡᠪᠢᠰᠦᠨ᠎ᠡ᠃       ᠠᠵᠤ ᠠᠬᠤᠢ ᠨᠡᠶᠢᠬᠡᠮ ᠤᠨ ᠬᠦᠭᠵᠢᠯᠳᠡ ᠶᠢᠨ ᠭᠤᠤᠯ ᠪᠤᠯᠬᠤ ᠤᠷᠢᠳᠴᠢᠯᠠᠭᠰᠠᠨ ᠬᠠᠷᠠᠯᠳᠠ ᠪᠤᠯ᠄ ᠤᠷᠤᠨ ᠨᠤᠳᠤᠭ ᠤᠨ ᠦᠢᠯᠡᠳᠪᠦᠷᠢᠯᠡᠯ ᠤᠨ ᠶᠡᠷᠦᠩᠬᠡᠢ ᠦᠷᠳᠡᠭ ᠢ 47 ᠳ᠋ᠦᠩᠰᠢᠭᠤᠷ ᠲᠦᠭᠦᠷᠢᠭ ᠲᠤ ᠬᠦᠷᠭᠡᠵᠦ᠂ 11.7 % ᠪᠠᠷ  ᠨᠡᠮᠡᠭᠳᠡᠬᠦᠯᠦᠨ᠂  ᠤᠷᠤᠨ ᠨᠤᠳᠤᠭ ᠤᠨ ᠡᠳ᠋ ᠤᠨ ᠵᠠᠰᠠᠭ ᠤᠨ ᠤᠷᠤᠯᠭ᠎ᠠ ᠶᠢ 2.2 ᠳ᠋ᠦᠩᠰᠢᠭᠤᠷ ᠲᠦᠭᠦᠷᠢᠭ ᠲᠤ ᠬᠦᠷᠭᠡᠵᠦ᠂ 9.7 % ᠪᠠᠷ  ᠨᠡᠮᠡᠭᠳᠡᠬᠦᠯᠦᠨ᠂ ᠪᠦᠬᠦ ᠨᠡᠶᠢᠭᠡᠮ ᠤᠨ ᠲᠤᠭᠳᠠᠮᠠᠯ ᠬᠦᠷᠦᠩᠭᠡ ᠶᠢᠨ ᠪᠡᠯᠡ ᠤᠷᠤᠭᠤᠯᠤᠯᠳᠠ ᠶᠢ 34.1 ᠳ᠋ᠦᠩᠰᠢᠭᠤᠷ ᠲᠦᠭᠦᠷᠢᠭ   ᠲᠤ ᠬᠦᠷᠭᠡᠵᠦ᠂ 17.6 % ᠪᠠᠷ  ᠨᠡᠮᠡᠭᠳᠡᠬᠦᠯᠦᠨ᠂  ᠨᠡᠶᠢᠬᠡᠮ ᠤᠨ ᠭᠡᠷᠡᠭᠯᠡᠭᠡᠨ ᠤ ᠪᠤᠳᠠᠰ ᠤᠨ ᠵᠢᠵᠢᠭᠯᠡᠨ ᠪᠤᠷᠤᠯᠠᠭᠤᠯᠬᠤ ᠬᠡᠮᠵᠢᠶ᠎ᠡ ᠶᠢ 16.5 ᠳ᠋ᠦᠩᠰᠢᠭᠤᠷ ᠲᠦᠭᠦᠷᠢᠭ  ᠬᠦᠷᠭᠡᠵᠦ᠂ 11.5% ᠪᠠᠷ  ᠨᠡᠮᠡᠭᠳᠡᠬᠦᠯᠦᠨ᠂  ᠬᠤᠳᠠ ᠪᠠᠯᠭᠠᠰᠤᠨ ᠤ ᠰᠠᠭᠤᠭᠠᠯᠢ ᠠᠷᠠᠳ ᠤᠨ ᠬᠦᠮᠦᠨ ᠲᠤᠮᠳᠠᠴᠢ ᠲᠤᠬᠢᠷᠠᠭᠤᠯᠵᠤ ᠪᠤᠯᠬᠤᠶᠢᠴᠠ ᠤᠷᠤᠯᠭ᠎ᠠ ᠶᠢ 23205 ᠲᠦᠭᠦᠷᠢᠭ ᠲᠤ ᠬᠦᠷᠭᠡᠵᠤ᠂ 11% ᠪᠠᠷ ᠨᠡᠮᠡᠭᠳᠡᠬᠦᠯᠦᠨ᠂  ᠮᠠᠯᠴᠢᠨ  ᠲᠠᠷᠢᠶᠠᠴᠢᠨ ᠤ  ᠬᠦᠮᠦᠨ ᠲᠤᠮᠳᠠᠴᠢ ᠴᠡᠪᠡᠷ ᠤᠷᠤᠯᠭ᠎ᠠ ᠶᠢ 8440 ᠲᠦᠭᠦᠷᠢᠭ ᠲᠤ ᠬᠦᠷᠭᠡᠵᠦ᠂ 12 % ᠪᠠᠷ ᠨᠡᠮᠡᠭᠳᠡᠭᠦᠯᠦᠨ᠎ᠡ᠃  ᠲᠡᠭᠡᠷ᠎ᠡ ᠲᠤᠷᠠᠳᠤᠭᠰᠠᠨ ᠡᠬᠦᠷᠭᠡ ᠬᠠᠷᠠᠯᠳᠠ ᠶᠢ ᠪᠡᠶᠡᠯᠡᠬᠦᠯᠬᠦ ᠶᠢᠨ ᠲᠦᠯᠦᠬᠡ᠂ ᠲᠤᠤᠷᠠᠬᠢ ᠮᠡᠳᠦ ᠭᠡᠳᠦᠨ ᠲᠦᠷᠦᠯ ᠤᠨ ᠠᠵᠢᠯ ᠢ ᠭᠤᠤᠯᠳᠠᠯᠭ᠎ᠠ ᠲᠠᠢ  ᠰᠠᠶᠢᠨ ᠬᠢᠬᠦ ᠭᠡᠷᠡᠭᠳᠡᠢ᠄         ︵ᠨᠢᠭᠡ︶  ᠭᠤᠤᠯᠳᠠᠯᠭᠠᠳᠠᠢ ᠲᠦᠷᠦᠯ ᠵᠦᠢᠯ ᠢᠶᠠᠷ ᠲᠠᠶᠢᠴᠢᠯᠠᠬᠤ ᠪᠠᠶᠢᠯᠳᠤᠬᠤ ᠪᠤᠳᠤᠯᠭ᠎ᠠ ᠶᠢ  ᠪᠠᠷᠢᠮᠳᠠᠯᠠᠨ᠂  ᠭᠤᠤᠯᠳᠠᠯᠭᠠᠳᠠᠢ  ᠬᠦᠷᠢᠶ᠎ᠡ ᠭᠡᠪᠴᠢᠶᠡᠨ ᠳᠤ ᠠᠷᠠᠯᠵᠢᠶᠠᠴᠢᠨ ᠤᠷᠢᠵᠤ ᠪᠡᠯᠡ  ᠤᠷᠤᠭᠤᠯᠬᠤ ᠠᠵᠢᠯ ᠢ ᠲᠦᠯᠬᠢᠨ ᠠᠬᠢᠭᠤᠯᠤᠨ᠎ᠠ᠃  ᠨᠢᠬᠡ ᠳᠤ᠂ ᠭᠤᠤᠯᠳᠠᠯᠭᠠᠳᠠᠢ ᠲᠦᠷᠦᠯ ᠵᠦᠢᠯ ᠤᠨ ᠪᠠᠶᠢᠭᠤᠯᠤᠯᠳᠠ ᠶᠢ ᠪᠦᠬᠦ ᠬᠦᠴᠦᠨ ᠢᠶᠠᠷ ᠲᠦᠯᠬᠢᠨ ᠠᠬᠢᠭᠤᠯᠬᠤ ᠭᠡᠷᠡᠭᠳᠡᠢ᠃ ᠪᠦᠬᠦ ᠠᠶᠢᠮᠠᠭ ᠤᠨ ︽ᠲᠦᠷᠦᠯ ᠵᠦᠢᠯ ᠢ ᠠᠬᠢᠭᠤᠯᠬᠤ ᠤᠨ︾ ᠢᠶᠠᠷ ᠠᠨᠢᠰᠤ ᠪᠤᠯᠭᠠᠨ᠂  81 ᠭᠤᠤᠯᠳᠠᠯᠭᠠᠳᠠᠢ ᠲᠦᠷᠦᠯ ᠵᠦᠢᠯ ᠢ ᠰᠢᠭᠰᠢᠨ  ᠰᠤᠩᠭᠤᠵᠤ᠂  ᠡᠨᠡ ᠵᠢᠯ ᠳᠡᠭᠡᠨ 27.3 ᠳ᠋ᠦᠩᠰᠢᠭᠤᠷ ᠲᠦᠭᠦᠷᠢᠭ ᠤᠨ ᠪᠡᠯᠡ ᠤᠷᠤᠭᠤᠯᠤᠨ᠎ᠠ᠃  ᠲᠡᠭᠡᠬᠦ ᠳᠡᠭᠡᠨ ᠳ᠋ᠦᠩᠰᠢᠭᠤᠷ ᠲᠦᠭᠦᠷᠢᠭ ᠠᠴᠠ  ᠲᠡᠭᠡᠭᠰᠢ ᠪᠡᠯᠡ ᠤᠷᠤᠭᠤᠯᠤᠯᠳᠠ ᠲᠠᠢ ᠲᠦᠷᠦᠯ ᠵᠦᠢᠯ 19 ᠪᠠᠶᠢᠵᠤ᠂  ᠲᠤᠬᠠᠢ ᠶᠢᠨ ᠵᠢᠯ ᠳᠡᠭᠡᠨ 15.2 ᠳ᠋ᠦᠩᠰᠢᠭᠤᠷ ᠲᠦᠭᠦᠷᠢᠭ ᠤᠨ ᠪᠡᠯᠡ  ᠤᠷᠤᠭᠤᠯᠬᠤ ᠲᠦᠰᠦᠪ ᠲᠠᠢ᠂  ᠡᠬᠦᠨ ᠳᠤ 3 ᠨᠢ ᠲᠠᠷᠢᠶᠠᠯᠠᠩ ᠮᠠᠯ ᠠᠵᠤ ᠠᠬᠤᠢ ᠳᠤ ᠬᠤᠯᠪᠤᠭᠳᠠᠨ  ᠂ 11 ᠨᠢ ᠠᠵᠤ ᠦᠢᠯᠡᠳᠪᠦᠷᠢ ᠳᠤ ᠬᠤᠯᠪᠤᠭᠳᠠᠵᠤ᠂ 3   ᠨᠢ ᠰᠠᠭᠤᠷᠢ ᠲᠦᠬᠦᠭᠡᠷᠦᠮᠵᠢ ᠶᠢᠨ ᠪᠦᠳᠦᠬᠡᠨ ᠪᠠᠶᠢᠭᠤᠯᠤᠯᠳᠠ ᠳᠤ ᠬᠤᠯᠪᠤᠭᠳᠠᠨ᠂ 2   ᠨᠢ ᠦᠢᠯᠡᠴᠢᠯᠡᠬᠡᠨ ᠤ ᠦᠢᠯᠡᠰ ᠲᠤ ᠬᠤᠯᠪᠤᠭᠳᠠᠨ᠎ᠠ᠃  ᠮᠢᠩᠭᠠᠨ ᠲᠦᠮᠡᠨ ᠲᠦᠭᠦᠷᠢᠭ ᠠᠴᠠ  ᠲᠡᠭᠡᠭᠰᠢ ᠪᠡᠯᠡ ᠤᠷᠤᠭᠤᠯᠤᠯᠳᠠ ᠲᠠᠢ ᠲᠦᠷᠦᠯ ᠵᠦᠢᠯ 39 ᠪᠠᠶᠢᠵᠤ᠂  ᠲᠤᠬᠠᠢ ᠶᠢᠨ ᠵᠢᠯ ᠳᠡᠭᠡᠨ 10.5 ᠳ᠋ᠦᠩᠰᠢᠭᠤᠷ ᠲᠦᠭᠦᠷᠢᠭ ᠤᠨ ᠪᠡᠯᠡ  ᠤᠷᠤᠭᠤᠯᠬᠤ ᠲᠦᠰᠦᠪ ᠲᠠᠢ᠂  ᠡᠬᠦᠨ ᠳᠤ 13 ᠨᠢ ᠲᠠᠷᠢᠶᠠᠯᠠᠩ ᠮᠠᠯ ᠠᠵᠤ ᠠᠬᠤᠢ ᠳᠤ ᠬᠤᠯᠪᠤᠭᠳᠠᠨ  ᠂ 4 ᠨᠢ ᠠᠵᠤ ᠦᠢᠯᠡᠳᠪᠦᠷᠢ ᠳᠤ ᠬᠤᠯᠪᠤᠭᠳᠠᠵᠤ᠂ 15 ᠨᠢ ᠰᠠᠭᠤᠷᠢ ᠲᠦᠬᠦᠭᠡᠷᠦᠮᠵᠢ ᠶᠢᠨ ᠪᠦᠳᠦᠬᠡᠨ ᠪᠠᠶᠢᠭᠤᠯᠤᠯᠳᠠ ᠳᠤ ᠬᠤᠯᠪᠤᠭᠳᠠᠨ᠂ 5 ᠨᠢ ᠨᠡᠶᠢᠬᠡᠮ ᠤᠨ ᠦᠢᠯᠡᠰ ᠲᠤ ᠬᠤᠯᠪᠤᠭᠳᠠᠵᠤ᠂ 2 ᠨᠢ ᠦᠢᠯᠡᠴᠢᠯᠡᠬᠡᠨ ᠤ ᠦᠢᠯᠡᠰ ᠲᠤ ᠬᠤᠯᠪᠤᠭᠳᠠᠨ᠎ᠠ᠃  ᠬᠤᠶᠠᠷ ᠲᠤ᠂ ᠭᠤᠤᠯᠳᠠᠯᠭᠠᠳᠠᠢ ᠬᠦᠷᠢᠶᠡᠨ ᠳᠤ  ᠠᠷᠠᠯᠵᠢᠶᠠᠴᠢᠨ ᠤᠷᠢᠬᠤ ᠪᠠ ᠲᠦᠷᠦᠯ ᠵᠦᠢᠯ  ᠤᠯᠬᠤ ᠠᠵᠢᠯ ᠢ ᠴᠢᠩᠭᠠᠳᠬᠠᠬᠤ ᠭᠡᠷᠡᠭᠳᠡᠢ᠃ ᠪᠤᠭᠤᠮᠢ ᠶᠢᠨ ᠬᠢᠵᠠᠭᠠᠷᠯᠠᠯ ᠢ ᠡᠪᠳᠡᠵᠦ᠂ ᠠᠵᠤ ᠦᠢᠯᠡᠰ ᠤᠨ ᠪᠦᠳᠦᠴᠡ ᠶᠢ ᠲᠤᠬᠢᠷᠠᠭᠤᠯᠬᠤ ᠵᠡᠷᠭᠡ  ᠠᠰᠠᠭᠤᠳᠠᠯ ᠤᠨ ᠲᠤᠭᠤᠷᠢᠨ ᠳᠤ ᠠᠷᠠᠯᠵᠢᠶᠠᠴᠢᠨ ᠤᠷᠢᠬᠤ ᠪᠠ ᠲᠦᠷᠦᠯ ᠵᠦᠢᠯ  ᠤᠯᠬᠤ ᠠᠵᠢᠯ ᠢ ᠦᠷᠨᠢᠬᠦᠯᠵᠦ᠂  ᠠᠭᠠᠷ ᠮᠠᠨᠳᠠᠯ ᠤᠨ ᠪᠤᠬᠢᠷᠳᠤᠯ ᠢ ᠰᠡᠷᠭᠡᠶᠢᠯᠡᠨ ᠵᠠᠰᠠᠬᠤ᠂ ᠪᠡᠭᠡᠵᠢᠩ  ᠲᠢᠶᠠᠨᠵᠢᠨ ᠾᠧᠪᠸᠢ ᠤᠷᠤᠨ ᠤ ᠠᠵᠤ ᠦᠢᠯᠡᠰ   ᠤᠨ ᠰᠢᠯᠵᠢᠬᠦᠯᠦᠯᠳᠡ ᠵᠡᠷᠭᠡ ᠲᠦᠷᠦ ᠶᠢᠨ ᠪᠤᠳᠤᠯᠭ᠎ᠠ ᠶᠢᠨ ᠠᠰᠢᠭᠳᠠᠢ ᠲᠤᠬᠢᠶᠠᠯ ᠢ ᠡᠵᠡᠮᠳᠡᠨ᠂  ᠬᠦᠭᠵᠢᠭᠰᠡᠨ ᠭᠠᠵᠠᠷ ᠤᠷᠤᠨ ᠯᠤᠭ᠎ᠠ  ᠠᠵᠤ ᠦᠢᠯᠡᠰ ᠢᠶᠠᠨ ᠵᠤᠯᠭᠠᠭᠤᠯᠬᠤ   ᠶᠢ ᠲᠦᠷᠭᠡᠳᠭᠡᠵᠦ᠂  ᠲᠦᠷᠦᠯ ᠵᠦᠢᠯ ᠤᠨ ᠪᠠᠶᠢᠭᠤᠯᠤᠯᠳᠠ᠂  ᠤᠷᠴᠢᠨ ᠲᠤᠭᠤᠷᠢᠨ ᠤ ᠦᠨᠡᠯᠡᠯᠳᠡ᠂ ᠮᠦᠷᠳᠡᠨ ᠦᠢᠯᠡᠴᠢᠯᠡᠬᠦ᠂ ᠦᠷ᠎ᠡ ᠠᠰᠢᠭ ᠢ ᠲᠦᠷᠭᠡᠳᠭᠡᠬᠦ ᠵᠡᠷᠭᠡ ᠲᠠᠯᠠᠪᠠᠷ ᠰᠢᠨ᠎ᠡ ᠰᠢᠪᠳᠤᠯᠤᠯᠳᠠ ᠭᠠᠷᠭᠠᠬᠤ ᠭᠡᠷᠡᠭᠳᠡᠢ᠃  ᠤᠯᠤᠰ ᠠᠴᠠ ᠲᠤᠮᠳᠠᠳᠤ ᠪᠠᠷᠠᠭᠤᠨ ᠤᠷᠤᠨ ᠤ ᠰᠠᠭᠤᠷᠢ ᠲᠦᠬᠦᠭᠡᠷᠦᠮᠵᠢ ᠶᠢᠨ ᠪᠦᠳᠦᠭᠡᠨ ᠪᠠᠶᠢᠭᠤᠯᠤᠯᠳᠠ ᠶᠢ ᠲᠦᠯᠬᠢᠨ ᠠᠬᠢᠭᠤᠯᠬᠤ ᠪᠠ ᠬᠤᠳᠠ ᠪᠠᠯᠭᠠᠰᠤᠵᠢᠯᠳᠠ  ᠶᠢᠨ ᠠᠯᠬᠤᠴᠠ ᠶᠢ  ᠲᠦᠷᠭᠡᠳᠭᠡᠬᠦ ᠲᠤᠬᠠᠢ ᠠᠪᠤᠭᠰᠠᠨ ᠠᠷᠭ᠎ᠠ ᠪᠤᠳᠤᠯᠭ᠎ᠠ ᠪᠠᠷ ᠠᠨᠢᠰᠤ ᠪᠤᠯᠭᠠᠨ᠂  ᠵᠠᠰᠠᠭ ᠤᠨ ᠤᠷᠳᠤᠨ ᠤ ᠲᠦᠷᠦᠯ ᠵᠦᠢᠯ ᠢᠶᠠᠷ ᠠᠵᠤ ᠠᠬᠤᠢ ᠶᠢᠨ ᠨᠡᠮᠡᠭᠳᠡᠯ ᠢ ᠲᠠᠶᠢᠴᠢᠯᠠᠬᠤ ᠴᠢᠬᠤᠯᠠ  ᠦᠢᠯᠡᠳᠦᠯ ᠢ ᠲᠤᠪᠤᠶᠢᠯᠠᠭᠠᠵᠤ᠂ ᠲᠠᠷᠢᠶᠠᠯᠠᠩ ᠮᠠᠯᠵᠢᠯ ᠤᠨ ᠠᠵᠤ ᠦᠢᠯᠡᠰᠵᠢᠯᠳᠡ᠂ ᠰᠢᠨ᠎ᠡ ᠬᠡᠯᠪᠡᠷᠢ ᠶᠢᠨ ᠠᠵᠤ ᠦᠢᠯᠡᠳᠪᠦᠷᠢᠵᠢᠯᠳᠡ᠂ ᠴᠢᠬᠤᠯᠠ  ᠶᠡᠭᠡ ᠰᠠᠭᠤᠷᠢ ᠲᠦᠬᠦᠭᠡᠷᠦᠮᠵᠢ   ᠶᠢᠨ ᠪᠠᠶᠢᠭᠤᠯᠤᠯᠳᠠ᠂ ᠠᠮᠢ ᠠᠬᠤᠢ ᠶᠢᠨ ᠪᠠᠶᠢᠭᠤᠯᠤᠯᠳᠠ  ᠂ ᠠᠷᠠᠳ ᠤᠨ ᠠᠮᠢᠳᠤᠷᠠᠯ ᠵᠢᠴᠢ ᠨᠡᠶᠢᠬᠡᠮ ᠤᠨ ᠦᠢᠯᠡᠰ ᠵᠡᠷᠭᠡ ᠦᠨᠳᠦᠰᠦᠨ ᠴᠢᠨᠠᠷᠳᠠᠢ ᠲᠦᠷᠦᠯ ᠵᠦᠢᠯ ᠤᠨ ᠲᠠᠯᠠᠪᠠᠷ ᠰᠢᠨ᠎ᠡ ᠠᠬᠢᠯᠳᠠ ᠲᠠᠢ  ᠪᠤᠯᠭᠠᠨ᠎ᠠ᠃  ᠡᠬᠦᠨ ᠤ ᠬᠠᠮᠳᠤ᠂  ᠤᠷᠤᠨ ᠤ ᠤᠳᠤᠷᠢᠳᠤᠯᠭ᠎ᠠ ᠮᠠᠨ  ᠤ ᠬᠤᠰᠢᠭᠤ ᠲᠠᠢ ᠬᠠᠷᠢᠴᠠᠵᠤ  ᠬᠠᠪᠰᠤᠷᠤᠨ ᠲᠡᠳᠬᠦᠵᠦ ᠪᠠᠶᠢᠭ᠎ᠠ ᠠᠰᠢᠭᠳᠠᠢ ᠲᠤᠬᠢᠶᠠᠯ ᠢ ᠪᠠᠳᠤ  ᠡᠵᠡᠮᠳᠡᠨ᠂  ᠨᠡᠩ ᠢᠯᠡᠬᠦᠦ ᠲᠡᠮᠵᠢᠯᠬᠡ  ᠤᠯᠵᠤ᠂ ᠨᠢᠬᠡ ᠪᠦᠯᠦᠭ ᠠᠯᠤᠰ ᠤᠨ ᠬᠦᠭᠵᠢᠯᠳᠡ ᠲᠠᠢ ᠲᠤᠮᠤ ᠲᠦᠷᠦᠯ ᠵᠦᠢᠯ  ᠂  ᠰᠠᠶᠢᠨ ᠲᠦᠷᠦᠯ ᠵᠦᠢᠯ ᠢ ᠤᠷᠤᠭᠤᠯᠬᠤ ᠪᠠᠷ ᠴᠢᠷᠮᠠᠶᠢᠨ᠎ᠠ᠃  ᠭᠤᠷᠪᠠ ᠳᠤ᠂  ᠲᠦᠷᠦᠯ ᠵᠦᠢᠯ  ᠡᠷᠬᠢᠯᠳᠦᠯ ᠤᠨ ᠲᠤᠬᠢᠷᠠᠭᠤᠯᠭ᠎ᠠ ᠶᠢ ᠴᠢᠩᠭᠠᠳᠬᠠᠬᠤ ᠭᠡᠷᠡᠭᠳᠡᠢ᠃  ︽ᠨᠢᠬᠡ ᠲᠦᠷᠦᠯ ᠵᠦᠢᠯ ᠢ ᠨᠢᠬᠡ ᠤᠳᠤᠷᠢᠳᠤᠯᠭ᠎ᠠ ᠲᠠᠭᠠᠭᠠᠵᠤ᠂  ᠡᠬᠢᠨ ᠠᠴᠠ ᠨᠢ ᠲᠡᠬᠦᠰᠳᠡᠯ᠎ᠡ ᠠᠳᠬᠤᠬᠤ︾ ᠠᠵᠢᠯ ᠤᠨ ᠲᠤᠭᠳᠠᠴᠠ ᠶᠢ ᠲᠡᠬᠦᠯᠳᠡᠷᠵᠢᠬᠦᠯᠦᠨ᠂ ᠵᠠᠰᠠᠭ ᠤᠨ ᠤᠷᠳᠤᠨ ᠤ ᠤᠳᠤᠷᠢᠳᠤᠯᠭ᠎ᠠ ᠲᠦᠷᠦᠯ ᠵᠦᠢᠯ ᠢ ᠲᠠᠭᠠᠭᠠᠵᠤ ᠠᠪᠬᠤ ᠬᠠᠷᠢᠭᠤᠴᠠᠯᠭ᠎ᠠ ᠶᠢᠨ ᠲᠦᠷᠢᠮ ᠢ ᠭᠡᠷᠡᠭᠵᠢᠬᠦᠯᠵᠦ᠂  ︽ᠰᠠᠷ᠎ᠠ ᠪᠦᠷᠢ ᠨᠢᠭᠡ ᠤᠳᠠᠭ᠎ᠠ ᠲᠤᠬᠢᠷᠠᠭᠤᠯᠤᠨ᠂ ᠤᠯᠠᠷᠢᠯ ᠪᠦᠷᠢ ᠨᠢᠬᠡ ᠤᠳᠠᠭ᠎ᠠ ᠵᠠᠳᠠᠯᠬᠤ︾  ᠪᠠᠶᠢᠩᠭᠤᠵᠢᠭᠰᠠᠨ ᠲᠤᠭᠳᠠᠴᠠ ᠶᠢ  ᠪᠠᠶᠢᠭᠤᠯᠵᠤ᠂ ᠲᠦᠷᠦᠯ ᠵᠦᠢᠯ ᠤᠨ ᠪᠦᠳᠦᠭᠡᠨ ᠪᠠᠶᠢᠭᠤᠯᠤᠯᠳᠠ ᠲᠤᠮᠳᠠ ᠲᠤᠬᠢᠶᠠᠯᠳᠤᠬᠤ ᠬᠦᠴᠢᠷᠳᠡᠯ ᠪᠠ ᠠᠰᠠᠭᠤᠳᠠᠯ ᠢ ᠴᠠᠭ ᠲᠤᠬᠠᠢ ᠳᠤᠨᠢ ᠰᠢᠢᠳᠪᠦᠷᠢᠯᠡᠵᠦ᠂  ᠲᠦᠷᠦᠯ ᠵᠦᠢᠯ ᠤᠨ ᠯᠠᠪᠳᠠᠭᠤᠨ  ᠪᠦᠳᠦᠮᠵᠢᠳᠡᠢ ᠶᠠᠪᠤᠭᠳᠠᠬᠤ ᠶᠢ  ᠪᠠᠳᠤᠯᠠᠨ᠎ᠠ᠃      ︵ᠬᠤᠶᠠᠷ︶ ︽ ᠮᠠᠯ ᠲᠠᠷᠢᠶᠠᠯᠠᠩ᠂  ᠮᠠᠯᠵᠢᠬᠤ ᠲᠠᠷᠢᠶᠠᠯᠠᠬᠤ ᠤᠷᠤᠨ᠂  ᠮᠠᠯᠴᠢᠨ ᠲᠠᠷᠢᠶᠠᠴᠢᠨ︾ ᠤ  ᠠᠵᠢᠯ ᠢ ᠪᠦᠬᠦ ᠬᠦᠴᠦᠨ ᠢᠶᠠᠷ ᠰᠠᠶᠢᠨ ᠠᠳᠬᠤᠵᠤ᠂  ᠲᠠᠷᠢᠶᠠᠯᠠᠩ  ᠮᠠᠯ ᠠᠵᠤ ᠠᠬᠤᠢ ᠶᠢᠨ  ᠤᠳᠤᠬᠢᠴᠢᠯᠠᠯᠳᠠ  ᠶᠢᠨ ᠠᠬᠢᠴᠠ ᠶᠢ  ᠲᠦᠷᠭᠡᠳᠭᠡᠨ᠎ᠡ᠃  ᠪᠤᠬᠢᠷᠳᠤᠯ ᠦᠬᠡᠢ  ᠮᠠᠯ ᠤᠨ ᠠᠰᠢᠭ ᠰᠢᠮ᠎ᠡ ᠲᠠᠷᠢᠶᠠᠯᠠᠩ ᠤᠨ ᠪᠦᠳᠦᠭᠡᠭᠳᠡᠬᠦᠨ ᠤ ᠦᠢᠯᠡᠳᠪᠦᠷᠢᠯᠡᠯ ᠪᠠ ᠭᠠᠷᠭᠠᠯᠳᠠ ᠶᠢᠨ ᠰᠠᠭᠤᠷᠢᠨ ᠭᠠᠵᠠᠷ ᠢ ᠪᠠᠶᠢᠭᠤᠯᠬᠤ ᠶᠢᠨ ᠲᠤᠭᠤᠷᠢᠨ ᠳᠤ  ︽ᠰᠠᠭᠤᠷᠢ ᠶᠢ ᠪᠠᠬᠢᠵᠢᠬᠦᠯᠵᠦ᠂ ᠪᠦᠷᠢᠯᠳᠦᠴᠡ ᠶᠢ ᠲᠤᠬᠢᠷᠠᠭᠤᠯᠤᠨ᠂  ᠲᠠᠭᠠᠭᠤᠯᠤᠭᠴᠢ ᠠᠵᠤ ᠠᠬᠤᠶᠢᠯᠠᠯ ᠢ ᠤᠷᠤᠭᠤᠯᠵᠤ᠂ ᠬᠡᠯᠪᠡᠷᠢ ᠶᠢ ᠬᠤᠪᠢᠷᠠᠭᠤᠯᠤᠨ᠂  ᠨᠡᠷᠡᠳᠦ ᠲᠡᠮᠳᠡᠭ ᠢ ᠡᠬᠦᠳᠬᠦ︾   ᠠᠴᠠ ᠭᠠᠷᠳᠠᠵᠤ᠂  ᠲᠠᠷᠢᠶᠠᠯᠠᠩ ᠮᠠᠯ ᠠᠵᠤ ᠠᠬᠤᠢ ᠶᠢᠨ ᠤᠳᠤᠬᠢᠴᠢᠯᠠᠯᠳᠠ ᠶᠢ ᠲᠦᠷᠭᠡᠳᠭᠡᠨ ᠠᠬᠢᠭᠤᠯᠬᠤ ᠭᠡᠷᠡᠭᠳᠡᠢ᠃   ᠨᠢᠬᠡ ᠳᠤ᠂  ᠰᠠᠭᠤᠷᠢ ᠲᠦᠬᠦᠭᠡᠷᠦᠮᠵᠢ ᠶᠢᠨ ᠪᠦᠳᠦᠭᠡᠨ ᠪᠠᠶᠢᠭᠤᠯᠤᠯᠳᠠ ᠶᠢ ᠲᠠᠰᠤᠷᠠᠯᠳᠠ ᠦᠬᠡᠢ  ᠴᠢᠩᠭᠠᠳᠬᠠᠨ᠎ᠠ᠃  ᠲᠦᠷᠦᠯ ᠵᠦᠢᠯ ᠤᠨ ᠪᠡᠯᠡ  ᠮᠦᠩᠬᠦᠨ ᠤ  ᠦᠢᠯᠡᠳᠦᠯ ᠢ ᠬᠦᠢᠴᠡᠳ ᠪᠠᠳᠠᠷᠠᠭᠤᠯᠵᠤ᠂   ᠲᠦᠷᠦᠯ ᠵᠦᠢᠯ ᠢ ᠬᠤᠯᠪᠤᠭᠳᠠᠭᠤᠯᠤᠨ ᠭᠡᠷᠡᠭᠵᠢᠬᠦᠯᠬᠦ ᠪᠠ  ᠪᠡᠯᠡ ᠮᠦᠩᠬᠦ ᠶᠢ ᠲᠦᠪᠯᠡᠷᠡᠬᠦᠯᠦᠨ ᠭᠡᠷᠡᠭᠯᠡᠬᠦ ᠶᠢ ᠤᠯᠠᠮ ᠢᠯᠡᠬᠦᠦ ᠴᠢᠬᠤᠯᠠᠴᠢᠯᠠᠨ᠂   ᠰᠢᠯᠢᠳᠡᠭ ᠰᠤᠳᠤᠨ ᠢᠨᠵᠧᠨᠧᠷᠢᠩ ᠢ ᠡᠬᠦᠳᠬᠦ ᠭᠡᠷᠡᠭᠳᠡᠢ᠃ ︽ᠲᠦᠷᠪᠡᠨ ᠮᠢᠩᠭᠠᠨ ᠲᠦᠮᠡᠨ ᠮᠤ᠋︾   ᠤᠰᠤᠯᠠᠯᠳᠠ ᠶᠢᠨ  ᠲᠠᠷᠢᠶᠠᠨ ᠤ ᠲᠦᠷᠦᠯ ᠵᠦᠢᠯ ᠤᠨ ᠪᠡᠯᠡ  ᠮᠦᠩᠬᠦ᠂  ᠪᠠᠭ᠎ᠠ ᠭᠡᠯᠪᠡᠷᠢ ᠶᠢᠨ ᠲᠠᠷᠢᠶᠠᠨ ᠭᠠᠵᠠᠷ ᠤᠨ ᠤᠰᠤᠨ ᠠᠰᠢᠭᠯᠠᠯᠳᠠ ᠶᠢᠨ ᠭᠤᠤᠯᠳᠠᠯᠭᠠᠳᠠᠢ ᠬᠤᠰᠢᠭᠤᠨ ᠤ ᠱᠠᠩᠨᠠᠯ ᠢᠶᠠᠷ ᠨᠦᠬᠦᠪᠦᠷᠢ ᠶᠢ ᠤᠷᠤᠯᠠᠭᠤᠯᠬᠤ  ᠪᠡᠯᠡ ᠮᠦᠩᠬᠦ᠂  ᠲᠠᠷᠢᠶᠠᠯᠠᠩ ᠤᠨ ᠶᠡᠷᠦᠩᠬᠡᠶᠢᠯᠡᠭᠰᠡᠨ ᠬᠦᠭᠵᠢᠬᠦᠯᠦᠯᠳᠡ ᠶᠢᠨ ᠲᠦᠷᠦᠯ ᠵᠦᠢᠯ ᠤᠨ ᠪᠡᠯᠡ  ᠮᠦᠩᠬᠦ  ᠨᠡᠶᠢᠳᠡ 3420 ᠲᠦᠮᠡᠨ ᠲᠦᠬᠦᠷᠢᠭ   ᠢ ᠬᠠᠮᠳᠤᠳᠬᠠᠵᠤ᠂ 2.55 ᠲᠦᠮᠡᠨ ᠮᠤ᠋  ᠤᠰᠤ ᠠᠷᠪᠢᠯᠠᠬᠤ ᠤᠰᠤᠯᠠᠯᠳᠠ ᠶᠢᠨ ᠲᠠᠯᠠᠪᠠᠢ ᠶᠢ ᠰᠢᠨ᠎ᠡ ᠪᠠᠷ ᠨᠡᠮᠡᠭᠳᠡᠬᠦᠯᠦᠨ᠎ᠡ᠃  119 ᠲᠦᠮᠡᠨ ᠮᠤ᠋ ᠤᠷᠳᠤ ᠤᠳᠠᠭᠠᠨ ᠴᠢᠨᠠᠷᠳᠠᠢ ᠦᠨᠳᠦᠰᠦᠨ ᠲᠠᠷᠢᠶᠠᠨ ᠭᠠᠵᠠᠷ ᠢ ᠲᠤᠭᠳᠠᠭᠠᠵᠤ᠂  ᠦᠨᠳᠦᠷ ᠪᠠᠷᠢᠮᠵᠢᠶᠠᠳᠤ ᠲᠠᠷᠢᠶᠠᠨ ᠭᠠᠵᠠᠷ   ᠤᠨ ᠪᠦᠳᠦᠭᠡᠨ ᠪᠠᠶᠢᠭᠤᠯᠤᠯᠳᠠ ᠶᠢ ᠠᠬᠢᠭᠤᠯᠬᠤ ᠪᠠᠷ ᠠᠨᠢᠰᠤ ᠪᠤᠯᠭᠠᠨ᠂ 3 ᠲᠦᠮᠡᠨ ᠮᠤ᠋ ᠤᠳᠤ ᠦᠶ᠎ᠡ ᠶᠢᠨ ᠲᠠᠷᠢᠶᠠᠯᠠᠩ ᠤᠨ ᠵᠢᠱᠢᠶ᠎ᠡ ᠦᠵᠡᠬᠦᠯᠬᠦ ᠤᠷᠤᠨ ᠲᠤᠭᠤᠷᠢᠭ  ᠤᠨ ᠲᠦᠷᠦᠯ ᠵᠦᠢᠯ ᠢ  ᠡᠷᠡᠮᠡᠯᠵᠡᠯᠡᠨ ᠤᠯᠬᠤ ᠪᠠᠷ  ᠴᠢᠷᠮᠠᠶᠢᠵᠤ᠂ ᠤᠳᠤᠬᠢᠴᠢᠯᠠᠭᠰᠠᠨ ᠲᠠᠷᠢᠶᠠᠯᠠᠩ   ᠤᠨ ᠤᠷᠤᠨ ᠲᠤᠭᠤᠷᠢᠭ   ᠢ ᠪᠦᠳᠦᠬᠡᠨ ᠪᠠᠶᠢᠭᠤᠯᠬᠤ ᠲᠤᠷᠰᠢᠯᠳᠠ ᠶᠢᠨ ᠴᠡᠭ ᠤᠨ ᠠᠵᠢᠯ ᠢ ᠯᠠᠪᠳᠠᠭᠤᠨ ᠢᠶᠠᠷ ᠲᠦᠯᠬᠢᠨ ᠠᠬᠢᠭᠤᠯᠤᠨ᠎ᠠ᠃  15  ᠵᠠᠰᠠᠭ ᠵᠠᠬᠢᠷᠭᠠᠨ ᠤ ᠲᠤᠰᠬᠤᠨ ᠳᠤ  3 ᠲᠦᠮᠡᠨ ᠮᠤ᠋  ᠬᠠᠮᠠᠭᠠᠯᠠᠯᠳᠠ ᠶᠢᠨ ᠴᠢᠨᠠᠷᠳᠠᠢ ᠲᠠᠷᠢᠶᠠᠯᠠᠭ᠎ᠠ ᠶᠢᠨ ᠵᠢᠱᠢᠶ᠎ᠡ ᠦᠵᠡᠬᠦᠯᠬᠦ ᠲᠤᠭᠤᠷᠢᠭ ᠶᠢ ᠪᠠᠶᠢᠭᠤᠯᠤᠨ᠎ᠠ᠃  ᠲᠦᠬᠦᠭᠡᠷᠦᠮᠵᠢᠳᠦ ᠲᠠᠷᠢᠶᠠᠯᠠᠩ ᠮᠠᠯᠵᠢᠯ ᠢ ᠬᠦᠴᠦᠯᠡᠨ ᠬᠦᠭᠵᠢᠬᠦᠯᠵᠦ᠂ ᠢᠳᠡᠰᠢᠨ ᠨᠤᠭᠤᠭᠠᠨ ᠤ ᠲᠤᠮᠤ ᠬᠦᠯᠡᠮᠵᠢ 306 ᠰᠠᠭᠤᠷᠢ᠂ 153 ᠮᠤ᠋  ᠂  ᠶᠡᠷᠦᠩᠬᠡᠢ ᠪᠠᠭᠳᠠᠭᠠᠮᠵᠢ ᠨᠢ 8500 ᠲᠤᠨ  ᠬᠦᠷᠬᠦ ᠲᠦᠮᠦᠰᠦᠨ ᠤ ᠵᠤᠭᠤᠷᠢ 143 ᠰᠠᠭᠤᠷᠢ ᠶᠢ ᠪᠠᠶᠢᠭᠤᠯᠤᠨ᠎ᠠ᠃ ︽ᠪᠡᠯᠴᠢᠭᠡᠷᠯᠡᠬᠦᠯᠬᠦ ᠶᠢ  ᠴᠠᠭᠠᠵᠠᠯᠠᠪᠠᠴᠤ ᠮᠠᠯᠵᠢᠬᠤ ᠶᠢ ᠡᠰᠡ ᠴᠠᠭᠠᠵᠠᠯᠠᠬᠤ︾ ᠱᠠᠭᠠᠷᠳᠠᠯᠭ᠎ᠠ ᠶᠤᠰᠤᠭᠠᠷ᠂  ᠮᠠᠯ ᠤᠨ ᠰᠠᠷᠠᠪᠴᠢ ᠪᠠ ᠡᠪᠡᠰᠦᠨ ᠤ ᠰᠠᠷᠠᠪᠴᠢ ᠶᠢᠨ ᠪᠠᠶᠢᠭᠤᠯᠤᠯᠳᠠ ᠶᠢ ᠪᠦᠬᠦ ᠬᠦᠴᠦᠨ ᠢᠶᠠᠷ ᠲᠦᠯᠬᠢᠨ ᠠᠬᠢᠭᠤᠯᠵᠤ᠂ ᠭᠠᠮᠰᠢᠭ ᠲᠤ ᠪᠡᠷᠭᠡᠳᠡᠬᠦ ᠦᠬᠡᠢ  ᠮᠠᠯᠵᠢᠯ ᠤᠨ ᠬᠢᠷᠢ  ᠴᠢᠳᠠᠪᠤᠷᠢ ᠶᠢ  ᠨᠡᠮᠡᠭᠳᠡᠬᠦᠯᠬᠦ ᠭᠡᠷᠡᠭᠳᠡᠢ᠃  ᠡᠨᠡ ᠵᠢᠯ 6.3 ᠲᠦᠮᠡᠨ ᠬᠠᠪᠳᠠᠭᠠᠢ ᠲᠦᠷᠪᠡᠯᠵᠢᠨ ᠮᠧᠲᠷ ᠮᠠᠯ ᠤᠨ ᠰᠠᠷᠠᠪᠴᠢ᠂ 1.16 ᠲᠦᠮᠡᠨ ᠬᠠᠪᠳᠠᠭᠠᠢ ᠲᠦᠷᠪᠡᠯᠵᠢᠨ ᠮᠧᠲᠷ  ᠡᠪᠡᠰᠦᠨ ᠤ ᠰᠠᠷᠠᠪᠴᠢ᠂ 8800 ᠪᠤᠰᠤᠭ᠎ᠠ ᠲᠦᠷᠪᠡᠯᠵᠢᠨ ᠮᠧᠲᠷ  ᠨᠤᠭᠤᠭᠠᠨ ᠲᠠᠷᠤᠰᠢ ᠶᠢᠨ ᠵᠤᠭᠤᠷᠢ᠂ 1.2 ᠲᠦᠮᠡᠨ ᠬᠠᠪᠳᠠᠭᠠᠢ ᠲᠦᠷᠪᠡᠯᠵᠢᠨ ᠮᠧᠲᠷ ᠬᠤᠨᠢᠨ ᠤ ᠰᠢᠪᠡᠭᠡ ᠶᠢ ᠪᠠᠶᠢᠭᠤᠯᠤᠨ᠎ᠠ᠃  ᠬᠤᠶᠠᠷ ᠲᠤ᠂  ᠲᠠᠷᠢᠶᠠᠯᠠᠩ ᠮᠠᠯ ᠠᠵᠤ ᠠᠬᠤᠢ ᠶᠢᠨ ᠠᠵᠤ ᠦᠢᠯᠡᠰᠵᠢᠯᠳᠡ ᠶᠢ ᠪᠦᠬᠦ ᠬᠦᠴᠦᠨ ᠢᠶᠠᠷ ᠲᠦᠯᠬᠢᠨ ᠠᠬᠢᠭᠤᠯᠤᠨ᠎ᠠ᠃  ᠲᠠᠭᠠᠭᠤᠯᠤᠭᠴᠢ ᠠᠵᠤ ᠠᠬᠤᠶᠢᠯᠠᠯ ᠢ ᠬᠦᠴᠦ ᠲᠠᠯᠪᠢᠵᠤ  ᠤᠷᠤᠭᠤᠯᠬᠤ  ᠭᠡᠷᠡᠭᠳᠡᠢ᠃   ᠲᠠᠪᠠᠭᠤᠯᠢᠭ ᠤᠨᠴᠠᠯᠢᠭᠳᠤ ᠠᠵᠤ ᠦᠢᠯᠡᠰ ᠤᠨ ᠲᠤᠭᠤᠷᠢᠨ ᠳᠤ  ᠦᠢᠯᠡᠳᠪᠦᠷᠢᠯᠡᠵᠦ ᠪᠤᠯᠪᠠᠰᠤᠷᠠᠭᠤᠯᠬᠤ ᠬᠡᠯᠪᠡᠷᠢ ᠶᠢᠨ᠂  ᠠᠷᠠᠯᠵᠢᠶ᠎ᠠ ᠬᠦᠢᠯᠬᠡᠬᠡᠨ ᠤ ᠭᠡᠯᠪᠡᠷᠢ ᠶᠢᠨ᠂ ᠢᠵᠢ ᠪᠦᠷᠢᠳᠦᠭᠰᠡᠨ ᠦᠢᠯᠡᠴᠢᠯᠡᠬᠡᠨ ᠤ ᠭᠡᠯᠪᠡᠷᠢ ᠶᠢᠨ ᠨᠢᠬᠡ ᠪᠦᠯᠦᠭ ᠲᠠᠭᠠᠭᠤᠯᠤᠭᠴᠢ ᠠᠵᠤ ᠠᠬᠤᠶᠢᠯᠠᠯ ᠢ ᠪᠤᠶᠢᠵᠢᠭᠤᠯᠤᠨ᠎ᠠ  ᠃ ᠡᠨᠡ ᠵᠢᠯ ᠲᠠᠢ ᠮᠸᠢ ᠲᠦᠮᠦᠰᠦᠨ ᠤ ᠦᠢᠯᠡᠰ᠂  ᠵᠧᠩ ᠳ᠋ᠠ ᠪᠦᠯᠦᠭᠯᠡᠯ ᠵᠡᠷᠭᠡ ᠲᠠᠭᠠᠭᠤᠯᠤᠭᠴᠢ ᠠᠵᠤ ᠠᠬᠤᠶᠢᠯᠠᠯ ᠢ ᠤᠷᠤᠭᠤᠯᠬᠤ   ᠶᠢᠨ ᠬᠠᠮᠳᠤ᠂  ᠮᠧᠩ ᠲᠠᠢ ᠮᠢᠬᠠᠨ ᠤ  ᠬᠤᠨᠢ ᠮᠠᠯᠵᠢᠬᠤ ᠲᠦᠷᠦᠯ ᠵᠦᠢᠯ ᠢ  ᠡᠬᠢᠯᠡᠬᠦᠯᠦᠨ᠂  ᠵᠢᠯ ᠤᠨ ᠲᠠᠷᠠᠭ᠎ᠠ 10 ᠲᠦᠮᠡᠨ ᠬᠤᠨᠢ ᠵᠠᠷᠤᠴᠠᠭᠤᠯᠬᠤ ᠭᠡᠪᠴᠢᠶ᠎ᠠ ᠲᠠᠢ ᠪᠤᠯᠭᠠᠬᠤ ᠪᠠᠷ ᠴᠢᠷᠮᠠᠶᠢᠵᠤ᠂  ᠮᠢᠬᠠᠨ ᠤ ᠦᠬᠡᠷ ᠪᠤᠷᠳᠤᠬᠤ ᠰᠠᠭᠤᠷᠢᠨ ᠭᠠᠵᠠᠷ   ᠤᠨ ᠲᠦᠯ   ᠤᠨ ᠦᠰᠦᠯᠳᠡ ᠶᠢ  ᠲᠦᠷᠭᠡᠳᠬᠡᠵᠦ  ᠂  ᠭᠤᠷᠪᠠᠨ ᠵᠢᠯ ᠳᠤ 2 ᠲᠦᠮᠡ ᠳᠤ ᠬᠦᠷᠭᠡᠬᠦ ᠪᠠᠷ ᠴᠢᠷᠮᠠᠶᠢᠨ᠎ᠠ᠃   ᠲᠠᠷᠢᠶᠠᠯᠠᠬᠤ ᠦᠢᠯᠡᠰ ᠤᠨ  ᠲᠠᠯᠠᠪᠠᠷ᠂  ᠲᠦᠮᠦᠰᠦ᠂  ᠨᠤᠭᠤᠭ᠎ᠠ᠂   ᠪᠤᠷᠳᠤᠭᠠᠨ ᠤ ︽ᠭᠤᠷᠪᠠᠨ ᠰᠠᠭᠤᠷᠢᠨ ᠭᠠᠵᠠᠷ︾ ᠤᠨ ᠪᠠᠶᠢᠭᠤᠯᠤᠯᠳᠠ ᠶᠢ ᠭᠤᠤᠯᠳᠠᠯᠭᠠᠳᠠᠢ ᠰᠠᠶᠢᠨ ᠠᠳᠬᠤᠵᠤ᠂ ᠲᠦᠮᠦᠰᠦ ᠲᠠᠷᠢᠬᠤ ᠲᠠᠯᠠᠪᠠᠢ ᠶᠢ 57 ᠲᠦᠮᠡᠨ ᠮᠤ᠋ ᠳᠤ ᠬᠦᠷᠭᠡᠵᠦ᠂ ᠬᠤᠤᠷ ᠦᠬᠡᠶᠢᠳᠡᠬᠦᠯᠦᠭᠰᠡᠨ ᠲᠦᠮᠦᠰᠦ ᠲᠠᠷᠢᠬᠤ᠂  ᠦᠷ᠎ᠡ ᠶᠢᠨ ᠲᠦᠮᠦᠰᠦ ᠲᠠᠷᠢᠬᠤ  ᠠᠵᠢᠯ ᠢ ᠤᠯᠠᠮ ᠰᠠᠶᠢᠨ ᠠᠳᠬᠤᠨ᠂ ᠢᠳᠡᠰᠢᠨ  ᠨᠤᠭᠤᠭ᠎ᠠ ᠲᠠᠷᠢᠬᠤ ᠲᠠᠯᠠᠪᠠᠢ ᠶᠢ 15 ᠲᠦᠮᠡᠨ ᠮᠤ᠋ ᠳᠤ ᠲᠤᠭᠳᠠᠪᠤᠷᠢᠵᠢᠭᠤᠯᠵᠤ᠂  ᠪᠤᠷᠳᠤᠭᠠᠨ ᠰᠠᠭᠤᠷᠢᠨ ᠭᠠᠵᠠᠷ ᠤᠨ ᠪᠦᠳᠦᠬᠡᠨ ᠪᠠᠶᠢᠭᠤᠯᠤᠯᠳᠠ ᠶᠢ ᠤᠯᠠᠮ ᠨᠢᠬᠡ ᠠᠯᠬᠤᠮ ᠴᠢᠩᠭᠠᠳᠬᠠᠨ᠂ ︽ᠭᠤᠷᠪᠠᠨ ᠨᠤᠭᠤᠭᠠᠨ ᠲᠠᠷᠢᠮᠠᠯ︾ ᠤᠨ ᠲᠠᠯᠠᠪᠠᠢ ᠶᠢ  ᠨᠡᠮᠡᠭᠳᠡᠬᠦᠯᠵᠦ᠂ ᠪᠤᠷᠳᠤᠭ᠎ᠠ ᠲᠠᠷᠢᠬᠤ ᠲᠠᠯᠠᠪᠠᠢ ᠶᠢ 31 ᠲᠦᠮᠡᠨ ᠮᠤ᠋ ᠳᠤ  ᠬᠦᠷᠭᠡᠨ᠎ᠡ᠃  ᠮᠠᠯᠵᠢᠬᠤ ᠦᠢᠯᠡᠰ ᠤᠨ ᠲᠠᠯᠠᠪᠠᠷ᠂ ︽ ᠪᠡᠯᠴᠢᠭᠡᠷᠯᠡᠬᠦᠯᠬᠦ ᠶᠢ ᠴᠠᠭᠠᠵᠠᠯᠠᠬᠤ᠂ ᠮᠠᠯ ᠪᠡᠯᠴᠢᠭᠡᠷ ᠢ ᠲᠡᠩᠴᠡᠬᠦᠯᠬᠦ  ᠂ ᠬᠠᠰᠢᠶᠠᠯᠠᠨ ᠪᠤᠷᠳᠤᠵᠤ ᠮᠠᠯᠵᠢᠬᠤ︾  ᠭᠤᠷᠪᠠᠨ ᠶᠡᠭᠡ ᠲᠦᠷᠦ  ᠶᠢᠨ ᠪᠤᠳᠤᠯᠭ᠎ᠠ ᠶᠢ ᠪᠦᠬᠦ ᠲᠠᠯᠠᠪᠠᠷ ᠨᠠᠶᠢᠳᠠᠪᠤᠷᠢᠵᠢᠭᠤᠯᠤᠨ᠂ ︽ᠡᠬᠡ ᠮᠠᠯ ᠢ  ᠪᠡᠯᠴᠢᠭᠡᠷᠯᠡᠬᠦᠯᠦᠨ ᠮᠠᠯᠵᠢᠵᠤ᠂ ᠵᠠᠷᠤᠴᠠᠭᠤᠯᠬᠤ ᠲᠦᠯ ᠢ  ᠬᠠᠰᠢᠶᠠᠯᠠᠨ ᠪᠤᠷᠳᠤᠬᠤ︾ ᠬᠦᠭᠵᠢᠬᠦᠯᠦᠯᠳᠡ ᠶᠢᠨ ᠭᠡᠯᠪᠡᠷᠢ ᠶᠢ ᠢᠳᠡᠪᠬᠢᠳᠡᠢ ᠪᠠᠷ ᠲᠦᠯᠬᠢᠨ ᠠᠬᠢᠭᠤᠯᠵᠤ᠂ ᠠᠮᠢ  ᠠᠬᠤᠢ ᠶᠢ ᠬᠠᠮᠠᠭᠠᠯᠠᠭᠰᠠᠨ᠂  ᠭᠡᠪᠴᠢᠶ᠎ᠡ ᠶᠢ ᠦᠷᠭᠡᠳᠭᠡᠭᠰᠡᠨ᠂ ᠶᠠᠰᠤ ᠴᠢᠨᠠᠷ ᠢ ᠰᠠᠶᠢᠵᠢᠷᠠᠭᠤᠯᠤᠭᠰᠠᠨ ᠮᠠᠯ ᠠᠵᠤ ᠠᠬᠤᠢ ᠶᠢᠨ ᠬᠦᠭᠵᠢᠯᠳᠡ ᠶᠢᠨ ᠰᠢᠨ᠎ᠡ ᠵᠠᠮ ᠢ ᠰᠦᠪᠡᠭᠴᠢᠯᠡᠨ᠂ ᠮᠠᠯ ᠤᠨ ᠲᠤᠭ᠎ᠠ ᠲᠤᠯᠤᠭᠠᠢ ᠶᠢ 34.2 ᠲᠦᠮᠡ ᠳᠤ ᠬᠦᠷᠭᠡᠨ᠎ᠡ᠃  ᠪᠠᠷᠢᠮᠵᠢᠶᠠᠳᠤ ᠮᠠᠯᠵᠢᠯ ᠢ ᠬᠦᠴᠦᠯᠡᠨ ᠠᠬᠢᠭᠤᠯᠵᠤ᠂ ᠰᠠᠭᠠᠯᠢ ᠶᠢᠨ ᠦᠨᠢᠶ᠎ᠡ᠂ ᠮᠢᠬᠠᠨ ᠤ ᠦᠭᠡᠷ᠂ ᠮᠢᠬᠠᠨ   ᠤ ᠬᠤᠨᠢ ᠶᠢᠨ ︽ᠭᠤᠷᠪᠠᠨ ᠰᠠᠭᠤᠷᠢᠨ ᠭᠠᠵᠠᠷ︾ ᠤᠨ ᠪᠠᠶᠢᠭᠤᠯᠤᠯᠳᠠ ᠶᠢ ᠭᠤᠤᠯᠳᠠᠯᠭᠠᠳᠠᠢ ᠰᠠᠶᠢᠨ ᠠᠳᠬᠤᠵᠤ᠂  ︽ᠲᠠᠷᠢᠵᠤ ᠮᠠᠯᠵᠢᠬᠤ ᠶᠢ ᠤᠶᠠᠯᠳᠤᠭᠤᠯᠬᠤ᠂ ᠮᠠᠯᠵᠢᠬᠤ ᠪᠠᠷ ᠭᠤᠤᠯ ᠪᠤᠯᠭᠠᠬᠤ᠂ ᠤᠯᠠᠨ ᠵᠦᠢᠯ ᠢᠶᠠᠷ ᠡᠵᠡᠩᠨᠡᠬᠦ︾ ᠰᠡᠳᠬᠢᠴᠡ ᠶᠤᠰᠤᠭᠠᠷ᠂  ᠦᠬᠡᠷ ᠬᠤᠨᠢ ᠬᠠᠰᠢᠶᠠᠯᠠᠨ ᠪᠤᠷᠳᠤᠬᠤ ᠪᠠᠷ ᠭᠤᠤᠯ ᠪᠤᠯᠭᠠᠭᠰᠠᠨ ᠲᠠᠷᠢᠶᠠᠯᠠᠬᠤ ᠤᠷᠤᠨ ᠤ ᠮᠠᠯᠵᠢᠬᠤ ᠦᠢᠯᠡᠰ ᠢ ᠲᠦᠷᠭᠡᠨ ᠬᠦᠭᠵᠢᠬᠦᠯᠵᠦ᠂  ᠲᠤᠮᠳᠠ ᠪᠠᠭ᠎ᠠ ᠭᠡᠪᠴᠢᠶᠡᠨ ᠤ ᠡᠷᠦᠬᠡ ᠪᠠ ᠲᠠᠷᠬᠠᠢ ᠮᠠᠯᠵᠢᠯ ᠤᠨ ᠡᠷᠦᠬᠡ   ᠶᠢᠨ ᠵᠤᠬᠢᠶᠠᠨ ᠪᠠᠶᠢᠭᠤᠯᠵᠢᠯᠳᠠ ᠶᠢ ᠴᠢᠩᠭᠠᠳᠬᠠᠵᠤ᠂  ᠭᠡᠷ ᠪᠦᠯᠢ ᠶᠢᠨ ᠲᠠᠷᠬᠠᠢ ᠮᠠᠯᠵᠢᠯ ᠤᠨ ᠭᠡᠯᠪᠡᠷᠢ ᠶᠢ ᠤᠷᠤᠨ ᠲᠤᠭᠤᠷᠢᠭ ᠤᠨ ᠭᠡᠪᠴᠢᠶᠡᠵᠢᠭᠰᠡᠨ ᠮᠠᠯᠵᠢᠯ ᠤᠨ ᠭᠡᠯᠪᠡᠷᠢ ᠲᠡᠰᠢ ᠠᠯᠬᠤᠮ ᠠᠯᠬᠤᠮ ᠢᠶᠠᠷ ᠲᠦᠯᠬᠢᠨ  ᠠᠬᠢᠭᠤᠯᠵᠤ᠂  ᠲᠠᠷᠢᠶᠠᠯᠠᠬᠤ ᠤᠷᠤᠨ ᠤ ᠭᠡᠪᠴᠢᠶᠡᠵᠢᠭᠰᠡᠨ ᠮᠠᠯᠵᠢᠯ ᠤᠨ ᠭᠡᠪᠴᠢᠶ᠎ᠡ ᠶᠢ ᠲᠠᠰᠤᠷᠠᠯᠳᠠ ᠦᠬᠡᠢ ᠦᠷᠭᠡᠳᠭᠡᠨ᠂ ᠡᠨᠡ  ᠵᠢᠯ ᠭᠡᠪᠴᠢᠶᠡᠵᠢᠭᠰᠡᠨ ᠮᠠᠯᠵᠢᠯ ᠤᠨ ᠲᠠᠯᠠᠪᠠᠢ 14 ᠶᠢ ᠰᠢᠨ᠎ᠡ ᠪᠠᠷ  ᠪᠠᠶᠢᠭᠤᠯᠤᠨ᠎ᠠ᠃ ᠲᠠᠷᠢᠶᠠᠯᠠᠩ ᠮᠠᠯᠵᠢᠯ ᠤᠨ  ᠪᠡᠯᠡᠳᠭᠡᠯ ᠲᠦᠬᠦᠭᠡᠷᠦᠮᠵᠢ ᠶᠢᠨ ᠬᠢᠷᠢ ᠲᠦᠪᠰᠢᠨ ᠢ ᠲᠠᠰᠤᠷᠠᠯᠳᠠ ᠦᠬᠡᠢ ᠲᠡᠭᠡᠭᠰᠢᠯᠡᠬᠦᠯᠦᠨ᠂ ᠮᠠᠰᠢᠨ  ᠮᠧᠬᠠᠨᠢᠭ ᠤᠨ ᠶᠡᠷᠦᠩᠬᠡᠢ ᠬᠦᠳᠡᠯᠬᠡᠬᠦ ᠬᠦᠴᠦᠨ ᠢ 23.3 ᠲᠦᠮᠡᠨ ᠺᠢᠯᠤᠸᠠᠲ ᠳᠤ ᠬᠦᠷᠭᠡᠵᠦ᠂  ᠶᠡᠷᠦᠩᠬᠡᠶᠢᠯᠡᠭᠰᠡᠨ ᠮᠠᠰᠢᠨᠴᠢᠯᠠᠯᠳᠠ ᠶᠢᠨ ᠲᠦᠪᠰᠢᠨ ᠢ 91 % ᠳᠤ ᠬᠦᠷᠭᠡᠨ᠎ᠡ᠃ ᠭᠤᠷᠪᠠ ᠳᠤ᠂ ᠰᠢᠨ᠎ᠡ ᠬᠡᠯᠪᠡᠷᠢ ᠶᠢᠨ ᠲᠠᠷᠢᠶᠠᠯᠠᠩ  ᠮᠠᠯ ᠠᠵᠤ ᠠᠬᠤᠢ ᠶᠢᠨ ᠡᠵᠡᠩᠨᠡᠯᠳᠡ ᠶᠢᠨ  ᠰᠢᠰᠲ᠋ᠧᠮ   ᠢ  ᠡᠬᠦᠳᠦᠨ  ᠪᠠᠶᠢᠭᠤᠯᠤᠨ᠎ᠠ᠃  ᠮᠠᠯᠵᠢᠬᠤ ᠲᠠᠷᠢᠶᠠᠯᠠᠬᠤ ᠤᠷᠤᠨ ᠤ ᠭᠠᠵᠠᠷ ᠰᠢᠷᠤᠢ᠂  ᠨᠤᠳᠤᠭ ᠪᠡᠯᠴᠢᠭᠡᠷ ᠤᠨ  ᠡᠵᠩᠨᠡᠯᠳᠡ ᠲᠠᠭᠠᠭᠠᠴᠢᠯᠠᠯᠳᠠ ᠶᠢᠨ ᠬᠠᠷᠢᠭᠤᠴᠠᠯᠭ᠎ᠠ ᠶᠢᠨ ᠲᠦᠷᠢᠮ ᠢ ᠪᠠᠷᠢᠮᠳᠠᠯᠠᠭᠰᠠᠨ ᠰᠠᠭᠤᠷᠢᠨ ᠲᠡᠭᠡᠷ᠎ᠡ᠂  ᠨᠢᠬᠡ ᠰᠢᠶᠠᠩ ᠪᠠᠯᠭᠠᠰᠤ ᠶᠢ ᠨᠡᠶᠢᠳᠡ ᠶᠢᠨ ᠭᠠᠵᠠᠷ ᠰᠢᠷᠤᠢ   ᠶᠢ ᠲᠠᠭᠠᠭᠠᠴᠢᠯᠠᠨ ᠡᠵᠡᠩᠨᠡᠬᠦ ᠦᠮᠴᠢᠯᠡᠯ ᠤᠨ ᠡᠷᠭᠡ ᠶᠢ ᠲᠤᠳᠤᠯᠠᠨ ᠲᠠᠩᠰᠠᠯᠠᠬᠤ ᠲᠤᠷᠰᠢᠯᠳᠠ ᠶᠢᠨ ᠴᠡᠭ   ᠪᠤᠯᠭᠠᠨ᠎ᠠ᠃  ᠮᠠᠯᠵᠢᠬᠤ ᠲᠠᠷᠢᠶᠠᠯᠠᠬᠤ ᠤᠷᠤᠨ ᠤ ᠭᠠᠵᠠᠷ ᠲᠠᠷᠢᠶ᠎ᠠ᠂ ᠨᠤᠳᠤᠭ ᠪᠡᠯᠴᠢᠭᠡᠷ  ᠪᠠ ᠤᠷᠤᠨ ᠰᠠᠭᠤᠴᠠ ᠶᠢᠨ ᠭᠠᠵᠠᠷ   ᠢ ᠡᠮᠬᠢ ᠲᠢᠭᠯᠡᠮ ᠲᠠᠢ ᠪᠠᠷ  ᠡᠷᠬᠢᠯᠳᠦᠬᠦᠯᠦᠨ  ᠭᠡᠷᠡᠭᠯᠡᠬᠦ ᠲᠤᠭᠳᠠᠴᠠ ᠶᠢ ᠢᠳᠡᠪᠬᠢᠳᠡᠢ ᠰᠦᠪᠡᠭᠴᠢᠯᠡᠵᠦ  ᠂  ᠭᠡᠷ ᠪᠦᠯᠢ ᠶᠢᠨ ᠡᠵᠡᠩᠨᠡᠯᠳᠡ᠂   ᠨᠡᠶᠢᠳᠡ ᠶᠢᠨ ᠡᠵᠡᠩᠨᠡᠯᠳᠡ᠂ ᠲᠤᠰᠬᠠᠢ ᠬᠤᠷᠰᠢᠶᠠᠵᠢᠯ ᠤᠨ ᠡᠵᠡᠩᠨᠡᠯᠳᠡ ᠪᠠ ᠠᠵᠤ ᠠᠬᠤᠶᠢᠯᠠᠯ ᠤᠨ ᠡᠵᠡᠩᠨᠡᠯᠳᠡ ᠶᠢ ᠵᠡᠷᠭᠡᠪᠡᠷ ᠬᠦᠭᠵᠢᠬᠦᠯᠬᠦ  ᠡᠵᠡᠩᠨᠡᠯᠳᠡ ᠶᠢᠨ ᠠᠷᠭ᠎ᠠ ᠭᠡᠯᠪᠡᠷᠢ ᠶᠢᠨ ᠰᠢᠨ᠎ᠡ ᠶᠢ ᠡᠬᠦᠳᠴᠦ᠂  ᠭᠠᠵᠠᠷ ᠲᠠᠷᠢᠶ᠎ᠠ᠂ ᠨᠤᠳᠤᠭ ᠪᠡᠯᠴᠢᠭᠡᠷ ᠲᠠᠭᠠᠭᠠᠴᠢᠯᠠᠨ  ᠡᠵᠡᠩᠨᠡᠬᠦ ᠡᠷᠭᠡ ᠶᠢ ᠰᠢᠨ᠎ᠡ ᠮᠠᠶ᠋ᠢᠭ ᠤᠨ ᠡᠵᠡᠩᠨᠡᠯᠳᠡ ᠶᠢᠨ ᠭᠤᠤᠯ ᠴᠤᠭᠴᠠ ᠵᠦᠭ ᠰᠢᠯᠵᠢᠬᠦᠯᠦᠨ᠎ᠡ᠃  ᠭᠠᠵᠠᠷ ᠲᠠᠷᠢᠶ᠎ᠠ᠂ ᠨᠤᠳᠤᠭ ᠪᠡᠯᠴᠢᠭᠡᠷ ᠢ ᠡᠷᠬᠢᠯᠳᠦᠬᠦᠯᠬᠦ ᠦᠢᠯᠡᠴᠢᠯᠡᠬᠡᠨ ᠤ ᠲᠠᠪᠴᠠᠩ ᠪᠠ  ᠰᠦᠯᠵᠢᠶᠡᠨ ᠤ ᠪᠠᠶᠢᠭᠤᠯᠤᠯᠳᠠ ᠶᠢ ᠲᠡᠬᠦᠯᠳᠡᠷᠵᠢᠬᠦᠯᠵᠦ᠂  ᠮᠠᠯᠴᠢᠨ ᠲᠠᠷᠢᠶᠠᠴᠢᠨ ᠤ ᠡᠷᠭᠡ ᠠᠰᠢᠭ ᠢ ᠬᠠᠤᠯᠢ ᠶᠤᠰᠤᠭᠠᠷ ᠬᠠᠮᠠᠭᠠᠯᠠᠬᠤ ᠭᠡᠷᠡᠭᠳᠡᠢ᠃ ᠲᠤᠰᠬᠠᠢ ᠬᠤᠷᠰᠢᠶᠠᠵᠢᠯ ᠤᠨ ᠪᠠᠶᠢᠭᠤᠯᠤᠯᠳᠠ ᠶᠢ ︽ᠡᠷᠬᠢᠵᠦ ᠬᠠᠷᠠᠬᠤ︾ ᠠᠷᠭ᠎ᠠ ᠪᠠᠷ  ᠴᠢᠩᠭ᠎ᠠ ᠬᠢᠨᠠᠨ ᠬᠠᠮᠢᠶᠠᠷᠴᠤ᠂ ᠬᠦᠳᠡᠭᠡ ᠠᠵᠤ ᠠᠬᠤᠢ ᠶᠢᠨ ᠶᠠᠮᠤᠨ ᠤ ︽ ᠲᠤᠰᠬᠠᠢ ᠬᠤᠷᠰᠢᠶᠠᠵᠢᠯ  ᠤᠨ ᠡᠳ᠋ ᠤᠨ ᠶᠠᠪᠤᠳᠠᠯ ᠤᠨ ᠬᠠᠮᠢᠶᠠᠷᠤᠯᠳᠠ ᠶᠢᠨ ᠰᠢᠰᠲ᠋ᠧᠮ︾   ᠢ ᠭᠡᠷᠡᠭᠯᠡᠬᠦ ᠬᠦᠷᠢᠶ᠎ᠡ ᠬᠡᠪᠴᠢᠶ᠎ᠡ ᠶᠢ ᠦᠷᠭᠡᠳᠭᠡᠨ᠂  ᠡᠯ᠎ᠡ ᠲᠦᠷᠦᠯ ᠤᠨ ᠲᠤᠰᠬᠠᠢ ᠬᠤᠷᠰᠢᠶᠠᠵᠢᠯ ᠤᠨ ᠠᠵᠢᠯ ᠢ ᠤᠯᠠᠮ ᠨᠢᠬᠡ ᠠᠯᠬᠤᠮ ᠲᠦᠷᠢᠮᠵᠢᠬᠦᠯᠵᠦ᠂ ᠵᠠᠷᠢᠮ  ︽ᠨᠡᠷ᠎ᠡ ᠶᠢᠨ ᠲᠡᠳᠦᠢ︾ ᠬᠤᠷᠰᠢᠶᠠᠵᠢᠯ ᠢ ᠰᠢᠭᠰᠢᠨ  ᠭᠠᠷᠭᠠᠬᠤ ᠭᠡᠷᠡᠭᠳᠡᠢ᠃  ᠲᠠᠷᠢᠶᠠᠯᠠᠩ ᠮᠠᠯᠵᠢᠯ ᠳᠤ ᠬᠤᠯᠪᠤᠭᠳᠠᠭᠰᠠᠨ ᠲᠦᠷᠦᠯ ᠵᠦᠢᠯ ᠤᠨ ᠪᠡᠯᠡ ᠮᠦᠩᠬᠦ  ᠂  ︽ᠮᠦᠩᠬᠦᠨ ᠬᠦᠢᠯᠬᠡᠬᠡᠨ ᠤ ᠶᠠᠳᠠᠭᠤ ᠶᠢ ᠲᠡᠳᠬᠦᠵᠦ ᠠᠷᠠᠳ ᠢ ᠪᠠᠶᠠᠵᠢᠭᠤᠯᠬᠤ  ᠢᠨᠵᠧᠨᠧᠷᠢᠩ︾ ᠤᠨ ᠪᠡᠯᠡ  ᠮᠦᠩᠬᠦ  ᠵᠡᠷᠭᠡ ᠲᠤᠰᠬᠠᠢ ᠬᠤᠷᠰᠢᠶᠠᠵᠢᠯ ᠤᠨ ᠪᠦᠳᠦᠭᠡᠨ ᠪᠠᠶᠢᠭᠤᠯᠤᠯᠳᠠ ᠳᠤ  ᠭᠡᠷᠡᠭᠯᠡᠵᠦ ᠪᠤᠯᠬᠤ  ᠪᠡᠯᠡ ᠮᠦᠩᠬᠦ ᠶᠢ ᠬᠦᠭᠵᠢᠯᠳᠡ ᠶᠢᠨ ᠢᠷᠡᠭᠡᠳᠦᠢ ᠪᠠᠷ ᠰᠠᠶᠢᠨ ᠲᠤᠰᠬᠠᠢ ᠬᠤᠷᠰᠢᠶᠠᠵᠢᠯ   ᠤᠳ ᠲᠤ ᠲᠦᠪᠯᠡᠷᠡᠬᠦᠯᠦᠨ ᠤᠯᠭᠤᠵᠤ᠂  ᠨᠡᠶᠢᠳᠡᠯᠢᠭ  ᠵᠢᠱᠢᠶᠡᠨ ᠤ ᠲᠠᠶᠢᠴᠢᠯᠠᠨ ᠲᠠᠭᠠᠭᠤᠯᠬᠤ ᠦᠢᠯᠡᠳᠦᠯ ᠢ ᠨᠢ  ᠪᠠᠳᠠᠷᠠᠭᠤᠯᠤᠨ᠎ᠠ᠃  ᠨᠦᠬᠦᠴᠡᠯ ᠪᠦᠷᠢᠳᠦᠭᠰᠡᠨ ᠲᠤᠰᠬᠠᠢ ᠬᠤᠷᠰᠢᠶᠠᠵᠢᠯ ᠢ  ᠵᠤᠷᠢᠬᠵᠢᠭᠤᠯᠤᠨ᠂ ᠬᠤᠯᠪᠤᠭᠠᠯᠠᠭᠰᠠᠨ ᠡᠵᠡᠩᠨᠡᠯᠳᠡ ᠬᠢᠯᠬᠡᠵᠦ᠂ ᠬᠦᠭᠵᠢᠯᠳᠡ ᠶᠢᠨ ᠭᠡᠪᠴᠢᠶ᠎ᠡ ᠶᠢ ᠦᠷᠭᠡᠳᠭᠡᠬᠦ ᠭᠡᠷᠡᠭᠳᠡᠢ᠃  ᠲᠡᠭᠡᠳᠦ ᠱᠠᠳᠤᠨ ᠤ ᠨᠢᠭᠡᠳᠦᠯᠳᠡᠢ ᠪᠠᠶᠢᠷᠢᠯᠠᠭᠤᠯᠤᠯᠳᠠ ᠶᠤᠰᠤᠭᠠᠷ᠂ ᠮᠠᠯᠵᠢᠬᠤ ᠲᠠᠷᠢᠶᠠᠯᠠᠬᠤ ᠤᠷᠤᠨ ᠤ  ᠶᠡᠷᠦᠩᠬᠡᠶᠢᠯᠡᠭᠰᠡᠨ ᠦᠬᠡᠷᠡᠴᠢᠯᠡᠯᠳᠡ ᠶᠢᠨ ᠠᠵᠢᠯ ᠢ ᠯᠠᠪᠳᠠᠭᠤᠨ ᠢᠶᠠᠷ ᠲᠦᠯᠬᠢᠨ ᠠᠬᠢᠭᠤᠯᠤᠨ᠎ᠠ᠃   ᠲᠦᠷᠪᠡ   ᠳᠤ᠂ ᠮᠠᠯ ᠤᠨ ᠠᠰᠢᠭ ᠰᠢᠮ᠎ᠡ ᠲᠠᠷᠢᠶᠠᠯᠠᠩ ᠤᠨ ᠪᠦᠳᠦᠭᠡᠭᠳᠡᠬᠦᠨ ᠤ ᠶᠠᠰᠤ ᠴᠢᠨᠠᠷ ᠪᠠ  ᠨᠡᠷᠡᠳᠦ ᠲᠡᠮᠳᠡᠭ ᠤᠨ ᠪᠠᠶᠢᠭᠤᠯᠤᠯᠳᠠ ᠶᠢ  ᠴᠢᠩᠭ᠎ᠠ ᠠᠳᠬᠤᠨ᠎ᠠ᠃  ᠲᠠᠷᠢᠶᠠᠯᠠᠩ  ᠮᠠᠯᠵᠢᠯ ᠤᠨ ᠤᠷᠴᠢᠨ ᠲᠤᠭᠤᠷᠢᠨ᠂  ᠡᠳ᠋ ᠭᠡᠷᠡᠭᠯᠡᠬᠦᠨ ᠵᠡᠷᠭᠡ ᠳᠤ ᠶᠠᠰᠤ ᠴᠢᠨᠠᠷ ᠤᠨ ᠪᠠᠶᠢᠴᠠᠭᠠᠯᠳᠠ ᠬᠢᠬᠦ ᠶᠢ ᠴᠢᠩᠭᠠᠳᠬᠠᠵᠤ  ᠂ ᠬᠠᠤᠯᠢ ᠭᠡᠷᠡᠭᠵᠢᠬᠦᠯᠬᠦ ᠬᠢᠷᠢ ᠴᠢᠳᠠᠪᠤᠷᠢ   ᠶᠢ  ᠨᠡᠮᠡᠭᠳᠡᠬᠦᠯᠦᠨ᠂  ᠬᠦᠨᠳᠦ ᠶᠡᠭᠡ ᠡᠪᠡᠳᠴᠢᠨ ᠬᠢᠵᠢᠭ ᠢ  ᠰᠡᠷᠭᠡᠶᠢᠯᠡᠨ ᠬᠤᠷᠢᠭᠯᠠᠬᠤ ᠠᠷᠭ᠎ᠠ ᠠᠪᠴᠢᠯ   ᠢ  ᠴᠢᠩᠭᠠᠳᠬᠠᠵᠤ᠂  ᠬᠦᠨᠳᠦ ᠶᠡᠭᠡ ᠡᠪᠡᠳᠴᠢᠨ ᠬᠢᠵᠢᠭ ᠡᠬᠦᠰᠬᠦ ᠦᠬᠡᠢ ᠶᠢ ᠪᠠᠳᠤᠯᠠᠬᠤ ᠭᠡᠷᠡᠭᠳᠡᠢ᠃ ᠮᠠᠯ ᠤᠨ ᠠᠰᠢᠭ ᠰᠢᠮ᠎ᠡ ᠲᠠᠷᠢᠶᠠᠯᠠᠩ ᠤᠨ ᠪᠦᠳᠦᠭᠡᠭᠳᠡᠬᠦᠨ ᠤ ᠶᠠᠰᠤ ᠴᠢᠨᠠᠷ   ᠤᠨ ᠰᠢᠯᠭᠠᠯᠳᠠ ᠶᠢᠨ ᠰᠢᠰᠲ᠋ᠧᠮ   ᠤᠨ ᠪᠦᠳᠦᠭᠡᠨ ᠪᠠᠶᠢᠭᠤᠯᠤᠯᠳᠠ ᠶᠢ ᠲᠦᠷᠭᠡᠳᠭᠡᠵᠦ᠂  ᠦᠢᠯᠡᠳᠪᠦᠷᠢᠯᠡᠯ ᠪᠤᠷᠤᠯᠠᠭᠤᠯᠭ᠎ᠠ ᠶᠢᠨ ᠪᠦᠬᠦ ᠶᠠᠪᠤᠴᠠ ᠶᠢ ᠡᠬᠢᠨ ᠠᠴᠠ ᠲᠡᠬᠦᠰᠳᠡᠯ᠎ᠡ ᠬᠢᠨᠠᠨ ᠬᠠᠮᠢᠶᠠᠷᠬᠤ ᠠᠵᠢᠯ ᠢ ᠴᠢᠩᠭᠠᠳᠬᠠᠨ᠂ ᠴᠢᠩᠭ᠎ᠠ ᠨᠢᠮᠪᠠᠢ ᠠᠶᠤᠯᠬᠦᠢ ᠦᠢᠯᠡᠳᠪᠦᠷᠢᠯᠡᠯ ᠤᠨ ᠲᠦᠷᠢᠮ ᠢ  ᠲᠤᠭᠳᠠᠵᠤ᠂ ᠠᠷᠠᠳ ᠲᠦᠮᠡᠨ ᠤ ᠢᠳᠡᠯᠬᠡ ᠤᠤᠭᠤᠯᠭ᠎ᠠ ᠶᠢᠨ ᠠᠮᠤᠷ ᠲᠦᠪᠰᠢᠨ ᠢ ᠪᠠᠳᠤᠯᠠᠬᠤ ᠭᠡᠷᠡᠭᠳᠡᠢ᠃  ᠪᠦᠬᠦ ᠬᠤᠰᠢᠭᠤᠨ ᠤ ᠬᠤᠤᠷᠳᠠᠯ ᠦᠬᠡᠢ ᠪᠦᠳᠦᠭᠡᠭᠳᠡᠬᠦᠨ ᠤ ᠰᠠᠭᠤᠷᠢᠨ ᠭᠠᠵᠠᠷ ᠪᠠ 22 ᠲᠦᠮᠡᠨ ᠮᠤ᠋ ᠪᠤᠬᠢᠷᠳᠤᠯ ᠦᠬᠡᠢ ᠢᠳᠡᠭᠡᠨ ᠤ ᠪᠠᠷᠢᠮᠵᠢᠶᠠᠳᠤ ᠰᠠᠭᠤᠷᠢᠨ ᠭᠠᠵᠠᠷ ᠤᠨ ᠬᠢᠨᠠᠯᠳᠠ ᠬᠠᠮᠢᠶᠠᠷᠤᠯᠳᠠ ᠶᠢ  ᠰᠠᠶᠢᠨ ᠬᠢᠵᠦ᠂  4 ᠶᠡᠭᠡ ᠲᠦᠷᠦᠯ ᠤᠨ 31 ᠵᠦᠢᠯ ᠤᠨ ᠪᠦᠳᠦᠭᠡᠭᠳᠡᠬᠦᠨ   ᠢ ︽ᠴᠠᠬᠠᠷ︾ ᠲᠠᠸᠠᠷ ᠤᠨ ᠲᠡᠮᠳᠡᠭ ᠢᠶᠠᠷ ᠲᠠᠩᠰᠠᠯᠠᠭᠤᠯᠬᠤ ᠪᠠ ᠨᠡᠷᠡᠳᠦ ᠲᠡᠮᠳᠡᠭ ᠢᠶᠠᠷ ᠰᠢᠯᠭᠠᠨ ᠲᠤᠭᠳᠠᠭᠠᠯᠭᠠᠬᠤ ᠠᠵᠢᠯ ᠢ ᠴᠢᠩᠭᠠᠳᠬᠠᠨ᠂  ᠨᠡᠷᠡᠳᠦ ᠲᠡᠮᠳᠡᠭ ᠢᠶᠠᠷ ᠡᠷᠡᠮᠡᠯᠵᠡᠯᠡᠨ ᠮᠡᠳᠡᠬᠦᠯᠬᠦ ᠠᠵᠢᠯ ᠤᠨ ᠡᠷᠴᠢᠮ ᠢ ᠤᠯᠠᠮ ᠴᠢᠩᠭᠠᠷᠠᠭᠤᠯᠵᠤ᠂  ᠮᠠᠨ ᠤ ᠬᠤᠰᠢᠭᠤᠨ ᠤ ᠤᠷᠤᠨ ᠨᠤᠳᠤᠭ ᠤᠨ ᠤᠨᠴᠠᠯᠢᠭᠳᠤ ᠪᠦᠳᠦᠭᠡᠭᠳᠡᠬᠦᠨ  ᠤ ᠨᠡᠷ᠎ᠡ ᠠᠯᠳᠠᠷᠰᠢᠯ ᠢ  ᠶᠡᠭᠡᠰᠬᠡᠨ᠂ ᠵᠠᠬ᠎ᠠ ᠲᠡᠯᠬᠡᠬᠦᠷ ᠤᠨ ᠦᠷᠢᠰᠦᠯᠳᠦᠬᠦ ᠬᠦᠴᠦᠨ ᠢ ᠨᠡᠮᠡᠭᠳᠡᠬᠦᠯᠦᠨ᠎ᠡ᠃  ᠲᠠᠪᠤ  ᠳᠤ᠂  ᠠᠮᠤ ᠪᠤᠳᠠᠭᠠᠨ ᠤ ᠶᠡᠷᠦᠩᠬᠡᠶᠢᠯᠡᠭᠰᠡᠨ ᠦᠢᠯᠡᠳᠪᠦᠷᠢᠯᠡᠯ ᠤᠨ ᠴᠢᠳᠠᠪᠤᠷᠢ ᠶᠢ  ᠨᠡᠮᠡᠭᠳᠡᠬᠦᠯᠦᠨ᠎ᠡ᠃   ᠠᠮᠤ ᠪᠤᠳᠠᠭᠠᠨ ᠤ ᠤᠨᠠᠯᠳᠠ ᠶᠢ ᠨᠡᠮᠡᠭᠳᠡᠬᠦᠯᠬᠦ ᠪᠠᠷ ᠭᠤᠤᠯ ᠪᠤᠯᠭᠠᠵᠤ᠂ ᠲᠠᠷᠢᠵᠤ ᠤᠷᠭᠤᠭᠤᠯᠬᠤ ᠦᠢᠯᠡᠰ ᠲᠡᠭᠡᠷ᠎ᠡ ᠶᠡᠭᠡ ᠬᠦᠴᠦ ᠤᠷᠤᠭᠤᠯᠤᠨ᠂ ᠰᠠᠭᠤᠷᠢ ᠲᠦᠬᠦᠭᠡᠷᠦᠮᠵᠢ ᠶᠢᠨ ᠨᠦᠬᠦᠴᠡᠯ ᠢ ᠰᠠᠶᠢᠵᠢᠷᠠᠭᠤᠯᠵᠤ᠂ ᠪᠡᠯᠡᠳᠭᠡᠯ ᠲᠦᠬᠦᠭᠡᠷᠦᠮᠵᠢ  ᠶᠢᠨ ᠲᠦᠪᠰᠢᠨ ᠢ ᠲᠡᠭᠡᠭᠰᠢᠯᠡᠬᠦᠯᠦᠨ᠂  ᠠᠮᠤ ᠪᠤᠳᠠᠭᠠᠨ ᠤ ᠤᠨᠠᠯᠳᠠ ᠲᠤᠭᠳᠠᠭᠤᠨ ᠢᠶᠠᠷ ᠦᠷᠬᠦᠯᠵᠢᠯᠡᠨ ᠨᠡᠮᠡᠭᠳᠡᠬᠦ ᠶᠢ ᠠᠬᠢᠭᠤᠯᠤᠨ᠎ᠠ᠃  2013 ᠤᠨ ᠤ ᠠᠮᠤ ᠪᠤᠳᠠᠭᠠᠨ ᠤ ᠤᠨᠠᠯᠳᠠ ᠶᠢᠨ ᠬᠡᠮᠵᠢᠶ᠎ᠡ ᠶᠢ ᠪᠠᠳᠤᠯᠠᠭᠰᠠᠨ ᠰᠠᠭᠤᠷᠢᠨ ᠲᠡᠭᠡᠷ᠎ᠡ ᠡᠨᠡ ᠵᠢᠯ ᠠᠮᠤ ᠪᠤᠳᠠᠭᠠᠨ ᠤ ᠤᠨᠠᠯᠳᠠ ᠶᠢ  ᠦᠷᠬᠦᠯᠵᠢᠯᠡᠨ ᠲᠤᠭᠳᠠᠭᠤᠨ ᠢᠶᠠᠷ  ᠨᠡᠮᠡᠭᠳᠡᠬᠦᠯᠵᠦ᠂   ᠪᠦᠬᠦ ᠤᠯᠤᠰ ᠤᠨ ᠠᠮᠤ ᠪᠤᠳᠠᠭᠠᠨ ᠤ ᠦᠢᠯᠡᠳᠪᠦᠷᠢᠯᠡᠯ ᠤᠨ ᠲᠤᠮᠤ ᠬᠤᠰᠢᠭᠤ ᠰᠢᠶᠠᠨ ᠤ ᠡᠩᠨᠡᠭᠡ ᠳᠤ ᠤᠷᠤᠬᠤ ᠪᠠᠷ  ᠴᠢᠷᠮᠠᠶᠢᠨ᠎ᠠ᠃         ︵ᠭᠤᠷᠪᠠ︶ ᠰᠢᠨ᠎ᠡ ᠬᠡᠯᠪᠡᠷᠢ ᠶᠢᠨ ᠠᠵᠤ ᠦᠢᠯᠡᠳᠪᠦᠷᠢᠵᠢᠯᠳᠡ ᠶᠢᠨ ᠬᠦᠭᠵᠢᠯᠳᠡ   ᠶᠢᠨ ᠰᠠᠭᠤᠷᠢ ᠶᠢ  ᠪᠠᠬᠢᠵᠢᠬᠦᠯᠵᠦ᠂ ᠰᠢᠨ᠎ᠡ ᠪᠠᠷ ᠮᠠᠨᠳᠤᠭᠰᠠᠨ ᠠᠵᠤ ᠦᠢᠯᠡᠰ ᠢ ᠤᠷᠤᠭᠤᠯᠬᠤ ᠪᠠ ᠪᠤᠶᠢᠵᠢᠭᠤᠯᠤᠨ᠎ᠠ᠃  ᠮᠠᠨ ᠤ ᠬᠤᠰᠢᠭᠤᠨ ᠤ ᠪᠤᠳᠠᠳᠠᠢ ᠲᠠᠢ ᠪᠠᠨ ᠤᠶᠠᠯᠳᠤᠭᠤᠯᠤᠨ᠂  ᠤᠷᠤᠨ ᠲᠤᠭᠤᠷᠢᠭ ᠢᠶᠠᠷ ᠠᠴᠢᠶᠠᠯᠠᠪᠤᠷᠢ ᠪᠤᠯᠭᠠᠵᠤ᠂  ᠲᠡᠭᠡᠳᠦ ᠰᠢᠨ᠎ᠡ ᠮᠡᠷᠭᠡᠵᠢᠯ ᠤᠨ ᠠᠵᠤ ᠦᠢᠯᠡᠰ ᠤᠨ ᠲᠦᠷᠦᠯ ᠵᠦᠢᠯ᠂  ᠤᠳᠤ ᠪᠠᠶᠢᠭ᠎ᠠ ᠠᠵᠤ ᠦᠢᠯᠡᠰ ᠤᠨ ᠦᠷᠭᠡᠳᠭᠡᠯ ᠲᠦᠷᠦᠯ ᠵᠦᠢᠯ  ᠪᠤᠯᠤᠨ  ᠮᠠᠰᠢᠨ ᠲᠦᠬᠦᠭᠡᠷᠦᠮᠵᠢ ᠦᠢᠯᠡᠳᠬᠦ ᠲᠦᠷᠦᠯ ᠵᠦᠢᠯ ᠢ  ᠤᠷᠤᠭᠤᠯᠬᠤ ᠲᠡᠭᠡᠷ᠎ᠡ ᠬᠦᠴᠦ ᠲᠠᠯᠪᠢᠨ᠎ᠠ᠃  ᠨᠢᠭᠡ ᠳᠤ᠂  ᠪᠤᠤᠴᠠᠩ ᠤᠨ  ᠲᠡᠭᠡᠳᠦ ᠰᠢᠨ᠎ᠡ ᠮᠡᠷᠭᠡᠵᠢᠯ ᠤᠨ ᠠᠵᠤ ᠦᠢᠯᠡᠰ ᠤᠨ ᠲᠤᠭᠤᠷᠢᠭ ᠪᠠ ᠲᠤᠮᠳᠠ ᠪᠠᠭ᠎ᠠ ᠠᠵᠤ ᠠᠬᠤᠶᠢᠯᠠᠯ ᠤᠨ ᠦᠢᠯᠡᠰ ᠪᠦᠳᠦᠭᠡᠬᠦ ᠤᠷᠤᠨ ᠲᠤᠭᠤᠷᠢᠭ   ᠤᠨ ᠲᠦᠯᠦᠪᠵᠢᠬᠦᠯᠬᠡ ᠶᠢ ᠲᠦᠷᠭᠡᠨ ᠬᠢᠵᠦ᠂  3 ᠰᠠᠷ᠎ᠠ ᠶᠢᠨ ᠰᠡᠬᠦᠯᠴᠢ ᠠᠴᠠ ᠡᠮᠦᠨ᠎ᠡ᠂ ᠲᠤᠰ ᠬᠤᠶᠠᠷ ᠤᠷᠤᠨ ᠲᠤᠭᠤᠷᠢᠭ ᠤᠨ ᠶᠡᠷᠦᠩᠬᠡᠢ ᠲᠦᠯᠦᠪᠵᠢᠬᠦᠯᠬᠡ ᠪᠠ ᠠᠵᠤ ᠦᠢᠯᠡᠰ ᠤᠨ ᠬᠦᠭᠵᠢᠯᠳᠡ ᠶᠢᠨ ᠲᠦᠯᠦᠪᠵᠢᠬᠦᠯᠬᠡ ᠶᠢ ᠪᠡᠶᠡᠯᠡᠬᠦᠯᠦᠨ᠂  ᠬᠦᠭᠵᠢᠯᠳᠡ ᠶᠢᠨ ᠪᠠᠶᠢᠷᠢ ᠲᠤᠭᠳᠠᠭᠠᠯᠳᠠ ᠪᠠ ᠭᠤᠤᠯᠯᠠᠬᠤ ᠠᠵᠤ ᠦᠢᠯᠡᠰ ᠢ ᠲᠤᠳᠤᠷᠬᠠᠢ ᠲᠤᠭᠳᠠᠭᠠᠨ᠎ᠠ᠃ 6 ᠰᠠᠷ᠎ᠠ ᠶᠢᠨ ᠰᠡᠬᠦᠯᠴᠢ ᠠᠴᠠ ᠡᠮᠦᠨ᠎ᠡ  ᠂  ᠤᠷᠴᠢᠨ ᠲᠤᠭᠤᠷᠢᠨ ᠢ ᠦᠨᠡᠯᠡᠬᠦ᠂ ᠤᠰᠤᠨ ᠤ ᠡᠬᠢ ᠪᠠᠶᠠᠯᠢᠭ ᠢ  ᠪᠠᠶᠢᠴᠠᠭᠠᠬᠤ ᠵᠡᠷᠭᠡ ᠠᠵᠢᠯ ᠢ  ᠬᠢᠬᠦ ᠶᠢᠨ ᠬᠠᠮᠳᠤ᠂ ᠲᠡᠭᠡᠳᠦ ᠱᠠᠳᠤᠨ ᠤ ᠰᠠᠯᠠᠭ᠎ᠠ ᠮᠦᠴᠢᠷ ᠲᠠᠢ ᠵᠤᠬᠢᠴᠠᠭᠤᠯᠭ᠎ᠠ ᠬᠢᠵᠦ ᠪᠠᠶᠢᠭᠠᠳ ᠤᠷᠤᠨ ᠲᠤᠭᠤᠷᠢᠭ ᠤᠨ ᠲᠦᠯᠦᠪᠵᠢᠬᠦᠯᠬᠡ ᠶᠢ ᠬᠢᠨᠠᠨ ᠦᠨᠡᠯᠡᠬᠦᠯᠦᠨ᠎ᠡ᠃  ᠬᠤᠶᠠᠷ  ᠲᠤ᠂  ᠤᠷᠤᠨ ᠲᠤᠭᠤᠷᠢᠭ ᠤᠨ ᠬᠠᠮᠢᠶᠠᠷᠤᠯᠳᠠ ᠪᠠ ᠰᠠᠭᠤᠷᠢ ᠲᠦᠬᠦᠭᠡᠷᠦᠮᠵᠢ ᠶᠢᠨ ᠪᠠᠶᠢᠭᠤᠯᠤᠯᠳᠠ ᠶᠢ ᠴᠢᠩᠭᠠᠳᠬᠠᠵᠤ᠂  ᠤᠷᠤᠨ ᠲᠤᠭᠤᠷᠢᠭ   ᠲᠤ ᠵᠠᠮ᠂ ᠤᠰᠤ᠂ ᠴᠠᠬᠢᠯᠭᠠᠨ ᠵᠡᠷᠭᠡ ᠶᠢ ᠨᠡᠪᠳᠡᠷᠡᠬᠦᠯᠬᠦ   ᠶᠢᠨ ᠬᠠᠮᠳᠤ ᠬᠠᠳᠠᠭᠤᠷᠠᠭᠤᠯᠬᠤ᠂ ᠭᠡᠭᠡᠷᠡᠬᠦᠯᠬᠦ᠂ ᠨᠤᠭᠤᠭᠠᠷᠠᠭᠤᠯᠬᠤ ᠵᠡᠷᠭᠡ  ᠢᠵᠢ ᠪᠦᠷᠢᠳᠦᠭᠰᠡᠨ ᠠᠵᠢᠯ ᠢ ᠬᠢᠵᠦ᠂ ᠠᠵᠤ ᠠᠬᠤᠶᠢᠯᠠᠯ ᠳᠤ ᠪᠦᠳᠦᠭᠡᠨ ᠪᠠᠶᠢᠭᠤᠯᠤᠯᠳᠠ᠂ ᠦᠢᠯᠡᠳᠪᠦᠷᠢᠯᠡᠯ᠂ ᠠᠮᠢᠳᠤᠷᠠᠯ ᠤᠨ ᠲᠦᠪᠬᠢᠨᠡᠬᠦᠨ ᠰᠠᠶᠢᠬᠠᠨ ᠤᠷᠴᠢᠨ ᠲᠤᠭᠤᠷᠢᠨ ᠢ ᠪᠦᠷᠢᠳᠦᠬᠦᠯᠵᠦ ᠦᠭᠬᠦᠨ᠎ᠡ᠃  ᠤᠷᠤᠨ ᠲᠤᠭᠤᠷᠢᠭ ᠤᠨ ᠬᠠᠮᠢᠶᠠᠷᠤᠯᠳᠠ ᠶᠢᠨ ᠠᠯᠪᠠᠨ ᠭᠡᠷ ᠢ ᠪᠠᠶᠢᠭᠤᠯᠤᠭᠰᠠᠨ ᠰᠠᠭᠤᠷᠢᠨ ᠲᠡᠭᠡᠷ᠎ᠡ ᠠᠵᠢᠯ ᠤᠨ ᠠᠬᠢᠴᠠ ᠪᠠ ᠪᠤᠳᠠᠳᠠᠢ ᠭᠡᠷᠡᠭᠴᠡᠭᠡ ᠶᠢ ᠦᠨᠳᠦᠰᠦᠯᠡᠨ᠂  ᠤᠷᠤᠨ ᠲᠤᠭᠤᠷᠢᠭ ᠤᠨ ᠬᠠᠮᠢᠶᠠᠷᠤᠯᠳᠠ ᠶᠢᠨ ᠪᠠᠶᠢᠭᠤᠯᠤᠯ ᠪᠠ   ᠡᠷᠬᠢᠯᠳᠦᠬᠦᠯᠦᠯ ᠤᠨ ᠲᠤᠭᠳᠠᠴᠠ ᠶᠢ  ᠠᠯᠬᠤᠮ ᠠᠯᠬᠤᠮ  ᠢᠶᠠᠷ ᠲᠡᠬᠦᠯᠳᠡᠷᠵᠢᠬᠦᠯᠦᠨ᠎ᠡ᠃ ᠭᠤᠷᠪᠠ ᠳᠤ᠂ ᠤᠷᠤᠨ ᠲᠤᠭᠤᠷᠢᠭ ᠲᠤ ᠤᠷᠤᠵᠤ  ᠨᠤᠳᠤᠭᠰᠢᠭᠰᠠᠨ ᠠᠵᠤ ᠠᠬᠤᠶᠢᠯᠠᠯ ᠤᠨ ᠦᠢᠯᠡᠳᠪᠦᠷᠢᠯᠡᠯ  ᠡᠵᠡᠩᠨᠡᠯᠳᠡ ᠶᠢ ᠡᠬᠢᠯᠡᠬᠦᠯᠵᠦ᠂   14 ᠠᠵᠤ ᠠᠬᠤᠶᠢᠯᠠᠯ ᠢ  ᠤᠷᠤᠨ ᠲᠤᠭᠤᠷᠢᠭ ᠲᠤ ᠤᠷᠢᠵᠤ  ᠨᠤᠳᠤᠭᠰᠢᠠᠭᠤᠯᠭᠤ ᠪᠠᠷ ᠴᠢᠷᠮᠠᠶᠢᠨ᠂  ᠪᠤᠤ ᠶᠤᠸᠠᠨ ᠠᠷᠢᠬᠢᠨ ᠦᠢᠯᠡᠰ᠂ ᠺᠧ ᠲᠠᠢ ᠯᠦᠩ ᠳ᠋ᠠ ᠰᠢᠨᠵᠢᠯᠡᠭᠡ ᠮᠡᠷᠭᠡᠵᠢᠯ ᠤᠨ ᠦᠢᠯᠡᠰ᠂ ᠾᠦᠢ ᠲᠦᠩ ᠰᠦᠯᠢᠶᠤᠤ ᠪᠦᠳᠦᠭᠡᠭᠳᠡᠬᠦᠨ ᠤ ᠦᠢᠯᠡᠰ ᠵᠡᠷᠭᠡ 8 ᠠᠵᠤ ᠠᠬᠤᠶᠢᠯᠠᠯ ᠤᠨ ᠦᠢᠯᠡᠳᠪᠦᠷᠢᠯᠡᠯ ᠡᠬᠢᠯᠡᠬᠦ ᠶᠢ  ᠪᠠᠳᠤᠯᠠᠵᠤ᠂ ᠵᠢᠯ ᠤᠨ ᠤᠷᠤᠯᠭ᠎ᠠ ᠨᠢ  ᠳ᠋ᠦᠩᠰᠢᠭᠤᠷ  ᠲᠦᠬᠦᠷᠢᠭ ᠢ ᠲᠠᠪᠠᠭ᠋ᠤ ᠠᠵᠤ ᠠᠬᠤᠶᠢᠯᠠᠯ 4 ᠡᠷᠦᠬᠡ ᠶᠢ ᠪᠤᠶᠢᠵᠢᠭᠤᠯᠤᠨ᠎ᠠ᠃ ᠲᠠᠯ᠎ᠠ ᠨᠤᠳᠤᠭ ᠠᠷᠢᠬᠢᠨ ᠦᠢᠯᠡᠳᠪᠦᠷᠢ᠂  ᠯᠦᠩ ᠴᠠᠩ ᠲᠡᠮᠦᠷᠯᠢᠭ  ᠬᠠᠶᠢᠯᠤᠭᠤᠯᠬᠤ ᠠᠭᠤᠷᠬᠠᠢ ᠵᠡᠷᠭᠡ ᠤᠳᠤ ᠪᠠᠶᠢᠭ᠎ᠠ ᠠᠵᠤ ᠠᠬᠤᠶᠢᠯᠠᠯ ᠤᠨ ᠦᠢᠯᠡᠳᠪᠦᠷᠢᠯᠡᠯ ᠡᠵᠡᠩᠨᠡᠯᠳᠡ ᠶᠢ ᠪᠦᠬᠦ ᠬᠦᠴᠦᠨ ᠢᠶᠠᠷ ᠪᠠᠳᠤᠯᠠᠬᠤ ᠶᠢᠨ ᠬᠠᠮᠳᠤ ᠠᠵᠤ ᠠᠬᠤᠶᠢᠯᠠᠯ   ᠤᠨ ᠮᠡᠷᠭᠡᠵᠢᠯ   ᠢᠶᠠᠨ ᠰᠢᠨᠡᠴᠢᠯᠡᠨ ᠦᠢᠯᠡᠳᠪᠦᠷᠢᠯᠡᠯ ᠢᠶᠠᠨ ᠴᠢᠨᠠᠷᠵᠢᠭᠤᠯᠬᠤ ᠶᠢ ᠲᠡᠳᠬᠦᠨ ᠵᠤᠷᠢᠬᠵᠢᠭᠤᠯᠵᠤ᠂  ᠠᠵᠤ ᠠᠬᠤᠢ ᠶᠢᠨ ᠦᠷ᠎ᠡ ᠠᠰᠢᠭ ᠢ ᠤᠯᠠᠮ ᠨᠢᠬᠡ ᠠᠯᠬᠤᠮ ᠨᠡᠮᠡᠭᠳᠡᠬᠦᠯᠬᠦ ᠭᠡᠷᠡᠭᠳᠡᠢ᠃  ᠡᠨᠡ ᠵᠢᠯ ᠤᠷᠤᠨ ᠲᠤᠭᠤᠷᠢᠭ   ᠤᠨ  ᠪᠡᠶᠡᠯᠡᠬᠦᠯᠬᠦ ᠦᠢᠯᠡᠳᠪᠦᠷᠢᠯᠡᠯ ᠤᠨ ᠦᠷᠳᠡᠭ   ᠢ 13 ᠳ᠋ᠦᠩᠰᠢᠭᠤᠷ ᠲᠦᠭᠦᠷᠢᠭ   ᠲᠤ  ᠬᠦᠷᠭᠡᠵᠦ᠂   ᠨᠡᠮᠡᠭᠳᠡᠯ ᠤᠨ ᠦᠷᠳᠡᠭ ᠢ 5 ᠳ᠋ᠦᠩᠰᠢᠭᠤᠷ ᠲᠦᠭᠦᠷᠢᠭ ᠲᠠᠪᠠᠭᠤᠯᠬᠤ ᠪᠠᠷ ᠴᠢᠷᠮᠠᠶᠢᠨ᠎ᠠ᠃  ᠲᠦᠷᠪᠡ ᠳᠤ᠂ ᠲᠤᠨᠤᠭ ᠲᠦᠬᠦᠭᠡᠷᠦᠮᠵᠢ ᠦᠢᠯᠡᠳᠬᠦ  ᠪᠠ ᠴᠡᠪᠡᠷ ᠡᠨᠧᠷᠬᠢ  ᠠᠰᠢᠭᠯᠠᠬᠤ ᠵᠡᠷᠭᠡ ᠰᠢᠨ᠎ᠡ ᠬᠡᠯᠪᠡᠷᠢ ᠶᠢᠨ  ᠠᠵᠤ ᠦᠢᠯᠡᠰ ᠢ ᠭᠤᠤᠯᠳᠠᠯᠭᠠᠳᠠᠢ ᠪᠤᠶᠢᠵᠢᠭᠤᠯᠵᠤ ᠂   ᠰᠢᠯᠢ ᠶᠢᠨ ᠭᠤᠤᠯ ᠠᠶᠢᠮᠠᠭ ᠤᠨ ᠴᠠᠬᠢᠯᠭᠠᠨ  ᠡᠨᠧᠷᠬᠢ ᠶᠢᠨ ᠰᠠᠭᠤᠷᠢᠨ ᠭᠠᠵᠠᠷ ᠢ ᠬᠦᠭᠵᠢᠬᠦᠯᠬᠦ  ᠠᠵᠠ ᠲᠤᠬᠢᠶᠠᠯ ᠢ ᠠᠰᠢᠭᠯᠠᠨ᠂  ᠰᠢᠨ᠎ᠡ ᠡᠨᠧᠷᠬᠢ ᠶᠢᠨ ᠠᠵᠤ ᠦᠢᠯᠡᠰ ᠤᠨ ᠬᠦᠭᠵᠢᠯᠳᠡ ᠶᠢ ᠲᠦᠷᠭᠡᠳᠭᠡᠵᠦ᠂ ᠰᠠᠯᠬᠢᠨ ᠬᠦᠴᠦᠨ ᠢᠶᠠᠷ ᠴᠠᠬᠢᠯᠭᠠᠨ ᠭᠠᠷᠭᠠᠬᠤ ᠵᠡᠷᠭᠡ  ᠴᠡᠪᠡᠷ  ᠡᠨᠧᠷᠬᠢ ᠶᠢᠨ ᠠᠵᠤ ᠦᠢᠯᠡᠰ ᠢ ᠮᠠᠨ ᠤ ᠬᠤᠰᠢᠭᠤᠨ ᠤ ᠠᠵᠤ ᠦᠢᠯᠡᠳᠪᠦᠷᠢ   ᠶᠢᠨ ᠬᠦᠭᠵᠢᠯᠳᠡ ᠶᠢ ᠲᠦᠯᠬᠢᠨ ᠠᠬᠢᠭᠤᠯᠬᠤ ᠭᠤᠤᠯᠳᠠᠯᠭᠠᠳᠠᠢ ᠠᠵᠤ ᠦᠢᠯᠡᠰ ᠪᠤᠯᠭᠠᠨ᠎ᠠ᠃ ᠡᠬᠦᠨ  ᠤ ᠬᠠᠮᠳᠤ᠂  ᠲᠤᠨᠤᠭ ᠲᠦᠬᠦᠭᠡᠷᠦᠮᠵᠢ ᠦᠢᠯᠡᠳᠬᠦ  ᠂  ᠡᠯᠧᠺᠲᠷᠤᠨ ᠮᠡᠳᠡᠭᠡ ᠵᠠᠩᠬᠢ᠂ ᠰᠢᠨ᠎ᠡ ᠮᠠᠲ᠋ᠧᠷᠢᠶᠠᠯ  ᠵᠢᠴᠢ ᠬᠤᠯᠪᠤᠭᠳᠠᠯ ᠪᠦᠬᠦᠢ ᠢᠵᠢ ᠪᠦᠷᠢᠳᠦᠭᠰᠡᠨ ᠠᠵᠤ ᠦᠢᠯᠡᠰ ᠢ ᠤᠷᠤᠭᠤᠯᠵᠤ᠂  ᠠᠵᠤ ᠦᠢᠯᠡᠰ ᠤᠨ ᠭᠡᠯᠬᠢᠶᠡᠰᠦᠯᠡᠯ ᠢ ᠰᠤᠨᠤᠭᠠᠨ᠂ ᠠᠵᠤ ᠦᠢᠯᠡᠰ ᠤᠨ ᠦᠷ᠎ᠡ ᠨᠦᠯᠦᠬᠡ   ᠶᠢ ᠲᠦᠪᠯᠡᠷᠡᠬᠦᠯᠬᠦ ᠭᠡᠷᠡᠭᠳᠡᠢ᠃      ︵ᠲᠦᠷᠪᠡ︶  ᠤᠳᠤ ᠦᠶ᠎ᠡ ᠶᠢᠨ ᠦᠢᠯᠡᠴᠢᠯᠡᠬᠡᠨ ᠤ ᠦᠢᠯᠡᠰ ᠤᠨ ᠬᠦᠭᠵᠢᠯᠳᠡ ᠶᠢ ᠲᠦᠷᠭᠡᠳᠭᠡᠨ᠂ ᠠᠵᠤ ᠦᠢᠯᠡᠰ ᠤᠨ ᠭᠡᠪᠴᠢᠶ᠎ᠡ ᠶᠢ ᠦᠷᠬᠦᠯᠵᠢᠯᠡᠨ ᠪᠤᠵᠠᠭᠠᠶᠢᠷᠠᠭᠤᠯᠤᠨ᠎ᠠ  ᠃  ᠨᠢᠬᠡ ᠳᠤ᠂  ᠠᠷᠠᠯᠵᠢᠶ᠎ᠠ ᠬᠦᠢᠯᠬᠡᠬᠡᠨ ᠤ  ᠦᠢᠯᠡᠴᠢᠯᠡᠬᠡᠨ ᠤ  ᠦᠢᠯᠡᠰ   ᠢ ᠤᠯᠠᠮ ᠰᠠᠶᠢᠨ ᠴᠢᠨᠠᠷᠵᠢᠭᠤᠯᠤᠨ  ᠬᠦᠭᠵᠢᠬᠦᠯᠦᠨ᠎ᠡ᠃  ᠠᠷᠠᠯᠵᠢᠶ᠎ᠠ ᠬᠦᠢᠯᠬᠡᠬᠡᠨ ᠤ  ᠤᠷᠤᠨ ᠲᠤᠭᠤᠷᠢᠭ   ᠤᠨ ᠲᠦᠯᠦᠪᠵᠢᠬᠦᠯᠬᠡ   ᠶᠢ ᠲᠦᠷᠭᠡᠨ ᠬᠢᠵᠦ᠂  ᠢᠳᠡᠪᠬᠢᠳᠡᠢ  ᠠᠷᠭ᠎ᠠ  ᠬᠡᠮᠵᠢᠶ᠎ᠡ ᠠᠪᠴᠤ  ᠪᠸᠢ  ᠬᠦᠸᠧ  ᠬᠤᠳᠠᠯᠳᠤᠭᠠᠨ ᠤ ᠲᠤᠭᠤᠷᠢᠭ ᠪᠠ ᠵᠢᠵᠢᠭ ᠲᠠᠸᠠᠷ  ᠪᠦᠬᠡᠮᠳᠡᠬᠦ ᠵᠠᠬ᠎ᠠ ᠲᠡᠯᠬᠡᠬᠦᠷ ᠤᠨ  ᠪᠦᠳᠦᠬᠡᠨ ᠪᠠᠶᠢᠭᠤᠯᠤᠯᠳᠠ ᠶᠢ ᠲᠠᠭᠤᠰᠬᠠᠨ ᠲᠤᠷᠰᠢᠵᠤ ᠡᠵᠩᠨᠡᠨ᠎ᠡ᠃  ᠲᠢᠶᠠᠨ ᠪᠤᠤ ᠮᠠᠰᠢᠨ ᠲᠡᠷᠭᠡ ᠰᠡᠯᠪᠢᠨ ᠵᠠᠰᠠᠬᠤ ᠪᠠ ᠠᠷᠠᠯᠵᠢᠶᠠᠯᠠᠬᠤ ᠤᠷᠤᠨ ᠲᠤᠭᠤᠷᠢᠭ   ᠤᠨ ᠪᠦᠳᠦᠬᠡᠨ ᠪᠠᠶᠢᠭᠤᠯᠤᠯᠳᠠ ᠶᠢ ᠲᠦᠷᠭᠡᠳᠭᠡᠵᠦ᠂ ᠨᠢᠬᠡᠳᠦᠭᠡᠷ ᠬᠤᠭᠤᠴᠠᠭᠠᠨ ᠤ ᠡᠵᠡᠩᠨᠡᠯᠳᠡ ᠶᠢ ᠡᠬᠢᠯᠡᠬᠦᠯᠦᠨ᠂  ᠬᠤᠶᠠᠳᠤᠭᠠᠷ ᠬᠤᠭᠤᠴᠠᠭᠠᠨ ᠤ ᠪᠦᠳᠦᠭᠡᠨ ᠪᠠᠶᠢᠭᠤᠯᠤᠯᠳᠠ ᠶᠢᠨ ᠠᠵᠢᠯ ᠢ ᠡᠬᠢᠯᠡᠨ᠎ᠡ  ᠃  ᠲᠢᠶᠠᠨ ᠮᠠ ᠲᠠᠷᠢᠶᠠᠯᠠᠩ ᠤᠨ ᠪᠦᠳᠦᠭᠡᠭᠳᠡᠬᠦᠨ ᠤ ᠠᠷᠠᠯᠵᠢᠶᠠᠨ ᠤ  ᠺᠤᠮᠫᠠᠨᠢ ᠶᠢᠨ ᠲᠤᠬᠢᠷᠠᠭᠤᠯᠤᠨ ᠬᠦᠷᠭᠡᠬᠦ ᠲᠦᠪ ᠤᠨ ᠪᠦᠳᠦᠬᠡᠨ ᠪᠠᠶᠢᠭᠤᠯᠤᠯᠳᠠ ᠶᠢ ᠬᠢᠨ᠎ᠡ  ᠃  ᠬᠤᠳᠠ ᠬᠦᠳᠡᠭᠡ ᠶᠢᠨ ᠤᠳᠤᠬᠢᠴᠢᠯᠠᠭᠰᠠᠨ ᠬᠦᠢᠯᠬᠡᠬᠡᠨ ᠤ ᠰᠢᠰᠲ᠋ᠧᠮ ᠤᠨ ᠪᠠᠶᠢᠭᠤᠯᠤᠯᠳᠠ ᠶᠢ  ᠬᠦᠴᠦᠯᠡᠨ ᠠᠬᠢᠭᠤᠯᠵᠤ  ᠂  ︽ ᠲᠦᠮᠡᠨ ᠲᠤᠰᠬᠤᠨ ᠮᠢᠩᠭᠠᠨ ᠰᠢᠶᠠᠩ   ᠤᠨ ᠵᠠᠬ᠎ᠠ ᠲᠡᠯᠬᠡᠬᠦᠷ ᠤᠨ ᠢᠨᠵᠧᠨᠧᠷᠢᠩ︾   ᠢᠶᠠᠷ  ᠮᠠᠯᠵᠢᠬᠤ ᠲᠠᠷᠢᠶᠠᠯᠠᠬᠤ ᠤᠷᠤᠨ ᠢ  ᠭᠤᠷᠪᠠᠨ ᠵᠢᠯ ᠳᠤ ᠦᠪᠴᠢ ᠬᠠᠮᠤᠷᠤᠨ᠂ ᠰᠤᠮᠤ ᠰᠢᠶᠠᠩ ᠪᠠᠯᠭᠠᠰᠤᠨ ᠤ ᠲᠠᠷᠢᠶᠠᠯᠠᠩ ᠤᠨ ᠪᠦᠳᠦᠭᠡᠭᠳᠡᠬᠦᠨ ᠤ ᠠᠷᠠᠯᠵᠢᠶᠠᠨ ᠤ ᠵᠠᠬ᠎ᠠ ᠶᠢ  ᠦᠭᠡᠷᠡᠴᠢᠯᠡᠨ ᠴᠢᠨᠠᠷᠵᠢᠭᠤᠯᠵᠤ᠂  ᠮᠠᠯᠵᠢᠬᠤ ᠲᠠᠷᠢᠶᠠᠯᠠᠬᠤ ᠤᠷᠤᠨ ᠤ ᠵᠠᠬ᠎ᠠ ᠲᠡᠯᠬᠡᠬᠦᠷ ᠢ ᠤᠯᠠᠮ ᠨᠢᠬᠡ ᠠᠯᠬᠤᠮ  ᠦᠷᠭᠡᠳᠭᠡᠨ᠎ᠡ᠃ ᠲᠦᠮᠦᠰᠦ ᠬᠦᠮᠦᠷᠭᠡᠯᠡᠨ ᠠᠷᠠᠯᠵᠢᠶᠠᠯᠠᠬᠤ ᠲᠦᠷᠦᠯ ᠵᠦᠢᠯ ᠢ ᠡᠬᠢᠯᠡᠨ  ᠂ 25 ᠲᠤᠨ ᠤ ᠪᠠᠭᠳᠠᠭᠠᠮᠵᠢ ᠲᠠᠢ ᠲᠦᠮᠦᠰᠦᠨ ᠵᠤᠭᠤᠷᠢ ᠶᠢ ᠵᠢᠯ ᠬᠤᠪᠢᠶᠠᠨ ᠪᠦᠳᠦᠭᠡᠨ ᠪᠠᠶᠢᠭᠤᠯᠵᠤ  ᠂  ᠰᠢᠯᠢ ᠶᠢᠨ ᠭᠤᠤᠯ ᠠᠶᠢᠮᠠᠭ ᠤᠨ ᠲᠦᠮᠦᠰᠦ ᠲᠠᠷᠢᠬᠤ᠂ ᠬᠠᠳᠠᠭᠠᠯᠠᠬᠤ᠂ ᠪᠤᠯᠪᠠᠰᠤᠷᠠᠭᠤᠯᠬᠤ ᠪᠠ ᠠᠷᠠᠯᠵᠢᠶᠠᠯᠠᠬᠤ ᠠᠵᠤ ᠦᠢᠯᠡᠰ  ᠤᠨ  ᠭᠡᠯᠬᠢᠶᠡᠰᠦ ᠪᠠ ᠰᠤᠯᠢᠯᠴᠠᠭᠠᠨ ᠤ ᠤᠷᠤᠨ ᠲᠤᠭᠤᠷᠢᠭ  ᠪᠤᠯᠭᠠᠵᠤ  ᠡᠬᠦᠳᠦᠨ ᠪᠠᠶᠢᠭᠤᠯᠤᠨ᠎ᠠ  ᠃   ᠬᠤᠶᠠᠷ  ᠲᠤ᠂ ᠰᠤᠶᠤᠯ ᠵᠤᠭᠠᠴᠠᠯ ᠤᠨ ᠠᠵᠤ ᠦᠢᠯᠡᠰ ᠢ  ᠬᠦᠴᠦᠷᠭᠡᠭᠵᠢᠬᠦᠯᠦᠨ ᠪᠤᠵᠠᠭᠠᠶᠢᠷᠠᠭᠤᠯᠤᠨ᠎ᠠ᠃  ᠮᠠᠨ ᠤ ᠬᠤᠰᠢᠭᠤᠨ ᠤ  ᠲᠠᠷᠢᠶᠠᠯᠠᠩ ᠮᠠᠯᠵᠢᠯ ᠤᠶᠠᠯᠳᠤᠭᠰᠠᠨ ᠠᠵᠤ ᠠᠬᠤᠢ ᠶᠢᠨ ᠭᠡᠯᠪᠡᠷᠢ ᠳᠤ  ᠵᠤᠬᠢᠴᠠᠭᠤᠯᠵᠤ᠂  ᠲᠠᠯ᠎ᠠ ᠨᠤᠳᠤᠭ ᠤᠨ ᠦᠨᠳᠦᠰᠦᠳᠡᠨ ᠤ ᠵᠠᠩ ᠦᠢᠯᠡ᠂ ᠲᠠᠷᠢᠶᠠᠯᠠᠬᠤ ᠰᠤᠶᠤᠯ ᠵᠢᠴᠢ ᠰᠢᠨ᠎ᠡ ᠬᠡᠯᠪᠡᠷᠢ ᠶᠢᠨ ᠠᠵᠤ ᠦᠢᠯᠡᠳᠪᠦᠷᠢ   ᠶᠢᠨ ᠦᠵᠡᠬᠦᠯᠬᠡ ᠶᠢᠨ ᠵᠤᠭᠠᠴᠠᠯ ᠢᠶᠠᠷ ᠭᠤᠤᠯ ᠪᠤᠯᠭᠠᠭᠰᠠᠨ  ᠤᠨᠴᠠᠯᠢᠭᠳᠤ ᠰᠤᠶᠤᠯ ᠵᠤᠭᠠᠴᠠᠯ ᠤᠨ ᠠᠵᠤ ᠦᠢᠯᠡᠰ ᠢ ᠦᠷᠬᠦᠯᠵᠢᠯᠡᠨ ᠬᠦᠭᠵᠢᠬᠦᠯᠵᠦ᠂  ᠵᠤᠭᠠᠴᠠᠯ ᠤᠨ ᠦᠢᠯᠡᠰ ᠤᠨ ᠬᠦᠭᠵᠢᠯᠳᠡ ᠶᠢᠨ ᠲᠦᠯᠦᠪᠵᠢᠬᠦᠯᠬᠡ ᠶᠢ ᠲᠠᠷᠤᠢ ᠲᠦᠷᠭᠡᠨ ᠲᠤᠭᠳᠠᠭᠠᠬᠤ ᠭᠡᠷᠡᠭᠳᠡᠢ᠃ ᠮᠠᠯᠠᠭᠠᠢ ᠶᠢᠨ ᠰᠦᠮ᠎ᠡ ᠶᠢᠨ ᠦᠵᠡᠮᠵᠢ ᠶᠢᠨ ᠤᠷᠤᠨ ᠢ  3A ᠲᠡᠰ ᠤᠨ ᠦᠵᠡᠮᠵᠢᠳᠦ ᠤᠷᠤᠨ ᠢᠶᠠᠷ  ᠡᠷᠡᠮᠡᠯᠵᠡᠯᠡᠨ  ᠮᠡᠳᠡᠬᠦᠯᠬᠦ᠂  ᠹᠧᠩ ᠬᠤᠸᠠᠩ ᠱᠠᠨ ᠵᠤᠸᠠᠩ ᠠᠮᠠᠷᠠᠯᠳᠠ ᠵᠤᠭᠠᠴᠠᠯ ᠤᠨ ᠲᠤᠰᠬᠤᠨ   ᠢ 4 ᠤᠳᠤᠨ ᠲᠡᠰ ᠤᠨ ᠵᠤᠭᠠᠴᠠᠯ ᠤᠨ ᠴᠡᠭ ᠢᠶᠠᠷ ᠡᠷᠡᠮᠡᠯᠵᠡᠯᠡᠨ  ᠮᠡᠳᠡᠬᠦᠯᠬᠦ  ᠠᠵᠢᠯ ᠢ ᠬᠠᠮᠵᠢᠯᠴᠠᠨ ᠬᠢᠵᠦ  ᠂  ︽ ᠬᠠᠭᠠᠨ ᠤ ᠠᠳᠤᠭᠤᠨ ᠵᠤᠰᠠᠭᠠᠯ  ︾   ᠤᠨ ᠤᠯᠤᠰ ᠤᠨ 5A ᠲᠡᠰ ᠤᠨ ᠦᠵᠡᠮᠵᠢᠳᠦ ᠤᠷᠤᠨ ᠪᠤᠯᠬᠤ ᠲᠦᠯᠦᠪᠵᠢᠬᠦᠯᠬᠡ   ᠳᠤ  ᠦᠨᠡᠯᠡᠯᠳᠡ ᠬᠢᠯᠬᠡᠨ᠂ ᠬᠤᠶᠢᠳᠤ ᠸᠠᠶᠤᠤ ᠭᠠᠴᠠᠭᠠᠨ ᠤ ᠦᠨᠳᠦᠰᠦᠳᠡᠨ ᠤ ᠤᠨᠴᠠᠯᠢᠭᠳᠤ ᠬᠤᠳᠠ ᠤᠰᠤᠨ ᠤ ᠪᠦᠳᠦᠭᠡᠨ ᠪᠠᠶᠢᠭᠤᠯᠤᠯᠳᠠ᠂  ᠤᠷᠭᠠᠨᠢᠭ ᠰᠠᠷᠭᠠᠢ   ᠶᠢᠨ ᠠᠵᠤ ᠦᠢᠯᠡᠰ ᠤᠨ ᠲᠤᠭᠤᠷᠢᠭ ᠵᠡᠷᠭᠡ  ᠦᠵᠡᠮᠵᠢ ᠶᠢᠨ ᠤᠷᠤᠨ ᠦᠵᠡᠮᠵᠢ ᠶᠢᠨ ᠴᠡᠭ ᠤᠨ ᠰᠠᠭᠤᠷᠢ ᠲᠦᠬᠦᠭᠡᠷᠦᠮᠵᠢ   ᠶᠢ ᠲᠦᠷᠭᠡᠨ  ᠪᠦᠷᠢᠨᠰᠢᠬᠦᠯᠦᠨ᠎ᠡ᠃  ᠮᠠᠨ ᠤ ᠬᠤᠰᠢᠭᠤᠨ ᠤ ᠪᠠᠨ ᠵᠤᠭᠠᠴᠠᠯ ᠤᠨ ᠲᠠᠸᠠᠷ ᠤᠨ ᠵᠠᠬ᠎ᠠ ᠲᠡᠯᠬᠡᠬᠦᠷ ᠢ  ᠬᠦᠴᠦᠯᠡᠨ ᠬᠦᠭᠵᠢᠬᠦᠯᠵᠦ᠂  ᠤᠨᠴᠠᠯᠢᠭᠳᠤ ᠢᠳᠡᠭᠡᠨ ᠤᠮᠳᠠᠭᠠᠨ ᠡᠳ᠋ᠰᠢᠬᠦᠯᠦᠨ ᠪᠤᠯᠪᠠᠰᠤᠷᠠᠭᠤᠯᠬᠤ ᠲᠦᠷᠦᠯ ᠵᠦᠢᠯ  ᠢ ᠲᠦᠯᠬᠢᠨ ᠠᠬᠢᠭᠤᠯᠬᠤ ᠭᠡᠷᠡᠭᠳᠡᠢ᠃   ᠬᠦᠷᠢᠶᠡᠯᠡᠩ ᠤᠨ ᠰᠤᠶᠤᠯ ᠪᠠ ᠲᠠᠷᠢᠶ᠎ᠠ ᠰᠢᠭᠤᠢ ᠶᠢᠨ ᠠᠮᠢ  ᠠᠬᠤᠢ   ᠶᠢᠨ ᠵᠤᠭᠠᠴᠠᠯ᠂ ᠱᠠᠨ ᠰᠢ ᠶᠢᠨ ᠮᠸᠢ ᠶᠤᠸᠠᠨ ᠪᠦᠯᠦᠭᠯᠡᠯ ᠤᠨ ᠵᠤᠭᠠᠴᠠᠯ ᠤᠨ ᠦᠢᠯᠡᠰ᠂ ᠼᠤᠤ ᠶᠤᠸᠠᠨ ᠲᠧ ᠠᠮᠢ ᠠᠬᠤᠢ  ᠶᠢᠨ ᠦᠵᠡᠮᠵᠢ ᠶᠢᠨ  ᠬᠦᠷᠢᠶᠡᠯᠡᠩ᠂  ᠮᠤᠩᠭᠤᠯ ᠶᠤᠸᠠᠨ ᠤ ᠰᠤᠶᠤᠯ ᠤᠨ ᠵᠡᠬᠡᠯᠢ ᠵᠡᠷᠭᠡ ᠲᠦᠷᠦᠯ ᠵᠦᠢᠯ ᠤᠨ ᠲᠦᠷᠦᠬᠦᠴᠢ ᠬᠤᠭᠤᠴᠠᠭᠠᠨ ᠤ ᠠᠵᠢᠯ ᠢ  ᠲᠦᠷᠭᠡᠳᠬᠡᠨ ᠠᠬᠢᠭᠤᠯᠤᠨ᠎ᠠ᠃ ︽ᠬᠠᠭᠠᠨ ᠤ ᠠᠳᠤᠭᠤᠨ ᠰᠤᠶᠤᠯ ᠤᠨ ᠨᠠᠶᠢᠷ︾᠂ ︽ᠴᠡᠭᠡ ᠶᠢᠨ ᠨᠠᠶᠢᠷ︾ ᠢᠶᠠᠷ ᠭᠤᠤᠯ ᠰᠡᠳᠦᠪ ᠪᠤᠯᠭᠠᠭᠰᠠᠨ ᠨᠠᠶᠢᠷ ᠨᠠᠭᠠᠳᠤᠮ ᠤᠨ ᠬᠦᠳᠡᠯᠪᠦᠷᠢ ᠶᠢ ᠵᠤᠬᠢᠶᠠᠨ ᠪᠠᠶᠢᠭᠤᠯᠵᠤ᠂ ᠬᠠᠭᠠᠨ ᠤ ᠠᠳᠤᠭᠤᠨ ᠰᠤᠶᠤᠯ ᠤᠨ ᠨᠦᠯᠦᠬᠡᠯᠡᠬᠦ ᠬᠦᠴᠦᠨ ᠪᠠ ᠨᠡᠷ᠎ᠡ ᠠᠯᠳᠠᠷᠰᠢᠯ ᠢ ᠤᠯᠠᠮ ᠨᠡᠮᠡᠭᠳᠡᠬᠦᠯᠬᠦ ᠭᠡᠷᠡᠭᠳᠡᠢ᠃ ᠭᠠᠵᠠᠷ ᠤᠷᠤᠨ ᠠᠯᠤᠰᠯᠠᠭᠰᠠᠨ ᠵᠤᠭᠠᠴᠠᠯ ᠤᠨ ᠬᠠᠮᠳᠤᠷᠠᠯᠴᠠᠭ᠎ᠠ ᠶᠢ ᠲᠦᠯᠬᠢᠨ ᠠᠬᠢᠭᠤᠯᠵᠤ ᠂ ᠪᠡᠭᠡᠵᠢᠩ ᠲᠢᠶᠠᠨᠵᠢᠨ ᠾᠧᠪᠸᠢ   ᠶᠢᠨ ᠨᠡᠷ᠎ᠡ ᠠᠯᠳᠠᠷᠳᠠᠢ ᠲᠤᠮᠤ ᠭᠡᠯᠪᠡᠷᠢ ᠶᠢᠨ ᠰᠤᠶᠤᠯ ᠵᠤᠭᠠᠴᠠᠯ ᠤᠨ ᠠᠵᠤ ᠠᠬᠤᠶᠢᠯᠠᠯ ᠢ ᠮᠠᠨ ᠤ ᠬᠤᠰᠢᠭᠤᠨ ᠳᠠᠭᠠᠨ ᠤᠷᠢᠵᠤ  ᠨᠤᠳᠤᠭᠰᠢᠭᠤᠯᠤᠨ᠂  ᠤᠶᠢᠷ᠎ᠠ ᠤᠷᠴᠢᠨ ᠤ ᠠᠶᠢᠮᠠᠭ ᠬᠤᠳᠠ ᠬᠤᠰᠢᠭᠤ ᠰᠢᠶᠠᠨ ᠯᠤᠭ᠎ᠠ ᠰᠤᠯᠢᠯᠴᠠᠭ᠎ᠠ ᠬᠠᠮᠵᠢᠯᠴᠠᠭ᠎ᠠ ᠪᠠᠨ ᠴᠢᠩᠭᠠᠳᠬᠠᠵᠤ᠂  ᠵᠤᠭᠠᠴᠠᠯ ᠤᠨ ᠵᠠᠬ᠎ᠠ ᠲᠡᠯᠬᠡᠬᠦᠷ ᠢ ᠤᠯᠠᠮ ᠴᠢᠨᠠᠭᠰᠢᠳᠠ ᠦᠷᠭᠡᠳᠭᠡᠬᠦ ᠭᠡᠷᠡᠭᠳᠡᠢ᠃  ᠭᠤᠷᠪᠠ ᠳᠤ᠂  ᠰᠢᠨ᠎ᠡ ᠬᠡᠯᠪᠡᠷᠢ ᠶᠢᠨ ᠦᠢᠯᠡᠴᠢᠯᠡᠬᠡᠨ ᠤ ᠦᠢᠯᠡᠰ ᠢ ᠬᠦᠴᠦ ᠲᠠᠯᠪᠢᠵᠤ ᠪᠤᠶᠢᠵᠢᠭᠤᠯᠤᠨ᠎ᠠ᠃  ᠬᠤᠳᠠ ᠪᠠᠯᠭᠠᠰᠤᠵᠢᠯᠳᠠ ᠶᠢᠨ ᠬᠦᠭᠵᠢᠯᠳᠡ ᠶᠢᠨ ᠬᠠᠨᠳᠤᠰᠢ ᠶᠢ ᠲᠠᠭᠠᠭᠤᠯᠤᠨ᠂ ᠭᠡᠷ ᠤᠨ ᠠᠵᠢᠯ ᠤᠨ ᠦᠢᠯᠡᠴᠢᠯᠡᠭᠡ᠂ ᠰᠠᠭᠤᠭᠠᠯᠢ ᠲᠤᠭᠤᠷᠢᠭ ᠤᠨ ᠬᠠᠮᠢᠶᠠᠷᠤᠯᠳᠠ᠂ ᠡᠮ ᠡᠮᠨᠡᠯᠬᠡ ᠡᠷᠡᠬᠦᠯ ᠬᠠᠮᠠᠭᠠᠯᠠᠯ᠂ ᠰᠤᠶᠤᠯ ᠰᠤᠷᠭᠠᠨ ᠬᠦᠮᠦᠵᠢᠯ ᠤᠨ ᠦᠢᠯᠡᠴᠢᠯᠡᠭᠡ᠂  ᠵᠠᠭᠤᠴᠢ ᠦᠢᠯᠡᠴᠢᠯᠡᠭᠡ ᠪᠠᠷ ᠭᠤᠤᠯ ᠪᠤᠯᠭᠠᠭᠰᠠᠨ ᠨᠡᠶᠢᠬᠡᠮ ᠲᠤᠭᠤᠷᠢᠭ ᠤᠨ ᠦᠢᠯᠡᠴᠢᠯᠡᠬᠡᠨ ᠤ ᠦᠢᠯᠡᠰ ᠢ ᠲᠦᠷᠭᠡᠨ  ᠬᠦᠭᠵᠢᠬᠦᠯᠬᠦ ᠭᠡᠷᠡᠭᠳᠡᠢ᠃ ᠨᠡᠶᠢᠳᠡ  ᠶᠢᠨ ᠦᠮᠴᠢᠯᠡᠯ ᠤᠨ ᠪᠤᠰᠤ ᠠᠵᠤ ᠠᠬᠤᠢ   ᠶᠢ  ᠲᠡᠳᠬᠦᠵᠦ ᠬᠦᠭᠵᠢᠬᠦᠯᠬᠦ ᠲᠤᠬᠠᠢ  ᠦᠪᠡᠷᠳᠡᠭᠡᠨ ᠵᠠᠰᠠᠬᠤ ᠤᠷᠤᠨ  ᠤ  70 ᠵᠤᠷᠪᠤᠰ ᠠᠷᠭ᠎ᠠ ᠲᠦᠷᠢᠮ ᠢ ᠨᠢᠮᠪᠠᠢ ᠨᠠᠶᠢᠳᠠᠪᠤᠷᠢᠵᠢᠭᠤᠯᠵᠤ᠂ ᠡᠯ᠎ᠡ ᠲᠦᠷᠦᠯ ᠤᠨ ᠮᠦᠩᠬᠦᠨ ᠬᠦᠢᠯᠬᠡᠬᠡᠨ ᠤ ᠪᠠᠶᠢᠭᠤᠯᠤᠮᠵᠢ ᠶᠢ ᠲᠠᠶᠢᠴᠢᠯᠠᠨ᠂ ᠵᠠᠰᠠᠭ ᠤᠨ ᠤᠷᠳᠤᠨ ᠪᠠ ᠮᠦᠩᠬᠦᠨ ᠬᠦᠢᠯᠬᠡᠬᠡᠨ ᠤ ᠪᠠᠶᠢᠭᠤᠯᠤᠮᠵᠢ  ᠂ ᠮᠦᠩᠬᠦᠨ ᠬᠦᠢᠯᠬᠡᠬᠡᠨ ᠤ ᠪᠠᠶᠢᠭᠤᠯᠤᠮᠵᠢ ᠪᠠ ᠠᠵᠤ ᠠᠬᠤᠶᠢᠯᠠᠯ ᠤᠨ ᠵᠤᠯᠭᠠᠯᠳᠠ ᠶᠢᠨ ᠲᠤᠭᠳᠠᠴᠠ ᠶᠢ  ᠲᠡᠬᠦᠯᠳᠡᠷᠵᠢᠬᠦᠯᠵᠦ᠂ ᠮᠦᠩᠬᠦᠨ ᠬᠦᠢᠯᠬᠡᠬᠡᠨ ᠤ ᠪᠠᠶᠢᠭᠤᠯᠤᠮᠵᠢ ᠲᠠᠢ ᠵᠤᠬᠢᠴᠠᠭᠤᠯᠭ᠎ᠠ ᠬᠢᠬᠦ ᠪᠠᠷ ᠲᠠᠮᠵᠢᠨ ᠵᠢᠬᠡᠯᠡᠯᠬᠡ ᠲᠠᠷᠬᠠᠭᠠᠬᠤ ᠬᠦᠷᠢᠶ᠎ᠡ ᠭᠡᠪᠴᠢᠶ᠎ᠡ ᠪᠠ ᠲᠤᠭ᠎ᠠ ᠭᠡᠮᠵᠢᠶ᠎ᠡ ᠶᠢ ᠶᠡᠬᠡᠰᠬᠡᠨ᠂ ᠮᠦᠩᠬᠦᠨ ᠬᠦᠢᠯᠬᠡᠬᠡᠨ ᠤ  ᠦᠢᠯᠡᠰ ᠤᠨ ᠠᠵᠤ ᠠᠬᠤᠢ ᠶᠢᠨ ᠬᠦᠭᠵᠢᠯᠳᠡ ᠳᠤ ᠦᠢᠯᠡᠴᠢᠯᠡᠬᠦ ᠴᠢᠳᠠᠪᠤᠷᠢ ᠶᠢ ᠴᠢᠩᠭᠠᠷᠠᠭᠤᠯᠤᠨ᠎ᠠ᠃  ᠡᠨᠡ ᠵᠢᠯ  ᠵᠠᠰᠠᠭ ᠤᠨ ᠤᠷᠳᠤᠨ ᠠᠴᠠ ᠪᠡᠯᠡ ᠤᠷᠤᠭᠤᠯᠤᠭᠰᠠᠨ  ᠪᠡᠯᠡ  ᠮᠦᠩᠬᠦᠨ ᠤ ᠪᠠᠳᠤᠯᠠᠭᠠᠳᠤ ᠺᠤᠮᠫᠠᠨᠢ ᠶᠢ ᠪᠠᠶᠢᠭᠤᠯᠵᠦ᠂  ᠤᠳᠤ ᠦᠶ᠎ᠡ ᠶᠢᠨ ᠲᠠᠷᠢᠶᠠᠯᠠᠩ ᠮᠠᠯ ᠠᠵᠤ ᠠᠬᠤᠢ ᠶᠢᠨ ᠬᠦᠭᠵᠢᠯᠳᠡ ᠪᠠ ᠲᠤᠮᠳᠠ ᠪᠠᠭ᠎ᠠ ᠠᠵᠤ ᠠᠬᠤᠶᠢᠯᠠᠯ ᠳᠤ ᠪᠡᠯᠡ ᠮᠦᠩᠬᠦ  ᠬᠠᠩᠭᠠᠬᠤ ᠦᠢᠯᠡᠴᠢᠯᠡᠭᠡ ᠬᠢᠵᠦ᠂ ᠪᠡᠯᠡ  ᠮᠦᠩᠬᠦᠨ ᠤ ᠬᠦᠴᠢᠷᠳᠡᠯ ᠢ ᠰᠢᠢᠳᠪᠦᠷᠢᠯᠡᠨ᠎ᠡ᠃        ︵ᠲᠠᠪᠤ︶ ᠠᠮᠢ ᠠᠬᠤᠢ ᠶᠢᠨ  ᠪᠤᠯᠪᠠᠰᠤᠨ ᠤ ᠤᠬᠠᠮᠰᠠᠷ ᠢ ᠪᠠᠳᠤ ᠪᠤᠢ ᠪᠤᠯᠭᠠᠵᠤ᠂  ᠬᠠᠮᠠᠭᠠᠯᠠᠯᠳᠠ ᠪᠠ ᠪᠠᠶᠢᠭᠤᠯᠤᠯᠳᠠ ᠶᠢᠨ  ᠬᠢᠷᠢ ᠲᠦᠪᠰᠢᠨ ᠢ ᠲᠡᠭᠡᠭᠰᠢᠯᠡᠬᠦᠯᠦᠨ᠎ᠡ  ᠃  ᠪᠡᠭᠡᠵᠢᠩ ᠤᠨ ᠠᠷᠤ ᠳᠠᠬᠢ ᠠᠮᠢ ᠠᠬᠤᠢ ᠶᠢᠨ ᠠᠶᠤᠯᠬᠦᠢ ᠬᠠᠯᠬᠠᠪᠴᠢ ᠶᠢ ᠪᠠᠶᠢᠭᠤᠯᠬᠤ  ᠬᠠᠷᠠᠯᠳᠠ ᠶᠢᠨ ᠲᠤᠭᠤᠷᠢᠨ ᠳᠤ᠂ ᠠᠮᠢ ᠠᠬᠤᠢ ᠶᠢᠨ ᠪᠤᠯᠪᠠᠰᠤᠨ ᠤ ᠪᠠᠶᠢᠭᠤᠯᠤᠯᠳᠠ ᠶᠢ ᠨᠡᠩ ᠲᠤᠪᠤᠶᠢᠮ᠎ᠠ ᠪᠠᠶᠢᠷᠢᠨ ᠳᠤ ᠲᠠᠯᠪᠢᠵᠤ᠂ ᠤᠷᠤᠨ ᠨᠤᠳᠤᠭ ᠤᠨ ᠬᠦᠭᠵᠢᠯᠳᠡ ᠶᠢᠨ ᠪᠠᠶᠢᠯᠳᠤᠬᠤ ᠪᠤᠳᠤᠯᠭ᠎ᠠ ᠶᠢᠨ ᠴᠢᠨᠠᠷᠳᠠᠢ ᠡᠬᠢ ᠪᠠᠶᠠᠯᠢᠭ ᠪᠤᠯᠭᠠᠨ ᠤᠯᠠᠮ ᠰᠠᠶᠢᠨ ᠬᠠᠮᠠᠭᠠᠯᠠᠬᠤ ᠪᠠ ᠪᠦᠳᠦᠭᠡᠨ ᠪᠠᠶᠢᠭᠤᠯᠬᠤ ᠭᠡᠷᠡᠭᠳᠡᠢ᠃ ᠨᠢᠬᠡ ᠳᠤ᠂ ᠠᠮᠢ ᠠᠬᠤᠢ ᠶᠢᠨ ᠪᠤᠯᠪᠠᠰᠤᠨ ᠤ ᠲᠦᠷᠢᠮ ᠤᠨ ᠪᠠᠶᠢᠭᠤᠯᠤᠯᠳᠠ ᠶᠢ ᠴᠢᠩᠭᠠᠳᠬᠠᠨ᠎ᠠ᠃ ︽ᠲᠠᠯ᠎ᠠ ᠨᠤᠳᠤᠭ ᠢ ᠬᠠᠮᠠᠭᠠᠯᠠᠬᠤ᠂  ᠮᠠᠯ ᠪᠡᠯᠴᠢᠭᠡᠷ ᠢ ᠲᠡᠩᠴᠡᠬᠦᠯᠬᠦ᠂ ᠨᠤᠳᠤᠭ ᠪᠡᠯᠴᠢᠭᠡᠷ ᠢ ᠡᠷᠬᠢᠯᠳᠦᠬᠦᠯᠬᠦ᠂ ᠨᠡᠶᠢᠳᠡ ᠶᠢᠨ ᠤᠢ ᠮᠤᠳᠤᠨ ᠤ ᠦᠮᠴᠢᠯᠡᠯ ᠤᠨ ᠡᠷᠭᠡ   ᠶᠢ   ᠲᠤᠭᠳᠠᠭᠠᠬᠤ᠂  ᠤᠰᠤᠨ ᠤ ᠡᠬᠢ ᠪᠠᠶᠠᠯᠢᠭ   ᠤᠨ ᠬᠠᠮᠢᠶᠠᠷᠤᠯᠳᠠ᠂ ᠠᠭᠤᠷᠬᠠᠢ ᠶᠢᠨ ᠦᠢᠯᠡᠰ ᠤᠨ ᠬᠠᠮᠢᠶᠠᠷᠤᠯᠳᠠ᠂ ᠬᠦᠳᠡᠭᠡ ᠶᠢᠨ ᠬᠦᠮᠦᠨ ᠠᠮᠠ ᠶᠢᠨ ᠬᠠᠮᠢᠶᠠᠷᠤᠯᠳᠠ︾ ᠵᠡᠷᠭᠡ ᠲᠠᠯ᠎ᠠ ᠨᠤᠳᠤᠭ ᠤᠨ ᠬᠠᠮᠠᠭᠠᠯᠠᠯᠳᠠ ᠶᠢᠨ ᠨᠠᠢᠮᠠᠨ ᠲᠦᠷᠢᠮ ᠢ  ᠴᠢᠩᠭ᠎ᠠ  ᠭᠡᠷᠡᠭᠵᠢᠬᠦᠯᠬᠦ ᠭᠡᠷᠡᠭᠳᠡᠢ᠃ ᠦᠨᠳᠦᠰᠦᠨ ᠨᠤᠳᠤᠭ ᠪᠡᠯᠴᠢᠭᠡᠷ ᠤᠨ ᠬᠠᠮᠢᠶᠠᠷᠤᠯᠳᠠ  ᠂  ᠠᠮᠢ ᠠᠬᠤᠢ ᠶᠢᠨ ᠬᠠᠮᠠᠭᠠᠯᠠᠯᠳᠠ ᠶᠢᠨ ᠤᠯᠠᠭᠠᠨ ᠤᠳᠠᠰᠤ᠂  ᠡᠬᠢ ᠪᠠᠶᠠᠯᠢᠭ ᠤᠨ ᠲᠦᠯᠦᠪᠦᠷᠢ ᠲᠠᠢ ᠠᠰᠢᠭᠯᠠᠯᠳᠠ ᠪᠠ ᠠᠮᠢ ᠠᠬᠤᠢ ᠶᠢᠨ ᠨᠦᠬᠦᠪᠦᠷᠢ ᠮᠦᠩᠬᠦ᠂  ᠪᠠᠶᠢᠭᠠᠯᠢ ᠶᠢᠨ ᠡᠬᠢ ᠪᠠᠶᠠᠯᠢᠭ ᠤᠨ ᠦᠮᠴᠢᠯᠡᠯ ᠵᠡᠷᠭᠡ   ᠳᠤ ᠬᠤᠯᠪᠤᠭᠳᠠᠭᠰᠠᠨ  ᠠᠷᠭ᠎ᠠ ᠲᠦᠷᠢᠮ ᠢ  ᠲᠤᠭᠳᠠᠭᠠᠵᠤ ᠭᠡᠷᠡᠭᠵᠢᠬᠦᠯᠦᠨ᠂  ᠠᠮᠢ ᠠᠬᠤᠢ ᠶᠢᠨ ᠤᠷᠴᠢᠨ ᠲᠤᠭᠤᠷᠢᠨ ᠤ ᠬᠠᠮᠠᠭᠠᠯᠠᠯᠳᠠ ᠶᠢ ᠲᠦᠷᠢᠮᠵᠢᠯ ᠤᠨ ᠵᠠᠮ  ᠳᠤ ᠤᠷᠤᠭᠤᠯᠤᠨ᠎ᠠ᠃  ᠲᠠᠷᠢᠶᠠᠯᠠᠬᠤ ᠤᠷᠤᠨ ᠳᠤ ᠦᠬᠡᠷ ᠠᠴᠠ ᠪᠤᠰᠤᠳ  ᠮᠠᠯ ᠢ ᠪᠦᠬᠦ ᠵᠢᠯ ᠢᠶᠠᠷ ᠬᠠᠰᠢᠶᠠᠯᠠᠨ ᠮᠠᠯᠵᠢᠵᠤ᠂ ᠮᠠᠯᠵᠢᠬᠤ ᠤᠷᠤᠨ ᠳᠤ  ᠤᠯᠠᠷᠢᠯ ᠤᠨ ᠴᠢᠨᠠᠷᠳᠠᠢ ᠪᠡᠯᠴᠢᠭᠡᠷ ᠰᠡᠷᠬᠦᠭᠡᠬᠦ ᠲᠦᠷᠢᠮ ᠢ  ᠭᠡᠷᠡᠭᠵᠢᠬᠦᠯᠦᠨ᠎ᠡ᠃   ᠪᠡᠯᠴᠢᠭᠡᠷ ᠰᠡᠷᠬᠦᠬᠡᠵᠦ ᠪᠡᠯᠴᠢᠭᠡᠷᠯᠡᠬᠦᠯᠬᠦ ᠶᠢ ᠴᠠᠭᠠᠵᠠᠯᠠᠬᠤ ᠳᠤ ᠬᠢᠨᠠᠯᠳᠠ ᠲᠠᠯᠪᠢᠵᠤ ᠬᠠᠤᠯᠢ ᠭᠡᠷᠡᠭᠵᠢᠬᠦᠯᠬᠦ ᠠᠵᠢᠯ  ᠤᠨ ᠡᠷᠴᠢᠮ ᠢ ᠴᠢᠩᠭᠠᠷᠠᠭᠤᠯᠤᠨ᠂ ᠬᠤᠯᠠᠭᠠᠢ ᠪᠠᠷ ᠪᠡᠯᠴᠢᠭᠡᠷᠯᠡᠬᠦᠯᠬᠦ ᠠᠵᠢᠯᠯᠠᠭ᠎ᠠ ᠶᠢ ︽ ᠪᠡᠯᠴᠢᠭᠡᠷ ᠰᠡᠷᠬᠦᠬᠡᠵᠦ ᠪᠡᠯᠴᠢᠭᠡᠷᠯᠡᠬᠦᠯᠬᠦ ᠶᠢ ᠴᠠᠭᠠᠵᠠᠯᠠᠬᠤ  ᠠᠵᠢᠯ   ᠤᠨ ᠭᠡᠷᠡᠭᠵᠢᠬᠦᠯᠬᠦ ᠠᠷᠭ᠎ᠠ︾   ᠪᠠᠷ ᠦᠨᠳᠦᠰᠦᠯᠡᠯ ᠪᠤᠯᠭᠠᠨ ᠰᠢᠳᠭᠡᠨ ᠲᠤᠷᠭᠤᠵᠤ᠂ ︽ ᠬᠠᠮᠠᠭᠠᠯᠠᠯᠳᠠ ᠶᠢᠨ ᠰᠦᠢᠳᠭᠡᠯ︾ ᠬᠤᠷᠢᠶᠠᠬᠤ ᠵᠡᠷᠭᠡ ᠰᠢᠨᠵᠢ ᠴᠢᠨᠠᠷ ᠨᠢ ᠬᠦᠨᠳᠦ ᠨᠤᠴᠢᠳᠠᠢ ᠭᠡᠷᠡᠭ ᠢ ᠡᠷᠡᠰ ᠴᠢᠩᠭ᠎ᠠ ᠪᠠᠶᠢᠴᠠᠭᠠᠨ ᠰᠢᠢᠳᠪᠦᠷᠢᠯᠡᠨ᠎ᠡ᠃ ᠨᠡᠶᠢᠳᠡ ᠶᠢᠨ ᠤᠢ ᠮᠤᠳᠤᠨ ᠤ ᠦᠮᠴᠢᠯᠡᠯ ᠤᠨ ᠡᠷᠭᠡ ᠶᠢᠨ  ᠦᠬᠡᠷᠡᠴᠢᠯᠡᠯᠳᠡ ᠶᠢ ᠰᠢᠯᠭᠠᠨ ᠪᠠᠶᠢᠴᠠᠭᠠᠬᠤ ᠠᠵᠢᠯ ᠢ ᠨᠢᠮᠪᠠᠢ ᠶᠠᠪᠤᠭᠳᠠᠭᠤᠯᠵᠤ᠂ ᠨᠡᠶᠢᠳᠡ ᠶᠢᠨ ᠠᠰᠠᠷᠠᠮᠵᠢ ᠶᠢᠨ ᠤᠢ ᠰᠢᠭᠤᠢ   ᠳᠤ ᠨᠦᠬᠦᠪᠦᠷᠢ ᠤᠯᠭᠤᠬᠤ ᠲᠤᠭᠳᠠᠴᠠ ᠶᠢ ᠨᠠᠶᠢᠳᠠᠪᠤᠷᠢᠵᠢᠭᠤᠯᠤᠨ᠎ᠠ᠃  ᠬᠤᠶᠠᠷ ᠲᠤ᠂  ᠠᠮᠢ ᠠᠬᠤᠢ ᠶᠢᠨ  ᠪᠦᠳᠦᠭᠡᠨ ᠪᠠᠶᠢᠭᠤᠯᠤᠯᠳᠠ ᠶᠢ ᠲᠠᠰᠤᠷᠠᠯᠳᠠ ᠦᠬᠡᠢ ᠴᠢᠩᠭᠠᠳᠬᠠᠨ᠎ᠠ᠃  ᠡᠯᠡᠰᠦᠨ ᠤ ᠡᠬᠢ ᠶᠢ ᠵᠠᠰᠠᠬᠤ ᠢᠨᠵᠧᠨᠧᠷᠢᠩ᠂  ᠲᠠᠷᠢᠶᠠᠯᠠᠭ᠎ᠠ ᠶᠢ ᠵᠤᠭᠰᠤᠭᠠᠵᠤ  ᠡᠪᠡᠰᠦ ᠮᠤᠳᠤ   ᠶᠢ ᠰᠡᠷᠬᠦᠭᠡᠬᠦ ᠵᠠᠯᠭᠠᠮᠵᠢ ᠠᠵᠤ ᠦᠢᠯᠡᠰ  ᠤᠨ ᠢᠨᠵᠧᠨᠧᠷᠢᠩ ᠵᠡᠷᠭᠡ ᠠᠮᠢ ᠠᠬᠤᠢ ᠶᠢᠨ ᠭᠤᠤᠯᠳᠠᠯᠭᠠᠳᠠᠢ ᠢᠨᠵᠧᠨᠧᠷᠢᠩ ᠢ ᠦᠷᠬᠦᠯᠵᠢᠯᠡᠨ ᠭᠡᠷᠡᠭᠵᠢᠬᠦᠯᠦᠨ᠎ᠡ᠃ ᠡᠨᠡ  ᠵᠢᠯ ᠡᠯᠡᠰᠦᠨ ᠤ ᠡᠬᠢ ᠶᠢ ᠵᠠᠰᠠᠬᠤ ᠢᠨᠵᠧᠨᠧᠷᠢᠩ   ᠢ 1 ᠲᠦᠮᠡᠨ ᠮᠤ᠋  ᠲᠠᠯᠠᠪᠠᠢ ᠳᠤ ᠭᠡᠷᠡᠭᠵᠢᠬᠦᠯᠬᠦ ᠶᠢᠨ ᠬᠠᠮᠳᠤ᠂  ᠲᠠᠷᠢᠶᠠᠯᠠᠭ᠎ᠠ ᠶᠢ ᠵᠤᠭᠰᠤᠭᠠᠵᠤ  ᠡᠪᠡᠰᠦ ᠮᠤᠳᠤ   ᠶᠢ ᠰᠡᠷᠬᠦᠭᠡᠬᠦ ᠵᠠᠯᠭᠠᠮᠵᠢ ᠠᠵᠤ ᠦᠢᠯᠡᠰ ᠤᠨ ᠢᠨᠵᠧᠨᠧᠷᠢᠩ   ᠢ ᠭᠡᠷᠡᠭᠵᠢᠬᠦᠯᠦᠨ  2.5 ᠲᠦᠮᠡᠨ ᠮᠤ᠋ ᠬᠠᠶᠢᠯᠠᠷ ᠨᠠᠷᠠᠰᠤ ᠲᠠᠷᠢᠵᠤ᠂  ᠨᠦᠬᠦᠵᠦ ᠲᠠᠷᠢᠬᠤ ᠲᠠᠯᠠᠪᠠᠢ 3.5 ᠲᠦᠮᠡᠨ ᠮᠤ᠋   ᠶᠢ ᠪᠡᠶᠡᠯᠡᠬᠦᠯᠦᠨ᠎ᠡ᠃ ᠭᠤᠤᠯᠳᠠᠯᠭᠠᠳᠠᠢ ᠭᠠᠵᠠᠷ ᠤᠷᠤᠨ ᠤ ᠨᠤᠭᠤᠭᠠᠷᠠᠭᠤᠯᠤᠯᠳᠠ ᠶᠢ ᠴᠢᠩᠭᠠᠳᠬᠠᠵᠤ᠂  ᠵᠠᠮ ᠤᠨ ᠬᠠᠵᠠᠭᠤ ᠶᠢᠨ ᠨᠤᠭᠤᠭᠠᠷᠠᠭᠤᠯᠤᠯᠳᠠ 7500 ᠮᠤ᠋  ᠂  ᠬᠤᠳᠠ ᠪᠠᠯᠭᠠᠰᠤᠨ ᠤ ᠬᠦᠪᠡᠭᠡ ᠵᠠᠬ᠎ᠠ ᠶᠢᠨ ᠨᠤᠭᠤᠭᠠᠷᠠᠭᠤᠯᠤᠯᠳᠠ 4500 ᠮᠤ᠋᠂  ᠬᠤᠳᠠ ᠤᠰᠤᠨ ᠤ ᠨᠤᠭᠤᠭᠠᠷᠠᠭᠤᠯᠤᠯᠳᠠ  ᠂  ᠠᠭᠤᠷᠬᠠᠢ ᠶᠢᠨ ᠤᠷᠤᠨ ᠤ ᠨᠤᠭᠤᠭᠠᠷᠠᠭᠤᠯᠤᠯᠳᠠ  ᠲᠤᠰᠪᠤᠷᠢ 5 ᠭᠡᠰᠡᠭ   ᠢ ᠪᠡᠶᠡᠯᠡᠬᠦᠯᠦᠨ᠎ᠡ᠃ ᠡᠬᠦᠨ ᠤ ᠬᠠᠮᠳᠤ  ᠵᠠᠭᠤᠨ ᠲᠦᠮᠡᠨ ᠮᠤ᠋  ᠬᠠᠶᠢᠯᠠᠷ ᠨᠠᠷᠠᠰᠤ᠂  ᠦᠯᠴᠢᠷ ᠤᠯᠢᠶᠠᠰᠤᠨ ᠤ ᠰᠠᠭᠤᠷᠢᠨ ᠭᠠᠵᠠᠷ ᠤᠨ ᠪᠠᠶᠢᠭᠤᠯᠤᠯᠳᠠ   ᠶᠢᠨ ᠠᠵᠢᠯ ᠢ  ᠬᠦᠴᠦ ᠤᠷᠤᠭᠤᠯᠤᠨ ᠰᠠᠶᠢᠨ ᠬᠢᠬᠦ ᠭᠡᠷᠡᠭᠳᠡᠢ᠃   ᠭᠤᠷᠪᠠ ᠳᠤ᠂ ᠡᠨᠧᠷᠬᠢ ᠠᠷᠪᠢᠯᠠᠵᠤ ᠬᠤᠷᠤᠭᠳᠠᠯ ᠪᠠᠭᠠᠰᠬᠠᠬᠤ  ᠪᠠ ᠤᠷᠴᠢᠨ ᠲᠤᠭᠤᠷᠢᠨ ᠤ ᠪᠤᠬᠢᠷᠳᠤᠯ ᠢ ᠶᠡᠷᠦᠩᠬᠡᠶᠢᠯᠡᠨ ᠵᠠᠰᠠᠬᠤ ᠠᠵᠢᠯ ᠢ ᠴᠢᠩᠭᠠᠳᠬᠠᠨ᠎ᠠ᠃   ᠡᠵᠡᠩᠨᠡᠯᠳᠡ ᠡᠬᠢᠯᠡᠭᠰᠡᠨ ᠲᠦᠷᠦᠯ ᠵᠦᠢᠯ ᠳᠤ ᠡᠨᠧᠷᠬᠢ ᠠᠷᠪᠢᠯᠠᠬᠤ᠂ ᠤᠰᠤ ᠠᠷᠪᠢᠯᠠᠬᠤ ᠪᠠ ᠤᠷᠴᠢᠨ ᠲᠤᠭᠤᠷᠢᠨ ᠢ ᠬᠠᠮᠠᠭᠠᠯᠠᠬᠤ ᠪᠠᠷᠢᠮᠵᠢᠶᠠᠨ ᠤ ᠰᠢᠯᠭᠠᠨ ᠪᠠᠶᠢᠴᠠᠭᠠᠯᠳᠠ ᠬᠢᠬᠦ ᠶᠢᠨ ᠬᠠᠮᠳᠤ  ᠠᠵᠤ ᠦᠢᠯᠡᠳᠪᠦᠷᠢ ᠶᠢᠨ ᠠᠵᠤ ᠠᠬᠤᠶᠢᠯᠠᠯ ᠳᠤ ᠡᠨᠧᠷᠬᠢ ᠶᠢᠨ ᠬᠤᠷᠤᠭᠳᠠᠯ ᠤᠨ ᠬᠡᠮᠵᠢᠯᠳᠡ ᠬᠢᠵᠦ᠂ ᠡᠬᠢ ᠪᠠᠶᠠᠯᠢᠭ ᠲᠤ ᠠᠷᠪᠢᠳᠠᠢ᠂  ᠤᠷᠴᠢᠨ ᠲᠤᠭᠤᠷᠢᠨ ᠳᠤ ᠠᠰᠢᠭᠳᠠᠢ ᠠᠵᠤ ᠦᠢᠯᠡᠳᠪᠦᠷᠢ ᠶᠢᠨ ᠰᠢᠰᠲ᠋ᠧᠮ ᠢ ᠡᠬᠦᠳᠦᠨ ᠪᠠᠶᠢᠭᠤᠯᠬᠤ ᠭᠡᠷᠡᠭᠳᠡᠢ᠃  ᠠᠵᠤ ᠦᠢᠯᠡᠳᠪᠦᠷᠢ ᠶᠢᠨ ᠠᠵᠤ ᠠᠬᠤᠶᠢᠯᠠᠯ ᠤᠨ ᠡᠨᠧᠷᠬᠢ ᠠᠷᠪᠢᠯᠠᠵᠤ ᠬᠤᠷᠤᠭᠳᠠᠯ ᠪᠠᠭᠠᠰᠬᠠᠬᠤ ᠭᠤᠤᠯ ᠴᠤᠭᠴᠠ ᠶᠢᠨ ᠦᠢᠯᠡᠳᠦᠯ ᠢ ᠪᠠᠳᠠᠷᠠᠭᠤᠯᠵᠤ᠂  ᠡᠨᠧᠷᠬᠢ ᠠᠷᠪᠢᠯᠠᠬᠤ ᠮᠡᠷᠭᠡᠵᠢᠯ ᠤᠨ ᠦᠬᠡᠷᠡᠴᠢᠯᠡᠯᠳᠡ ᠶᠢ ᠢᠳᠡᠪᠬᠢᠳᠡᠢ ᠠᠬᠢᠭᠤᠯᠤᠨ᠂  ᠲᠡᠭᠡᠳᠦ ᠰᠢᠨ᠎ᠡ ᠮᠡᠷᠭᠡᠵᠢᠯ ᠤᠨ ᠪᠠ ᠡᠨᠧᠷᠬᠢ ᠳᠤ ᠠᠷᠪᠢᠳᠠᠢ ᠮᠠᠰᠢᠨ ᠲᠦᠬᠦᠭᠡᠷᠦᠮᠵᠢ ᠶᠢ ᠢᠯᠡᠬᠦᠦ ᠭᠡᠷᠡᠭᠯᠡᠵᠦ᠂  ᠡᠨᠧᠷᠬᠢ ᠶᠢᠨ ᠬᠤᠷᠤᠭᠳᠠᠯ ᠢ ᠪᠠᠭᠠᠰᠬᠠᠬᠤ ᠭᠡᠷᠡᠭᠳᠡᠢ᠃  ᠪᠤᠬᠢᠷᠳᠤᠯᠳᠤ ᠪᠤᠳᠠᠰ ᠢ ᠭᠠᠳᠠᠭᠰᠢᠯᠠᠭᠤᠯᠬᠤ ᠪᠠ ᠠᠭᠠᠷ ᠮᠠᠨᠳᠠᠯ ᠤᠨ ᠪᠤᠬᠢᠷᠳᠤᠯ ᠢ ᠰᠡᠷᠭᠡᠶᠢᠯᠡᠬᠦ ᠶᠡᠷᠦᠩᠬᠡᠶᠢᠯᠡᠭᠰᠡᠨ ᠵᠠᠰᠠᠯᠳᠠ ᠶᠢ ᠯᠠᠪᠳᠠᠭᠤᠨ ᠢᠶᠠᠷ ᠲᠦᠯᠬᠢᠨ ᠠᠬᠢᠭᠤᠯᠵᠤ᠂  ᠤᠷᠴᠢᠨ ᠲᠤᠭᠤᠷᠢᠨ ᠢ ᠰᠢᠯᠭᠠᠨ ᠪᠠᠶᠢᠴᠠᠭᠠᠬᠤ  ᠮᠡᠷᠭᠡᠵᠢᠯ ᠴᠢᠳᠠᠪᠤᠷᠢ ᠶᠢ  ᠲᠡᠭᠡᠭᠰᠢᠯᠡᠬᠦᠯᠦᠨ᠎ᠡ᠃  ᠤᠷᠴᠢᠨ ᠲᠤᠭᠤᠷᠢᠨ ᠤ ᠶᠡᠷᠦᠩᠬᠡᠶᠢᠯᠡᠭᠰᠡᠨ  ᠵᠠᠰᠠᠯᠳᠠ ᠶᠢ ᠴᠢᠩᠭᠠᠳᠬᠠᠨ᠂  ᠡᠶ᠎ᠡ ᠵᠤᠬᠢᠴᠠᠯᠳᠠᠢ ᠠᠭᠤᠷᠬᠠᠢ ᠶᠢᠨ ᠤᠷᠤᠨ ᠢ ᠪᠠᠶᠢᠭᠤᠯᠬᠤ ᠪᠠᠷ ᠭᠤᠤᠯᠳᠠᠯᠭ᠎ᠠ ᠪᠤᠯᠭᠠᠵᠤ᠂ ᠠᠭᠤᠷᠬᠠᠢ ᠶᠢᠨ ᠤᠷᠤᠨ ᠤ ᠤᠷᠴᠢᠨ ᠲᠤᠭᠤᠷᠢᠨ ᠢ ᠰᠡᠷᠬᠦᠬᠡᠬᠦ᠂ ᠠᠭᠤᠷᠬᠠᠢ ᠶᠢᠨ  ᠦᠢᠯᠡᠰ ᠤᠨ ᠪᠤᠬᠢᠷᠳᠤᠯ ᠢ ᠰᠡᠷᠭᠡᠶᠢᠯᠡᠨ ᠵᠠᠰᠠᠬᠤ᠂ ᠤᠰᠤᠨ ᠤ ᠡᠬᠢ ᠪᠠᠶᠠᠯᠢᠭ ᠢ ᠬᠠᠮᠠᠭᠠᠯᠠᠬᠤ ᠪᠠ ᠰᠢᠯᠭᠠᠨ ᠪᠠᠶᠢᠴᠠᠭᠠᠬᠤ  ᠵᠡᠷᠭᠡ ᠤᠷᠴᠢᠨ ᠲᠤᠭᠤᠷᠢᠨ ᠤ ᠬᠠᠮᠠᠭᠠᠯᠠᠯᠳᠠ ᠶᠢᠨ ᠭᠤᠤᠯᠳᠠᠯᠭᠠᠳᠠᠢ ᠲᠦᠷᠦᠯ ᠵᠦᠢᠯ ᠢ ᠰᠠᠶᠢᠳᠤᠷ ᠭᠡᠷᠡᠭᠵᠢᠬᠦᠯᠦᠨ᠎ᠡ᠃       ︵ᠵᠢᠷᠭᠤᠭ᠎ᠠ︶  ᠬᠤᠳᠠ ᠬᠦᠳᠡᠭᠡ ᠶᠢᠨ ᠨᠢᠬᠡ  ᠴᠤᠭᠴᠠᠵᠢᠬᠤ ᠶᠢ ᠠᠬᠢᠭᠤᠯᠵᠤ᠂ ᠬᠦᠭᠵᠢᠯᠳᠡ ᠶᠢᠨ ᠪᠠᠳᠤᠯᠠᠭᠠᠨ ᠤ ᠴᠢᠳᠠᠪᠤᠷᠢ ᠶᠢ ᠴᠢᠩᠭᠠᠷᠠᠭᠤᠯᠤᠨ᠎ᠠ᠃  ᠬᠤᠳᠠ ᠬᠦᠳᠡᠭᠡ ᠶᠢᠨ ᠪᠦᠳᠦᠭᠡᠨ ᠪᠠᠶᠢᠭᠤᠯᠤᠯᠳᠠ ᠶᠢᠨ ᠵᠤᠬᠢᠴᠠᠩᠭᠤᠢ ᠬᠦᠭᠵᠢᠯᠳᠡ᠂ ᠠᠵᠤ ᠦᠢᠯᠡᠰ ᠪᠠ ᠬᠤᠳᠠ ᠪᠠᠯᠭᠠᠰᠤᠨ ᠤ ᠤᠶᠠᠯᠳᠤᠭᠰᠠᠨ ᠬᠦᠭᠵᠢᠯᠳᠡ ᠶᠢ ᠴᠢᠩᠭᠠᠳᠬᠠᠵᠤ  ᠂ ᠮᠠᠯᠴᠢᠨ ᠲᠠᠷᠢᠶᠠᠴᠢᠨ ᠤ ᠰᠢᠯᠵᠢᠯᠳᠡ ᠶᠢ ᠠᠬᠢᠭᠤᠯᠤᠨ ᠬᠤᠳᠠᠴᠢᠯᠠᠯᠳᠠ ᠶᠢ  ᠲᠦᠷᠭᠡᠳᠭᠡᠵᠦ᠂  ᠨᠡᠶᠢᠳᠡ ᠶᠢᠨ ᠦᠢᠯᠡᠴᠢᠯᠡᠭᠡ ᠶᠢ ᠡᠷᠭᠡ ᠲᠡᠭᠰᠢ ᠡᠳ᠋ᠯᠡᠬᠦᠯᠬᠦ ᠭᠡᠷᠡᠭᠳᠡᠢ᠃  ᠨᠢᠬᠡ ᠳᠤ᠂ ᠬᠤᠳᠠ ᠬᠦᠳᠡᠭᠡ ᠶᠢᠨ ᠲᠦᠯᠦᠪᠵᠢᠬᠦᠯᠬᠡ ᠶᠢᠨ ᠵᠢᠯᠤᠭᠤᠳᠬᠤ ᠪᠠ ᠲᠤᠬᠢᠷᠠᠭᠤᠯᠬᠤ ᠦᠢᠯᠡᠳᠦᠯ ᠢ ᠬᠦᠢᠴᠡᠳ ᠪᠠᠳᠠᠷᠠᠭᠤᠯᠤᠨ᠎ᠠ᠃  ᠪᠤᠤᠴᠠᠩ ᠪᠠᠯᠭᠠᠰᠤᠨ ᠤ ᠶᠡᠷᠦᠩᠬᠡᠢ ᠲᠦᠯᠦᠪᠵᠢᠬᠦᠯᠬᠡ  ᠪᠠ ᠡᠵᠡᠮᠳᠡᠯ ᠤᠨ ᠴᠢᠨᠠᠷᠳᠠᠢ ᠨᠠᠷᠢᠨ ᠲᠦᠯᠦᠪᠵᠢᠬᠦᠯᠬᠡ ᠶᠢ ᠲᠠᠰᠤᠷᠠᠯᠳᠠ ᠦᠬᠡᠢ ᠲᠡᠬᠦᠯᠳᠡᠷᠵᠢᠬᠦᠯᠵᠦ᠂ ᠡᠯ᠎ᠡ ᠰᠤᠮᠤ ᠰᠢᠶᠠᠩ ᠪᠠᠯᠭᠠᠰᠤᠨ ᠤ ᠠᠵᠤ ᠦᠢᠯᠡᠰ ᠤᠨ ᠤᠨᠴᠠᠯᠢᠭ ᠪᠠ ᠬᠦᠮᠦᠨ ᠠᠮᠠ ᠶᠢᠨ ᠲᠠᠷᠬᠠᠯᠳᠠ ᠶᠢᠨ ᠪᠠᠶᠢᠳᠠᠯ ᠵᠡᠷᠭᠡ ᠶᠢ ᠦᠨᠳᠦᠰᠦᠯᠡᠨ᠂  ᠰᠤᠮᠤ ᠰᠢᠶᠠᠩ ᠪᠠᠯᠭᠠᠰᠤᠨ ᠤ  ᠰᠠᠭᠤᠭ᠎ᠠ ᠭᠠᠵᠠᠷ ᠤᠨ ᠪᠦᠳᠦᠭᠡᠨ ᠪᠠᠶᠢᠭᠤᠯᠤᠯᠳᠠ ᠶᠢᠨ ᠲᠦᠯᠦᠪᠵᠢᠬᠦᠯᠬᠡ ᠶᠢ  ᠨᠠᠶᠢᠷᠠᠭᠤᠯᠤᠨ ᠲᠤᠭᠳᠠᠭᠠᠵᠤ  ᠂ ᠦᠪᠡᠷᠳᠡᠭᠡᠨ ᠵᠠᠰᠠᠬᠤ ᠤᠷᠤᠨ ᠤ ᠲᠤᠭᠳᠠᠭᠠᠭᠰᠠᠨ ︽ᠭᠤᠷᠪᠠ ᠶᠢ ᠲᠤᠰᠬᠤᠨ ᠳᠤ ᠬᠦᠷᠭᠡᠬᠦ᠂ ᠭᠤᠷᠪᠠ ᠶᠢ ᠡᠷᠦᠬᠡ  ᠳᠤ ᠬᠦᠷᠭᠡᠬᠦ︾ ᠲᠦᠷᠦᠯ ᠵᠦᠢᠯ ᠤᠨ ᠲᠤᠰᠬᠤᠨ ᠤ ᠲᠦᠯᠦᠪᠵᠢᠬᠦᠯᠬᠡ ᠶᠢ ᠬᠢᠨ᠎ᠡ᠃  ᠬᠤᠶᠠᠷ ᠲᠤ᠂ ᠬᠤᠳᠠ ᠪᠠᠯᠭᠠᠰᠤᠨ ᠤ  ᠤᠷᠤᠰᠢᠨ ᠰᠠᠭᠤᠷᠢᠰᠢᠬᠤ ᠤᠷᠴᠢᠨ ᠲᠤᠭᠤᠷᠢᠨ ᠢ ᠤᠯᠠᠮ ᠰᠠᠶᠢᠵᠢᠷᠠᠭᠤᠯᠤᠨ᠎ᠠ᠃   ᠬᠤᠳᠠ ᠪᠠᠯᠭᠠᠰᠤᠨ ᠤ ᠴᠢᠳᠠᠪᠬᠢ ᠶᠢ ᠲᠠᠰᠤᠷᠠᠯᠳᠠ ᠦᠬᠡᠢ ᠲᠡᠬᠦᠯᠳᠡᠷᠵᠢᠬᠦᠯᠵᠦ᠂ ᠬᠤᠳᠠ ᠪᠠᠯᠭᠠᠰᠤᠨ ᠤ ᠤᠷᠤᠨ ᠵᠠᠢ ᠶᠢ ᠰᠢᠯᠢᠳᠡᠭᠵᠢᠬᠦᠯᠦᠨ᠂ ᠬᠤᠳᠠ ᠪᠠᠯᠭᠠᠰᠤᠨ ᠤ ᠪᠢᠴᠢᠯ ᠵᠠᠰᠠᠯᠳᠠ ᠶᠢ ᠰᠠᠶᠢᠨ ᠬᠢᠵᠦ᠂  ᠬᠦᠮᠦᠨ ᠠᠷᠠᠳ ᠤᠨ ᠤᠷᠤᠰᠢᠨ ᠠᠮᠢᠳᠤᠷᠠᠬᠤ ᠤᠷᠴᠢᠨ ᠠᠬᠤᠢ ᠶᠢᠨ ᠴᠢᠨᠠᠷ ᠢ ᠰᠠᠶᠢᠵᠢᠷᠠᠭᠤᠯᠬᠤ ᠭᠡᠷᠡᠭᠳᠡᠢ᠃ ᠪᠤᠤᠴᠠᠩ ᠤᠨ ᠬᠤᠳᠠ ᠶᠢᠨ ᠲᠤᠭᠤᠷᠢᠭ  ᠤᠨ ᠬᠠᠳᠠᠭᠤᠷᠠᠭᠤᠯᠤᠯᠳᠠ᠂ ᠨᠤᠭᠤᠭᠠᠷᠠᠭᠤᠯᠤᠯᠳᠠ᠂ ᠭᠤᠸᠠᠵᠢᠭᠤᠯᠤᠯᠳᠠ᠂  ᠭᠡᠭᠡᠷᠡᠬᠦᠯᠦᠯᠳᠡ ᠪᠠᠷ ᠭᠤᠤᠯ  ᠪᠤᠯᠭᠠᠵᠤ ᠂  ᠡᠨᠡ ᠵᠢᠯ 8 ᠲᠦᠮᠡᠨ ᠬᠠᠪᠳᠠᠭᠠᠢ ᠲᠦᠷᠪᠡᠯᠵᠢᠨ ᠮᠧᠲᠷ  ᠲᠠᠯᠠᠪᠠᠢ ᠶᠢ  ᠲᠠᠷᠢᠵᠤ ᠨᠤᠭᠤᠭᠠᠷᠠᠭᠤᠯᠤᠨ᠂ 2.9 ᠲᠦᠮᠡᠨ ᠬᠠᠪᠳᠠᠭᠠᠢ ᠲᠦᠷᠪᠡᠯᠵᠢᠨ ᠮᠧᠲᠷ  ᠲᠠᠯᠠᠪᠠᠢ ᠶᠢ ᠲᠡᠪᠢᠰᠦᠨ ᠬᠠᠳᠠᠭᠤᠷᠠᠭᠤᠯᠵᠤ᠂  ᠵᠡᠬᠡᠯᠢ ᠶᠢᠨ ᠳ᠋ᠧᠩ 497  ᠶᠢ ᠤᠬᠰᠠᠷᠠᠨ᠎ᠠ᠃  ᠪᠤᠤᠴᠠᠩ ᠤᠨ ᠵᠡᠬᠦᠨ ᠲᠤᠭᠤᠷᠢᠭ ᠵᠠᠮ ᠢ ᠨᠡᠪᠳᠡᠷᠡᠬᠦᠯᠬᠦ  ᠢᠨᠵᠧᠨᠧᠷᠢᠩ ᠢ ᠭᠡᠷᠡᠭᠵᠢᠬᠦᠯᠵᠦ᠂ ᠬᠤᠳᠠ ᠶᠢᠨ ᠲᠤᠭᠤᠷᠢᠭ ᠤᠨ ᠵᠠᠮ ᠬᠠᠷᠢᠯᠴᠠᠭᠠᠨ ᠤ ᠲᠠᠷᠤᠭᠠᠰᠤ ᠶᠢ ᠬᠦᠩᠭᠡᠯᠡᠨ᠎ᠡ᠃ ᠤᠷᠤᠨ ᠰᠠᠭᠤᠴᠠ᠂ ᠵᠠᠮ ᠬᠠᠷᠢᠯᠴᠠᠭᠠᠨ ᠤ ᠬᠠᠮᠢᠶᠠᠳᠠᠢ ᠲᠦᠷᠦᠯ ᠵᠦᠢᠯ ᠢ ᠤᠯᠵᠤ᠂  ᠪᠤᠤᠴᠠᠩ ᠪᠠᠯᠭᠠᠰᠤᠨ ᠤ  ᠬᠦᠬᠦᠷᠭᠡ ᠭᠤᠯᠳᠤᠩ ᠤᠨ ᠪᠦᠳᠦᠭᠡᠨ ᠪᠠᠶᠢᠭᠤᠯᠤᠯᠳᠠ ᠶᠢ ᠬᠢᠵᠦ᠂ ᠦᠶᠡᠷ ᠤᠰᠤ ᠰᠡᠷᠭᠡᠶᠢᠯᠡᠬᠦ ᠠᠰᠠᠭᠤᠳᠠᠯ ᠢ ᠰᠢᠢᠳᠪᠦᠷᠢᠯᠡᠨ᠎ᠡ᠃ ᠰᠢᠨ᠎ᠡ ᠲᠤᠭᠤᠷᠢᠭ ᠤᠨ  ᠤᠰᠤ ᠬᠠᠩᠭᠠᠬᠤ  ᠭᠠᠵᠠᠷ᠂  ᠬᠤᠭ ᠨᠤᠪᠰᠢ ᠰᠢᠢᠳᠪᠦᠷᠢᠯᠡᠬᠦ  ᠭᠠᠵᠠᠷ᠂ ᠢᠯᠴᠢ ᠰᠤᠯᠢᠭᠳᠠᠭᠤᠯᠬᠤ  ᠦᠷᠳᠡᠭᠡᠨ ᠤ ᠪᠦᠳᠦᠬᠡᠨ ᠪᠠᠶᠢᠭᠤᠯᠤᠯᠳᠠ ᠶᠢ  ᠲᠠᠭᠤᠰᠬᠠᠵᠤ᠂ ᠢᠯᠴᠢ ᠬᠠᠩᠭᠠᠬᠤ  ᠂ ᠤᠰᠤ ᠬᠠᠩᠭᠠᠬᠤ᠂  ᠪᠤᠬᠢᠷᠳᠤᠯ ᠭᠠᠳᠠᠭᠰᠢᠯᠠᠭᠤᠯᠬᠤ ᠪᠠᠷ ᠭᠤᠤᠯ ᠪᠤᠯᠭᠠᠭᠰᠠᠨ  ᠲᠤᠤᠷ ᠬᠤᠭᠤᠯᠠᠢ ᠶᠢ  ᠦᠷᠭᠡᠳᠭᠡᠵᠦ ᠦᠭᠡᠷᠡᠴᠢᠯᠡᠬᠦ ᠢᠨᠵᠧᠨᠧᠷᠢᠩ ᠢ ᠭᠡᠷᠡᠭᠵᠢᠬᠦᠯᠦᠨ᠎ᠡ᠃ ᠰᠢᠨ᠎ᠡ ᠲᠤᠭᠤᠷᠢᠭ   ᠲᠤ  ᠬᠤᠶᠠᠳᠤᠭᠠᠷ ᠲᠡᠰ ᠤᠨ ᠪᠠᠷᠢᠮᠵᠢᠶᠠᠳᠤ  ᠲᠡᠷᠭᠡᠨ ᠦᠷᠳᠡᠭᠡ ᠶᠢ ᠪᠠᠶᠢᠭᠤᠯᠵᠤ ᠠᠰᠢᠭᠯᠠᠯᠳᠠ ᠳᠤ ᠤᠷᠤᠭᠤᠯᠤᠨ᠎ᠠ᠃  ᠨᠢᠳᠤᠨᠤᠨ ᠤ 60 ᠰᠠᠭᠤᠷᠢ᠂ 13.4 ᠲᠦᠮᠡᠨ ᠬᠠᠪᠳᠠᠭᠠᠢ ᠲᠦᠷᠪᠡᠯᠵᠢᠨ ᠮᠧᠲᠷ ᠠᠰᠠᠷ ᠢ ᠪᠠᠶᠢᠭᠤᠯᠵᠤ ᠲᠠᠭᠤᠰᠬᠠᠬᠤ ᠶᠢᠨ ᠬᠠᠮᠳᠤ 19 ᠰᠠᠭᠤᠷᠢ᠂ 7.1 ᠲᠦᠮᠡᠨ ᠬᠠᠪᠳᠠᠭᠠᠢ ᠲᠦᠷᠪᠡᠯᠵᠢᠨ ᠮᠧᠲᠷ  ᠠᠰᠠᠷ ᠤᠨ ᠪᠠᠷᠢᠯᠭ᠎ᠠ ᠶᠢ ᠡᠬᠢᠯᠡᠨ᠎ᠡ᠃ ᠬᠤᠳᠠ ᠪᠠᠯᠭᠠᠰᠤᠨ ᠤ ᠬᠠᠮᠢᠶᠠᠷᠤᠯᠳᠠ ᠶᠢᠨ ᠠᠵᠢᠯ ᠢ ᠤᠯᠠᠮ ᠢᠯᠡᠬᠦᠦ ᠴᠢᠬᠤᠯᠠᠴᠢᠯᠠᠵᠤ᠂  ᠮᠡᠳᠡᠭᠡ ᠵᠠᠩᠬᠢᠵᠢᠭᠰᠠᠨ ᠬᠠᠮᠢᠶᠠᠷᠤᠯᠳᠠ ᠪᠠ ᠪᠠᠷᠢᠮᠵᠢᠶᠠᠵᠢᠭᠰᠠᠨ ᠨᠡᠶᠢᠬᠡᠮ ᠲᠤᠭᠤᠷᠢᠭ ᠤᠨ  ᠪᠠᠶᠢᠭᠤᠯᠤᠯᠳᠠ ᠶᠢ  ᠲᠦᠷᠭᠡᠳᠭᠡᠨ᠂  ᠰᠠᠭᠤᠭᠠᠯᠢ ᠲᠤᠭᠤᠷᠢᠭ ᠤᠨ ᠬᠠᠮᠢᠶᠠᠷᠤᠯᠳᠠ ᠶᠢᠨ ᠬᠢᠷᠢ ᠲᠦᠪᠰᠢᠨ ᠢ ᠲᠠᠰᠤᠷᠠᠯᠳᠠ ᠦᠬᠡᠢ ᠲᠡᠭᠡᠭᠰᠢᠯᠡᠬᠦᠯᠵᠦ᠂  ᠬᠤᠳᠠ ᠪᠠᠯᠭᠠᠰᠤᠨ ᠤ ᠬᠦᠭᠵᠢᠯᠳᠡ ᠶᠢᠨ ᠠᠭᠤᠯᠭ᠎ᠠ ᠪᠠ ᠶᠡᠷᠦᠩᠬᠡᠶᠢᠯᠡᠭᠰᠡᠨ ᠦᠢᠯᠡᠴᠢᠯᠡᠬᠡᠨ ᠤ ᠴᠢᠳᠠᠪᠬᠢ ᠶᠢ  ᠨᠡᠮᠡᠭᠳᠡᠬᠦᠯᠬᠦ ᠭᠡᠷᠡᠭᠳᠡᠢ᠃   ᠢᠯᠡ ᠲᠤᠳᠤ  ᠪᠦᠬᠡᠳ ᠲᠦᠷᠢᠮᠵᠢᠭᠰᠡᠨ ᠬᠤᠳᠠ ᠶᠢᠨ ᠪᠠᠶᠢᠭᠤᠯᠤᠯᠳᠠ ᠶᠢᠨ ᠪᠡᠯᠡ ᠬᠤᠷᠠᠮᠳᠤᠭᠤᠯᠬᠤ ᠵᠠᠭᠪᠤᠷ ᠢ ᠪᠠᠶᠢᠭᠤᠯᠤᠨ ᠲᠡᠬᠦᠯᠳᠡᠷᠵᠢᠬᠦᠯᠵᠦ᠂  ᠠᠷᠠᠳ ᠤᠨ ᠪᠡᠯᠡ ᠶᠢ  ᠲᠠᠶᠢᠴᠢᠯᠠᠨ ᠬᠤᠳᠠ ᠶᠢᠨ ᠰᠠᠭᠤᠷᠢ ᠲᠦᠬᠦᠭᠡᠷᠦᠮᠵᠢ ᠶᠢᠨ ᠪᠠᠶᠢᠭᠤᠯᠤᠯᠳᠠ ᠲᠡᠭᠡᠷ᠎ᠡ ᠤᠷᠤᠭᠤᠯᠬᠤ ᠲᠤᠭᠳᠠᠴᠠ ᠶᠢ ᠰᠦᠪᠡᠭᠴᠢᠯᠡᠨ᠎ᠡ᠃ ︽ᠡᠷᠭᠡ ᠪᠠ ᠬᠠᠷᠢᠭᠤᠴᠠᠯᠭ᠎ᠠ   ᠶᠢ ᠨᠢᠬᠡᠳᠦᠬᠦᠯᠵᠦ᠂  ᠱᠠᠳᠤ ᠬᠤᠪᠢᠶᠠᠨ ᠬᠠᠮᠢᠶᠠᠷᠬᠤ︾ ᠵᠠᠷᠴᠢᠮ ᠢᠶᠠᠷ ᠬᠤᠳᠠ ᠪᠠᠯᠭᠠᠰᠤ᠂  ᠨᠡᠶᠢᠬᠡᠮ ᠲᠤᠭᠤᠷᠢᠭ ᠬᠤᠶᠠᠷ ᠱᠠᠳᠤᠨ ᠤ ᠬᠠᠮᠢᠶᠠᠷᠤᠯᠳᠠ ᠶᠢᠨ ᠰᠢᠰᠲ᠋ᠧᠮ ᠢ ᠲᠡᠬᠦᠯᠳᠡᠷᠵᠢᠬᠦᠯᠵᠦ᠂ ᠦᠷᠭᠡᠨ ᠤᠯᠠᠨ ᠰᠠᠭᠤᠭᠠᠯᠢ ᠠᠷᠠᠳ  ᠤᠨ ᠬᠤᠳᠠ ᠪᠠᠯᠭᠠᠰᠤᠨ ᠤ ᠬᠠᠮᠢᠶᠠᠷᠤᠯᠳᠠ ᠳᠤ ᠤᠷᠤᠯᠴᠠᠬᠤ ᠢᠳᠡᠪᠬᠢᠵᠢᠯ ᠢ ᠲᠠᠶᠢᠴᠢᠯᠠᠬᠤ ᠭᠡᠷᠡᠭᠳᠡᠢ᠃ ︽ᠲᠠᠯᠠᠪᠠᠢ ᠬᠤᠪᠢᠶᠠᠵᠤ᠂ ᠲᠠᠭᠠᠭᠠᠴᠢᠯᠠᠯᠳᠠ ᠵᠠᠷᠯᠠᠨ᠂ ᠲᠦᠷᠦᠯ ᠢᠯᠭᠠᠨ ᠵᠢᠯᠤᠭᠤᠳᠴᠤ᠂ ᠰᠠᠶᠢᠨ ᠢ ᠰᠠᠶᠢᠰᠢᠶᠠᠵᠤ ᠮᠠᠭᠤ ᠶᠢ ᠲᠤᠷᠭᠤᠬᠤ︾ ᠠᠷᠭ᠎ᠠ ᠬᠡᠮᠵᠢᠶ᠎ᠡ ᠠᠪᠴᠤ᠂  ᠵᠠᠬ᠎ᠠ ᠲᠡᠯᠬᠡᠬᠦᠷ ᠤᠨ  ᠦᠷᠢᠰᠦᠯᠳᠦᠬᠡᠨ ᠤ ᠲᠤᠭᠳᠠᠴᠠ ᠶᠢ  ᠪᠠᠶᠢᠭᠤᠯᠤᠨ᠂ ᠬᠤᠳᠠ ᠪᠠᠯᠭᠠᠰᠤᠨ ᠤ ᠠᠷᠢᠭᠤᠨ ᠴᠡᠪᠡᠷ ᠤᠨ ᠠᠵᠢᠯ   ᠢ ᠭᠠᠳᠠᠭᠰᠢ ᠲᠠᠭᠠᠭᠠᠴᠢᠯᠠᠭᠤᠯᠬᠤ ᠠᠷᠭ᠎ᠠ ᠶᠢ ᠭᠡᠷᠡᠭᠵᠢᠬᠦᠯᠦᠨ᠎ᠡ᠃ ᠨᠦᠬᠦᠴᠡᠯ ᠲᠠᠢ  ᠦᠶᠡᠰ ᠪᠠᠰᠠ ᠲᠤᠭᠠᠴᠢᠯᠠᠭᠰᠠᠨ ᠬᠠᠮᠢᠶᠠᠷᠤᠯᠳᠠ ᠶᠢᠨ ᠲᠠᠪᠴᠠᠩ ᠢ ᠲᠦᠰᠦᠪᠯᠡᠨ ᠪᠠᠶᠢᠭᠤᠯᠵᠤ᠂ ᠬᠤᠳᠠ ᠪᠠᠯᠭᠠᠰᠤᠨ ᠤ ᠬᠠᠮᠢᠶᠠᠷᠤᠯᠳᠠ ᠶᠢ ᠠᠯᠬᠤᠮ ᠠᠯᠬᠤᠮ ᠢᠶᠠᠷ  ᠨᠠᠷᠢᠯᠢᠬᠵᠢᠭᠤᠯᠵᠤ᠂ ᠲᠦᠷᠢᠮᠵᠢᠬᠦᠯᠵᠦ᠂ ᠤᠳᠤᠬᠢᠴᠢᠯᠠᠬᠤ ᠪᠠᠷ ᠴᠢᠷᠮᠠᠶᠢᠬᠤ ᠭᠡᠷᠡᠭᠳᠡᠢ᠃ ᠭᠤᠷᠪᠠ ᠳᠤ᠂ ᠰᠢᠨ᠎ᠡ  ᠬᠦᠳᠡᠭᠡ ᠲᠤᠰᠬᠤᠨ ᠤ ᠪᠦᠳᠦᠭᠡᠨ ᠪᠠᠶᠢᠭᠤᠯᠤᠯᠳᠠ ᠶᠢᠨ ᠡᠷᠴᠢᠮ ᠢ ᠦᠨᠡᠨᠬᠦ  ᠴᠢᠩᠭᠠᠷᠠᠭᠤᠯᠤᠨ᠎ᠠ᠃ ︽ ᠦᠢᠯᠡᠳᠪᠦᠷᠢᠯᠡᠯ ᠬᠦᠭᠵᠢᠭᠰᠡᠨ᠂ ᠠᠮᠢᠳᠤᠷᠠᠯ ᠴᠢᠨᠡᠭᠡᠯᠢᠭᠵᠢᠭᠰᠡᠨ᠂  ᠬᠦᠳᠡᠭᠡ ᠶᠢᠨ ᠰᠤᠷᠳᠠᠯ ᠪᠤᠯᠪᠠᠰᠤᠨ᠂ ᠲᠤᠰᠬᠤᠨ ᠤ ᠲᠦᠷᠬᠦ ᠭᠤᠶᠤ᠂ ᠬᠠᠮᠢᠶᠠᠷᠤᠯᠳᠠ ᠠᠷᠠᠳᠴᠢᠯᠠᠭᠰᠠᠨ︾ ᠱᠠᠭᠠᠷᠳᠠᠯᠭ᠎ᠠ ᠶᠤᠰᠤᠭᠠᠷ᠂  ︽ᠲᠠᠪᠤ ᠶᠢ ᠦᠬᠡᠷᠡᠴᠢᠯᠡᠬᠦ︾ ︽ᠲᠠᠪᠤ ᠶᠢ ᠨᠡᠪᠳᠡᠷᠡᠬᠦᠯᠬᠦ︾ ︽ᠲᠠᠪᠤ ᠶᠢ ᠵᠠᠰᠠᠬᠤ︾ ᠪᠠᠷ ᠭᠤᠤᠯᠳᠠᠯᠭ᠎ᠠ ᠪᠤᠯᠭᠠᠨ᠂ ᠮᠠᠯᠵᠢᠬᠤ ᠲᠠᠷᠢᠶᠠᠯᠠᠬᠤ ᠤᠷᠤᠨ ᠤ ᠦᠢᠯᠡᠳᠪᠦᠷᠢᠯᠡᠯ ᠠᠮᠢᠳᠤᠷᠠᠯ ᠤᠨ ᠨᠦᠬᠦᠴᠡᠯ ᠪᠠ ᠬᠦᠭᠵᠢᠯᠳᠡ ᠶᠢᠨ ᠤᠷᠴᠢᠨ ᠲᠤᠭᠤᠷᠢᠨ ᠢ ᠬᠦᠴᠦ ᠲᠠᠯᠪᠢᠨ ᠰᠠᠶᠢᠵᠢᠷᠠᠭᠤᠯᠵᠤ᠂ ᠮᠠᠯᠴᠢᠨ ᠲᠠᠷᠢᠶᠠᠴᠢᠨ ᠤ ᠭᠡᠪ ᠪᠤᠯᠪᠠᠰᠤᠷᠠᠯ᠂ ᠠᠮᠢᠳᠤᠷᠠᠯ ᠤᠨ ᠴᠢᠨᠠᠷ ᠴᠢᠨᠰᠠᠭ᠎ᠠ  ᠪᠠ ᠡᠷᠡᠬᠦᠯ ᠴᠢᠬᠢᠷᠠᠭ ᠤᠨ ᠬᠢᠷᠢ ᠲᠦᠪᠰᠢᠨ ᠢ  ᠲᠡᠭᠡᠭᠰᠢᠯᠡᠬᠦᠯᠬᠦ ᠭᠡᠷᠡᠭᠳᠡᠢ᠃ ᠦᠢᠯᠡᠳᠪᠦᠷᠢᠯᠡᠯ ᠤᠨ  ᠵᠦᠢᠯ᠂  ᠰᠠᠭᠤᠷᠢ ᠲᠦᠬᠦᠭᠡᠷᠦᠮᠵᠢ ᠶᠢᠨ ᠪᠦᠳᠦᠬᠡᠨ ᠪᠠᠶᠢᠭᠤᠯᠤᠯᠳᠠ ᠶᠢᠨ ᠵᠦᠢᠯ ᠪᠠ ᠨᠡᠶᠢᠳᠡ ᠶᠢᠨ  ᠦᠢᠯᠡᠴᠢᠯᠡᠬᠡᠨ ᠤ  ᠵᠦᠢᠯ ᠤᠨ ᠲᠦᠷᠦᠯ ᠵᠦᠢᠯ ᠢ ᠨᠢᠭᠡᠳᠭᠡᠬᠦ ᠪᠠᠷ ᠲᠠᠮᠵᠢᠨ᠂ ︽ᠦᠵᠡᠰᠬᠦᠯᠡᠩᠳᠦ ᠬᠦᠳᠡᠭᠡ︾ ︽ ᠰᠤᠯᠤᠩᠭᠠᠨ  ᠬᠠᠷᠭᠤᠢ  ︾ ︽ ᠬᠦᠷᠢᠶᠡᠯᠡᠩ ᠤᠨ ᠠᠵᠤ ᠠᠬᠤᠢ︾ ᠵᠡᠷᠭᠡ ᠪᠦᠳᠦᠭᠡᠨ ᠪᠠᠶᠢᠭᠤᠯᠤᠯᠳᠠ ᠶᠢᠨ ᠢᠨᠵᠧᠨᠧᠷᠢᠩ ᠲᠠᠢ ᠤᠶᠠᠯᠳᠤᠭᠤᠯᠵᠤ᠂ ᠪᠡᠯᠡ  ᠮᠦᠩᠬᠦ᠂ ᠲᠦᠷᠦᠯ ᠵᠦᠢᠯ ᠢ ᠬᠦᠭᠵᠢᠯᠳᠡ   ᠶᠢᠨ ᠲᠠᠯᠳᠠ ᠬᠦᠴᠦᠨ ᠲᠠᠢ᠂ ᠠᠵᠤ ᠦᠢᠯᠡᠰ ᠤᠨ ᠪᠠᠳᠤ ᠰᠠᠭᠤᠷᠢ ᠲᠠᠢ ᠭᠠᠴᠠᠭ᠎ᠠ ᠲᠤᠰᠬᠤᠨ ᠳᠤ ᠲᠦᠪᠯᠡᠷᠡᠬᠦᠯᠦᠨ᠂ ᠰᠢᠨ᠎ᠡ  ᠬᠦᠳᠡᠭᠡ ᠲᠤᠰᠬᠤᠨ ᠤ ᠪᠦᠳᠦᠭᠡᠨ ᠪᠠᠶᠢᠭᠤᠯᠤᠯᠳᠠ ᠶᠢᠨ ᠵᠢᠱᠢᠶ᠎ᠡ ᠦᠵᠡᠬᠦᠯᠬᠦ ᠴᠡᠭ   ᠢ 5 ᠠᠴᠠ ᠲᠡᠭᠡᠭᠰᠢ ᠪᠠᠶᠢᠭᠤᠯᠬᠤ ᠪᠠᠷ ᠴᠢᠷᠮᠠᠶᠢᠨ᠎ᠠ᠃ 3758 ᠲᠦᠮᠡᠨ ᠲᠦᠬᠦᠷᠢᠭ ᠤᠨ ᠪᠡᠯᠡ  ᠤᠷᠤᠭᠤᠯᠵᠤ᠂  ︽ᠲᠤᠰᠬᠠᠢ ᠲᠦᠷᠦᠯ ᠢᠶᠠᠷ ᠵᠦᠪᠯᠡᠬᠦ︾ ᠡᠳ᠋ ᠤᠨ ᠵᠠᠰᠠᠭ ᠤᠨ ᠱᠠᠩᠨᠠᠯ ᠨᠦᠬᠦᠪᠦᠷᠢ ᠶᠢᠨ ᠲᠦᠷᠦᠯ ᠵᠦᠢᠯ 110 ᠶᠢ ᠭᠡᠷᠡᠭᠵᠢᠬᠦᠯᠦᠨ᠂  ᠮᠠᠯᠴᠢᠨ ᠲᠠᠷᠢᠶᠠᠴᠢᠨ ᠲᠦᠮᠡᠨ ᠤ ᠰᠢᠨ᠎ᠡ ᠬᠦᠳᠡᠭᠡ ᠲᠤᠰᠬᠤᠨ ᠤ ᠪᠦᠳᠦᠭᠡᠨ ᠪᠠᠶᠢᠭᠤᠯᠤᠯᠳᠠ ᠳᠤ ᠤᠷᠤᠯᠴᠠᠬᠤ ᠢᠳᠡᠪᠬᠢᠵᠢᠯ   ᠢ ᠲᠠᠶᠢᠴᠢᠯᠠᠨ᠎ᠠ᠃ ᠡᠬᠦᠨ ᠤ ᠬᠠᠮᠳᠤ᠂ ᠦᠪᠡᠷᠳᠡᠭᠡᠨ ᠵᠠᠰᠠᠬᠤ ᠤᠷᠤᠨ ᠤ ᠲᠤᠷᠠᠳᠤᠭᠰᠠᠨ ᠮᠠᠯᠵᠢᠬᠤ ᠲᠠᠷᠢᠶᠠᠯᠠᠬᠤ ᠤᠷᠤᠨ ᠤ ᠠᠶᠤᠯᠳᠠᠢ ᠭᠡᠷ ᠪᠠᠶᠢᠰᠢᠩ ᠢ ᠰᠢᠨᠡᠳᠭᠡᠬᠦ᠂  ᠠᠷᠢᠭᠤᠨ ᠴᠡᠪᠡᠷ ᠤᠰᠤ ᠤᠮᠳᠠ ᠬᠠᠩᠭᠠᠬᠤ᠂  ᠭᠠᠴᠠᠭ᠎ᠠ ᠲᠤᠰᠬᠤᠨ ᠤ ᠵᠡᠭᠡᠯᠢ ᠭᠤᠳᠤᠮᠵᠢ ᠶᠢ ᠬᠠᠳᠠᠭᠤᠷᠠᠭᠤᠯᠬᠤ᠂  ᠠᠶᠢᠯ ᠪᠤᠯᠭᠠᠨ ᠳᠤ ᠴᠠᠬᠢᠯᠭᠠᠨ ᠨᠡᠪᠳᠡᠷᠡᠬᠦᠯᠵᠦ ᠷᠠᠳᠢᠤ᠋ ᠲᠧᠯᠸᠢᠰ ᠲᠠᠮᠵᠢᠭᠤᠯᠬᠤ ᠂ ᠰᠤᠷᠭᠠᠭᠤᠯᠢ ᠶᠢᠨ ᠭᠡᠷ ᠪᠠᠶᠢᠰᠢᠩ ᠢ ᠪᠠᠶᠢᠭᠤᠯᠬᠤ ᠪᠠ  ᠵᠠᠰᠠᠨ ᠰᠢᠨᠡᠳᠭᠡᠬᠦ᠂  ᠭᠠᠴᠠᠭ᠎ᠠ ᠲᠤᠰᠬᠤᠨ   ᠳᠤ ᠡᠷᠡᠬᠦᠯ ᠬᠠᠮᠠᠭᠠᠯᠠᠯ ᠤᠨ ᠭᠡᠷ᠂  ᠰᠤᠶᠤᠯ ᠤᠨ ᠠᠵᠢᠯᠯᠠᠭᠠᠨ ᠤ ᠭᠡᠷ᠂  ᠴᠢᠯᠦᠬᠡᠳᠦ ᠲᠡᠯᠭᠡᠬᠦᠷ  ᠵᠡᠷᠭᠡ ᠶᠢ ᠪᠠᠶᠢᠭᠤᠯᠬᠤ ᠵᠢᠴᠢ ᠮᠠᠯᠵᠢᠬᠤ ᠲᠠᠷᠢᠶᠠᠯᠠᠬᠤ ᠤᠷᠤᠨ ᠤ ᠪᠠᠶᠢᠩᠭᠤ ᠰᠠᠭᠤᠭ᠎ᠠ ᠬᠦᠮᠦᠨ ᠠᠮᠠ   ᠶᠢᠨ ᠨᠠᠰᠤᠵᠢᠯ ᠤᠨ ᠠᠰᠠᠷᠠᠮᠵᠢ ᠪᠠ ᠨᠠᠭᠠᠳᠤ ᠵᠠᠬ᠎ᠠ ᠶᠢᠨ ᠠᠮᠢᠳᠤᠷᠠᠯ ᠤᠨ ᠪᠠᠳᠤᠯᠠᠭ᠎ᠠ ᠵᠡᠷᠭᠡ ᠳᠤ ᠬᠤᠯᠪᠤᠭᠳᠠᠭᠰᠠᠨ ᠨᠡᠶᠢᠬᠡᠮ ᠤᠨ ᠪᠠᠳᠤᠯᠠᠭᠠᠨ ᠤ  ︽ ᠠᠷᠪᠠ ᠶᠢ ᠦᠪᠴᠢ ᠬᠠᠮᠤᠷᠬᠤ  ︾ ᠢᠨᠵᠧᠨᠧᠷᠢᠩ ᠤᠨ ᠦᠨᠳᠦᠰᠦᠨ ᠠᠵᠢᠯ ᠢ ᠰᠠᠶᠢᠨ ᠬᠢᠵᠦ᠂ ᠰᠠᠭᠤᠷᠢ ᠲᠤᠭ᠎ᠠ ᠶᠢ ᠲᠦᠷᠭᠡᠨ  ᠡᠵᠡᠮᠰᠢᠵᠦ ᠲᠡᠭᠡᠭᠰᠢ  ᠮᠡᠳᠡᠬᠦᠯᠦᠨ᠂ ᠪᠦᠳᠦᠭᠡᠨ ᠪᠠᠶᠢᠭᠤᠯᠤᠯᠳᠠ ᠶᠢᠨ ᠡᠬᠦᠷᠭᠡ ᠶᠢ ᠲᠤᠳᠤᠷᠬᠠᠶᠢᠯᠠᠬᠤ ᠭᠡᠷᠡᠭᠳᠡᠢ᠃  ᠲᠦᠷᠪᠡ ᠳᠤ᠂  ᠮᠠᠯᠵᠢᠬᠤ ᠲᠠᠷᠢᠶᠠᠯᠠᠬᠤ ᠤᠷᠤᠨ ᠤ ᠰᠠᠭᠤᠷᠢ ᠲᠦᠬᠦᠭᠡᠷᠦᠮᠵᠢ ᠶᠢᠨ ᠪᠦᠳᠦᠭᠡᠨ ᠪᠠᠶᠢᠭᠤᠯᠤᠯᠳᠠ ᠶᠢ  ᠲᠦᠷᠭᠡᠳᠭᠡᠨ᠎ᠡ  ᠃  ᠰᠠᠭᠤᠷᠢ ᠲᠦᠬᠦᠭᠡᠷᠦᠮᠵᠢ   ᠶᠢ ᠬᠦᠳᠡᠭᠡ ᠵᠦᠭ ᠰᠤᠨᠤᠭᠠᠬᠤ᠂ ᠨᠡᠶᠢᠳᠡ ᠶᠢᠨ ᠦᠢᠯᠡᠴᠢᠯᠡᠭᠡ   ᠪᠠᠷ ᠬᠦᠳᠡᠭᠡ   ᠶᠢ ᠪᠦᠷᠬᠦᠬᠦᠯᠬᠦ ᠠᠵᠢᠯ ᠢ ᠯᠠᠪᠳᠠᠭᠤᠨ ᠢᠶᠠᠷ ᠠᠬᠢᠭᠤᠯᠬᠤ ᠭᠡᠷᠡᠭᠳᠡᠢ᠃ ᠤᠰᠤᠨ ᠠᠰᠢᠭᠯᠠᠯᠳᠠ ᠶᠢᠨ ᠲᠠᠯᠠᠪᠠᠷ᠂ 5075 ᠲᠦᠮᠡᠨ ᠲᠦᠬᠦᠷᠢᠭ ᠤᠨ ᠪᠡᠯᠡ  ᠤᠷᠤᠭᠤᠯᠤᠨ᠂ ᠬᠤᠩ ᠰᠢᠩ᠂ ᠶᠠᠩ ᠵᠢᠶᠠ ᠶᠢᠩᠽᠢ   ᠶᠢᠨ ᠬᠤᠶᠠᠷ ᠰᠠᠭᠤᠷᠢ ᠤᠰᠤᠨ ᠴᠦᠬᠦᠷᠦᠮ ᠤᠨ ᠠᠶᠤᠯ ᠢ ᠠᠷᠢᠯᠭᠠᠵᠤ ᠪᠠᠬᠢᠵᠢᠬᠦᠯᠦᠨ ᠪᠠᠶᠢᠭᠤᠯᠬᠤ ᠢᠨᠵᠧᠨᠧᠷᠢᠩ  ᠂ ᠭᠤᠸᠠᠩ ᠮᠠ ᠭᠸᠦ ᠭᠤᠤᠯ᠂ ᠬᠤ᠋ ᠯᠤ᠋ ᠢᠦᠢ ᠭᠤᠤᠯ ᠤᠨ ᠦᠶᠡᠷ ᠰᠡᠷᠭᠡᠶᠢᠯᠡᠬᠦ ᠵᠠᠰᠠᠯᠳᠠ ᠶᠢᠨ ᠢᠨᠵᠧᠨᠧᠷᠢᠩ᠂ 6 ᠰᠠᠭᠤᠷᠢ ᠠᠷᠢᠭᠤᠨ ᠴᠡᠪᠡᠷ ᠤᠤᠭᠤᠬᠤ ᠤᠰᠤᠨ ᠤ ᠢᠨᠵᠧᠨᠧᠷᠢᠩ  ᠵᠡᠷᠭᠡ ᠶᠢ ᠪᠡᠶᠡᠯᠡᠬᠦᠯᠵᠦ᠂ 4500 ᠮᠤ᠋ ᠭᠠᠵᠠᠷ  ᠲᠤ ᠪᠠᠭ᠎ᠠ ᠰᠠᠪᠠ ᠭᠠᠵᠠᠷ ᠤᠨ ᠶᠡᠷᠦᠩᠬᠡᠶᠢᠯᠡᠭᠰᠡᠨ ᠵᠠᠰᠠᠯᠳᠠ ᠬᠢᠨ᠎ᠡ᠃  ᠵᠠᠮ  ᠬᠠᠷᠢᠯᠴᠠᠭᠠᠨ ᠤ  ᠲᠠᠯᠠᠪᠠᠷ᠂ 1.67  ᠳ᠋ᠦᠩᠰᠢᠭᠤᠷ ᠲᠦᠬᠦᠷᠢᠭ ᠤᠨ ᠪᠡᠯᠡ  ᠤᠷᠤᠭᠤᠯᠵᠤ᠂ S309 ᠵᠠᠰᠠᠮᠠᠯ ᠵᠠᠮ ᠤᠨ ᠪᠤᠤᠴᠠᠩ ᠢᠶᠠᠷ ᠦᠩᠭᠡᠷᠡᠬᠦ ᠭᠡᠰᠡᠭ  ᠤᠨ ᠦᠬᠡᠷᠡᠴᠢᠯᠡᠯᠳᠡ ᠶᠢᠨ ᠢᠨᠵᠧᠨᠧᠷᠢᠩ ᠢ  ᠪᠡᠶᠡᠯᠡᠬᠦᠯᠦᠨ᠎ᠡ᠃ ᠭᠠᠴᠠᠭ᠎ᠠ ᠲᠤᠰᠬᠤᠨ ᠤ ᠨᠡᠪᠳᠡᠷᠡᠬᠦ ᠽᠧᠮᠧᠨ᠋ᠲ ᠵᠠᠮ ᠪᠠ ᠬᠤᠳᠠ ᠤᠰᠤᠨ ᠤ ᠲᠤᠮᠳᠠᠬᠢ ᠵᠠᠮ ᠤᠨ ᠪᠠᠶᠢᠭᠤᠯᠤᠯᠳᠠ   ᠶᠢ ᠬᠢᠨ᠎ᠡ᠃ ︽ᠬᠠᠭᠠᠨ ᠤ ᠠᠳᠤᠭᠤᠨ  ᠵᠤᠰᠠᠭᠠᠯ︾  ᠠᠴᠠ ᠰᠢᠶᠤᠤ ᠯᠢ ᠶᠢᠩᠽᠢ ᠬᠦᠷᠬᠦ ᠵᠤᠭᠠᠴᠠᠯ ᠤᠨ ᠵᠠᠰᠠᠮᠠᠯ ᠵᠠᠮ ᠤᠨ ᠪᠠᠶᠢᠭᠤᠯᠤᠯᠳᠠ ᠶᠢᠨ ᠲᠦᠷᠦᠯ ᠵᠦᠢᠯ ᠢ ᠢᠳᠡᠪᠬᠢᠳᠡᠢ ᠪᠠᠷ ᠡᠷᠡᠮᠡᠯᠵᠡᠯᠡᠨ ᠤᠯᠤᠨ᠎ᠠ᠃  ᠺᠠᠩ ᠱᠠᠨ ᠱᠤᠭᠤᠮ ᠤᠨ ᠦᠬᠡᠷᠡᠴᠢᠯᠡᠯᠳᠡ ᠶᠢᠨ ᠲᠦᠷᠦᠯ ᠵᠦᠢᠯ ᠢ ᠡᠷᠡᠮᠡᠯᠵᠡᠯᠡᠨ ᠤᠯᠵᠤ᠂ ᠡᠷᠳᠡ ᠡᠳᠦᠷ ᠵᠦᠪᠰᠢᠶᠡᠷᠡᠬᠦᠯᠬᠦ ᠪᠠᠷ ᠴᠢᠷᠮᠠᠶᠢᠨ᠎ᠠ᠃  ᠰᠢᠯᠤᠭᠤᠨ ᠬᠦᠬᠡ ᠠᠴᠠ ᠴᠢᠭᠤᠯᠤᠯᠳᠤ ᠬᠠᠭᠠᠯᠭ᠎ᠠ ᠬᠦᠷᠬᠦ ᠲᠡᠮᠦᠷ ᠵᠠᠮ ᠤᠨ ᠪᠠᠶᠢᠭᠤᠯᠤᠯᠳᠠ ᠶᠢᠨ ᠲᠦᠷᠦᠯ ᠵᠦᠢᠯ ᠲᠠᠢ  ᠵᠠᠯᠭᠠᠭᠤᠯᠬᠤ ᠠᠵᠢᠯ ᠢ ᠲᠦᠷᠭᠡᠳᠭᠡᠨ᠂  ᠲᠤᠰ ᠲᠡᠮᠦᠷ ᠵᠠᠮ ᠪᠤᠯᠤᠨ ᠺᠠᠩ ᠱᠠᠨ ᠱᠤᠭᠤᠮ   ᠤᠨ ᠵᠦᠷᠢᠯᠢᠭ ᠪᠦᠰᠡ ᠶᠢ ᠪᠠᠶᠢᠭᠤᠯᠬᠤ ᠲᠦᠷᠦᠬᠦᠴᠢ ᠬᠤᠭᠤᠴᠠᠭᠠᠨ ᠤ ᠠᠵᠢᠯ ᠢ ᠬᠢᠨ᠎ᠡ᠃ ᠴᠠᠬᠢᠯᠭᠠᠨ ᠬᠦᠴᠦᠨ ᠤ ᠲᠠᠯᠠᠪᠠᠷ᠂ 1.04  ᠳ᠋ᠦᠩᠰᠢᠭᠤᠷ ᠲᠦᠬᠦᠷᠢᠭ ᠤᠨ ᠪᠡᠯᠡ  ᠤᠷᠤᠭᠤᠯᠵᠤ᠂  ᠪᠤᠤᠴᠠᠩ   ᠤᠨ 110 ᠺᠢᠯᠤᠸᠤᠯᠲ ᠤᠨ ᠴᠠᠬᠢᠯᠭᠠᠨ ᠬᠤᠪᠢᠰᠬᠠᠬᠤ  ᠦᠷᠳᠡᠭᠡ  ᠪᠤᠯᠤᠨ  ᠮᠠ ᠹᠠᠩ ᠽᠢ᠂ ᠬᠤᠩ ᠴᠢ  ᠂ ᠯᠦᠸᠧ ᠲᠦᠸᠧ ᠱᠠᠨ᠂ ᠬᠦᠨᠪᠤᠯᠠᠭ ᠤᠨ 35 ᠺᠢᠯᠤᠸᠤᠯᠲ  ᠤᠨ ᠴᠠᠬᠢᠯᠭᠠᠨ ᠬᠤᠪᠢᠰᠬᠠᠬᠤ  ᠦᠷᠳᠡᠭᠡ   ᠶᠢᠨ ᠰᠢᠨ᠎ᠡ ᠪᠠᠷ ᠪᠠᠶᠢᠭᠤᠯᠬᠤ ᠪᠤᠶᠤ ᠵᠠᠯᠭᠠᠵᠤ ᠪᠠᠶᠢᠭᠤᠯᠬᠤ  ᠢᠨᠵᠧᠨᠧᠷᠢᠩ ᠵᠢᠴᠢ 10 ᠺᠢᠯᠤᠸᠤᠯᠲ ᠠᠴᠠ ᠲᠤᠷᠤᠭᠰᠢᠬᠢ  ᠴᠠᠬᠢᠯᠭᠠᠨ ᠱᠤᠭᠤᠮ ᠤᠨ  ᠦᠭᠡᠷᠡᠴᠢᠯᠡᠯᠳᠡ ᠶᠢᠨ ᠠᠵᠢᠯ ᠢ ᠬᠢᠨ᠎ᠡ᠃ ᠴᠠᠬᠢᠯᠭᠠᠨ ᠲᠤᠤᠷ ᠤᠨ ᠪᠦᠷᠢᠯᠳᠦᠴᠡ ᠶᠢ ᠰᠠᠶᠢᠵᠢᠷᠠᠭᠤᠯᠬᠤ᠂ ᠴᠠᠬᠢᠯᠭᠠᠨ ᠬᠠᠩᠭᠠᠯᠭ᠎ᠠ ᠶᠢᠨ ᠨᠠᠶᠢᠳᠠᠪᠤᠷᠢ ᠶᠢ ᠪᠠᠳᠤᠯᠠᠬᠤ  ᠵᠠᠷᠴᠢᠮ ᠢᠶᠠᠷ ᠪᠠᠶᠠᠩᠭᠤᠤᠯ ᠠᠴᠠ ᠲᠠᠶᠢᠹᠤᠰᠧ ᠬᠤᠰᠢᠭᠤ ᠬᠦᠷᠬᠦ 220 ᠺᠢᠯᠤᠸᠤᠯᠲ  ᠤᠨ ᠴᠠᠬᠢᠯᠭᠠᠨ ᠲᠠᠮᠵᠢᠭᠤᠯᠵᠤ ᠬᠤᠪᠢᠰᠬᠠᠬᠤ  ᠢᠨᠵᠧᠨᠧᠷᠢᠩ   ᠤᠨ ᠲᠦᠷᠦᠬᠦᠴᠢ ᠬᠤᠭᠤᠴᠠᠭᠠᠨ ᠤ ᠠᠵᠢᠯ ᠢ ᠢᠳᠡᠪᠬᠢᠳᠡᠢ ᠬᠢᠨ᠎ᠡ᠃ ᠴᠢᠮᠡᠭᠡ ᠬᠤᠯᠪᠤᠭᠠᠨ ᠤ ᠲᠠᠯᠠᠪᠠᠷ᠂ 2984 ᠲᠦᠮᠡᠨ ᠲᠦᠬᠦᠷᠢᠭ ᠤᠨ ᠪᠡᠯᠡ  ᠤᠷᠤᠭᠤᠯᠵᠤ᠂  ᠰᠠᠭᠤᠷᠢ ᠦᠷᠳᠡᠭᠡ 13 ᠶᠢ ᠪᠠᠶᠢᠭᠤᠯᠤᠨ᠂  4G  ᠰᠦᠯᠵᠢᠶᠡᠨ ᠤ ᠪᠠᠶᠢᠭᠤᠯᠤᠯᠳᠠ᠂ ᠭᠡᠷᠡᠯᠯᠢᠭ  ᠤᠳᠠᠰᠤ ᠶᠢ ᠡᠷᠦᠬᠡ ᠳᠤ ᠤᠷᠤᠭᠤᠯᠬᠤ  ᠵᠡᠷᠭᠡ ᠠᠵᠢᠯ ᠢ ᠢᠳᠡᠪᠬᠢᠳᠡᠢ ᠪᠠᠷ   ᠲᠦᠷᠭᠡᠨ  ᠭᠡᠷᠡᠭᠵᠢᠬᠦᠯᠦᠨ᠎ᠡ᠃       ︵ᠲᠤᠯᠤᠭ᠎ᠠ︶ ᠡᠯ᠎ᠡ ᠲᠦᠷᠦᠯ ᠤᠨ ᠨᠡᠶᠢᠬᠡᠮ ᠤᠨ  ᠦᠢᠯᠡᠰ ᠢ ᠯᠠᠪᠳᠠᠭᠤᠨ ᠢᠶᠠᠷ ᠲᠦᠯᠬᠢᠨ ᠠᠬᠢᠭᠤᠯᠵᠤ  ᠂  ᠨᠡᠶᠢᠳᠡ ᠶᠢᠨ ᠦᠢᠯᠡᠴᠢᠯᠡᠬᠡᠨ ᠤ ᠲᠡᠩᠴᠡᠬᠦᠷᠢᠰᠢᠯ ᠢ ᠲᠦᠷᠭᠡᠳᠭᠡᠨ᠎ᠡ᠃  ᠨᠢᠬᠡ ᠳᠤ᠂  ᠰᠤᠷᠭᠠᠨ ᠬᠦᠮᠦᠶᠢᠯ ᠤᠨ ᠦᠢᠯᠡᠰ ᠢ ᠤᠷᠢᠳᠠᠵᠤ ᠬᠦᠭᠵᠢᠬᠦᠯᠦᠨ᠎ᠡ᠃  ᠰᠤᠷᠭᠠᠨ ᠬᠦᠮᠦᠵᠢᠯ ᠤᠨ ᠡᠬᠢ ᠪᠠᠶᠠᠯᠢᠭ ᠢ ᠵᠦᠢ ᠵᠤᠬᠢᠰᠳᠠᠢ ᠲᠤᠬᠢᠷᠠᠭᠤᠯᠵᠤ᠂ ᠠᠯᠪᠠᠨ ᠵᠢᠷᠤᠮ ᠤᠨ ᠰᠤᠷᠭᠠᠨ ᠬᠦᠮᠦᠵᠢᠯ ᠤᠨ ᠲᠡᠩᠴᠡᠬᠦᠷᠢᠳᠡᠢ ᠬᠦᠭᠵᠢᠬᠦ ᠶᠢ ᠠᠬᠢᠭᠤᠯᠤᠨ᠂ ᠰᠤᠷᠬᠤ ᠨᠠᠰᠤᠨ ᠠᠴᠠ ᠡᠮᠦᠨᠡᠬᠢ ᠰᠤᠷᠭᠠᠨ ᠬᠦᠮᠦᠵᠢᠯ   ᠢ ᠬᠦᠴᠦᠯᠡᠨ ᠬᠦᠭᠵᠢᠬᠦᠯᠵᠦ᠂  ᠦᠨᠳᠦᠰᠦᠳᠡᠨ ᠤ ᠰᠤᠷᠭᠠᠨ ᠬᠦᠮᠦᠵᠢᠯ ᠤᠨ ᠰᠤᠷᠭᠠᠭᠤᠯᠢ ᠡᠷᠬᠢᠯᠡᠬᠦ ᠬᠢᠷᠢ ᠲᠦᠪᠰᠢᠨ ᠢ ᠲᠡᠭᠡᠭᠰᠢᠯᠡᠬᠦᠯᠦᠨ᠂  ᠠᠵᠤ ᠠᠬᠤᠢ ᠨᠡᠶᠢᠬᠡᠮ ᠤᠨ ᠬᠦᠭᠵᠢᠯᠳᠡ ᠳᠤ ᠲᠤᠬᠢᠷᠠᠯᠴᠠᠭᠰᠠᠨ ᠠᠵᠢᠯ ᠮᠡᠷᠭᠡᠵᠢᠯ ᠤᠨ ᠰᠤᠷᠭᠠᠨ ᠬᠦᠮᠦᠵᠢᠯ ᠢ  ᠰᠠᠶᠢᠳᠤᠷ  ᠬᠦᠭᠵᠢᠬᠦᠯᠬᠦ ᠭᠡᠷᠡᠭᠳᠡᠢ᠃  ᠡᠨᠡ ᠵᠢᠯ 1 —2 ᠰᠠᠭᠤᠷᠢ ᠪᠠᠷᠢᠮᠵᠢᠶᠠᠳᠤ ᠰᠤᠷᠭᠠᠭᠤᠯᠢ ᠶᠢᠨ ᠪᠦᠳᠦᠭᠡᠨ ᠪᠠᠶᠢᠭᠤᠯᠤᠯᠳᠠ ᠶᠢ ᠬᠢᠵᠦ᠂ ᠭᠡᠦᠭᠡᠳ ᠤᠨ ᠴᠡᠴᠡᠷᠯᠢᠭ  5   ᠶᠢ ᠰᠢᠨ᠎ᠡ   ᠪᠠᠷ  ᠪᠠᠶᠢᠭᠤᠯᠬᠤ ᠶᠢᠨ ᠬᠠᠮᠳᠤ  ᠨᠠᠷᠠ  ᠪᠤᠷᠤᠭᠠᠨ ᠢ ᠬᠠᠯᠬᠠᠯᠠᠬᠤ ᠲᠠᠮᠢᠷ ᠤᠨ ᠲᠠᠯᠠᠪᠠᠢ 2 ᠰᠠᠭᠤᠷᠢ᠂  ᠰᠦᠯᠢᠶᠤᠤ ᠭᠤᠮ ᠪᠦᠳᠦᠴᠡᠳᠦ ᠬᠦᠶᠦᠯᠳᠡ ᠶᠢᠨ ᠱᠤᠭᠤᠮ 3 ᠵᠤᠷᠪᠤᠰ ᠢ ᠪᠠᠶᠢᠭᠤᠯᠤᠨ᠎ᠠ᠃ ᠪᠠᠭᠰᠢ ᠶᠢᠨ ᠡᠩᠨᠡᠬᠡᠨ ᠤ ᠪᠠᠶᠢᠭᠤᠯᠤᠯᠳᠠ  ᠪᠠ  ᠵᠠᠬᠢᠷᠤᠯ ᠢᠶᠠᠷ ᠭᠤᠤᠯ ᠪᠤᠯᠭᠠᠭᠰᠠᠨ ᠰᠤᠷᠭᠠᠭᠤᠯᠢ  ᠶᠢᠨ ᠤᠳᠤᠷᠢᠳᠬᠤ ᠪᠠᠭ ᠤᠨ ᠪᠠᠶᠢᠭᠤᠯᠤᠯᠳᠠ ᠶᠢ ᠴᠢᠩᠭᠠᠳᠬᠠᠵᠤ᠂ ᠮᠠᠨ ᠤ ᠬᠤᠰᠢᠭᠤᠨ ᠤ ᠪᠤᠯᠪᠠᠰᠤᠷᠠᠯ ᠬᠦᠮᠦᠵᠢᠯ  ᠤᠨ ᠡᠬᠢ ᠪᠠᠶᠠᠯᠢᠭ ᠢᠶᠠᠨ ᠠᠰᠢᠭᠯᠠᠨ᠂  ︽ᠭᠠᠳᠠᠭᠰᠢ ᠭᠠᠷᠭᠠᠬᠤ᠂ ᠤᠷᠢᠵᠤ ᠠᠪᠴᠢᠷᠠᠬᠤ︾  ᠠᠷᠭ᠎ᠠ ᠬᠡᠯᠪᠡᠷᠢ ᠪᠠᠷ ᠰᠤᠷᠭᠠᠭᠤᠯᠢ ᠶᠢᠨ ᠬᠠᠮᠢᠶᠠᠷᠤᠯᠳᠠ᠂  ᠪᠠᠭᠰᠢ ᠶᠢᠨ   ᠰᠤᠷᠳᠠᠯ᠂  ᠤᠳᠤ ᠴᠠᠭ ᠤᠨ ᠵᠢᠭᠠᠨ ᠰᠤᠷᠭᠠᠭᠤ ᠮᠡᠷᠭᠡᠵᠢᠯ  ᠢᠶᠠᠷ ᠭᠤᠤᠯ ᠪᠤᠯᠭᠠᠭᠰᠠᠨ ᠰᠤᠷᠤᠯᠭ᠎ᠠ ᠪᠤᠯᠪᠠᠰᠤᠷᠠᠯ ᠢ ᠢᠯᠡᠬᠦᠦ ᠡᠷᠬᠢᠯᠡᠵᠦ᠂  ᠵᠢᠭᠠᠨ  ᠰᠤᠷᠭᠠᠯᠳᠠ ᠶᠢᠨ ᠬᠠᠮᠢᠶᠠᠷᠤᠯᠳᠠ ᠶᠢ ᠴᠢᠩᠭᠠᠳᠬᠠᠬᠤ ᠪᠠ ᠵᠢᠭᠠᠨ ᠰᠤᠷᠭᠠᠯᠳᠠ ᠶᠢᠨ  ᠴᠢᠨᠠᠷ ᠴᠢᠨᠰᠠᠭ᠎ᠠ ᠶᠢ ᠲᠡᠭᠡᠰᠢᠯᠡᠬᠦᠯᠬᠦ ᠵᠡᠷᠭᠡ ᠲᠠᠯᠠᠪᠠᠷ ᠰᠢᠨ᠎ᠡ ᠠᠮᠵᠢᠯᠳᠠ ᠭᠠᠷᠭᠠᠬᠤ ᠭᠡᠷᠡᠭᠳᠡᠢ᠃ ᠰᠤᠷᠭᠠᠭᠤᠯᠢ ᠶᠢᠨ ᠬᠦᠷᠢᠶᠡᠨ ᠤ ᠠᠮᠤᠷ ᠲᠦᠪᠰᠢᠨ ᠤ ᠠᠵᠢᠯ ᠪᠠ ᠤᠶᠢᠷ᠎ᠠ ᠤᠷᠴᠢᠨ ᠤ ᠴᠡᠭᠴᠡᠯᠡᠯᠳᠡ ᠶᠢ ᠴᠢᠩᠭᠠᠳᠬᠠᠵᠤ᠂  ᠠᠮᠤᠷ ᠲᠦᠪᠰᠢᠨ ᠤ  ᠭᠡᠷᠡᠭ ᠤᠷᠰᠢᠭ ᠭᠠᠷᠬᠤ ᠠᠴᠠ ᠴᠢᠩᠭ᠎ᠠ ᠰᠡᠷᠭᠡᠶᠢᠯᠡᠬᠦ ᠭᠡᠷᠡᠭᠳᠡᠢ᠃  ᠰᠤᠷᠭᠠᠨ ᠬᠦᠮᠦᠵᠢᠯ ᠤᠨ ᠶᠠᠳᠠᠭᠤ ᠶᠢ ᠳᠡᠳᠬᠦᠬᠦ ᠠᠵᠢᠯ ᠢ ᠰᠠᠶᠢᠳᠤᠷ ᠠᠳᠬᠤᠵᠤ ᠂   ᠲᠤᠰᠠᠯᠠᠨ ᠲᠡᠳᠬᠦᠬᠦ ᠰᠢᠰᠲ᠋ᠧᠮ ᠢ ᠲᠡᠬᠦᠯᠳᠡᠷᠵᠢᠬᠦᠯᠦᠨ᠂  ᠶᠠᠳᠠᠭᠤ ᠬᠦᠴᠢᠷᠳᠡᠢ ᠭᠡᠷ ᠪᠦᠯᠢ ᠶᠢᠨ ᠬᠡᠦᠬᠡᠳ ᠨᠢᠬᠡᠪᠦᠷᠢ ᠰᠤᠷᠭᠠᠨ ᠬᠦᠮᠦᠵᠢᠯ ᠬᠦᠷᠳᠡᠬᠦ ᠶᠢ ᠪᠠᠳᠤᠯᠠᠵᠤ᠂  ᠰᠤᠷᠤᠯᠭ᠎ᠠ ᠵᠤᠭᠰᠤᠬᠤ ᠦᠵᠡᠭᠳᠡᠯ ᠢ ᠭᠠᠷᠭᠠᠵᠤ ᠪᠤᠯᠬᠤ ᠦᠬᠡᠢ᠃  ᠬᠤᠶᠠᠷ ᠲᠤ᠂  ᠤᠯᠠᠨ ᠨᠡᠶᠢᠳᠡ ᠶᠢᠨ ᠰᠤᠶᠤᠯ ᠤᠨ ᠦᠢᠯᠡᠴᠢᠯᠡᠭᠡᠨ ᠤ ᠲᠦᠬᠦᠭᠡᠷᠦᠮᠵᠢ ᠶᠢᠨ ᠪᠦᠷᠬᠦᠴᠡ  ᠶᠢ ᠦᠷᠭᠡᠳᠭᠡᠨ᠎ᠡ᠃  ᠬᠤᠳᠠ ᠬᠦᠳᠡᠭᠡ ᠶᠢᠨ ᠤᠯᠠᠨ ᠨᠡᠶᠢᠳᠡ ᠶᠢᠨ ᠰᠤᠶᠤᠯ ᠤᠨ ᠦᠢᠯᠡᠴᠢᠯᠡᠬᠡᠨ ᠤ ᠲᠦᠬᠦᠭᠡᠷᠦᠮᠵᠢ  ᠶᠢᠨ ᠪᠦᠳᠦᠭᠡᠨ ᠪᠠᠶᠢᠭᠤᠯᠤᠯᠳᠠ ᠪᠠ ᠬᠠᠮᠢᠶᠠᠷᠤᠯᠳᠠ ᠶᠢ  ᠴᠢᠩᠭᠠᠳᠬᠠᠵᠤ᠂  ᠦᠨᠳᠦᠰᠦᠨ ᠱᠠᠳᠤᠨ ᠤ ᠰᠤᠶᠤᠯ ᠤᠨ ᠲᠦᠬᠦᠭᠡᠷᠦᠮᠵᠢ ᠶᠢᠨ ᠬᠠᠮᠳᠤᠪᠠᠷ ᠪᠠᠶᠢᠭᠤᠯᠬᠤ ᠪᠠ ᠬᠠᠮᠳᠤᠪᠠᠷ ᠡᠳ᠋ᠯᠡᠬᠦ ᠠᠵᠢᠯ ᠢ ᠠᠬᠢᠭᠤᠯᠵᠤ᠂  ᠰᠤᠶᠤᠯ ᠢᠶᠠᠷ ᠠᠷᠠᠳ   ᠲᠤ ᠠᠰᠢᠭ ᠬᠦᠷᠳᠡᠭᠡᠬᠦ ᠭᠤᠤᠯᠳᠠᠯᠭᠠᠳᠠᠢ ᠢᠨᠵᠧᠨᠧᠷᠢᠩ ᠪᠠ ᠲᠦᠷᠦᠯ ᠵᠦᠢᠯ ᠢ ᠰᠠᠶᠢᠳᠤᠷ ᠭᠡᠷᠡᠭᠵᠢᠬᠦᠯᠬᠦ ᠭᠡᠷᠡᠭᠳᠡᠢ᠃ ᠡᠨᠡ  ᠵᠢᠯ ᠰᠤᠮᠤ ᠰᠢᠶᠠᠩ ᠪᠠᠯᠭᠠᠰᠤᠨ ᠤ ᠤᠯᠠᠨ ᠴᠢᠳᠠᠮᠵᠢᠳᠤ ᠰᠤᠶᠤᠯ ᠤᠨ ᠦᠷᠳᠡᠭᠡ 1 ᠶᠢ ᠪᠠᠶᠢᠭᠤᠯᠵᠤ᠂ ᠵᠢᠵᠢᠭ ᠲᠤᠭᠯᠠᠯᠳᠠ ᠶᠢᠨ ᠲᠠᠶᠢᠰᠠ 1 ᠰᠠᠭᠤᠷᠢ   ᠶᠢ ᠪᠠᠶᠢᠭᠤᠯᠤᠨ᠂  ᠲᠠᠶᠢᠹᠤᠰᠧ ᠬᠤᠰᠢᠭᠤᠨ ᠤ ᠮᠦᠽᠸᠢ ᠶᠢᠨ ᠵᠢᠷᠤᠭ ᠲᠦᠯᠦᠪᠯᠡᠭᠡ ᠪᠠ ᠲᠡᠯᠬᠡᠨ ᠪᠠᠶᠢᠷᠢᠰᠢᠭᠤᠯᠬᠤ ᠠᠵᠢᠯ ᠢ ᠬᠢᠨ᠎ᠡ᠃ ᠡᠬᠦᠨ ᠤ ᠬᠠᠮᠳᠤ᠂ ᠷᠠᠳᠢᠤ᠋ ᠲᠧᠯᠸᠢᠰ ᠲᠠᠮᠵᠢᠭᠤᠯᠬᠤ ᠲᠦᠪ ᠤᠨ ᠦᠬᠡᠷᠡᠴᠢᠯᠡᠯᠳᠡ ᠶᠢᠨ ᠠᠵᠢᠯ ᠢ ᠬᠢᠵᠦ᠂ 6000 ᠢᠵᠢ ᠲᠤᠬᠢᠶ᠎ᠠ ᠬᠦᠯᠢᠶᠡᠬᠦ ᠲᠦᠬᠦᠭᠡᠷᠦᠮᠵᠢ ᠶᠢ ᠤᠬᠰᠠᠷᠠᠨ᠂   ᠲᠤᠭᠠᠴᠢᠯᠠᠭᠰᠠᠨ ᠲᠤᠬᠢᠶ᠎ᠠ ᠲᠠᠮᠵᠢᠭᠤᠯᠬᠤ ᠰᠠᠯᠪᠤᠷᠢ ᠦᠷᠳᠡᠭᠡ 4 ᠶᠢ ᠪᠠᠶᠢᠭᠤᠯᠵᠤ᠂  ᠠᠶᠢᠮᠠᠭ ᠬᠤᠰᠢᠭᠤ ᠬᠤᠶᠠᠷ ᠱᠠᠳᠤᠨ ᠤ ᠲᠧᠯᠸᠢᠰ ᠨᠡᠪᠳᠡᠷᠡᠬᠦᠯᠬᠡ ᠶᠢᠨ ᠲᠤᠬᠢᠶᠠᠨ ᠤ  ᠪᠦᠷᠬᠦᠴᠡ ᠶᠢ 70 % ᠳᠤ ᠬᠦᠷᠭᠡᠨ᠎ᠡ᠃  ᠭᠤᠷᠪᠠ ᠳᠤ᠂ ᠬᠤᠳᠠ ᠬᠦᠳᠡᠭᠡ ᠶᠢᠨ ᠰᠠᠭᠤᠭᠠᠯᠢ ᠠᠷᠠᠳ ᠢ ᠬᠠᠮᠤᠷᠤᠭᠰᠠᠨ ᠦᠨᠳᠦᠰᠦᠨ ᠡᠷᠡᠬᠦᠯ ᠬᠠᠮᠠᠭᠠᠯᠠᠯ ᠤᠨ ᠲᠦᠷᠢᠮ ᠢ ᠤᠯᠠᠮ ᠲᠡᠬᠦᠯᠳᠡᠷᠵᠢᠬᠦᠯᠦᠨ᠎ᠡ᠃  ᠦᠨᠳᠦᠰᠦᠨ ᠱᠠᠳᠤᠨ ᠤ ᠡᠮ ᠡᠮᠨᠡᠯᠬᠡ  ᠡᠷᠡᠬᠦᠯ ᠬᠠᠮᠠᠭᠠᠯᠠᠯ ᠤᠨ ᠪᠠᠶᠢᠭᠤᠯᠤᠮᠵᠢ ᠶᠢᠨ ᠶᠡᠷᠦᠩᠬᠡᠶᠢᠯᠡᠭᠰᠡᠨ ᠦᠭᠡᠷᠡᠴᠢᠯᠡᠯᠳᠡ ᠶᠢ ᠬᠦᠨᠵᠡᠭᠡᠶᠢᠷᠡᠬᠦᠯᠵᠦ᠂  ᠦᠢᠯᠡᠴᠢᠯᠡᠬᠡᠨ ᠤ  ᠬᠢᠷᠢ ᠲᠦᠪᠰᠢᠨ ᠢ  ᠲᠡᠭᠡᠭᠰᠢᠯᠡᠬᠦᠯᠬᠦ ᠭᠡᠷᠡᠭᠳᠡᠢ᠃ ᠦᠨᠳᠦᠰᠦᠨ ᠱᠠᠳᠤᠨ ᠤ ᠡᠮ ᠡᠮᠨᠡᠯᠬᠡ  ᠡᠷᠡᠬᠦᠯ ᠬᠠᠮᠠᠭᠠᠯᠠᠯ ᠤᠨ ᠦᠢᠯᠡᠴᠢᠯᠡᠬᠡᠨ ᠤ  ᠰᠦᠯᠵᠢᠶ᠎ᠡ ᠪᠠ ᠡᠮᠴᠢ ᠶᠢᠨ ᠡᠩᠨᠡᠬᠡᠨ ᠤ ᠪᠠᠶᠢᠭᠤᠯᠤᠯᠳᠠ ᠶᠢ  ᠡᠷᠴᠢᠮᠵᠢᠬᠦᠯᠵᠦ᠂  ᠰᠦᠷᠢᠶ᠎ᠡ ᠡᠪᠡᠳᠴᠢᠨ  ᠂ ᠪᠷᠦ᠋ᠰᠧᠯ ᠡᠪᠡᠳᠴᠢᠨ  ᠵᠡᠷᠭᠡ ᠡᠪᠡᠳᠴᠢᠨ ᠡᠮᠭᠡᠭ ᠢ ᠰᠡᠷᠭᠡᠶᠢᠯᠡᠨ ᠵᠠᠰᠠᠬᠤ ᠠᠵᠢᠯ ᠢ ᠴᠢᠩᠭᠠᠳᠬᠠᠨ᠂  ᠬᠦᠮᠦᠨ ᠮᠠᠯ   ᠳᠤ  ᠨᠡᠶᠢᠳᠡᠮ ᠬᠠᠯᠳᠠᠪᠤᠷᠢᠯᠠᠬᠤ ᠡᠪᠡᠳᠴᠢᠨ ᠬᠢᠵᠢᠭ ᠢ ᠬᠤᠯᠪᠤᠭᠠᠯᠠᠨ  ᠰᠡᠷᠭᠡᠶᠢᠯᠡᠬᠦ ᠠᠵᠢᠯ ᠤᠨ ᠡᠷᠴᠢᠮ ᠢ ᠴᠢᠩᠭᠠᠷᠠᠭᠤᠯᠬᠤ ᠭᠡᠷᠡᠭᠳᠡᠢ᠃  ᠲᠠᠶᠢᠹᠤᠰᠧ ᠬᠤᠰᠢᠭᠤᠨ ᠤ  ᠡᠷᠡᠬᠦᠯ ᠬᠠᠮᠠᠭᠠᠯᠠᠯ ᠤᠨ ᠤᠷᠤᠨ ᠲᠤᠭᠤᠷᠢᠭ ᠢ ᠪᠠᠶᠢᠭᠤᠯᠬᠤ ᠲᠦᠷᠦᠯ ᠵᠦᠢᠯ ᠢ ᠡᠬᠢᠯᠡᠵᠦ᠂ ᠭᠢᠳᠠᠳ ᠮᠤᠩᠭᠤᠯ ᠡᠮᠨᠡᠯᠬᠡ ᠶᠢᠨ ᠬᠤᠷᠢᠶ᠎ᠠ᠂  ᠡᠬᠡ ᠨᠢᠯᠬᠠᠰ ᠤᠨ ᠡᠷᠡᠬᠦᠯᠵᠢᠯ ᠤᠨ ᠦᠷᠳᠡᠭᠡ᠂ ᠡᠷᠡᠬᠦᠯ ᠬᠠᠮᠠᠭᠠᠯᠠᠯ ᠳᠤ ᠬᠢᠨᠠᠯᠳᠠ ᠲᠠᠯᠪᠢᠬᠤ ᠦᠷᠳᠡᠭᠡ ᠵᠡᠷᠭᠡ ᠡᠮᠨᠡᠯᠬᠡ ᠶᠢᠨ ᠨᠢᠭᠡᠴᠡ ᠶᠢ  ᠤᠷᠤᠨ ᠲᠤᠭᠤᠷᠢᠭ ᠲᠤ ᠠᠯᠬᠤᠮ ᠠᠯᠬᠤᠮ ᠢᠶᠠᠷ ᠲᠦᠪᠯᠡᠷᠡᠬᠦᠯᠦᠨ᠎ᠡ᠃ ᠲᠦᠯᠦᠪᠯᠡᠬᠡᠳᠦ ᠦᠷᠡᠵᠢᠯ ᠤᠨ ᠠᠵᠢᠯ ᠢ ᠴᠢᠩᠭᠠᠳᠬᠠᠨ᠂  ᠬᠤᠰᠢᠭᠤᠨ ᠤ ᠲᠦᠯᠦᠪᠯᠡᠬᠡᠳᠦ ᠦᠷᠡᠵᠢᠯ ᠤᠨ ᠦᠢᠯᠡᠴᠢᠯᠡᠬᠡᠨ ᠤ ᠲᠦᠪ   ᠤᠨ ᠦᠷᠭᠡᠳᠭᠡᠨ ᠪᠠᠶᠢᠭᠤᠯᠬᠤ   ᠠᠵᠢᠯ ᠢ ᠬᠢᠵᠦ᠂   ᠲᠦᠯᠦᠪᠯᠡᠭᠡᠳᠦ ᠦᠷᠡᠵᠢᠯ ᠤᠨ ᠰᠢᠨ᠎ᠡ ᠲᠦᠷᠦ ᠶᠢᠨ ᠪᠤᠳᠤᠯᠭ᠎ᠠ ᠶᠢ  ᠲᠤᠤᠱᠯᠠᠭᠤᠯᠤᠨ ᠭᠡᠷᠡᠭᠵᠢᠬᠦᠯᠬᠦ ᠭᠡᠷᠡᠭᠳᠡᠢ᠃ ᠲᠦᠷᠪᠡ ᠳᠤ᠂ ᠦᠢᠯᠡᠰ ᠪᠦᠳᠦᠭᠡᠵᠦ ᠠᠵᠢᠯ ᠤᠯᠬᠤ ᠶᠢ ᠯᠠᠪᠳᠠᠭᠤᠨ ᠢᠶᠠᠷ ᠲᠦᠯᠬᠢᠨ ᠠᠬᠢᠭᠤᠯᠤᠨ᠎ᠠ᠃  ᠠᠵᠢᠯ  ᠤᠯᠭᠤᠬᠤ ᠲᠤᠬᠠᠢ ᠲᠡᠭᠡᠳᠦ ᠱᠠᠳᠤᠨ ᠤ ᠲᠦᠷᠦ ᠶᠢᠨ ᠪᠤᠳᠤᠯᠭ᠎ᠠ ᠶᠢ ᠰᠠᠶᠢᠳᠤᠷ ᠨᠠᠶᠢᠳᠠᠪᠤᠷᠢᠵᠢᠭᠤᠯᠵᠤ᠂  ᠨᠡᠩ ᠢᠳᠡᠪᠬᠢᠳᠡᠢ ᠠᠵᠢᠯ ᠤᠯᠭᠤᠬᠤ ᠠᠷᠭ᠎ᠠ ᠪᠤᠳᠤᠯᠭ᠎ᠠ ᠶᠢ ᠠᠪᠴᠤ ᠭᠡᠷᠡᠭᠵᠢᠬᠦᠯᠦᠨ᠂ ᠨᠡᠶᠢᠳᠡ ᠶᠢᠨ ᠠᠰᠠᠷᠠᠮᠵᠢ ᠶᠢᠨ ᠴᠢᠨᠠᠷᠳᠠᠢ ᠠᠵᠢᠯ ᠤᠨ ᠪᠠᠶᠢᠷᠢ ᠨᠡᠬᠡᠬᠡᠬᠦ ᠶᠢ ᠴᠢᠩᠭᠠᠳᠬᠠᠵᠤ᠂ ᠬᠤᠳᠠ ᠪᠠᠯᠭᠠᠰᠤᠨ ᠤ ᠲᠠᠩᠰᠠᠯᠠᠭᠤᠯᠤᠭᠰᠠᠨ ᠠᠵᠢᠯ ᠠᠯᠳᠠᠬᠤ ᠨᠤᠷᠮ᠎ᠠ ᠶᠢ ᠲᠤᠮᠳᠠᠴᠢ ᠪᠠᠷ 3.6 %  ᠲᠤᠳᠤᠷ᠎ᠠ ᠬᠢᠵᠠᠭᠠᠷᠯᠠᠬᠤ ᠭᠡᠷᠡᠭᠳᠡᠢ᠃  ᠶᠡᠭᠡ  ᠲᠡᠭᠡᠳᠦ ᠰᠤᠷᠭᠠᠭᠤᠯᠢ ᠲᠡᠬᠦᠰᠦᠭᠰᠡᠨ ᠤᠶᠤᠳᠠᠨ᠂ ᠤᠨᠴᠠᠭᠠᠶᠢᠯᠠᠨ ᠶᠠᠳᠠᠭᠤ ᠬᠦᠴᠢᠷᠳᠡᠢ ᠭᠡᠷ ᠪᠦᠯᠢ ᠶᠢᠨ ᠤᠶᠤᠳᠠᠨ ᠪᠠ ᠮᠤᠩᠭᠤᠯ ᠢᠶᠠᠷ ᠰᠤᠷᠴᠤ ᠲᠡᠬᠦᠰᠦᠭᠰᠡᠨ ᠤᠶᠤᠳᠠᠨ ᠤ ᠦᠢᠯᠡᠰ ᠪᠦᠳᠦᠬᠡᠵᠦ ᠠᠵᠢᠯ ᠤᠯᠬᠤ ᠶᠢ ᠠᠬᠢᠭᠤᠯᠬᠤ ᠪᠠᠷ ᠭᠤᠤᠯᠳᠠᠯᠭ᠎ᠠ ᠪᠤᠯᠭᠠᠨ᠂ ᠤᠶᠤᠳᠠᠳ ᠤᠨ ᠦᠢᠯᠡᠰ ᠪᠦᠳᠦᠭᠡᠵᠦ ᠠᠵᠢᠯ ᠤᠯᠬᠤ ᠳᠠᠭᠠᠨ ᠵᠢᠩᠬᠢᠨᠢ ᠨᠡᠷ᠎ᠡ ᠪᠠᠷ ᠲᠠᠩᠰᠠᠯᠠᠭᠤᠯᠬᠤ ᠲᠦᠷᠢᠮ ᠢ ᠴᠢᠩᠭᠠᠳᠬᠠᠨ᠎ᠠ᠃ ᠬᠦᠯᠦᠰᠦᠨ ᠠᠵᠢᠯᠴᠢᠨ᠂ ᠬᠤᠳᠠ ᠪᠠᠯᠭᠠᠰᠤᠨ ᠤ ᠠᠵᠢᠯ ᠤᠯᠬᠤ ᠳᠤ ᠬᠦᠴᠢᠷᠳᠡᠢ ᠬᠦᠮᠦᠰ ᠪᠠ  ᠴᠡᠷᠢᠭ   ᠠᠴᠠ  ᠬᠠᠯᠠᠭᠳᠠᠭᠰᠠᠳ ᠤᠨ ᠠᠵᠢᠯ ᠤᠯᠬᠤ ᠶᠢ ᠰᠠᠶᠢᠨ ᠲᠡᠮᠵᠢᠬᠦ ᠭᠡᠷᠡᠭᠳᠡᠢ᠃ ᠪᠡᠶ᠎ᠡ ᠪᠠᠨ ᠲᠠᠭᠠᠭᠠᠵᠤ ᠦᠢᠯᠡᠰ ᠪᠦᠳᠦᠭᠡᠬᠦ ᠶᠢ ᠵᠤᠷᠢᠬᠵᠢᠭᠤᠯᠤᠨ ᠲᠡᠳᠬᠦᠵᠦ᠂ ᠦᠢᠯᠡᠰ ᠪᠦᠳᠦᠭᠡᠬᠦ ᠪᠠᠷ ᠠᠵᠢᠯ ᠤᠯᠬᠤ ᠶᠢ ᠲᠠᠶᠢᠴᠢᠯᠠᠬᠤ ᠭᠡᠷᠡᠭᠳᠡᠢ᠃ ᠮᠠᠯᠴᠢᠨ ᠲᠠᠷᠢᠶᠠᠴᠢᠨ ᠤ ᠰᠢᠯᠵᠢᠯᠳᠡ ᠶᠢᠨ ᠪᠤᠯᠪᠠᠰᠤᠷᠠᠯ ᠢ ᠤᠯᠠᠮ ᠴᠢᠩᠭᠠᠳᠬᠠᠵᠤ᠂ ᠡᠨᠡ ᠵᠢᠯ  ᠭᠡᠷᠡᠭᠯᠡᠬᠡᠨ ᠤ ᠮᠡᠷᠭᠡᠵᠢᠯ ᠤᠨ ᠪᠤᠯᠪᠠᠰᠤᠷᠠᠯ ᠢ 4 ᠲᠦᠮᠡᠨ ᠬᠦᠮᠦᠨ  ︵ᠤᠳᠠᠭ᠎ᠠ︶ ᠳᠤ  ᠬᠦᠷᠳᠡᠭᠡᠵᠦ᠂  ᠴᠢᠳᠠᠪᠤᠷᠢ  ᠶᠢᠨ ᠪᠤᠯᠪᠠᠰᠤᠷᠠᠯ ᠢ 4000 ᠬᠦᠮᠦᠨ ︵ᠤᠳᠠᠭ᠎ᠠ︶ ᠳᠤ ᠬᠦᠷᠳᠡᠭᠡᠨ᠂ 6000 ᠮᠠᠯᠴᠢᠨ ᠲᠠᠷᠢᠶᠠᠴᠢᠨ ᠢ  ᠰᠢᠯᠵᠢᠬᠦᠯᠵᠦ᠂  ᠡᠬᠦᠨ ᠤ ᠲᠤᠳᠤᠷ᠎ᠠ  1000 ᠬᠦᠮᠦᠨ ᠢ ᠵᠤᠬᠢᠶᠠᠨ ᠪᠠᠶᠢᠭᠤᠯᠤᠯᠳᠠ ᠲᠠᠢ ᠪᠠᠷ ᠭᠠᠳᠠᠭᠰᠢ  ᠭᠠᠷᠭᠠᠨ᠎ᠠ᠃  ᠲᠠᠪᠤ ᠳᠤ᠂ ᠨᠡᠶᠢᠬᠡᠮ ᠤᠨ ᠪᠠᠳᠤᠯᠠᠭᠠᠨ ᠤ ᠰᠢᠰᠲ᠋ᠧᠮ ᠢ  ᠦᠷᠬᠦᠯᠵᠢᠯᠡᠨ ᠲᠡᠬᠦᠯᠳᠡᠷᠵᠢᠬᠦᠯᠦᠨ᠎ᠡ᠃   ᠨᠡᠶᠢᠬᠡᠮ ᠤᠨ ᠠᠪᠤᠷᠠᠨ ᠲᠤᠰᠠᠯᠠᠬᠤ ᠰᠢᠰᠲ᠋ᠧᠮ ᠤᠨ ᠪᠠᠶᠢᠭᠤᠯᠤᠯᠳᠠ ᠶᠢ ᠴᠢᠩᠭᠠᠳᠬᠠᠵᠤ᠂ ᠡᠯ᠎ᠡ ᠵᠦᠢᠯ ᠤᠨ ᠪᠠᠳᠤᠯᠠᠭᠠᠨ ᠤ  ᠡᠬᠦᠷᠭᠡ ᠬᠠᠷᠠᠯᠳᠠ ᠶᠢ ᠨᠠᠶᠢᠳᠠᠪᠤᠷᠢᠵᠢᠭᠤᠯᠤᠨ᠂  ᠬᠤᠳᠠ ᠬᠦᠳᠡᠭᠡ ᠶᠢᠨ ᠨᠠᠭᠠᠳᠤ ᠵᠠᠬ᠎ᠠ ᠶᠢᠨ ᠠᠮᠢᠳᠤᠷᠠᠯ ᠤᠨ ᠪᠠᠳᠤᠯᠠᠭᠠᠨ ᠤ ᠲᠦᠷᠢᠮᠵᠢᠭᠰᠡᠨ ᠬᠠᠮᠢᠶᠠᠷᠤᠯᠳᠠ ᠶᠢ ᠤᠯᠠᠮ ᠨᠢᠬᠡ ᠠᠯᠬᠤᠮ  ᠡᠷᠴᠢᠮᠵᠢᠬᠦᠯᠵᠦ᠂ ᠠᠪᠤᠷᠠᠨ ᠲᠤᠰᠠᠯᠠᠬᠤ ᠭᠡᠷ ᠪᠦᠯᠢ ᠶᠢᠨ ᠠᠵᠤ ᠠᠬᠤᠢ ᠶᠢᠨ ᠪᠠᠶᠢᠳᠠᠯ ᠢ ᠬᠠᠷᠭᠤᠭᠤᠯᠤᠨ ᠪᠠᠶᠢᠴᠠᠭᠠᠬᠤ ᠠᠵᠢᠯ ᠢ ᠪᠦᠬᠦ ᠲᠠᠯᠠᠪᠠᠷ ᠦᠷᠨᠢᠬᠦᠯᠬᠦ ᠭᠡᠷᠡᠭᠳᠡᠢ᠃  ᠨᠠᠰᠤᠵᠢᠯ ᠤᠨ ᠠᠰᠠᠷᠠᠮᠵᠢ ᠶᠢᠨ ᠦᠢᠯᠡᠴᠢᠯᠡᠬᠡᠨ ᠤ ᠰᠢᠰᠲ᠋ᠧᠮ ᠢ ᠲᠦᠷᠭᠡᠨ ᠪᠠᠶᠢᠭᠤᠯᠵᠤ᠂  ︽12349︾  ᠦᠢᠯᠡᠴᠢᠯᠡᠬᠦ ᠲᠠᠪᠴᠠᠩ ᠤᠨ ᠪᠦᠷᠬᠦᠴᠡ ᠪᠠ ᠴᠢᠳᠠᠪᠬᠢ ᠶᠢ ᠨᠡᠮᠡᠭᠳᠡᠬᠦᠯᠬᠦ ᠭᠡᠷᠡᠭᠳᠡᠢ᠃  ᠨᠡᠶᠢᠬᠡᠮ ᠤᠨ ᠵᠤᠬᠢᠶᠠᠨ ᠪᠠᠶᠢᠭᠤᠯᠤᠯᠳᠠ   ᠶᠢ ᠬᠠᠮᠢᠶᠠᠷᠬᠤ ᠪᠠᠶᠢᠭᠤᠯᠤᠯ ᠤᠨ ᠦᠬᠡᠷᠡᠴᠢᠯᠡᠯᠳᠡ ᠶᠢ ᠲᠦᠯᠬᠢᠨ ᠠᠬᠢᠭᠤᠯᠵᠤ᠂  ᠨᠡᠶᠢᠬᠡᠮ ᠤᠨ ᠵᠤᠬᠢᠶᠠᠨ ᠪᠠᠶᠢᠭᠤᠯᠤᠯᠳᠠ ᠶᠢᠨ ᠠᠮᠢᠵᠢᠷᠠᠯ ᠤᠨ ᠬᠦᠴᠦᠨ ᠢ  ᠨᠡᠮᠡᠭᠳᠡᠬᠦᠯᠦᠨ᠎ᠡ᠃ ᠨᠡᠶᠢᠬᠡᠮ ᠲᠤᠭᠤᠷᠢᠭ ᠤᠨ ᠦᠪᠡᠷᠳᠡᠭᠡᠨ ᠵᠠᠰᠠᠬᠤ ᠦᠢᠯᠡᠴᠢᠯᠡᠬᠡᠨ ᠤ ᠴᠢᠳᠠᠪᠬᠢ ᠶᠢ ᠴᠢᠩᠭᠠᠷᠠᠭᠤᠯᠵᠤ᠂ ᠨᠡᠶᠢᠬᠡᠮ ᠲᠤᠭᠤᠷᠢᠭ ᠤᠨ ᠪᠠᠶᠢᠭᠤᠯᠤᠯᠳᠠ ᠶᠢᠨ ᠦᠢᠯᠡᠴᠢᠯᠡᠬᠡᠨ ᠤ  ᠬᠢᠷᠢ ᠲᠦᠪᠰᠢᠨ ᠢ  ᠲᠡᠭᠡᠭᠰᠢᠯᠡᠬᠦᠯᠬᠦ ᠭᠡᠷᠡᠭᠳᠡᠢ᠃  ᠭᠠᠮᠰᠢᠭ ᠠᠴᠠ ᠠᠪᠤᠷᠠᠬᠤ ᠪᠠᠴᠢᠮ ᠪᠠᠶᠢᠳᠠᠯ ᠢ ᠠᠷᠭᠠᠴᠠᠬᠤ ᠪᠠᠳᠤᠯᠠᠭᠠᠨ ᠤ ᠴᠢᠳᠠᠪᠤᠷᠢ  ᠶᠢᠨ ᠪᠠᠶᠢᠭᠤᠯᠤᠯᠳᠠ ᠶᠢ ᠴᠢᠩᠭᠠᠳᠬᠠᠵᠤ᠂ ᠭᠠᠮᠰᠢᠭ ᠲᠠᠢ ᠲᠡᠮᠡᠴᠡᠵᠦ ᠬᠤᠬᠢᠷᠠᠯ ᠢ ᠪᠠᠭᠠᠰᠬᠠᠬᠤ ᠠᠵᠢᠯ ᠢ ᠰᠠᠶᠢᠨ ᠬᠢᠬᠦ ᠭᠡᠷᠡᠭᠳᠡᠢ᠃  ᠵᠢᠷᠭᠤᠭ᠎ᠠ ᠳᠤ᠂ ᠬᠤᠳᠠ ᠬᠦᠳᠡᠭᠡ ᠶᠢᠨ ᠰᠠᠭᠤᠭᠠᠯᠢ ᠠᠷᠠᠳ ᠤᠨ ᠠᠮᠢᠳᠤᠷᠠᠯ ᠤᠨ ᠠᠮᠤᠷ ᠲᠦᠪᠰᠢᠨ ᠤ ᠪᠠᠳᠤᠯᠠᠭ᠎ᠠ ᠶᠢ ᠴᠢᠩᠭᠠᠳᠬᠠᠨ᠎ᠠ᠃  ᠢᠳᠡᠭᠡᠨ ᠡᠮ ᠤᠨ ᠵᠦᠢᠯ ᠤᠨ ᠬᠢᠨᠠᠯᠳᠠ ᠬᠠᠮᠢᠶᠠᠷᠤᠯᠳᠠ ᠶᠢᠨ ᠰᠢᠰᠲ᠋ᠧᠮ ᠤᠨ ᠦᠬᠡᠷᠡᠴᠢᠯᠡᠯᠳᠡ ᠶᠢ ᠢᠳᠡᠪᠬᠢᠳᠡᠢ ᠰᠠᠶᠢᠨ ᠬᠢᠵᠦ᠂  ᠲᠦᠷᠭᠡᠨ ᠪᠠᠶᠢᠴᠠᠭᠠᠬᠤ ᠦᠷᠳᠡᠭᠡᠨ ᠤ  ᠪᠦᠳᠦᠭᠡᠨ ᠪᠠᠶᠢᠭᠤᠯᠤᠯᠳᠠ ᠶᠢᠨ ᠲᠦᠷᠦᠯ ᠵᠦᠢᠯ ᠢ  ᠡᠬᠢᠯᠡᠬᠦᠯᠬᠦ ᠪᠠᠷ ᠴᠢᠷᠮᠠᠶᠢᠨ᠂ ᠡᠯ᠎ᠡ ᠰᠤᠮᠤ ᠰᠢᠶᠠᠩ ᠪᠠᠯᠭᠠᠰᠤᠨ ᠳᠤ ᠢᠳᠡᠭᠡᠨ ᠡᠮ ᠤᠨ ᠵᠦᠢᠯ ᠬᠢᠨᠠᠨ ᠬᠠᠮᠢᠶᠠᠷᠬᠤ ᠰᠠᠯᠪᠤᠷᠢ ᠪᠠᠶᠢᠭᠤᠯᠵᠤ᠂ ᠭᠠᠴᠠᠭ᠎ᠠ ᠲᠤᠰᠬᠤᠨ ᠪᠠ ᠨᠡᠶᠢᠬᠡᠮ ᠲᠤᠭᠤᠷᠢᠭ  ᠲᠤ ᠬᠢᠨᠠᠨ ᠬᠠᠮᠢᠶᠠᠷᠬᠤ  ᠠᠵᠢᠯ ᠤᠨ ᠲᠤᠰᠠᠯᠠᠭᠴᠢ ᠲᠤᠬᠢᠷᠠᠭᠤᠯᠤᠨ᠂ ᠢᠳᠡᠭᠡᠨ ᠡᠮ ᠤᠨ ᠵᠦᠢᠯ ᠤᠨ ᠬᠢᠨᠠᠯᠳᠠ ᠬᠠᠮᠢᠶᠠᠷᠤᠯᠳᠠ   ᠶᠢ ᠪᠦᠬᠦ  ᠲᠠᠯᠠᠪᠠᠷ ᠡᠷᠴᠢᠮᠵᠢᠬᠦᠯᠵᠦ᠂  ᠠᠷᠠᠳ ᠲᠦᠮᠡᠨ ᠤ ᠰᠠᠨᠠᠭ᠎ᠠ ᠠᠮᠤᠷ ᠢᠳᠡᠵᠦ ᠤᠤᠭᠤᠬᠤ ᠪᠠ ᠡᠮ ᠭᠡᠷᠡᠭᠯᠡᠬᠦ   ᠶᠢ ᠪᠠᠳᠤᠯᠠᠨ᠎ᠠ᠃         ︵ᠨᠠᠢᠮᠠ︶   ᠠᠷᠠᠳ ᠤᠨ ᠠᠮᠢᠳᠤᠷᠠᠯ ᠢ ᠪᠠᠳᠤᠯᠠᠬᠤ ᠶᠢᠨ ᠲᠠᠭᠠᠤ ᠰᠠᠶᠢᠵᠢᠷᠠᠭᠤᠯᠵᠤ᠂ ᠠᠷᠠᠳ ᠲᠦᠮᠡᠨ  ᠳᠤ ᠨᠡᠩ ᠶᠡᠭᠡ ᠠᠰᠢᠭ ᠲᠤᠰᠠ ᠬᠦᠷᠳᠡᠭᠡᠨ᠎ᠡ  ᠃  ᠡᠨᠡ ᠵᠢᠯ ᠮᠠᠨ ᠤ ᠬᠤᠰᠢᠭᠤ ᠨᠢ ︽ ᠠᠷᠠᠳ ᠤᠨ ᠠᠮᠢᠳᠤᠷᠠᠯ  ᠤᠨ ᠠᠷᠪᠠᠨ ᠭᠤᠤᠯᠳᠠᠯᠭᠠᠳᠠᠢ ᠢᠨᠵᠧᠨᠧᠷᠢᠩ︾ ᠢ ᠭᠡᠷᠡᠭᠵᠢᠬᠦᠯᠬᠦ  ᠪᠤᠯᠤᠨ᠎ᠠ᠃  ᠨᠢᠬᠡ ᠨᠢ᠂ ᠦᠢᠯᠡᠰ ᠪᠦᠳᠦᠭᠡᠵᠦ ᠠᠵᠢᠯ ᠤᠯᠬᠤ ᠢᠨᠵᠧᠨᠧᠷᠢᠩ᠃  ᠪᠦᠬᠦ ᠵᠢᠯ ᠳᠤ ᠨᠡᠶᠢᠳᠡ10000 ᠠᠵᠢᠯ ᠤᠨ ᠪᠠᠶᠢᠷᠢ ᠡᠯᠰᠡᠵᠦ᠂  ᠬᠤᠳᠠ ᠪᠠᠯᠭᠠᠰᠤᠨ ᠤ 2000 ᠬᠦᠮᠦᠨ ᠳᠤ ᠠᠵᠢᠯ ᠲᠤᠬᠢᠷᠠᠭᠤᠯᠤᠨ᠂  ᠪᠠᠭ᠎ᠠ ᠲᠤᠭᠠᠨ ᠤ ᠢᠳᠡᠭᠡᠮᠵᠢᠳᠦ ᠵᠢᠬᠡᠯᠯᠡᠭᠡ 3000  ᠲᠦᠮᠡᠨ ᠲᠦᠬᠦᠷᠢᠭ ᠲᠠᠷᠬᠠᠭᠠᠵᠤ᠂ 300 ᠬᠦᠮᠦᠨ ᠤ ᠦᠢᠯᠡᠰ ᠪᠦᠳᠦᠬᠡᠬᠦ ᠶᠢ ᠲᠡᠳᠬᠦᠨ᠂ 300 ᠬᠦᠮᠦᠨ ᠢ ᠦᠢᠯᠡᠰ ᠪᠦᠳᠦᠬᠡᠬᠦ ᠦᠨ᠎ᠡ ᠲᠦᠯᠦᠪᠦᠷᠢ ᠦᠬᠡᠢ ᠪᠤᠯᠪᠠᠰᠤᠷᠠᠯ   ᠳᠤ ᠤᠷᠤᠯᠴᠠᠭᠤᠯᠤᠨ᠎ᠠ᠃  ᠬᠤᠶᠠᠷ   ᠨᠢ ᠂ ᠨᠠᠰᠤᠵᠢᠯ ᠢ ᠠᠰᠠᠷᠠᠬᠤ ᠦᠢᠯᠡᠴᠢᠯᠡᠬᠡᠨ ᠤ ᠰᠢᠰᠲ᠋ᠧᠮ ᠤᠨ  ᠪᠦᠳᠦᠭᠡᠨ ᠪᠠᠶᠢᠭᠤᠯᠤᠯᠳᠠ ᠶᠢᠨ ᠢᠨᠵᠧᠨᠧᠷᠢᠩ᠃  ᠰᠢᠨ ᠬᠤᠸᠠ  ᠂  ᠵᠢᠶᠠᠨ ᠰᠢᠩ᠂  ᠪᠸᠢ ᠵᠢᠶᠤᠤ ᠵᠡᠷᠭᠡ ᠨᠡᠶᠢᠬᠡᠮ ᠲᠤᠭᠤᠷᠢᠭ ᠤᠨ ᠠᠯᠪᠠᠨ  ᠬᠡᠷ ᠢ ᠠᠰᠢᠭᠯᠠᠵᠤ᠂  ᠠᠮᠢᠳᠤᠷᠠᠯ ᠤᠨ ᠦᠢᠯᠡᠴᠢᠯᠡᠭᠡ᠂  ᠡᠷᠡᠬᠦᠯᠵᠢᠯ᠂  ᠰᠤᠶᠤᠯ ᠲᠠᠮᠢᠷ ᠨᠠᠭᠠᠳᠤᠮ ᠲᠤᠭᠯᠠᠭᠠᠮ᠂ ᠤᠶᠤᠨ ᠰᠠᠨᠠᠭᠠᠨ ᠤ ᠲᠠᠶᠢᠳᠬᠤᠷᠠᠭᠤᠯᠤᠯ ᠤᠨ ᠠᠵᠢᠯᠯᠠᠭ᠎ᠠ ᠵᠡᠷᠭᠡ ᠶᠢ ᠨᠢᠬᠡ ᠴᠤᠭᠴᠠᠵᠢᠭᠤᠯᠤᠭᠰᠠᠨ ᠤᠯᠠᠨ ᠴᠢᠳᠠᠮᠵᠢᠳᠦ ᠠᠰᠠᠷᠠᠮᠵᠢ ᠶᠢᠨ ᠲᠦᠪ 3 ᠶᠢ ᠪᠠᠶᠢᠭᠤᠯᠤᠨ᠂ ᠯᠦᠸᠧ ᠲᠦᠸᠧ ᠱᠠᠨ ᠪᠠᠯᠭᠠᠰᠤ ᠪᠠ ᠰᠢᠩ ᠹᠦ᠋ ᠰᠢᠶᠠᠩ ᠳᠤ ᠲᠤᠰᠪᠤᠷᠢ ᠨᠢᠬᠡ ᠰᠠᠭᠤᠷᠢ  ︽ᠬᠠᠷᠢᠯᠴᠠᠨ ᠬᠠᠪᠰᠤᠷᠤᠯᠴᠠᠬᠤ ᠵᠤᠯ ᠵᠢᠷᠭᠠᠯᠳᠤ ᠬᠦᠷᠢᠶᠡᠯᠡᠩ  ︾ ᠢ  ᠪᠠᠶᠢᠭᠤᠯᠤᠨ᠎ᠠ᠃  ᠭᠤᠷᠪᠠ ᠨᠢ᠂  ᠬᠡᠦᠭᠡᠳ ᠤᠨ ᠴᠡᠴᠡᠷᠯᠢᠭ ᠪᠠᠶᠢᠭᠤᠯᠬᠤ ᠢᠨᠵᠧᠨᠧᠷᠢᠩ᠃ᠬᠤᠰᠢᠭᠤᠨ ᠤ  ᠬᠤᠶᠠᠳᠤᠭᠠᠷ ᠭᠡᠦᠭᠡᠳ ᠤᠨ ᠴᠡᠴᠡᠷᠯᠢᠭ ᠤᠨ ᠪᠦᠳᠦᠭᠡᠨ ᠪᠠᠶᠢᠭᠤᠯᠤᠯᠳᠠ ᠶᠢ  ᠡᠬᠢᠯᠡᠬᠦ ᠶᠢᠨ ᠬᠠᠮᠳᠤ᠂  ᠰᠤᠮᠤ ᠰᠢᠶᠠᠩ  ᠪᠠᠯᠭᠠᠰᠤᠨ ᠤ ᠬᠡᠦᠭᠡᠳ ᠤᠨ ᠴᠡᠴᠡᠷᠯᠢᠭ 4 ᠶᠢ ᠰᠢᠨ᠎ᠡ ᠪᠠᠷ ᠪᠠᠶᠢᠭᠤᠯᠤᠨ᠂  ᠡᠨᠡ ᠵᠢᠯ ᠳᠡᠭᠡᠨ ᠪᠠᠷᠢᠯᠭ᠎ᠠ ᠲᠡᠬᠦᠰᠭᠡᠬᠦ ᠪᠠᠷ ᠴᠢᠷᠮᠠᠶᠢᠨ᠎ᠠ᠃  ᠲᠦᠷᠪᠡ ᠨᠢ᠂  ᠦᠨᠳᠦᠰᠦᠨ ᠱᠠᠳᠤᠨ ᠤ ᠡᠮ ᠡᠮᠨᠡᠯᠬᠡ ᠡᠷᠡᠬᠦᠯ ᠬᠠᠮᠠᠭᠠᠯᠠᠯ ᠤᠨ ᠦᠢᠯᠡᠴᠢᠯᠡᠬᠡᠨ ᠤ ᠲᠦᠪᠰᠢᠨ ᠢ ᠲᠡᠭᠡᠭᠰᠢᠯᠡᠬᠦᠯᠬᠦ ᠢᠨᠵᠧᠨᠧᠷᠢᠩ᠃   ᠡᠨᠡ ᠵᠢᠯ 3 ᠰᠤᠮᠤ ᠰᠢᠶᠠᠩ ᠪᠠᠯᠭᠠᠰᠤᠨ ᠤ  ᠡᠷᠡᠬᠦᠯ ᠬᠠᠮᠠᠭᠠᠯᠠᠯ ᠤᠨ ᠬᠤᠷᠢᠶ᠎ᠠ ᠪᠠ 15 ᠭᠠᠴᠠᠭ᠎ᠠ ᠲᠤᠰᠬᠤᠨ ᠤ ᠡᠷᠡᠬᠦᠯ ᠬᠠᠮᠠᠭᠠᠯᠠᠯ ᠤᠨ ᠦᠷᠦᠭᠡ ᠶᠢᠨ ᠪᠦᠳᠦᠭᠡᠨ ᠪᠠᠶᠢᠭᠤᠯᠤᠯᠳᠠ ᠶᠢ ᠬᠢᠨ᠎ᠡ᠃   ᠲᠠᠪᠤ ᠨᠢ ᠂  ᠮᠠᠯᠴᠢᠨ ᠲᠠᠷᠢᠶᠠᠴᠢᠨ ᠳᠤ ᠦᠨ᠎ᠡ ᠲᠦᠯᠦᠪᠦᠷᠢ ᠦᠬᠡᠢ ᠪᠠᠷ ᠪᠡᠶ᠎ᠡ ᠶᠢᠨ ᠪᠠᠶᠢᠴᠠᠭᠠᠯᠳᠠ ᠬᠢᠬᠦ ᠢᠨᠵᠧᠨᠧᠷᠢᠩ᠃   ᠮᠠᠯᠵᠢᠬᠤ ᠲᠠᠷᠢᠶᠠᠯᠠᠬᠤ ᠤᠷᠤᠨ ᠤ 55   ᠠᠴᠠ ᠲᠡᠭᠡᠭᠰᠢ ᠨᠠᠰᠤᠨ ᠤ ᠡᠷᠡᠭᠳᠡᠶᠢᠴᠤᠳ ᠪᠠ 50 ᠠᠴᠠ ᠲᠡᠭᠡᠭᠰᠢ  ᠨᠠᠰᠤᠨ ᠤ ᠡᠮᠡᠭᠳᠡᠶᠢᠴᠤᠳ ᠲᠤ ᠦᠨ᠎ᠡ ᠲᠦᠯᠦᠪᠦᠷᠢ ᠦᠬᠡᠢ ᠪᠠᠷ ᠪᠡᠶ᠎ᠡ ᠶᠢᠨ ᠪᠠᠶᠢᠴᠠᠭᠠᠯᠳᠠ ᠬᠢᠬᠦ ᠦᠢᠯᠡᠴᠢᠯᠡᠭᠡ ᠬᠠᠩᠭᠠᠨ᠎ᠠ᠃  ᠵᠢᠷᠭᠤᠭ᠎ᠠ ᠨᠢ᠂  ᠬᠤᠳᠠ ᠬᠦᠳᠡᠭᠡ ᠶᠢᠨ  ᠠᠶᠤᠯᠬᠦᠢ  ᠰᠠᠭᠤᠷᠢᠰᠢᠯ ᠤᠨ ᠢᠨᠵᠧᠨᠧᠷᠢᠩ᠃  100 ᠢᠵᠢ  ᠨᠡᠶᠢᠳᠡ ᠶᠢᠨ ᠲᠦᠷᠢᠶᠡᠰᠦᠨ ᠤ ᠤᠷᠤᠨ ᠰᠠᠭᠤᠴᠠ ᠶᠢ ᠦᠷᠬᠦᠯᠵᠢᠯᠡᠨ ᠪᠠᠶᠢᠭᠤᠯᠬᠤ ᠪᠠ ᠰᠢᠨ᠎ᠡ ᠪᠠᠷ ᠪᠠᠶᠢᠭᠤᠯᠵᠤ᠂  ᠮᠠᠯᠵᠢᠬᠤ ᠲᠠᠷᠢᠶᠠᠯᠠᠬᠤ ᠤᠷᠤᠨ ᠤ 2000 ᠡᠷᠦᠬᠡ ᠶᠢᠨ ᠠᠶᠤᠯᠳᠠᠢ ᠭᠡᠷ ᠪᠠᠶᠢᠰᠢᠩ ᠢ ᠦᠬᠡᠷᠡᠴᠢᠯᠡᠨ ᠰᠢᠨᠡᠳᠭᠡᠬᠦ ᠲᠦᠷᠦᠯ ᠵᠦᠢᠯ ᠢ  ᠭᠡᠷᠡᠭᠵᠢᠬᠦᠯᠬᠦ ᠪᠠᠷ ᠴᠢᠷᠮᠠᠶᠢᠨ᠎ᠠ᠃  ᠲᠤᠯᠤᠭ᠎ᠠ ᠨᠢ᠂  ᠮᠠᠯᠵᠢᠬᠤ ᠲᠠᠷᠢᠶᠠᠯᠠᠬᠤ ᠤᠷᠤᠨ ᠤ ᠵᠠᠮ ᠤᠨ ᠪᠠᠶᠢᠭᠤᠯᠤᠯᠳᠠ ᠶᠢᠨ ᠢᠨᠵᠧᠨᠧᠷᠢᠩ᠃  ᠭᠠᠴᠠᠭ᠎ᠠ ᠲᠤᠰᠬᠤᠨ ᠳᠤ ᠨᠡᠪᠳᠡᠷᠡᠬᠦ ᠽᠧᠮᠧᠨ᠋ᠲ ᠵᠠᠮ 268.5 ᠺᠢᠯᠤᠮᠧᠲᠷ ᠢ ᠰᠢᠨ᠎ᠡ ᠪᠠᠷ ᠪᠠᠶᠢᠭᠤᠯᠬᠤ ᠪᠠᠷ ᠴᠢᠷᠮᠠᠶᠢᠨ᠎ᠠ᠃  ᠨᠠᠢᠮᠠ ᠨᠢ᠂  ᠵᠡᠮᠳᠡᠭᠴᠤᠯ   ᠢ ᠠᠪᠤᠷᠠᠨ ᠲᠤᠰᠠᠯᠠᠬᠤ ᠢᠨᠵᠧᠨᠧᠷᠢᠩ᠃   ᠵᠡᠮᠳᠡᠭ  ᠬᠦᠮᠦᠨ ᠤ ᠡᠷᠡᠬᠦᠯᠵᠢᠯ ᠤᠨ ᠲᠦᠪ ᠪᠠ  ᠨᠠᠶᠢᠳᠠᠵᠤ ᠠᠰᠠᠷᠠᠬᠤ ᠲᠦᠪ ᠤᠨ ᠪᠦᠳᠦᠬᠡᠨ ᠪᠠᠶᠢᠭᠤᠯᠤᠯᠳᠠ ᠶᠢᠨ ᠲᠦᠷᠦᠯ ᠵᠦᠢᠯ ᠢ ᠡᠬᠢᠯᠡᠵᠦ᠂ ᠵᠡᠮᠳᠡᠭᠴᠤᠤᠯ ᠤᠨ ᠠᠮᠢᠳᠤᠷᠠᠯ ᠤᠨ ᠪᠠᠳᠤᠯᠠᠭᠠᠨ ᠤ ᠲᠦᠪᠰᠢᠨ ᠢ ᠲᠡᠭᠡᠭᠰᠢᠯᠡᠬᠦᠯᠦᠨ᠎ᠡ᠃  ᠶᠢᠰᠦ ᠨᠢ᠂   ᠬᠤᠳᠠ ᠬᠦᠳᠡᠭᠡ ᠶᠢᠨ ᠰᠠᠭᠤᠭᠠᠯᠢ ᠠᠷᠠᠳ ᠤᠨ ᠪᠠᠳᠤᠯᠠᠪᠤᠷᠢᠳᠤ ᠤᠯᠭᠤᠮᠵᠢ   ᠶᠢᠨ ᠪᠠᠷᠢᠮᠵᠢᠶ᠎ᠠ ᠶᠢ  ᠲᠡᠭᠡᠭᠰᠢᠯᠡᠬᠦᠯᠬᠦ ᠢᠨᠵᠧᠨᠧᠷᠢᠩ᠃  ᠬᠤᠳᠠ ᠬᠦᠳᠡᠭᠡ ᠶᠢᠨ ᠰᠠᠭᠤᠭᠠᠯᠢ ᠠᠷᠠᠳ  ᠤᠨ ᠨᠠᠰᠤᠵᠢᠯ ᠤᠨ ᠠᠰᠠᠷᠠᠮᠵᠢ ᠶᠢᠨ ᠮᠦᠩᠬᠦ ᠶᠢ 20 ᠲᠦᠬᠦᠷᠢᠭ ᠦᠰᠭᠡᠵᠦ᠂  ᠬᠤᠳᠠ ᠬᠦᠳᠡᠭᠡ ᠶᠢᠨ ᠨᠠᠭᠠᠳᠤ ᠵᠠᠬ᠎ᠠ ᠶᠢᠨ ᠠᠮᠢᠳᠤᠷᠠᠯ ᠤᠨ  ᠪᠠᠳᠤᠯᠠᠭᠠᠨ ᠤ ᠮᠦᠩᠬᠦ᠂ ᠲᠠᠪᠤᠨ ᠪᠠᠳᠤᠯᠠᠭᠠᠳᠤ ᠡᠷᠦᠬᠡ ᠶᠢᠨ ᠠᠰᠠᠷᠠᠮᠵᠢ ᠶᠢᠨ ᠮᠦᠩᠬᠦ᠂ ᠬᠤᠳᠠ ᠪᠠᠯᠭᠠᠰᠤᠨ ᠤ ᠠᠵᠤ ᠠᠬᠤᠶᠢᠯᠠᠯ ᠤᠨ ᠠᠵᠢᠯᠳᠠᠨ ᠠᠵᠢᠯᠴᠢᠨ ᠤ ᠨᠠᠰᠤᠵᠢᠯ ᠤᠨ ᠠᠰᠠᠷᠠᠮᠵᠢ ᠶᠢᠨ ᠮᠦᠩᠬᠦ ᠵᠡᠷᠭᠡ   ᠶᠢᠨ ᠪᠠᠷᠢᠮᠵᠢᠶ᠎ᠠ ᠶᠢ ᠨᠢᠳᠤᠨᠤᠨ ᠤ ᠰᠠᠭᠤᠷᠢ ᠲᠡᠭᠡᠷ᠎ᠡ 10 % ᠪᠠᠷ ᠨᠡᠮᠡᠭᠳᠡᠬᠦᠯᠦᠨ᠎ᠡ᠃  ᠠᠷᠪᠠ ᠨᠢ᠂   ᠬᠤᠳᠠ ᠪᠠᠯᠭᠠᠰᠤᠨ ᠤ ᠠᠷᠢᠭᠤᠨ ᠴᠡᠪᠡᠷ ᠤᠨ ᠢᠨᠵᠧᠨᠧᠷᠢᠩ᠃   ᠪᠤᠤᠴᠠᠩ ᠤᠨ ᠰᠢᠨ᠎ᠡ ᠲᠤᠭᠤᠷᠢᠭ ᠤᠨ ᠤᠰᠤᠨ ᠤ ᠦᠢᠯᠡᠳᠪᠦᠷᠢ ᠪᠠ ᠬᠤᠭ ᠨᠤᠪᠰᠢ ᠰᠢᠢᠳᠪᠦᠷᠢᠯᠡᠬᠦ ᠦᠢᠯᠡᠳᠪᠦᠷᠢ ᠶᠢ ᠪᠠᠶᠢᠭᠤᠯᠬᠤ ᠪᠠᠷ ᠴᠢᠷᠮᠠᠶᠢᠵᠤ  ᠂ ᠪᠤᠵᠠᠷ ᠤᠰᠤ ᠭᠠᠳᠠᠭᠰᠢᠯᠠᠭᠤᠯᠬᠤ ᠲᠤᠤᠷ ᠬᠤᠭᠤᠯᠠᠢ ᠶᠢᠨ ᠦᠬᠡᠷᠡᠴᠢᠯᠡᠯᠳᠡ ᠵᠡᠷᠭᠡ ᠢᠨᠵᠧᠨᠧᠷᠢᠩ ᠢ  ᠪᠡᠶᠡᠯᠡᠬᠦᠯᠦᠨ᠂ ᠪᠤᠵᠠᠷ ᠤᠰᠤ ᠰᠢᠢᠳᠪᠦᠷᠢᠯᠡᠬᠦ  ᠴᠢᠳᠠᠮᠵᠢ ᠶᠢ  ᠲᠡᠬᠦᠯᠳᠡᠷᠵᠢᠬᠦᠯᠵᠦ᠂  ᠬᠤᠳᠠ ᠪᠠᠯᠭᠠᠰᠤᠨ ᠤ ᠤᠰᠤ ᠬᠠᠩᠭᠠᠬᠤ  ᠪᠠ ᠬᠤᠭ ᠨᠤᠪᠰᠢ᠂ ᠪᠤᠬᠢᠷᠳᠤᠯ ᠰᠢᠢᠳᠪᠦᠷᠢᠯᠡᠬᠦ ᠴᠢᠳᠠᠪᠤᠷᠢ ᠶᠢ ᠨᠡᠮᠡᠭᠳᠡᠬᠦᠯᠦᠨ᠎ᠡ᠃          ︵ᠶᠢᠰᠦ︶  ᠶᠠᠳᠠᠭᠤ ᠶᠢ ᠲᠡᠳᠬᠦᠵᠦ ᠨᠡᠬᠡᠬᠡᠨ ᠬᠦᠭᠵᠢᠬᠦᠯᠬᠦ ᠠᠵᠢᠯ ᠢ ᠯᠠᠪᠳᠠᠭᠤᠨ ᠢᠶᠠᠷ ᠲᠦᠯᠬᠢᠨ ᠠᠬᠢᠭᠤᠯᠵᠤ᠂   ᠨᠠᠷᠢᠯᠢᠭ ᠪᠦᠬᠡᠳ ᠤᠨᠤᠪᠴᠢᠳᠠᠢ ᠶᠠᠳᠠᠭᠤ ᠶᠢ ᠳᠡᠳᠬᠦᠬᠦ ᠲᠤᠭᠳᠠᠴᠠ ᠶᠢ ᠡᠬᠦᠳᠦᠨ ᠪᠠᠶᠢᠭᠤᠯᠤᠨ᠎ᠠ  ᠃  ᠬᠦᠭᠵᠢᠬᠦᠯᠦᠯᠳᠡ ᠶᠢᠨ ᠠᠷᠭ᠎ᠠ ᠪᠠᠷ ᠶᠠᠳᠠᠭᠤ ᠬᠦᠴᠢᠷᠳᠡᠢ ᠪᠠᠶᠢᠬᠤ ᠠᠰᠠᠭᠤᠳᠠᠯ ᠢ ᠰᠢᠢᠳᠪᠦᠷᠢᠯᠡᠵᠦ᠂  ᠤᠷᠤᠨ ᠨᠤᠳᠤᠭ ᠤᠨ ᠦᠪᠡᠷᠳᠡᠭᠡᠨ ᠬᠦᠭᠵᠢᠬᠦ ᠴᠢᠳᠠᠪᠤᠷᠢ ᠶᠢ ᠴᠢᠩᠭᠠᠷᠠᠭᠤᠯᠤᠨ᠂  ᠲᠠᠷᠢᠶᠠᠯᠠᠩ ᠮᠠᠯ ᠠᠵᠤ ᠠᠬᠤᠢ ᠶᠢᠨ ᠦᠷ᠎ᠡ ᠠᠰᠢᠭ ᠤᠨ ᠨᠡᠮᠡᠭᠳᠡᠯ᠂ ᠮᠠᠯᠴᠢᠨ ᠲᠠᠷᠢᠶᠠᠴᠢᠨ ᠤ ᠤᠷᠤᠯᠭ᠎ᠠ ᠶᠢᠨ ᠨᠡᠮᠡᠭᠳᠡᠯ ᠢ ᠠᠬᠢᠭᠤᠯᠬᠤ ᠭᠡᠷᠡᠭᠳᠡᠢ᠃ ᠨᠢᠬᠡ  ᠳᠤ᠂ ᠶᠠᠳᠠᠭᠤ ᠶᠢ ᠳᠡᠳᠬᠦᠬᠦ  ᠠᠵᠢᠯ ᠤᠨ ᠲᠦᠯᠦᠪᠯᠡᠭᠰᠡᠨ ᠬᠠᠷᠠᠯᠳᠠ ᠶᠢ ᠪᠠᠳᠤᠯᠠᠨ᠎ᠠ᠃ ︽ᠲᠠᠶᠢᠹᠤᠰᠧ ᠬᠤᠰᠢᠭᠤᠨ  ᠤ  ᠶᠠᠳᠠᠭᠤ ᠶᠢ ᠲᠡᠳᠬᠦᠬᠦ ᠲᠦᠯᠦᠪᠵᠢᠬᠦᠯᠬᠡ ︵2013 — 2017 ᠤᠨ︶︾   ᠳᠤ 2017 ᠤᠨ ᠤ ᠡᠴᠦᠰ ᠪᠤᠯᠬᠤ ᠳᠤ ᠮᠠᠯᠵᠢᠬᠤ ᠲᠠᠷᠢᠶᠠᠯᠠᠬᠤ ᠤᠷᠤᠨ ᠤ ᠶᠠᠳᠠᠭᠤ ᠬᠦᠴᠢᠷᠳᠡᠢ ᠬᠦᠮᠦᠨ ᠠᠮᠠ   ᠶᠢᠨ ᠴᠡᠪᠡᠷ ᠤᠷᠤᠯᠭ᠎ᠠ ᠶᠢ ᠲᠤᠰᠪᠤᠷᠢ 7500 ᠲᠦᠬᠦᠷᠢᠭ ᠪᠠ 6000 ᠲᠦᠬᠦᠷᠢᠭ   ᠠᠴᠠ ᠲᠠᠪᠠᠭᠤᠯᠤᠨ᠂ ᠶᠠᠳᠠᠭᠤ ᠬᠦᠴᠢᠷᠳᠡᠢ ᠬᠦᠮᠦᠨ ᠠᠮᠠ ᠶᠢ ᠪᠦᠬᠦᠨ ᠢ ᠶᠠᠳᠠᠭᠤ ᠠᠴᠠ  ᠠᠩᠬᠢᠵᠢᠷᠠᠭᠤᠯᠵᠤ᠂ ᠲᠤᠶᠢᠯᠰᠢᠷᠠᠩᠭᠤᠢ ᠶᠠᠳᠠᠭᠤ ᠬᠦᠴᠢᠷᠳᠡᠢ ᠪᠠᠶᠢᠳᠠᠯ ᠢ ᠦᠨᠳᠦᠰᠦᠨ ᠳᠡᠭᠡᠨ ᠤᠰᠠᠳᠬᠠᠨ᠎ᠠ ᠬᠡᠵᠦ ᠲᠤᠭᠳᠠᠵᠠᠢ᠃  ᠡᠨᠡ  ᠵᠢᠯ 8000 ᠬᠦᠮᠦᠨ ᠢ ᠲᠤᠭᠳᠠᠭᠤᠨ ᠢᠶᠠᠷ ᠶᠠᠳᠠᠭᠤ ᠠᠴᠠ ᠠᠩᠬᠢᠵᠢᠷᠠᠭᠤᠯᠵᠤ᠂  ᠶᠠᠳᠠᠭᠤ ᠬᠦᠴᠢᠷᠳᠡᠢ ᠮᠠᠯᠴᠢᠨ ᠲᠠᠷᠢᠶᠠᠴᠢᠨ ᠤ ᠬᠦᠮᠦᠨ ᠲᠤᠮᠳᠠᠴᠢ ᠴᠡᠪᠡᠷ ᠤᠷᠤᠯᠭ᠎ᠠ ᠶᠢᠨ ᠨᠡᠮᠡᠭᠳᠡᠯ ᠤᠨ ᠬᠤᠷᠳᠤᠴᠠ ᠶᠢ 15% ᠠᠴᠠ ᠲᠤᠷᠤᠭᠰᠢ ᠪᠠᠶᠢᠯᠭᠠᠬᠤ ᠦᠬᠡᠢ ᠪᠠᠷ ᠴᠢᠷᠮᠠᠶᠢᠨ᠂ ᠶᠠᠳᠠᠭᠤ  ᠬᠦᠴᠢᠷᠳᠡᠢ ᠲᠠᠷᠢᠶᠠᠴᠢᠳ ᠤᠨ ᠬᠦᠮᠦᠨ ᠲᠤᠮᠳᠠᠴᠢ ᠴᠡᠪᠡᠷ ᠤᠷᠤᠯᠭ᠎ᠠ ᠶᠢ 2990 ᠲᠦᠬᠦᠷᠢᠭ ᠲᠠᠪᠠᠭᠤᠯᠵᠤ᠂ ᠶᠠᠳᠠᠭᠤ  ᠬᠦᠴᠢᠷᠳᠡᠢ  ᠮᠠᠯᠴᠢᠳ ᠤᠨ ᠬᠦᠮᠦᠨ ᠲᠤᠮᠳᠠᠴᠢ ᠴᠡᠪᠡᠷ ᠤᠷᠤᠯᠭ᠎ᠠ ᠶᠢ 3565 ᠲᠦᠬᠦᠷᠢᠭ ᠲᠠᠪᠠᠭᠤᠯᠬᠤ ᠪᠠᠷ ᠴᠢᠷᠮᠠᠶᠢᠨ᠎ᠠ᠃ ᠬᠤᠶᠠᠷ ᠲᠤ᠂ ᠶᠠᠳᠠᠭᠤ ᠶᠢ ᠳᠡᠳᠬᠦᠬᠦ ᠪᠡᠯᠡ ᠤᠷᠤᠭᠤᠯᠤᠯᠳᠠ ᠶᠢᠨ ᠲᠤᠭᠳᠠᠴᠠ ᠶᠢ ᠰᠢᠨᠡᠴᠢᠯᠡᠨ᠎ᠡ᠃ ᠤᠶᠢᠯᠠᠭᠠᠨ ᠪᠠᠶᠢᠴᠠᠭᠠᠬᠤ ᠠᠵᠢᠯ ᠢ ᠦᠷᠬᠦᠯᠵᠢᠯᠡᠨ ᠰᠠᠶᠢᠨ ᠬᠢᠵᠦ ᠶᠠᠳᠠᠭᠤ ᠶᠢ ᠳᠡᠳᠬᠦᠬᠦ ᠨᠢᠭᠤᠷᠯᠠᠯ ᠢ ᠬᠢᠨᠠᠨ ᠲᠤᠭᠳᠠᠭᠠᠬᠤ   ᠳᠠᠭᠠᠨ ᠨᠠᠷᠢᠨ ᠨᠢᠮᠪᠠᠢ᠂  ᠤᠨᠤᠪᠴᠢᠳᠠᠢ ᠪᠠᠶᠢᠬᠤ ᠶᠢ  ᠪᠠᠳᠤᠯᠠᠬᠤ ᠭᠡᠷᠡᠭᠳᠡᠢ᠃ ᠬᠦᠭᠵᠢᠬᠦᠯᠦᠯᠳᠡ ᠦᠬᠡᠷᠡᠴᠢᠯᠡᠯᠳᠡ᠂ ᠡᠳ᠋ ᠤᠨ ᠵᠠᠰᠠᠭ᠂ ᠶᠠᠳᠠᠭᠤ ᠶᠢ ᠳᠡᠳᠬᠦᠬᠦ᠂ ᠮᠠᠯ ᠲᠠᠷᠢᠶᠠᠯᠠᠩ᠂ ᠤᠰᠤᠨ ᠠᠰᠢᠭᠯᠠᠯᠳᠠ᠂ ᠭᠠᠵᠠᠷ ᠰᠢᠷᠤᠢ᠂ ᠤᠷᠤᠨ ᠰᠠᠭᠤᠴᠠ ᠵᠢᠴᠢ ᠦᠨᠳᠦᠰᠦᠨ ᠱᠠᠳᠤᠨ ᠤ ᠵᠤᠬᠢᠶᠠᠨ ᠪᠠᠶᠢᠭᠤᠯᠤᠯᠳᠠ ᠶᠢᠨ ᠴᠤᠭᠴᠠᠯᠠᠯᠳᠠ ᠵᠡᠷᠭᠡ ᠳᠤ ᠬᠠᠮᠢᠶᠠᠳᠠᠢ ᠡᠯ᠎ᠡ ᠲᠠᠯ᠎ᠠ ᠶᠢᠨ ᠪᠡᠯᠡ  ᠮᠦᠩᠬᠦ ᠶᠢ ᠨᠢᠭᠡᠳᠭᠡᠬᠦ ᠶᠢᠨ ᠬᠠᠮᠳᠤ ᠰᠢᠨ᠎ᠡ ᠬᠦᠳᠡᠭᠡ ᠲᠤᠰᠬᠤᠨ ᠤ ᠪᠦᠳᠦᠬᠡᠨ ᠪᠠᠶᠢᠭᠤᠯᠤᠯᠳᠠ ᠲᠠᠢ ᠤᠷᠭᠠᠨᠢᠭ ᠢᠶᠠᠷ ᠤᠶᠠᠯᠳᠤᠭᠤᠯᠵᠤ ᠪᠠᠶᠢᠭᠠᠳ ᠂ ᠬᠤᠯᠪᠤᠭᠳᠠᠭᠤᠯᠤᠨ ᠭᠡᠷᠡᠭᠯᠡᠬᠦ᠂ ᠲᠦᠪᠯᠡᠷᠡᠬᠦᠯᠦᠨ ᠠᠬᠢᠭᠤᠯᠬᠤ   ᠪᠠᠷ ᠲᠠᠮᠵᠢᠨ ᠶᠠᠳᠠᠭᠤ ᠶᠢ ᠳᠡᠳᠬᠦᠵᠦ ᠨᠡᠭᠡᠭᠡᠨ ᠬᠦᠭᠵᠢᠬᠦᠯᠬᠦ ᠶᠡᠷᠦᠩᠬᠡᠢ ᠬᠠᠷᠠᠯᠳᠠ ᠶᠢ ᠪᠡᠶᠡᠯᠡᠬᠦᠯᠬᠦ ᠭᠡᠷᠡᠭᠳᠡᠢ᠃  ᠡᠨᠡ ᠵᠢᠯ ︽ᠲᠦᠯᠦᠪᠵᠢᠬᠦᠯᠬᠡ ᠲᠤᠰᠬᠤᠨ ᠪᠠ ᠡᠷᠦᠬᠡ ᠳᠤ ᠬᠦᠷᠬᠦ᠂ ᠲᠦᠷᠦᠯ ᠵᠦᠢᠯ ᠲᠤᠰᠬᠤᠨ ᠪᠠ ᠡᠷᠦᠬᠡ ᠳᠤ ᠬᠦᠷᠬᠦ᠂ ᠺᠠᠳᠠᠷ ᠲᠤᠰᠬᠤᠨ ᠪᠠ ᠡᠷᠦᠬᠡ ᠳᠤ ᠬᠦᠷᠬᠦ︾ ᠢᠨᠵᠧᠨᠧᠷᠢᠩ 38 ᠶᠢ ᠭᠡᠷᠡᠭᠵᠢᠬᠦᠯᠵᠦ᠂  ᠬᠤᠪᠢᠰᠠᠬᠯ ᠤᠨ ᠬᠠᠭᠤᠴᠢᠨ ᠰᠠᠭᠤᠷᠢᠨ ᠭᠠᠵᠠᠷ ᠤᠨ ᠲᠦᠷᠦᠯ ᠵᠦᠢᠯ 1 ᠶᠢ ᠭᠡᠷᠡᠭᠵᠢᠬᠦᠯᠦᠨ᠂ ᠠᠮᠢ ᠠᠬᠤᠢ ᠶᠢ ᠬᠠᠮᠠᠭᠠᠯᠠᠵᠤ ᠠᠷᠠᠳ ᠢ ᠨᠡᠬᠦᠯᠬᠡᠬᠦ ᠲᠦᠷᠦᠯ ᠵᠦᠢᠯ 3 ᠶᠢ ᠭᠡᠷᠡᠭᠵᠢᠬᠦᠯᠦᠨ᠎ᠡ᠃ ︽ᠮᠦᠩᠬᠦᠨ ᠬᠦᠢᠯᠭᠡᠭᠡ ᠪᠠᠷ ᠶᠠᠳᠠᠭᠤ ᠶᠢ ᠳᠡᠳᠬᠦᠵᠦ ᠠᠷᠠᠳ ᠢ ᠪᠠᠶᠠᠵᠢᠭᠤᠯᠬᠤ ᠢᠨᠵᠧᠨᠧᠷᠢᠩ︾ ᠢ ᠪᠦᠬᠦ ᠬᠦᠴᠦᠨ ᠢᠶᠠᠷ ᠰᠠᠶᠢᠨ ᠭᠡᠷᠡᠭᠵᠢᠬᠦᠯᠵᠦ᠂  ᠵᠠᠰᠠᠭ ᠤᠨ ᠤᠷᠳᠤᠨ ᠤ  ᠪᠠᠳᠤᠯᠠᠭᠠᠨ ᠤ ᠪᠡᠯᠡ  ᠮᠦᠩᠬᠦ 1000 ᠲᠦᠮᠡᠨ ᠲᠦᠬᠦᠷᠢᠭ ᠤᠷᠤᠭᠤᠯᠵᠤ᠂ ᠬᠠᠮᠢᠶ᠎ᠠ ᠪᠦᠬᠦᠢ ᠮᠦᠩᠬᠦᠨ ᠬᠦᠢᠯᠬᠡᠬᠡᠨ ᠤ ᠪᠠᠶᠢᠭᠤᠯᠤᠮᠵᠢ ᠲᠠᠢ ᠵᠤᠬᠢᠴᠠᠭᠤᠯᠭ᠎ᠠ ᠬᠢᠵᠦ ᠪᠠᠶᠢᠭᠠᠳ ᠢᠳᠡᠭᠡᠮᠵᠢᠳᠦ ᠵᠢᠬᠡᠯᠡᠯᠬᠡ ᠶᠢᠨ ᠮᠦᠩᠬᠦ ᠶᠢ 1 ᠳ᠋ᠦᠩᠰᠢᠭᠤᠷ ᠲᠦᠬᠦᠷᠢᠭ ᠲᠤ ᠬᠦᠷᠭᠡᠵᠦ᠂ ᠶᠠᠳᠠᠭᠤ ᠬᠦᠴᠢᠷᠳᠡᠢ ᠮᠠᠯᠴᠢᠨ ᠲᠠᠷᠢᠶᠠᠴᠢᠨ ᠤ ᠵᠢᠭᠡᠯᠡᠯᠬᠡ ᠤᠯᠬᠤ ᠳᠤ ᠬᠦᠴᠢᠷᠳᠡᠢ ᠠᠰᠠᠭᠤᠳᠠᠯ ᠢ ᠰᠢᠢᠳᠪᠦᠷᠢᠯᠡᠨ᠎ᠡ᠃  ᠭᠤᠷᠪᠠ ᠳᠤ᠂ ᠨᠡᠶᠢᠬᠡᠮ ᠤᠨ ᠶᠠᠳᠠᠭᠤ ᠶᠢ ᠳᠡᠳᠬᠦᠬᠦ ᠠᠵᠢᠯ ᠢ ᠡᠷᠴᠢᠮᠳᠡᠢ ᠰᠠᠶᠢᠨ ᠬᠢᠨ᠎ᠡ᠃  ᠪᠦᠬᠦ ᠤᠯᠤᠰ ᠤᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠭᠤᠯᠭ᠎ᠠ᠂ ᠦᠪᠡᠷᠳᠡᠭᠡᠨ ᠵᠠᠰᠠᠬᠤ ᠤᠷᠤᠨ ᠤ ᠤᠯᠤᠰ ᠲᠦᠷᠦ ᠶᠢᠨ ᠵᠦᠪᠯᠡᠯᠭᠡᠨ   ᠯᠦᠭᠡ  ᠬᠠᠷᠢᠯᠴᠠᠬᠤ ᠪᠠᠨ ᠴᠢᠩᠭᠠᠳᠬᠠᠵᠤ᠂ ᠮᠠᠨ ᠤ ᠬᠤᠰᠢᠭᠤᠨ ᠤ ᠠᠵᠤ ᠠᠬᠤᠢ ᠶᠢᠨ ᠬᠦᠭᠵᠢᠯᠳᠡ ᠳᠤ ᠨᠡᠯᠢᠶᠡᠳ ᠶᠡᠭᠡ ᠨᠦᠯᠦᠬᠡ ᠦᠵᠡᠬᠦᠯᠵᠦ ᠴᠢᠳᠠᠬᠤ ᠲᠦᠷᠦᠯ ᠵᠦᠢᠯ ᠢ ᠡᠷᠡᠮᠡᠯᠵᠡᠯᠡᠨ ᠤᠯᠬᠤ   ᠪᠠᠷ ᠬᠦᠴᠦᠯᠡᠨ ᠴᠢᠷᠮᠠᠶᠢᠬᠤ ᠭᠡᠷᠡᠭᠳᠡᠢ᠃  ᠦᠪᠡᠷᠳᠡᠭᠡᠨ ᠵᠠᠰᠠᠬᠤ ᠤᠷᠤᠨ ᠤ ᠠᠵᠤ ᠠᠬᠤᠢ ᠪᠠ  ᠮᠡᠳᠡᠭᠡ ᠵᠠᠩᠬᠢᠵᠢᠭᠤᠯᠤᠯᠳᠠ ᠶᠢᠨ ᠵᠦᠪᠯᠡᠯ ᠵᠢᠴᠢ 11 ᠡᠷᠦᠬᠡ ᠠᠵᠤ ᠠᠬᠤᠶᠢᠯᠠᠯ ᠯᠤᠭ᠎ᠠ ᠦᠷᠬᠦᠯᠵᠢᠯᠡᠨ ᠬᠠᠷᠢᠴᠠᠵᠤ᠂  ᠠᠵᠤ ᠦᠢᠯᠡᠰ ᠢ ᠬᠦᠭᠵᠢᠬᠦᠯᠬᠦ᠂ ᠲᠦᠷᠦᠯ ᠵᠦᠢᠯ ᠢ ᠬᠢᠨᠠᠨ ᠵᠦᠪᠰᠢᠶᠡᠷᠡᠬᠦ ᠪᠠ ᠨᠡᠶᠢᠬᠡᠮ ᠤᠨ ᠲᠤᠰᠠᠯᠠᠮᠵᠢ   ᠵᠡᠷᠭᠡ ᠲᠠᠯᠠᠪᠠᠷ ᠲᠡᠮᠵᠢᠯᠬᠡ ᠤᠯᠬᠤ ᠪᠠᠷ ᠴᠢᠷᠮᠠᠶᠢᠨ᠎ᠠ᠃ ᠠᠶᠢᠮᠠᠭ ᠤᠨ ᠱᠠᠳᠤᠨ ᠤ 27 ᠬᠠᠪᠰᠤᠷᠤᠨ ᠲᠡᠳᠬᠦᠬᠦ ᠨᠢᠬᠡᠴᠡ   ᠲᠠᠢ ᠢᠳᠡᠪᠬᠢᠳᠡᠢ ᠬᠠᠷᠢᠴᠠᠵᠤ᠂  ᠶᠠᠳᠠᠭᠤ ᠬᠦᠴᠢᠷᠳᠡᠢ ᠭᠠᠴᠠᠭ᠎ᠠ ᠲᠤᠰᠬᠤᠨ ᠢ ᠨᠢᠭᠤᠷᠯᠠᠨ ᠲᠡᠳᠬᠦᠬᠦ ᠠᠵᠢᠯ ᠢ ᠬᠠᠮᠵᠢᠯᠴᠠᠨ ᠰᠠᠶᠢᠨ ᠬᠢᠬᠦ ᠭᠡᠷᠡᠭᠳᠡᠢ᠃  ᠬᠤᠰᠢᠭᠤᠨ ᠤ ᠤᠳᠤᠷᠢᠳᠤᠯᠭ᠎ᠠ ᠪᠠ  ᠬᠤᠰᠢᠭᠤ ᠬᠠᠷᠢᠶ᠎ᠠ ᠡᠯ᠎ᠡ ᠰᠠᠯᠠᠭ᠎ᠠ ᠮᠦᠴᠢᠷ   ᠨᠢ ᠬᠠᠪᠰᠤᠷᠤᠨ ᠲᠡᠳᠬᠦᠬᠦ ᠠᠵᠢᠯ ᠢ ᠡᠷᠴᠢᠮᠳᠡᠢ ᠰᠠᠶᠢᠨ ᠬᠢᠵᠦ᠂  ᠨᠡᠯᠢᠶᠡᠳ ᠰᠠᠶᠢᠨ ᠦᠷ᠎ᠡ ᠪᠦᠳᠦᠮᠵᠢ ᠤᠯᠬᠤ ᠪᠠᠷ ᠴᠢᠷᠮᠠᠶᠢᠬᠤ ᠭᠡᠷᠡᠭᠳᠡᠢ᠃        ︵ᠠᠷᠪᠠ︶  ᠨᠡᠶᠢᠬᠡᠮ ᠤᠨ ᠬᠠᠮᠢᠶᠠᠷᠤᠯᠳᠠ ᠶᠢᠨ ᠰᠢᠨ᠎ᠡ ᠶᠢ ᠡᠬᠦᠳᠬᠦ ᠠᠵᠢᠯ ᠢ ᠰᠠᠶᠢᠳᠤᠷ ᠠᠳᠬᠤᠵᠤ᠂  ᠲᠤᠭᠳᠠᠭᠤᠨ ᠡᠶ᠎ᠡ ᠵᠤᠬᠢᠴᠠᠯᠳᠠᠢ ᠨᠡᠶᠢᠬᠡᠮ ᠤᠨ ᠤᠷᠴᠢᠨ  ᠠᠬᠤᠢ ᠶᠢ ᠡᠬᠦᠳᠦᠨ ᠪᠠᠶᠢᠭᠤᠯᠤᠨ᠎ᠠ᠃  ᠨᠢᠬᠡ ᠳᠤ᠂ ᠦᠨᠳᠦᠰᠦᠨ ᠱᠠᠳᠤᠨ ᠤ ᠵᠤᠬᠢᠶᠠᠨ ᠪᠠᠶᠢᠭᠤᠯᠤᠯᠳᠠ ᠶᠢᠨ ᠴᠤᠭᠴᠠᠯᠠᠯᠳᠠ ᠶᠢ ᠴᠢᠩᠭᠠᠳᠬᠠᠬᠤ ᠭᠡᠷᠡᠭᠳᠡᠢ᠃  ᠨᠡᠶᠢᠬᠡᠮ  ᠤᠨ ᠬᠠᠮᠢᠶᠠᠷᠤᠯᠳᠠ ᠶᠢᠨ ᠪᠠᠶᠢᠭᠤᠯᠤᠯ ᠤᠨ ᠦᠬᠡᠷᠡᠴᠢᠯᠡᠯᠳᠡ ᠶᠢ ᠲᠦᠯᠬᠢᠨ ᠠᠬᠢᠭᠤᠯᠵᠤ᠂  ᠲᠤᠰᠬᠤᠨ ᠤ ᠠᠷᠠᠳ ᠤᠨ ᠦᠪᠡᠷᠳᠡᠭᠡᠨ ᠵᠠᠰᠠᠬᠤ ᠶᠢ ᠤᠯᠠᠮ ᠨᠢᠬᠡ ᠠᠯᠬᠤᠮ ᠴᠢᠩᠭᠠᠳᠬᠠᠨ᠂  ᠲᠤᠰᠬᠤᠨ ᠤ ᠶᠠᠪᠤᠳᠠᠯ ᠢ ᠢᠯᠡ  ᠨᠡᠶᠢᠳᠡᠯᠡᠬᠦ ᠪᠠ ᠠᠷᠠᠳᠴᠢᠯᠠᠯ ᠢᠶᠠᠷ ᠬᠠᠮᠢᠶᠠᠷᠬᠤ ᠶᠢ ᠬᠦᠨᠵᠡᠬᠡᠶᠢᠷᠡᠬᠦᠯᠵᠦ᠂ ᠦᠨᠳᠦᠰᠦᠨ ᠱᠠᠳᠤᠨ ᠤ ᠤᠯᠠᠨ ᠲᠦᠮᠡᠨ ᠤ ᠦᠪᠡᠷᠳᠡᠭᠡᠨ ᠵᠠᠰᠠᠬᠤ  ᠠᠵᠢᠯ ᠢ ᠠᠬᠢᠭᠤᠯᠤᠨ᠂ ᠲᠤᠰᠬᠤᠨ ᠤ ᠠᠷᠠᠳ ᠤᠨ ᠡᠯ᠎ᠡ ᠵᠦᠢᠯ ᠤᠨ ᠠᠷᠠᠳᠴᠢᠯᠠᠯ   ᠤᠨ ᠡᠷᠭᠡ ᠶᠢ ᠪᠦᠬᠦ ᠲᠠᠯᠠᠪᠠᠷ ᠨᠠᠶᠢᠳᠠᠪᠤᠷᠢᠵᠢᠭᠤᠯᠵᠤ᠂  ᠠᠷᠠᠳ ᠲᠦᠮᠡᠨ ᠤ ᠬᠠᠤᠯᠢ ᠪᠠᠷ ᠵᠠᠰᠠᠬᠤ ᠤᠬᠠᠮᠰᠠᠷ ᠪᠠ ᠠᠷᠠᠳᠴᠢᠯᠠᠯ ᠤᠨ ᠤᠬᠠᠮᠰᠠᠷ ᠢ  ᠦᠷᠬᠦᠯᠵᠢᠯᠡᠨ ᠲᠡᠭᠡᠭᠰᠢᠯᠡᠬᠦᠯᠬᠦ ᠭᠡᠷᠡᠭᠳᠡᠢ᠃ ᠨᠡᠶᠢᠬᠡᠮ ᠲᠤᠭᠤᠷᠢᠭ ᠤᠨ ᠦᠢᠯᠡᠴᠢᠯᠡᠬᠡᠨ ᠤ ᠪᠠᠶᠢᠭᠤᠯᠤᠯᠳᠠ ᠶᠢ ᠦᠷᠬᠦᠯᠵᠢᠯᠡᠨ ᠴᠢᠩᠭᠠᠳᠬᠠᠵᠤ᠂  8 ᠨᠡᠶᠢᠬᠡᠮ ᠲᠤᠭᠤᠷᠢᠭ ᠤᠨ ᠲᠤᠳᠤᠭᠠᠳᠤ ᠶᠢᠨ ᠢᠵᠢ ᠪᠦᠷᠢᠳᠦᠭᠰᠡᠨ ᠲᠦᠬᠦᠭᠡᠷᠦᠮᠵᠢ ᠪᠠ ᠨᠡᠶᠢᠬᠡᠮ ᠤᠨ ᠬᠠᠮᠢᠶᠠᠷᠤᠯᠳᠠ ᠶᠢᠨ ᠮᠡᠳᠡᠭᠡ ᠵᠠᠩᠬᠢᠵᠢᠭᠰᠠᠨ ᠰᠦᠯᠵᠢᠶ᠎ᠡ ᠶᠢ ᠲᠡᠬᠦᠯᠳᠡᠷᠵᠢᠬᠦᠯᠵᠦ᠂  ᠦᠢᠯᠡᠴᠢᠯᠡᠬᠡᠨ ᠤ ᠴᠢᠳᠠᠪᠬᠢ ᠶᠢ  ᠨᠡᠮᠡᠭᠳᠡᠬᠦᠯᠬᠦ᠂ ᠦᠢᠯᠡᠴᠢᠯᠡᠬᠡᠨ ᠤ ᠪᠠᠷᠢᠮᠵᠢᠶ᠎ᠠ ᠶᠢ ᠲᠡᠭᠡᠭᠰᠢᠯᠡᠬᠦᠯᠬᠦ ᠪᠠᠷ ᠲᠠᠮᠵᠢᠨ᠂  ᠨᠡᠶᠢᠬᠡᠮ ᠲᠤᠭᠤᠷᠢᠭ ᠤᠨ ᠰᠠᠭᠤᠭᠠᠯᠢ ᠠᠷᠠᠳ ᠲᠤ  ᠴᠢᠨᠠᠷ ᠰᠠᠶᠢᠳᠠᠢ᠂ ᠲᠦᠬᠦᠮ ᠲᠦᠳᠡ ︽ᠨᠢᠬᠡ ᠦᠷᠳᠡᠭᠡᠨ ᠤ ᠭᠡᠯᠪᠡᠷᠢᠳᠦ︾ ᠦᠢᠯᠡᠴᠢᠯᠡᠭᠡ ᠬᠠᠩᠭᠠᠨ᠎ᠠ᠃  ︽ᠡᠶ᠎ᠡ ᠵᠤᠬᠢᠴᠠᠯ ᠲᠠᠢ ᠨᠡᠶᠢᠬᠡᠮ ᠲᠤᠭᠤᠷᠢᠭ︾ ᠢ ᠪᠠᠶᠢᠭᠤᠯᠬᠤ ᠱᠠᠭᠠᠷᠳᠠᠯᠭ᠎ᠠ ᠶᠤᠰᠤᠭᠠᠷ᠂ ᠰᠠᠭᠤᠷᠢᠨ ᠭᠠᠵᠠᠷ ᠤᠨ ᠪᠦᠳᠦᠭᠡᠨ ᠪᠠᠶᠢᠭᠤᠯᠤᠯᠳᠠ ᠶᠢ ᠴᠢᠩᠭᠠᠳᠬᠠᠨ᠂ ᠰᠠᠭᠤᠭᠠᠯᠢ ᠠᠷᠠᠳ ᠦᠪᠡᠷᠳᠡᠭᠡᠨ ᠵᠠᠰᠠᠭᠰᠠᠨ᠂ ᠬᠠᠮᠢᠶᠠᠷᠤᠯᠳᠠ ᠲᠦᠷᠢᠮᠵᠢᠭᠰᠡᠨ᠂ ᠦᠢᠯᠡᠴᠢᠯᠡᠭᠡ ᠲᠡᠬᠦᠯᠳᠡᠷᠵᠢᠭᠰᠡᠨ᠂  ᠨᠡᠶᠢᠬᠡᠮ ᠨᠢ ᠠᠮᠤᠷ ᠲᠠᠶᠢᠪᠤᠩ᠂  ᠤᠷᠴᠢᠨ ᠨᠢ ᠭᠤᠶᠢᠳᠠ ᠰᠠᠶᠢᠬᠠᠨ᠂ ᠪᠤᠯᠪᠠᠰᠤᠨ ᠨᠠᠶᠢᠷᠠᠮᠳᠠᠭᠤ ᠰᠢᠨ᠎ᠡ ᠮᠠᠶ᠋ᠢᠭ ᠤᠨ ᠨᠡᠶᠢᠬᠡᠮ ᠲᠤᠭᠤᠷᠢᠭ ᠢ ᠪᠠᠶᠢᠭᠤᠯᠬᠤ ᠭᠡᠷᠡᠭᠳᠡᠢ᠃  ᠬᠦᠭᠵᠢᠯᠳᠡ ᠶᠢᠨ ᠱᠠᠭᠠᠷᠳᠠᠯᠭ᠎ᠠ  ᠶᠢ ᠦᠨᠳᠦᠰᠦᠯᠡᠨ᠂ ᠲᠤᠬᠢᠷᠠᠮᠵᠢᠳᠠᠢ ᠦᠶ᠎ᠡ ᠳᠤ ᠰᠤᠮᠤ ᠰᠢᠶᠠᠩ ᠪᠠᠯᠭᠠᠰᠤᠨ ᠳᠤ ᠨᠡᠶᠢᠬᠡᠮ ᠲᠤᠭᠤᠷᠢᠭ ᠤᠨ ᠪᠠᠶᠢᠭᠤᠯᠤᠯᠳᠠ ᠬᠢᠨ᠎ᠡ᠃ ᠬᠤᠶᠠᠷ ᠲᠤ᠂  ᠵᠠᠬᠢᠳᠠᠯ ᠰᠤᠷᠪᠤᠯᠵᠢᠯᠠᠭ᠎ᠠ ᠶᠢᠨ ᠠᠵᠢᠯ ᠢ ᠴᠢᠩᠭᠠᠳᠬᠠᠵᠤ  ᠲᠤᠭᠳᠠᠭᠤᠨ ᠢ ᠬᠠᠮᠠᠭᠠᠯᠠᠨ᠎ᠠ᠃  ᠵᠠᠬᠢᠳᠠᠯ ᠰᠤᠷᠪᠤᠯᠵᠢᠯᠠᠭ᠎ᠠ ᠶᠢᠨ ᠲᠦᠷᠢᠮ ᠤᠨ ᠦᠬᠡᠷᠡᠴᠢᠯᠡᠯᠳᠡ ᠶᠢ ᠬᠦᠨᠵᠡᠭᠡᠶᠢᠷᠡᠬᠦᠯᠵᠦ᠂  ᠠᠵᠢᠯ  ᠤᠨ ᠲᠤᠭᠳᠠᠴᠠ ᠶᠢ ᠰᠢᠨᠡᠴᠢᠯᠡᠨ᠂  ᠤᠯᠠᠨ ᠤ ᠰᠤᠷᠪᠤᠯᠵᠢᠯᠠᠭ᠎ᠠ ᠪᠠ ᠶᠡᠷᠦ ᠪᠤᠰᠤ ᠶᠢᠨ ᠰᠤᠷᠪᠤᠯᠵᠢᠯᠠᠭ᠎ᠠ ᠶᠢ ᠴᠡᠭᠴᠡᠯᠡᠬᠦ ᠠᠵᠢᠯ ᠤᠨ ᠡᠷᠴᠢᠮ ᠢ ᠴᠢᠩᠭᠠᠷᠠᠭᠤᠯᠵᠤ᠂ ᠵᠠᠷᠭᠤ ᠵᠠᠭᠠᠯᠳᠤᠯᠭ᠎ᠠ ᠪᠠ ᠵᠠᠬᠢᠳᠠᠯ ᠰᠤᠷᠪᠤᠯᠵᠢᠯᠠᠭ᠎ᠠ ᠶᠢ ᠢᠯᠭᠠᠭ᠎ᠠ ᠲᠠᠢ ᠶᠠᠪᠤᠭᠳᠠᠭᠤᠯᠤᠨ᠂  ᠬᠠᠤᠯᠢ   ᠶᠢᠨ ᠵᠠᠷᠭᠤ ᠳᠤ ᠬᠤᠯᠪᠤᠭᠳᠠᠭᠰᠠᠨ ᠵᠠᠬᠢᠳᠠᠯ ᠰᠤᠷᠪᠤᠯᠵᠢᠯᠠᠭ᠎ᠠ   ᠶᠢᠨ ᠬᠡᠷᠡᠭ ᠢ ᠬᠠᠤᠯᠢ ᠶᠢᠨ ᠶᠠᠪᠤᠴᠠ ᠳᠤ ᠤᠷᠤᠭᠤᠯᠤᠨ ᠰᠢᠢᠳᠪᠦᠷᠢᠯᠡᠵᠦ᠂ ᠲᠤᠬᠠᠢ ᠶᠢᠨ ᠬᠦᠮᠦᠨ ᠤ ᠲᠤᠭᠳᠠᠭᠠᠯ ᠵᠢᠷᠤᠮ ᠶᠤᠰᠤᠭᠠᠷ  ᠬᠠᠮᠢᠶ᠎ᠠ ᠪᠦᠬᠦᠢ ᠬᠠᠤᠯᠢ ᠴᠠᠭᠠᠵᠠ ᠶᠢᠨ ᠪᠠᠶᠢᠭᠤᠯᠭ᠎ᠠ ᠳᠤ ᠵᠠᠭᠠᠯᠳᠤᠵᠤ ᠵᠠᠷᠭᠤᠯᠳᠤᠬᠤ ᠳᠤ ᠵᠢᠯᠤᠭᠤᠳᠤᠯᠭ᠎ᠠ  ᠬᠢᠬᠦ ᠭᠡᠷᠡᠭᠳᠡᠢ᠃ ᠤᠳᠤᠷᠢᠳᠬᠤ ᠺᠠᠳᠠᠷ ᠵᠠᠬᠢᠳᠠᠯ ᠰᠤᠷᠪᠤᠯᠵᠢᠯᠠᠭ᠎ᠠ ᠶᠢᠨ ᠬᠡᠷᠡᠭ ᠢ ᠲᠠᠭᠠᠭᠠᠵᠤ ᠰᠢᠢᠳᠪᠦᠷᠢᠯᠡᠬᠦ ᠬᠠᠷᠢᠭᠤᠴᠠᠯᠭ᠎ᠠ ᠶᠢᠨ ᠲᠦᠷᠢᠮ ᠢ ᠲᠡᠬᠦᠯᠳᠡᠷᠵᠢᠬᠦᠯᠵᠦ᠂ ᠵᠠᠬᠢᠳᠠᠯ ᠰᠤᠷᠪᠤᠯᠵᠢᠯᠠᠭ᠎ᠠ   ᠶᠢᠨ ᠬᠡᠷᠡᠭ ᠢ ᠰᠦᠯᠵᠢᠶᠡᠨ ᠲᠡᠭᠡᠷ᠎ᠡ ᠬᠦᠢᠴᠡᠳᠭᠡᠬᠦ ᠠᠵᠢᠯ ᠢ ᠤᠯᠠᠮ ᠨᠢᠬᠡ ᠠᠯᠬᠤᠮ ᠲᠡᠯᠬᠡᠷᠡᠬᠦᠯᠦᠨ ᠭᠡᠷᠡᠭᠵᠢᠬᠦᠯᠵᠦ᠂ ︽1328︾ ᠵᠠᠬᠢᠳᠠᠯ ᠰᠤᠷᠪᠤᠯᠵᠢᠯᠠᠭ᠎ᠠ ᠶᠢᠨ ᠠᠵᠢᠯ ᠤᠨ ᠡᠳᠦᠷ ᠤᠨ ᠲᠦᠷᠢᠮ ᠢ ᠨᠢᠮᠪᠠᠢ ᠨᠠᠶᠢᠳᠠᠪᠤᠷᠢᠵᠢᠭᠤᠯᠤᠨ᠂ ᠵᠠᠬᠢᠳᠠᠯ ᠰᠤᠷᠪᠤᠯᠵᠢᠯᠠᠭ᠎ᠠ ᠶᠢᠨ ᠲᠠᠷᠤᠭᠳᠠᠭᠰᠠᠨ ᠭᠡᠷᠡᠭ ᠢ ᠴᠢᠷᠮᠠᠶᠢᠨ ᠰᠢᠢᠳᠪᠦᠷᠢᠯᠡᠬᠦ ᠭᠡᠷᠡᠭᠳᠡᠢ᠃ ᠬᠠᠤᠯᠢ  ᠴᠠᠭᠠᠵᠠ᠂ ᠲᠤᠳᠤᠭᠠᠳᠤ ᠶᠢ ᠬᠠᠮᠠᠭᠠᠯᠠᠬᠤ᠂ ᠵᠠᠬᠢᠳᠠᠯ ᠰᠤᠷᠪᠤᠯᠵᠢᠯᠠᠭ᠎ᠠ᠂  ᠲᠤᠭᠳᠠᠭᠤᠨ ᠢ ᠬᠠᠮᠠᠭᠠᠯᠠᠬᠤ ᠵᠡᠷᠭᠡ ᠡᠯ᠎ᠡ ᠲᠠᠯ᠎ᠠ ᠶᠢᠨ ᠬᠦᠴᠦᠨ ᠢ ᠨᠢᠭᠡᠳᠭᠡᠵᠦ᠂  ᠦᠨᠳᠦᠰᠦᠨ ᠱᠠᠳᠤᠨ ᠤ ᠶᠡᠷᠦᠩᠬᠡᠶᠢᠯᠡᠭᠰᠡᠨ ᠵᠠᠰᠠᠯᠳᠠ ᠶᠢᠨ ᠦᠢᠯᠡᠴᠢᠯᠡᠬᠡᠨ ᠤ ᠪᠠᠶᠢᠭᠤᠯᠤᠮᠵᠢ ᠶᠢ ᠪᠤᠵᠠᠭᠠᠶᠢᠷᠠᠭᠤᠯᠤᠨ᠂  ᠠᠩᠬᠠᠨ ᠤ ᠵᠠᠬᠢᠳᠠᠯ ᠰᠤᠷᠪᠤᠯᠵᠢᠯᠠᠭ᠎ᠠ ᠶᠢ ᠵᠤᠬᠢᠴᠠᠭᠤᠯᠤᠨ ᠰᠢᠢᠳᠪᠦᠷᠢᠯᠡᠬᠦ  ᠠᠵᠢᠯ ᠢ ᠰᠠᠶᠢᠳᠤᠷ ᠠᠳᠬᠤᠵᠤ᠂  ᠵᠠᠬᠢᠳᠠᠯ ᠰᠤᠷᠪᠤᠯᠵᠢᠯᠠᠭ᠎ᠠ   ᠶᠢᠨ ᠬᠡᠷᠡᠭ ᠢ ᠲᠤᠬᠠᠢ ᠶᠢᠨ ᠭᠠᠵᠠᠷ ᠲᠤᠨᠢ᠂ ᠡᠬᠦᠰᠦᠯ ᠤᠨ ᠱᠠᠳᠤᠨ ᠳᠤᠨᠢ ᠰᠢᠢᠳᠪᠦᠷᠢᠯᠡᠬᠦ ᠪᠠᠷ ᠴᠢᠷᠮᠠᠶᠢᠨ᠎ᠠ᠃  ᠠᠮᠤᠷ ᠲᠤᠭᠳᠠᠭᠤᠨ ᠳᠤ ᠬᠤᠯᠪᠤᠭᠳᠠᠭᠰᠠᠨ ᠲᠠᠯᠳᠠ ᠭᠡᠮ ᠤᠨ ᠪᠠᠶᠢᠴᠠᠭᠠᠯᠳᠠ ᠶᠢ ᠬᠦᠨᠵᠡᠬᠡᠢ ᠦᠷᠨᠢᠬᠦᠯᠵᠦ᠂ ᠠᠷᠠᠳ ᠲᠦᠮᠡᠨ ᠤ ᠠᠩᠬᠠᠷᠤᠨ ᠬᠠᠯᠠᠮᠵᠢᠯᠠᠵᠤ ᠪᠠᠶᠢᠭ᠎ᠠ  ᠴᠢᠬᠤᠯᠠ ᠠᠰᠠᠭᠤᠳᠠᠯ  ᠂ ᠬᠦᠴᠢᠷᠳᠡᠢ ᠠᠰᠠᠭᠤᠳᠠᠯ ᠢ  ᠲᠤᠬᠢᠳᠠᠢ ᠰᠠᠶᠢᠬᠠᠨ ᠰᠢᠢᠳᠪᠦᠷᠢᠯᠡᠵᠦ᠂  ᠨᠡᠶᠢᠬᠡᠮ  ᠤᠨ ᠡᠶ᠎ᠡ ᠵᠤᠬᠢᠴᠠᠯ ᠪᠠ ᠲᠤᠭᠳᠠᠭᠤᠨ ᠢ ᠪᠠᠳᠤᠯᠠᠬᠤ ᠭᠡᠷᠡᠭᠳᠡᠢ᠃  ᠭᠤᠷᠪᠠ ᠳᠤ᠂  ︽ᠠᠮᠤᠭᠤᠯᠠᠩ ᠲᠠᠶᠢᠹᠤᠰᠧ ᠬᠤᠰᠢᠭᠤ︾ ᠶᠢ ᠡᠬᠦᠳᠦᠨ ᠪᠠᠶᠢᠭᠤᠯᠬᠤ ᠪᠠᠷ ᠴᠢᠷᠮᠠᠶᠢᠨ᠎ᠠ᠃  ︽ ᠠᠮᠤᠭᠤᠯᠠᠩ  ᠰᠢᠯᠢ ᠶᠢᠨ ᠭᠤᠤᠯ ᠠᠶᠢᠮᠠᠭ︾  ᠤᠨ ᠨᠡᠶᠢᠬᠡᠮ   ᠤᠨ ᠵᠠᠰᠠᠯᠳᠠ ᠶᠢᠨ ᠲᠤᠭᠠᠴᠢᠯᠠᠭᠰᠠᠨ ᠢᠨᠵᠧᠨᠧᠷᠢᠩ ᠤᠨ ᠱᠠᠭᠠᠷᠳᠠᠯᠭ᠎ᠠ ᠶᠤᠰᠤᠭᠠᠷ᠂  ᠪᠡᠯᠡ  ᠮᠦᠩᠬᠦ  ᠶᠢ ᠢᠳᠡᠪᠬᠢᠳᠡᠢ ᠪᠠᠷ ᠡᠷᠡᠮᠡᠯᠵᠡᠯᠡᠨ ᠤᠯᠵᠤ᠂  ᠬᠠᠷᠠᠭᠠᠨ ᠲᠠᠪᠳᠠᠮᠵᠢ  ᠂ ᠲᠤᠤᠷ ᠰᠦᠯᠵᠢᠶ᠎ᠡ ᠮᠡᠳᠦ ᠬᠠᠳᠠᠭᠤ ᠵᠦᠬᠡᠯᠡᠨ ᠲᠤᠨᠤᠭ ᠢ ᠪᠦᠷᠢᠨᠰᠢᠬᠦᠯᠬᠦ ᠭᠡᠷᠡᠭᠳᠡᠢ᠃  ︽ ᠠᠮᠤᠭᠤᠯᠠᠩ ᠲᠠᠶᠢᠹᠤᠰᠧ ᠬᠤᠰᠢᠭᠤ︾ ᠶᠢ ᠡᠬᠦᠳᠦᠨ ᠪᠠᠶᠢᠭᠤᠯᠬᠤ ᠠᠷᠪᠠᠨ ᠨᠢᠬᠡᠨ ᠲᠤᠰᠬᠠᠢ ᠲᠦᠷᠦᠯ ᠤᠨ ᠠᠵᠢᠯᠯᠠᠭ᠎ᠠ ᠶᠢ ᠬᠦᠨᠵᠡᠭᠡᠢ ᠦᠷᠨᠢᠬᠦᠯᠵᠦ᠂ ᠠᠮᠤᠷ ᠲᠤᠭᠳᠠᠭᠤᠨ ᠳᠤ ᠬᠤᠯᠪᠤᠭᠳᠠᠭᠰᠠᠨ ᠲᠤᠪᠤᠶᠢᠮ᠎ᠠ ᠠᠰᠠᠭᠤᠳᠠᠯ   ᠤᠨ ᠪᠠᠶᠢᠴᠠᠭᠠᠯᠳᠠ ᠴᠡᠭᠴᠡᠯᠡᠯᠳᠡ ᠶᠢ ᠭᠤᠤᠯᠳᠠᠯᠭᠠᠳᠠᠢ ᠰᠠᠶᠢᠨ ᠠᠳᠬᠤᠵᠤ᠂ ᠡᠯ᠎ᠡ ᠵᠦᠢᠯ ᠤᠨ ᠬᠠᠤᠯᠢ ᠪᠤᠰᠤ ᠠᠵᠢᠯᠯᠠᠭ᠎ᠠ ᠶᠢ ᠰᠡᠷᠭᠡᠶᠢᠯᠡᠨ ᠴᠢᠩᠭ᠎ᠠ ᠴᠤᠬᠢᠯᠳᠠ ᠦᠭᠬᠦ ᠭᠡᠷᠡᠭᠳᠡᠢ᠃ ᠬᠤᠤᠷ᠎ᠠ ᠴᠠᠭᠠᠵᠠᠯᠠᠬᠤ᠂ ᠮᠦᠷᠦᠢ ᠲᠠᠢ ᠲᠤᠭᠯᠠᠭᠠᠮ ᠢ ᠴᠠᠭᠠᠵᠠᠯᠠᠬᠤ ᠵᠡᠷᠭᠡ ᠲᠤᠰᠬᠠᠢ  ᠲᠦᠷᠦᠯ ᠤᠨ ᠠᠵᠢᠯᠯᠠᠭ᠎ᠠ ᠶᠢ  ᠦᠷᠬᠦᠯᠵᠢᠯᠡᠨ  ᠶᠠᠪᠤᠭᠳᠠᠭᠤᠯᠵᠤ᠂ ᠲᠤᠤᠷ ᠰᠦᠯᠵᠢᠶᠡᠨ ᠤ ᠠᠮᠤᠷ ᠲᠦᠪᠰᠢᠨ ᠤ ᠬᠠᠮᠢᠶᠠᠷᠤᠯᠳᠠ ᠶᠢ ᠴᠢᠩᠭᠠᠳᠬᠠᠨ᠂ ᠰᠦᠯᠵᠢᠶᠡᠨ ᠲᠡᠭᠡᠷᠡᠬᠢ ᠬᠤᠤᠷ ᠬᠦᠨᠦᠬᠡᠯ ᠲᠠᠢ ᠮᠡᠳᠡᠭᠡ ᠵᠠᠩᠬᠢ ᠶᠢ ᠬᠢᠨᠠᠨ ᠬᠠᠮᠢᠶᠠᠷᠬᠤ ᠪᠠ ᠪᠠᠶᠢᠴᠠᠭᠠᠨ ᠰᠢᠢᠳᠪᠦᠷᠢᠯᠡᠬᠦ ᠠᠵᠢᠯ ᠤᠨ ᠲᠤᠭᠳᠠᠴᠠ ᠶᠢ ᠲᠡᠬᠦᠯᠳᠡᠷᠵᠢᠬᠦᠯᠬᠦ ᠭᠡᠷᠡᠭᠳᠡᠢ᠃ ᠠᠶᠤᠯᠬᠦᠢ ᠦᠢᠯᠡᠳᠪᠦᠷᠢᠯᠡᠯ ᠤᠨ ᠬᠠᠷᠢᠭᠤᠴᠠᠯᠭ᠎ᠠ ᠶᠢᠨ ᠲᠦᠷᠢᠮ ᠢ ᠴᠢᠩᠭ᠎ᠠ ᠨᠠᠶᠢᠳᠠᠪᠤᠷᠢᠵᠢᠭᠤᠯᠵᠤ᠂ ︽ᠤᠯᠠᠭᠠᠨ ᠤᠳᠠᠰᠤ︾   ᠶᠢᠨ ᠤᠬᠠᠮᠰᠠᠷ ᠢ ᠴᠢᠩᠭᠠᠳᠬᠠᠨ᠂  ︽ᠨᠠᠮ ᠵᠠᠰᠠᠭ ᠬᠠᠮᠳᠤᠪᠠᠷ ᠬᠠᠷᠢᠭᠤᠴᠠᠬᠤ᠂ ᠨᠢᠬᠡ ᠠᠵᠢᠯ ᠤᠨ ᠪᠠᠶᠢᠷᠢ ᠲᠡᠭᠡᠷ᠎ᠡ ᠬᠤᠤᠰ ᠬᠠᠷᠢᠭᠤᠴᠠᠯᠭ᠎ᠠ ᠡᠬᠦᠷᠭᠡᠯᠡᠬᠦ᠂  ᠬᠠᠮᠳᠤᠪᠠᠷ ᠠᠳᠬᠤᠵᠤ  ᠵᠡᠷᠭᠡᠪᠡᠷ ᠬᠠᠮᠢᠶᠠᠷᠬᠤ︾ ᠠᠮᠤᠷ ᠲᠦᠪᠰᠢᠨ ᠤ ᠠᠵᠢᠯ ᠤᠨ ᠬᠠᠷᠢᠭᠤᠴᠠᠯᠭ᠎ᠠ ᠶᠢᠨ ᠰᠢᠰᠲ᠋ᠧᠮ ᠢ ᠪᠦᠷᠢᠨᠰᠢᠬᠦᠯᠦᠨ ᠲᠡᠬᠦᠯᠳᠡᠷᠵᠢᠬᠦᠯᠵᠦ᠂ ᠦᠢᠯᠡᠳᠪᠦᠷᠢ ᠠᠭᠤᠷᠬᠠᠢ ᠠᠷᠠᠯᠵᠢᠶ᠎ᠠ ᠬᠤᠳᠠᠯᠳᠤᠭᠠᠨ ᠤ ᠠᠵᠤ ᠠᠬᠤᠶᠢᠯᠠᠯ  ᠪᠠ ᠵᠠᠮ ᠬᠠᠷᠢᠯᠴᠠᠭ᠎ᠠ ᠳᠤ ᠬᠤᠯᠪᠤᠭᠳᠠᠭᠰᠠᠨ ᠭᠤᠤᠯᠳᠠᠯᠭᠠᠳᠠᠢ ᠠᠵᠢᠯ ᠲᠦᠷᠦᠯ  ᠤᠨ ᠬᠦᠷᠢᠶᠡᠨ ᠳᠤ  ᠶᠠᠪᠤᠭᠳᠠᠭᠤᠯᠬᠤ ᠲᠤᠰᠬᠠᠢ ᠴᠡᠭᠴᠡᠯᠡᠯᠳᠡ ᠶᠢ ᠬᠦᠨᠵᠡᠭᠡᠶᠢᠷᠡᠬᠦᠯᠦᠨ᠂ ᠭᠠᠯ  ᠰᠡᠷᠬᠡᠶᠢᠯᠡᠬᠦ ᠠᠵᠢᠯ᠂  ᠪᠠᠷᠢᠯᠭ᠎ᠠ ᠶᠢᠨ ᠠᠮᠤᠷ ᠲᠦᠪᠰᠢᠨ ᠤ ᠠᠵᠢᠯ᠂  ᠠᠶᠤᠯᠳᠠᠢ ᠡᠳ᠋  ᠪᠠᠷᠠᠭᠠᠨ ᠤ ᠵᠦᠬᠡᠬᠡᠪᠦᠷᠢ ᠶᠢᠨ ᠬᠠᠮᠢᠶᠠᠷᠤᠯᠳᠠ ᠵᠡᠷᠭᠡ ᠶᠢ ᠴᠢᠩᠭᠠᠳᠬᠠᠵᠤ᠂ ᠬᠦᠨᠳᠦ ᠶᠡᠭᠡ ᠠᠮᠤᠷ ᠲᠦᠪᠰᠢᠨ ᠤ ᠬᠡᠷᠡᠭ ᠭᠠᠷᠬᠤ ᠶᠢ ᠡᠷᠡᠰ ᠬᠤᠷᠢᠭᠯᠠᠬᠤ ᠭᠡᠷᠡᠭᠳᠡᠢ᠃ ᠡᠯ᠎ᠡ ᠲᠦᠷᠦᠯ ᠤᠨ ᠪᠠᠴᠢᠮ ᠪᠠᠶᠢᠳᠠᠯ ᠠᠷᠭᠠᠴᠠᠬᠤ ᠠᠷᠭ᠎ᠠ ᠲᠦᠰᠦᠪ ᠢ ᠲᠡᠬᠦᠯᠳᠡᠷᠵᠢᠬᠦᠯᠦᠨ᠂  ᠪᠠᠴᠢᠮ ᠠᠷᠭᠠᠴᠠᠬᠤ ᠬᠠᠮᠢᠶᠠᠷᠤᠯᠳᠠ ᠶᠢᠨ ᠲᠦᠪᠰᠢᠨ ᠢ ᠲᠡᠭᠡᠭᠰᠢᠯᠡᠬᠦᠯᠦᠨ᠎ᠡ᠃  ᠡᠯ᠎ᠡ ᠲᠦᠷᠦᠯ ᠤᠨ ᠨᠡᠶᠢᠬᠡᠮᠯᠢᠭ ᠵᠡᠷᠭᠡ ᠨᠡᠶᠢᠬᠡᠮ ᠤᠨ ᠵᠤᠬᠢᠶᠠᠨ ᠪᠠᠶᠢᠭᠤᠯᠤᠯᠳᠠ ᠶᠢᠨ ᠦᠢᠯᠡᠳᠦᠯ ᠢᠶᠠᠨ ᠪᠠᠳᠠᠷᠠᠭᠤᠯᠬᠤ ᠶᠢ  ᠴᠢᠬᠤᠯᠠᠴᠢᠯᠠᠵᠤ᠂ ᠠᠵᠢᠯᠴᠢᠨ ᠤ ᠡᠪᠯᠡᠯ᠂ ᠵᠠᠯᠠᠭᠤᠴᠤᠳ ᠤᠨ ᠡᠪᠯᠡᠯ᠂ ᠡᠮᠡᠭᠳᠡᠶᠢᠴᠤᠳ ᠤᠨ ᠬᠤᠯᠪᠤᠭ᠎ᠠ ᠵᠡᠷᠭᠡ ᠠᠷᠠᠳ ᠤᠨ ᠪᠦᠯᠦᠭᠯᠡᠯ ᠪᠠ ᠬᠤᠰᠢᠭᠤᠨ ᠳᠤ ᠰᠠᠭᠤᠭ᠎ᠠ ᠰᠢᠰᠲ᠋ᠧᠮ ᠠᠴᠠ ᠬᠠᠮᠢᠶᠠᠷᠬᠤ ᠰᠠᠯᠠᠭ᠎ᠠ ᠮᠦᠴᠢᠷ ᠤᠨ ᠠᠵᠢᠯ ᠢ ᠢᠳᠡᠪᠬᠢᠳᠡᠢ  ᠲᠡᠮᠵᠢᠬᠦ ᠭᠡᠷᠡᠭᠳᠡᠢ᠃ ᠭᠤᠷᠪᠠᠳᠤᠭᠠᠷ ᠤᠳᠠᠭᠠᠨ ᠤ ᠪᠦᠬᠦ ᠤᠯᠤᠰ ᠤᠨ ᠠᠵᠤ ᠠᠬᠤᠢ ᠶᠢᠨ ᠨᠡᠶᠢᠳᠡᠮ ᠪᠠᠶᠢᠴᠠᠭᠠᠯᠳᠠ ᠶᠢᠨ ᠠᠵᠢᠯ ᠡᠬᠦᠷᠭᠡ ᠶᠢ ᠪᠦᠬᠦ ᠲᠠᠯᠠᠪᠠᠷ ᠪᠡᠶᠡᠯᠡᠬᠦᠯᠬᠦ ᠭᠡᠷᠡᠭᠳᠡᠢ᠃ ᠬᠠᠮᠳᠤᠪᠠᠷ ᠪᠦᠯᠬᠦᠮᠳᠡᠨ ᠲᠡᠮᠡᠴᠡᠬᠦ᠂ ᠬᠠᠮᠳᠤᠪᠠᠷ ᠴᠡᠴᠡᠭᠯᠡᠨ ᠬᠦᠭᠵᠢᠬᠦ ᠭᠤᠤᠯ ᠰᠡᠳᠦᠪ ᠢ ᠪᠠᠳᠤ ᠡᠵᠡᠮᠳᠡᠨ᠂  ᠦᠨᠳᠦᠰᠦᠳᠡᠨ ᠤ ᠪᠦᠯᠬᠦᠮᠳᠡᠯ ᠤᠨ ᠠᠵᠢᠯ ᠢ ᠦᠷᠬᠦᠯᠵᠢᠯᠡᠨ ᠰᠠᠶᠢᠨ ᠠᠳᠬᠤᠵᠤ᠂  ᠱᠠᠰᠢᠨ ᠰᠤᠷᠳᠠᠬᠤᠨ ᠤ ᠡᠶ᠎ᠡ ᠨᠠᠶᠢᠷᠠᠮᠳᠠᠭᠤ ᠬᠠᠷᠢᠴᠠᠭ᠎ᠠ ᠶᠢ ᠪᠠᠳᠤᠯᠠᠬᠤ ᠭᠡᠷᠡᠭᠳᠡᠢ᠃         ︵ᠠᠷᠪᠠᠨ ᠨᠢᠬᠡ︶  ᠵᠠᠰᠠᠭ ᠤᠨ ᠤᠷᠳᠤᠨ ᠤ ᠠᠷᠢᠭᠤᠨ ᠴᠢᠭᠡᠴᠢ ᠶᠢᠨ ᠪᠠᠶᠢᠭᠤᠯᠤᠯᠳᠠ ᠶᠢ ᠰᠠᠶᠢᠳᠤᠷ ᠠᠳᠬᠤᠵᠤ᠂ ᠲᠤᠰ ᠪᠡᠶ᠎ᠡ ᠶᠢᠨ ᠪᠠᠶᠢᠭᠤᠯᠤᠯᠳᠠ ᠶᠢ ᠴᠢᠩᠭᠠᠳᠬᠠᠨ᠎ᠠ᠃   ᠨᠠᠮ ᠤᠨ ᠤᠯᠠᠨ ᠲᠦᠮᠡᠨᠴᠢ ᠱᠤᠭᠤᠮ ᠤᠨ ᠬᠦᠮᠦᠵᠢᠯ ᠦᠢᠯᠡᠳᠦᠯᠬᠡ ᠶᠢᠨ ᠠᠵᠢᠯᠯᠠᠭ᠎ᠠ ᠶᠢ ᠬᠦᠨᠵᠡᠬᠡᠢ ᠦᠷᠨᠢᠬᠦᠯᠬᠦ ᠪᠠᠷ ᠠᠴᠢᠶᠠᠯᠠᠪᠤᠷᠢ ᠪᠤᠯᠭᠠᠨ᠂   ᠵᠠᠰᠠᠭ ᠤᠨ ᠤᠷᠳᠤᠨ ᠤ ᠲᠤᠰ ᠪᠡᠶ᠎ᠡ ᠶᠢᠨ ᠪᠠᠶᠢᠭᠤᠯᠤᠯᠳᠠ ᠶᠢ ᠤᠯᠠᠮ ᠨᠢᠬᠡ ᠠᠯᠬᠤᠮ ᠴᠢᠩᠭᠠᠳᠬᠠᠵᠤ᠂ ᠬᠤᠰᠢᠭᠤᠨ ᠤ ᠠᠷᠠᠳ  ᠤᠨ ᠲᠦᠯᠦᠭᠡᠯᠡᠭᠴᠢᠳ ᠤᠨ ᠶᠡᠭᠡ ᠬᠤᠷᠠᠯ ᠪᠠ ᠤᠯᠤᠰ ᠲᠦᠷᠦ ᠶᠢᠨ ᠵᠦᠪᠯᠡᠯᠬᠡᠨ ᠤ ᠬᠢᠨᠠᠯᠳᠠ ᠶᠢ ᠤᠬᠠᠮᠰᠠᠷ ᠠᠴᠠ  ᠪᠠᠨ ᠬᠦᠯᠢᠶᠡᠵᠦ᠂  ᠲᠦᠪ ᠬᠤᠷᠢᠶᠠᠨ ᠤ  ︽ᠨᠠᠢᠮᠠᠨ ᠲᠤᠭᠳᠠᠭᠠᠯ︾ ᠵᠢᠴᠢ ᠤᠷᠤᠨ᠂ ᠠᠶᠢᠮᠠᠭ ᠤᠨ ᠬᠠᠮᠢᠶ᠎ᠠ ᠪᠦᠬᠦᠢ ᠪᠢᠴᠢᠭ ᠮᠠᠲ᠋ᠧᠷᠢᠶᠠᠯ ᠤᠨ ᠱᠠᠭᠠᠷᠳᠠᠯᠭ᠎ᠠ ᠶᠢ ᠴᠢᠩᠭ᠎ᠠ ᠨᠠᠶᠢᠳᠠᠪᠤᠷᠢᠵᠢᠭᠤᠯᠤᠨ᠂  ᠬᠡᠯᠪᠡᠷᠢ ᠶᠢᠨ ᠦᠵᠡᠯ᠂ ᠨᠤᠶᠠᠨᠴᠢ ᠦᠵᠡᠯ᠂  ᠵᠢᠷᠭᠠᠨ ᠴᠡᠩᠬᠡᠬᠦ ᠦᠵᠡᠯ  ᠂  ᠱᠠᠯᠢᠨ ᠪᠦᠷᠢᠯᠭᠡᠬᠦ ᠰᠤᠷᠳᠠᠯ ᠢ ᠡᠷᠡᠰ ᠵᠠᠯᠠᠷᠠᠭᠤᠯᠵᠤ᠂  ᠵᠠᠰᠠᠭ ᠵᠠᠬᠢᠷᠭᠠᠨ  ᠤ ᠦᠢᠯᠡᠳᠦᠯ ᠴᠢᠳᠠᠪᠬᠢ ᠶᠢ ᠲᠠᠰᠤᠷᠠᠯᠳᠠ ᠦᠬᠡᠢ ᠴᠢᠩᠭᠠᠷᠠᠭᠤᠯᠤᠨ᠂ ᠠᠷᠠᠳ ᠲᠦᠮᠡᠨ ᠳᠤ  ᠬᠠᠷᠢᠭᠤᠴᠠᠵᠤ᠂ ᠠᠷᠠᠳ ᠲᠦᠮᠡᠨ ᠤ  ᠬᠢᠨᠠᠯᠳᠠ ᠶᠢ ᠬᠦᠯᠢᠶᠡᠵᠦ᠂  ᠠᠷᠠᠳ ᠲᠦᠮᠡᠨ ᠳᠤ  ᠵᠢᠷᠭᠠᠯ  ᠡᠳ᠋ᠯᠡᠬᠦᠯᠵᠦ᠂  ᠠᠷᠠᠳ ᠲᠦᠮᠡᠨ   ᠤ ᠬᠠᠨᠤᠮᠵᠢᠳᠠᠢ ᠪᠠᠶᠢᠬᠤ ᠶᠢ ᠪᠠᠳᠤᠯᠠᠬᠤ ᠭᠡᠷᠡᠭᠳᠡᠢ᠃  ᠨᠢᠬᠡ ᠳᠤ᠂ ᠵᠠᠰᠠᠭ ᠵᠠᠬᠢᠷᠭᠠᠨ ᠤ ᠬᠢᠨᠠᠨ ᠵᠦᠪᠰᠢᠶᠡᠷᠡᠬᠦ ᠲᠦᠷᠢᠮ ᠤᠨ ᠦᠬᠡᠷᠡᠴᠢᠯᠡᠯᠳᠡ ᠶᠢ ᠬᠦᠨᠵᠡᠭᠡᠶᠢᠷᠡᠬᠦᠯᠦᠨ᠎ᠡ᠃   ᠵᠠᠰᠠᠭ ᠵᠠᠬᠢᠷᠭᠠᠨ ᠤ ᠬᠢᠨᠠᠨ ᠵᠦᠪᠰᠢᠶᠡᠷᠡᠬᠦ ᠲᠦᠪ ᠤᠨ  ᠬᠠᠳᠠᠭᠤ ᠵᠦᠬᠡᠯᠡᠨ ᠲᠤᠨᠤᠭ ᠤᠨ ᠪᠠᠶᠢᠭᠤᠯᠤᠯᠳᠠ ᠶᠢ ᠲᠡᠬᠦᠯᠳᠡᠷᠵᠢᠬᠦᠯᠵᠦ᠂ ᠲᠡᠭᠡᠳᠦ ᠱᠠᠳᠤᠨ ᠠᠴᠠ ᠪᠠᠭᠤᠯᠭᠠᠭᠰᠠᠨ ᠬᠢᠨᠠᠨ ᠵᠦᠪᠰᠢᠶᠡᠷᠡᠬᠦ ᠵᠦᠢᠯᠡᠰ ᠢ ᠨᠢᠮᠪᠠᠢ ᠲᠤᠰᠴᠤ ᠬᠦᠢᠴᠡᠳᠭᠡᠨ᠂  ᠡᠯ᠎ᠡ ᠵᠠᠰᠠᠭ ᠵᠠᠬᠢᠷᠭᠠᠨ ᠤ ᠪᠠᠶᠢᠭᠤᠯᠭ᠎ᠠ ᠨᠢ ᠪᠤᠢ ᠪᠦᠬᠦᠢ ᠬᠢᠨᠠᠨ ᠵᠦᠪᠰᠢᠶᠡᠷᠡᠬᠦ ᠲᠦᠷᠦᠯ ᠵᠦᠢᠯ ᠢᠶᠠᠨ ᠬᠢᠨᠠᠨ ᠵᠦᠪᠰᠢᠶᠡᠷᠡᠬᠦ ᠲᠦᠪ ᠲᠤ ᠲᠦᠪᠯᠡᠷᠡᠬᠦᠯᠵᠦ᠂ ᠵᠠᠰᠠᠭ ᠵᠠᠬᠢᠷᠭᠠᠨ ᠤ ᠬᠢᠨᠠᠨ ᠵᠦᠪᠰᠢᠶᠡᠷᠡᠬᠦ ᠲᠤᠰᠬᠠᠢ ᠲᠠᠮᠠᠭ᠎ᠠ ᠶᠢ ᠭᠡᠷᠡᠭᠯᠡᠬᠦ ᠭᠡᠷᠡᠭᠳᠡᠢ᠃ ᠰᠤᠮᠤ ᠰᠢᠶᠠᠩ ᠪᠠᠯᠭᠠᠰᠤᠨ ᠤ ᠠᠷᠠᠳ ᠲᠤ ᠲᠦᠬᠦᠮ ᠦᠵᠡᠬᠦᠯᠬᠦ ᠦᠢᠯᠡᠴᠢᠯᠡᠬᠡᠨ ᠤ ᠲᠢᠩᠬᠢᠮ ᠨᠢ ᠲᠦᠷᠢᠮᠵᠢᠭᠰᠡᠨ ᠶᠠᠪᠤᠴᠠ ᠪᠠᠷ ᠠᠵᠢᠯᠯᠠᠵᠤ᠂ ᠤᠯᠠᠨ ᠲᠦᠮᠡᠨ ᠲᠠᠢ ᠨᠢᠬᠳᠠ ᠬᠤᠯᠪᠤᠭᠳᠠᠭᠰᠠᠨ ᠦᠢᠯᠡᠴᠢᠯᠡᠬᠡᠨ ᠤ ᠴᠢᠨᠠᠷᠳᠠᠢ ᠲᠦᠷᠦᠯ ᠵᠦᠢᠯ ᠢ ᠲᠢᠩᠬᠢᠮ ᠳᠤ ᠤᠷᠤᠭᠤᠯᠤᠨ ᠨᠢᠭᠡᠳᠦᠯᠳᠡᠢ ᠬᠦᠢᠴᠡᠳᠭᠡᠨ᠎ᠡ᠃ ᠭᠠᠴᠠᠭ᠎ᠠ ᠲᠤᠰᠬᠤᠨ ᠤ ᠤᠷᠤᠯᠠᠨ ᠬᠦᠢᠴᠡᠳᠭᠡᠬᠦ ᠴᠡᠭ ᠪᠠ ᠨᠡᠶᠢᠬᠡᠮ ᠲᠤᠭᠤᠷᠢᠭ ᠤᠨ ᠠᠷᠠᠳ ᠲᠤ ᠲᠦᠬᠦᠮ ᠦᠵᠡᠬᠦᠯᠬᠦ ᠦᠢᠯᠡᠴᠢᠯᠡᠬᠡᠨ ᠤ ᠲᠢᠩᠬᠢᠮ ᠤᠨ  ᠪᠦᠳᠦᠬᠡᠨ ᠪᠠᠶᠢᠭᠤᠯᠤᠯᠳᠠ ᠶᠢ ᠴᠢᠩᠭᠠᠳᠬᠠᠵᠤ᠂  ᠪᠦᠷᠬᠦᠴᠡ ᠶᠢ 85% ᠳᠤ ᠬᠦᠷᠭᠡᠨ᠎ᠡ᠃   ᠨᠡᠶᠢᠳᠡ ᠶᠢᠨ ᠡᠬᠢ ᠪᠠᠶᠠᠯᠢᠭ ᠤᠨ ᠰᠤᠯᠢᠯᠴᠠᠭᠠᠨ ᠤ ᠲᠦᠪ ᠢ ᠪᠠᠶᠢᠭᠤᠯᠬᠤ ᠪᠠᠷ ᠪᠡᠯᠡᠳᠭᠡᠵᠦ᠂ ᠪᠠᠷᠢᠯᠭ᠎ᠠ ᠶᠢᠨ ᠠᠵᠢᠯ᠂ ᠵᠠᠰᠠᠭ ᠤᠨ ᠤᠷᠳᠤᠨ ᠠᠴᠠ ᠬᠤᠳᠠᠯᠳᠤᠨ ᠠᠪᠬᠤ᠂ ᠦᠮᠴᠢᠯᠡᠯ ᠤᠨ ᠡᠷᠭᠡ ᠶᠢᠨ ᠰᠤᠯᠢᠯᠴᠠᠭ᠎ᠠ ᠵᠢᠴᠢ ᠤᠯᠤᠰ   ᠠᠴᠠ ᠦᠮᠴᠢᠯᠡᠯ ᠲᠠᠢ ᠪᠦᠳᠦᠭᠡᠨ ᠪᠠᠶᠢᠭᠤᠯᠤᠯᠳᠠ ᠳᠤ ᠭᠡᠷᠡᠭᠯᠡᠬᠦ ᠲᠠᠯᠠᠪᠠᠢ ᠶᠢ ᠲᠠᠭᠠᠭᠠᠴᠢᠯᠠᠯ ᠵᠠᠷᠯᠠᠬᠤ᠂ ᠬᠠᠩᠰᠢᠯᠠᠨ ᠬᠤᠳᠠᠯᠳᠤᠬᠤ ᠵᠡᠷᠭᠡ ᠰᠤᠯᠢᠯᠴᠠᠭᠠᠨ ᠤ ᠠᠵᠢᠯᠯᠠᠭ᠎ᠠ ᠶᠢ ᠲᠦᠪᠯᠡᠷᠡᠬᠦᠯᠦᠨ ᠦᠷᠨᠢᠬᠦᠯᠵᠦ᠂ ᠵᠠᠰᠠᠭ ᠤᠨ ᠶᠠᠪᠤᠳᠠᠯ ᠤᠨ ᠦᠢᠯᠡᠴᠢᠯᠡᠭᠡ᠂  ᠨᠡᠶᠢᠳᠡ ᠶᠢᠨ ᠡᠬᠢ ᠪᠠᠶᠠᠯᠢᠭ ᠤᠨ ᠰᠤᠯᠢᠯᠴᠠᠭ᠎ᠠ ᠪᠠ  ᠵᠠᠰᠠᠭ ᠵᠠᠬᠢᠷᠭᠠᠨ ᠤ ᠦᠢᠯᠡᠳᠦᠯ ᠴᠢᠳᠠᠪᠬᠢ ᠶᠢᠨ  ᠬᠢᠨᠠᠨ ᠪᠠᠶᠢᠴᠠᠭᠠᠯᠳᠠ ︽ᠭᠤᠷᠪᠠ ᠶᠢ ᠨᠢᠬᠡ ᠴᠤᠭᠴᠠᠵᠢᠭᠤᠯᠤᠭᠰᠠᠨ︾ ᠨᠡᠶᠢᠳᠡ ᠶᠢᠨ ᠦᠢᠯᠡᠴᠢᠯᠡᠬᠡᠨ ᠤ ᠲᠠᠪᠴᠠᠩ ᠢ ᠡᠬᠦᠳᠦᠨ  ᠪᠠᠶᠢᠭᠤᠯᠬᠤ ᠭᠡᠷᠡᠭᠳᠡᠢ᠃ ᠬᠤᠶᠠᠷ ᠲᠤ᠂ ᠬᠠᠤᠯᠢ ᠪᠠᠷ ᠬᠤᠰᠢᠭᠤ ᠪᠠᠨ ᠵᠠᠰᠠᠬᠤ ᠠᠵᠢᠯ ᠢ ᠲᠦᠯᠬᠢᠨ ᠠᠬᠢᠭᠤᠯᠤᠨ᠎ᠠ᠃ ᠬᠠᠤᠯᠢ ᠪᠠᠷ ᠵᠠᠰᠠᠭᠰᠠᠨ ᠵᠠᠰᠠᠭ ᠤᠨ ᠤᠷᠳᠤᠨ ᠢ ᠪᠠᠶᠢᠭᠤᠯᠬᠤ ᠪᠠᠷ ᠬᠠᠷᠠᠯᠳᠠ  ᠪᠤᠯᠭᠠᠵᠤ᠂ ᠬᠠᠤᠯᠢ ᠶᠤᠰᠤᠭᠠᠷ ᠵᠠᠰᠠᠭ ᠶᠠᠪᠤᠭᠤᠯᠬᠤ ᠶᠢ ᠪᠦᠬᠦ ᠲᠠᠯᠠᠪᠠᠷ ᠠᠬᠢᠭᠤᠯᠤᠨ᠂  ᠵᠠᠰᠠᠭ ᠤᠨ ᠤᠷᠳᠤᠨ ᠤ ᠢᠳᠡᠬᠡᠬᠦᠯᠬᠦ ᠬᠦᠴᠦᠨ ᠪᠠ ᠭᠡᠷᠡᠭᠵᠢᠬᠦᠯᠬᠦ ᠬᠦᠴᠦᠨ ᠢ ᠲᠠᠰᠤᠷᠠᠯᠳᠠ ᠦᠬᠡᠢ ᠨᠡᠮᠡᠭᠳᠡᠬᠦᠯᠬᠦ ᠭᠡᠷᠡᠭᠳᠡᠢ᠃  ᠠᠷᠠᠳ ᠤᠨ ᠲᠦᠯᠦᠭᠡᠯᠡᠭᠴᠢ  ᠂ ᠤᠯᠤᠰ ᠲᠦᠷᠦ ᠶᠢᠨ ᠵᠦᠪᠯᠡᠯᠬᠡᠨ   ᠤ ᠭᠡᠰᠢᠬᠦᠳ᠂ ᠠᠷᠠᠳ ᠤᠯᠠᠨ ᠪᠠ ᠨᠡᠶᠢᠬᠡᠮ ᠤᠨ ᠶᠠᠷᠢᠶ᠎ᠠ ᠭᠡᠯᠡᠯᠴᠡᠭᠡᠨ ᠤ ᠬᠢᠨᠠᠯᠳᠠ ᠲᠤᠤᠷ᠎ᠠ  ᠠᠵᠢᠯᠯᠠᠨ᠂ ᠰᠠᠨᠠᠯ ᠰᠠᠨᠠᠭᠤᠯᠭ᠎ᠠ ᠰᠠᠨᠠᠯ  ᠲᠤᠷᠠᠳᠤᠯᠭ᠎ᠠ ᠬᠦᠢᠴᠡᠳᠭᠡᠬᠦ ᠠᠵᠢᠯ ᠢ ᠰᠠᠶᠢᠨ ᠬᠢᠬᠦ ᠶᠢ ᠰᠢᠨᠵᠢᠯᠡᠬᠦ ᠤᠬᠠᠭᠠᠨᠴᠢ ᠬᠦᠭᠵᠢᠯᠳᠡ  ᠶᠢᠨ ᠦᠵᠡᠯᠳᠡ ᠶᠢ ᠪᠠᠷᠢᠮᠳᠠᠯᠠᠨ᠂ ᠨᠠᠮ ᠤᠨ ᠤᠯᠠᠨ ᠲᠦᠮᠡᠨᠴᠢ ᠱᠤᠭᠤᠮ ᠤᠨ ᠬᠦᠮᠦᠵᠢᠯ ᠦᠢᠯᠡᠳᠦᠯᠬᠡ ᠶᠢᠨ ᠠᠵᠢᠯᠯᠠᠭ᠎ᠠ ᠶᠢ ᠦᠢᠯᠡᠳᠦᠬᠡᠵᠢᠬᠦᠯᠬᠦ ᠪᠠ ᠵᠠᠰᠠᠭ ᠤᠨ ᠤᠷᠳᠤᠨ ᠤ ᠴᠢᠳᠠᠪᠬᠢ ᠶᠢ ᠴᠢᠩᠭᠠᠳᠬᠠᠬᠤ ᠴᠢᠬᠤᠯᠠ ᠠᠴᠢᠶᠠᠯᠠᠪᠤᠷᠢ ᠪᠤᠯᠭᠠᠵᠤ᠂ ᠠᠵᠢᠯ ᠤᠨ ᠡᠷᠴᠢᠮ ᠢᠶᠠᠨ ᠤᠯᠠᠮ ᠨᠢᠬᠡ ᠠᠯᠬᠤᠮ ᠴᠢᠩᠭᠠᠷᠠᠭᠤᠯᠤᠨ᠂  ᠠᠵᠢᠯ ᠤᠨ ᠲᠤᠭᠳᠠᠴᠠ ᠶᠢᠨ ᠰᠢᠨ᠎ᠡ ᠶᠢ ᠡᠬᠦᠳᠴᠦ᠂ ᠰᠠᠨᠠᠯ ᠰᠠᠨᠠᠭᠤᠯᠭ᠎ᠠ ᠰᠠᠨᠠᠯ ᠲᠤᠷᠠᠳᠤᠯᠭ᠎ᠠ ᠶᠢᠨ ᠨᠠᠶᠢᠳᠠᠪᠤᠷᠢᠵᠢᠭᠤᠯᠤᠯᠳᠠ ᠶᠢ ᠴᠢᠩᠭ᠎ᠠ ᠠᠳᠬᠤᠬᠤ ᠭᠡᠷᠡᠭᠳᠡᠢ᠃ ᠲᠦᠷᠢᠮᠵᠢᠯ ᠤᠨ ᠴᠢᠨᠠᠷᠳᠠᠢ ᠪᠢᠴᠢᠭ ᠮᠠᠲ᠋ᠧᠷᠢᠶᠠᠯ ᠪᠠ ᠴᠢᠬᠤᠯᠠ  ᠶᠡᠭᠡ ᠰᠢᠢᠳᠪᠦᠷᠢᠳᠦ ᠪᠤᠳᠤᠯᠭ᠎ᠠ ᠶᠢᠨ ᠬᠠᠤᠯᠢ ᠳᠤ ᠨᠠᠶᠢᠴᠡᠬᠦᠶᠢᠴᠢ ᠴᠢᠨᠠᠷ ᠢ ᠬᠢᠨᠠᠨ ᠪᠠᠶᠢᠴᠠᠭᠠᠬᠤ ᠲᠦᠷᠢᠮ ᠢ ᠲᠤᠭᠳᠠᠭᠠᠨ᠎ᠠ ᠃ ︽ᠵᠢᠷᠭᠤᠳᠤᠭᠠᠷ ᠲᠠᠪᠤᠨ ᠵᠢᠯ︾ ᠤᠨ ᠬᠠᠤᠯᠢ  ᠲᠦᠭᠡᠮᠡᠯᠵᠢᠬᠦᠯᠬᠦ ᠠᠵᠢᠯ ᠢ ᠲᠦᠯᠬᠢᠨ ᠠᠬᠢᠭᠤᠯᠵᠤ᠂  ᠪᠦᠬᠦ ᠠᠷᠠᠳ ᠤᠨ ᠬᠠᠤᠯᠢ ᠶᠢᠨ ᠤᠬᠠᠮᠰᠠᠷ ᠢ ᠲᠡᠭᠡᠭᠰᠢᠯᠡᠬᠦᠯᠦᠨ᠎ᠡ᠃ ᠲᠠᠩᠰᠠ ᠡᠪᠭᠡᠮᠡᠯ ᠤᠨ ᠠᠵᠢᠯ ᠢ ᠬᠠᠤᠯᠢ ᠶᠤᠰᠤᠭᠠᠷ ᠴᠢᠩᠭᠠᠳᠬᠠᠵᠤ᠂ ᠨᠡᠶᠢᠳᠡ ᠶᠢᠨ ᠮᠡᠳᠡᠭᠡ ᠵᠠᠩᠬᠢ ᠶᠢᠨ ᠡᠬᠢ ᠪᠠᠶᠠᠯᠢᠭ ᠤᠨ ᠬᠠᠤᠯᠢ ᠶᠢᠨ ᠡᠷᠭᠡ ᠰᠦᠷᠳᠦ ᠴᠢᠨᠠᠷ ᠢ ᠴᠢᠩᠭᠠᠷᠠᠭᠤᠯᠬᠤ ᠭᠡᠷᠡᠭᠳᠡᠢ᠃  ᠵᠠᠰᠠᠭ ᠵᠠᠬᠢᠷᠭᠠᠨ ᠤ  ᠬᠢᠨᠠᠨ ᠪᠠᠶᠢᠴᠠᠭᠠᠬᠤ ᠠᠵᠢᠯ   ᠢ ᠡᠷᠴᠢᠮᠵᠢᠬᠦᠯᠦᠨ᠂ ᠵᠠᠰᠠᠭ ᠵᠠᠬᠢᠷᠭᠠᠨ ᠤ ᠬᠠᠤᠯᠢ ᠭᠡᠷᠡᠭᠵᠢᠬᠦᠯᠦᠭᠴᠢ ᠠᠵᠢᠯᠳᠠᠨ ᠤ ᠬᠢᠷᠢ ᠭᠡᠮ ᠢ ᠰᠢᠯᠭᠠᠨ ᠪᠠᠶᠢᠴᠠᠭᠠᠬᠤ᠂  ᠦᠨᠡᠮᠯᠡᠯ  ᠠᠪᠴᠤ ᠠᠵᠢᠯ ᠤᠨ ᠪᠠᠶᠢᠷᠢ   ᠳᠤ ᠭᠠᠷᠬᠤ ᠵᠡᠷᠭᠡ ᠲᠦᠷᠢᠮ ᠢ ᠴᠢᠩᠭ᠎ᠠ ᠭᠡᠷᠡᠭᠵᠢᠬᠦᠯᠦᠨ᠂ ᠬᠠᠤᠯᠢ ᠲᠦᠷᠢᠮ ᠤᠨ ᠪᠤᠯᠪᠠᠰᠤᠷᠠᠯ ᠬᠦᠮᠦᠵᠢᠯ ᠢ ᠪᠦᠬᠦ ᠲᠠᠯᠠᠪᠠᠷ ᠴᠢᠩᠭᠠᠳᠬᠠᠵᠤ᠂  ᠵᠠᠰᠠᠭ ᠵᠠᠬᠢᠷᠭᠠᠨ ᠤ ᠬᠠᠤᠯᠢ ᠭᠡᠷᠡᠭᠵᠢᠬᠦᠯᠬᠦ ᠠᠵᠢᠯ ᠢ ᠲᠠᠰᠤᠷᠠᠯᠳᠠ ᠦᠬᠡᠢ ᠰᠠᠶᠢᠵᠢᠷᠠᠭᠤᠯᠵᠤ᠂ ᠲᠦᠷᠢᠮᠵᠢᠯ ᠲᠠᠢ ᠪᠠᠷ ᠬᠠᠤᠯᠢ ᠭᠡᠷᠡᠭᠵᠢᠬᠦᠯᠬᠦ᠂ ᠲᠦᠪ ᠭᠤᠤᠯᠴᠢ ᠪᠠᠷ ᠬᠠᠤᠯᠢ ᠭᠡᠷᠡᠭᠵᠢᠬᠦᠯᠬᠦ᠂ ᠪᠤᠯᠪᠠᠰᠤᠨ ᠢᠶᠠᠷ ᠬᠠᠤᠯᠢ ᠭᠡᠷᠡᠭᠵᠢᠬᠦᠯᠬᠦ ᠶᠢ ᠪᠡᠶᠡᠯᠡᠬᠦᠯᠦᠨ᠎ᠡ᠃ ᠵᠠᠰᠠᠭ ᠤᠨ ᠶᠠᠪᠤᠳᠠᠯ ᠢ ᠢᠯᠡ ᠨᠡᠶᠢᠳᠡᠯᠡᠬᠦ   ᠶᠢ ᠲᠦᠯᠬᠢᠨ ᠠᠬᠢᠭᠤᠯᠵᠤ᠂  ᠵᠠᠰᠠᠭ ᠤᠨ ᠤᠷᠳᠤᠨ ᠤ ᠰᠦᠯᠵᠢᠶᠡᠨ ᠤ ᠬᠠᠮᠢᠶᠠᠷᠤᠯᠳᠠ ᠶᠢ ᠴᠢᠩᠭᠠᠳᠬᠠᠨ᠂ ᠤᠯᠠᠨ ᠲᠦᠮᠡᠨ ᠤ ᠮᠡᠳᠡᠬᠦ ᠡᠷᠭᠡ᠂ ᠤᠷᠤᠯᠴᠠᠬᠤ ᠡᠷᠭᠡ ᠪᠠ ᠬᠢᠨᠠᠯᠳᠠ ᠲᠠᠯᠪᠢᠬᠤ ᠡᠷᠭᠡ ᠶᠢ ᠪᠠᠳᠤᠯᠠᠬᠤ ᠭᠡᠷᠡᠭᠳᠡᠢ᠃ ᠭᠤᠷᠪᠠ ᠳᠤ᠂  ︽ᠠᠷᠠᠳ ᠤᠨ ᠲᠦᠯᠦᠬᠡ  ᠂  ᠪᠤᠳᠠᠳᠠᠢ   ᠶᠢ ᠡᠷᠬᠢᠮᠯᠡᠬᠦ᠂ ᠠᠷᠢᠭᠤᠨ ᠴᠢᠭᠡᠴᠢ  ᠪᠠᠶᠢᠬᠤ︾   ᠶᠢ ᠪᠠᠷᠢᠮᠳᠠᠯᠠᠨ᠎ᠠ᠃  ᠨᠠᠮ ᠤᠨ ᠲᠦᠪ ᠬᠤᠷᠢᠶ᠎ᠠ ᠪᠠ ᠲᠡᠭᠡᠳᠦ ᠱᠠᠳᠤᠨ ᠤ ᠨᠠᠮ ᠤᠨ ᠬᠤᠷᠢᠶ᠎ᠠ ᠂ ᠵᠠᠰᠠᠭ ᠤᠨ ᠤᠷᠳᠤᠨ ᠤ ᠱᠠᠭᠠᠷᠳᠠᠯᠭ᠎ᠠ ᠶᠤᠰᠤᠭᠠᠷ᠂ ᠬᠤᠶᠠᠳᠤᠭᠠᠷ ᠪᠦᠯᠦᠭ   ᠤᠨ ᠨᠠᠮ ᠤᠨ ᠤᠯᠠᠨ ᠲᠦᠮᠡᠨᠴᠢ ᠱᠤᠭᠤᠮ ᠤᠨ ᠬᠦᠮᠦᠵᠢᠯ ᠦᠢᠯᠡᠳᠦᠯᠬᠡ ᠶᠢᠨ ᠠᠵᠢᠯᠯᠠᠭ᠎ᠠ ᠲᠤᠮᠳᠠ ︽ᠲᠦᠪᠯᠡᠷᠡᠭᠦᠯᠦᠨ ᠰᠤᠷᠤᠯᠴᠠᠬᠤ᠂  ᠳᠤᠰᠬᠠᠢ  ᠰᠡᠳᠦᠪ ᠢᠶᠠᠷ ᠪᠠᠶᠢᠴᠠᠭᠠᠨ ᠰᠤᠳᠤᠯᠬᠤ᠂  ᠬᠤᠯᠪᠤᠭᠠᠯᠠᠨ ᠰᠤᠷᠪᠤᠯᠵᠢᠯᠠᠭ᠎ᠠ ᠬᠦᠯᠢᠶᠡᠬᠦ᠂ ᠠᠵᠢᠯ ᠤᠨ ᠰᠤᠷᠳᠠᠯ ᠰᠠᠬᠢᠯᠭ᠎ᠠ ᠪᠠᠳᠤ ᠶᠢ ᠨᠠᠶᠢᠳᠠᠪᠤᠷᠢᠵᠢᠭᠤᠯᠬᠤ  ︾ ᠪᠠᠷ ᠭᠤᠤᠯ  ᠠᠭᠤᠯᠭ᠎ᠠ ᠪᠤᠯᠭᠠᠭᠰᠠᠨ ︽ᠲᠦᠷᠪᠡᠨ ᠶᠡᠭᠡ ᠠᠵᠢᠯᠯᠠᠭ᠎ᠠ ︾ ᠶᠢ ᠲᠦᠪᠯᠡᠷᠡᠬᠦᠯᠦᠨ ᠦᠷᠨᠢᠬᠦᠯᠬᠦ ᠪᠠᠷ ᠲᠠᠮᠵᠢᠭᠠᠳ ︽ᠶᠠᠳᠠᠭᠤ ᠶᠢ ᠲᠡᠳᠬᠦᠬᠦ  ᠪᠤᠭᠤᠮᠳᠠ ᠰᠢᠪᠳᠤᠯᠬᠤ᠂ ᠦᠢᠯᠡᠰ ᠪᠦᠳᠦᠬᠡᠵᠦ ᠠᠵᠢᠯ  ᠤᠯᠭᠤᠬᠤ᠂ ᠠᠮᠤᠷ ᠲᠠᠶᠢᠪᠤᠩ   ᠢ ᠡᠬᠦᠳᠦᠨ ᠪᠠᠶᠢᠭᠤᠯᠬᠤ᠂ ᠠᠷᠠᠳ ᠢᠷᠭᠡᠳ ᠢ ᠠᠮᠤᠭᠤᠯᠠᠩ ᠰᠠᠭᠤᠷᠢᠰᠢᠭᠤᠯᠬᠤ᠂  ᠴᠢᠳᠠᠪᠤᠷᠢᠳᠠᠨ ᠢᠶᠠᠷ ᠬᠤᠰᠢᠭᠤ ᠪᠠᠨ ᠬᠦᠴᠦᠷᠭᠡᠭᠵᠢᠬᠦᠯᠬᠦ᠂ ᠺᠠᠳᠠᠷ ᠤᠨ ᠭᠡᠪ ᠴᠢᠨᠠᠷ ᠢ ᠲᠡᠭᠡᠭᠰᠢᠯᠡᠬᠦᠯᠬᠦ︾ ᠪᠠᠷ ᠭᠤᠤᠯ ᠠᠭᠤᠯᠭ᠎ᠠ ᠪᠤᠯᠭᠠᠭᠰᠠᠨ ︽ᠵᠢᠷᠭᠤᠭᠠᠨ ᠶᠡᠭᠡ ᠢᠨᠵᠧᠨᠧᠷᠢᠩ︾ ᠢ ᠬᠦᠨᠵᠡᠬᠡᠢ ᠲᠦᠯᠬᠢᠨ ᠠᠬᠢᠭᠤᠯᠵᠤ᠂ ᠦᠵᠡᠯ ᠰᠠᠨᠠᠭ᠎ᠠ ᠤᠨᠤᠯ ᠤᠨ ᠵᠡᠪᠰᠡᠭᠯᠡᠯ ᠢ ᠤᠯᠠᠮ ᠴᠢᠨᠠᠭᠰᠢᠳᠠ ᠴᠢᠩᠭᠠᠳᠬᠠᠨ᠂ ᠤᠯᠠᠨ ᠲᠦᠮᠡᠨ ᠤ ᠠᠰᠢᠭ ᠲᠤᠰᠠ ᠳᠤ ᠬᠠᠮᠢᠶᠠᠳᠠᠢ ᠬᠦᠰᠡᠯ ᠱᠠᠭᠠᠷᠳᠠᠯᠭ᠎ᠠ ᠶᠢ ᠤᠶᠢᠯᠠᠭᠠᠵᠤ᠂ ᠵᠦᠷᠢᠴᠡᠯ ᠢ ᠬᠦᠨᠵᠡᠭᠡᠢ ᠪᠠᠶᠢᠴᠠᠭᠠᠨ ᠰᠢᠢᠳᠪᠦᠷᠢᠯᠡᠵᠦ᠂ ᠠᠵᠢᠯᠯᠠᠭᠠᠨ ᠤ ᠪᠤᠳᠠᠳᠤ ᠦᠷ᠎ᠡ ᠪᠦᠳᠦᠮᠵᠢ ᠶᠢ ᠪᠠᠳᠤᠯᠠᠬᠤ ᠭᠡᠷᠡᠭᠳᠡᠢ᠃ ᠦᠨᠡᠨ ᠢ ᠪᠠᠷᠢᠮᠳᠠᠯᠠᠵᠤ  ᠪᠤᠳᠠᠳᠠᠢ ᠠᠵᠢᠯᠯᠠᠬᠤ ᠰᠢᠯᠢᠳᠡᠭ ᠭᠡᠪ ᠰᠤᠷᠳᠠᠯ ᠢᠶᠠᠨ ᠬᠠᠳᠠᠭᠠᠯᠠᠵᠤ᠂ ᠠᠵᠤ ᠠᠬᠤᠢ ᠨᠡᠶᠢᠬᠡᠮ ᠤᠨ ᠬᠦᠭᠵᠢᠯᠳᠡ ᠳᠤ ᠢᠳᠡᠪᠬᠢ ᠬᠦᠴᠦᠨ ᠨᠡᠮᠡᠬᠦ ᠭᠡᠷᠡᠭᠳᠡᠢ᠃  ᠯᠠᠪᠳᠠᠭᠤᠨ ᠪᠠᠳᠤᠳᠠᠢ ᠪᠠᠶᠢᠬᠤ ᠶᠢ ᠪᠠᠷᠢᠮᠳᠠᠯᠠᠵᠤ᠂ ᠨᠡᠩ  ᠠᠷᠪᠢᠨ ᠴᠠᠭ ᠢᠶᠠᠨ ᠠᠵᠢᠯ ᠢ ᠠᠬᠢᠭᠤᠯᠵᠤ ᠪᠦᠬᠦ ᠲᠠᠯ᠎ᠠ ᠶᠢᠨ ᠰᠢᠪᠳᠤᠯᠤᠯᠳᠠ ᠬᠢᠬᠦ ᠲᠡᠭᠡᠷ᠎ᠡ ᠵᠠᠷᠤᠴᠠᠭᠤᠯᠤᠨ᠂  ᠵᠤᠷᠢᠭᠳᠠᠢ ᠡᠬᠦᠷᠭᠡᠯᠡᠵᠦ ᠵᠢᠷᠦᠭᠡᠳᠡᠢ ᠰᠢᠪᠳᠤᠯᠬᠤ ᠭᠡᠷᠡᠭᠳᠡᠢ᠃ ᠬᠦᠴᠦᠯᠡᠨ ᠴᠢᠷᠮᠠᠶᠢᠵᠤ ᠪᠦᠳᠦᠮᠵᠢᠳᠠᠢ ᠠᠵᠢᠯᠯᠠᠬᠤ ᠶᠢ ᠪᠠᠷᠢᠮᠳᠠᠯᠠᠨ᠂   ᠤᠢ ᠤᠬᠠᠭᠠᠨ ᠢᠶᠠᠨ ᠡᠷᠴᠢᠮᠵᠢᠬᠦᠯᠦᠨ ᠭᠡᠷᠡᠭᠵᠢᠬᠦᠯᠬᠦ ᠲᠡᠭᠡᠷ᠎ᠡ ᠰᠢᠪᠬᠠᠵᠤ᠂   ᠭᠡᠯᠡᠭᠰᠡᠨ ᠳᠡᠭᠡᠨ ᠬᠦᠷᠴᠦ ᠵᠤᠷᠢᠭᠰᠠᠨ ᠢᠶᠠᠨ ᠪᠡᠶᠡᠯᠡᠬᠦᠯᠦᠨ᠂ ᠬᠦᠩᠬᠡᠨ ᠬᠦᠳᠡᠯᠵᠦ ᠭᠠᠪᠰᠢᠭᠠᠢ ᠠᠵᠢᠯᠯᠠᠨ᠂ ᠠᠵᠢᠯ ᠡᠬᠦᠷᠭᠡ ᠨᠢᠬᠡᠪᠦᠷᠢ  ᠶᠢ ᠠᠮᠵᠢᠯᠳᠠ ᠭᠠᠷᠳᠠᠯ᠎ᠠ  ᠠᠳᠬᠤᠵᠤ ᠨᠠᠶᠢᠳᠠᠪᠤᠷᠢᠵᠢᠭᠤᠯᠬᠤ ᠭᠡᠷᠡᠭᠳᠡᠢ᠃ ᠤᠷᠳᠤ ᠤᠳᠠᠭᠠᠨ ᠬᠤᠭᠤᠴᠠᠭ᠎ᠠ ᠪᠠᠷ ᠠᠷᠪᠢᠴᠢ ᠭᠠᠮᠳᠠᠢ ᠠᠮᠢᠳᠤᠷᠠᠬᠤ ᠦᠵᠡᠯ ᠰᠠᠨᠠᠭ᠎ᠠ ᠶᠢ ᠪᠤᠢ ᠪᠤᠯᠭᠠᠵᠤ᠂ ᠴᠠᠭ ᠦᠶ᠎ᠡ ᠶᠠᠭᠠᠬᠢᠵᠤ ᠤᠯᠠᠷᠢᠨ ᠬᠤᠪᠢᠷᠠᠭᠰᠠᠨ ᠴᠤ ᠬᠠᠳᠠᠭᠤᠵᠢᠯᠳᠠᠢ ᠲᠡᠮᠡᠴᠡᠬᠦ ᠤᠳᠤᠮᠰᠢᠯ ᠢᠶᠠᠨ ᠭᠡᠭᠡᠵᠦ ᠪᠤᠯᠬᠤ ᠦᠬᠡᠢ᠃  ᠠᠵᠤ ᠠᠬᠤᠢ ᠶᠠᠭᠠᠬᠢᠵᠤ ᠬᠦᠭᠵᠢᠭᠰᠡᠨ ᠴᠤ ᠠᠷᠪᠢᠯᠠᠨ ᠭᠠᠮᠨᠠᠬᠤ ᠱᠠᠭᠠᠷᠳᠠᠯᠭ᠎ᠠ ᠶᠢ  ᠦᠨᠢ ᠡᠬᠦᠷᠢᠳᠡ ᠲᠤᠷᠤᠭᠰᠢᠯᠠᠭᠤᠯᠵᠤ ᠪᠤᠯᠬᠤ ᠦᠬᠡᠢ᠃  ︽ ᠭᠤᠷᠪᠠᠨ ᠠᠯᠪᠠᠨ ᠵᠠᠷᠤᠳᠠᠯ︾ ᠪᠠ ᠠᠰᠠᠷ ᠲᠢᠩᠬᠢᠮ ᠤᠨ ᠪᠦᠳᠦᠭᠡᠨ ᠪᠠᠶᠢᠭᠤᠯᠤᠯᠳᠠ ᠶᠢ ᠴᠢᠩᠭ᠎ᠠ  ᠬᠢᠵᠠᠭᠠᠷᠯᠠᠨ᠂  ᠬᠡᠮᠵᠢᠶ᠎ᠡ ᠲᠠᠢ ᠡᠳ᠋ ᠤᠨ ᠬᠦᠴᠦᠨ ᠢᠶᠠᠨ ᠬᠦᠭᠵᠢᠯᠳᠡ ᠶᠢ ᠠᠬᠢᠭᠤᠯᠬᠤ ᠭᠡᠷᠡᠭᠴᠡᠭᠡᠨ ᠲᠡᠭᠡᠷ᠎ᠡ ᠭᠡᠷᠡᠭᠯᠡᠵᠦ᠂  ᠠᠷᠠᠳ ᠤᠨ ᠠᠮᠢᠳᠤᠷᠠᠯ ᠢ ᠰᠠᠶᠢᠵᠢᠷᠠᠭᠤᠯᠬᠤ ᠲᠤᠯᠭᠠᠮ᠎ᠠ ᠵᠦᠢᠯ ᠲᠡᠭᠡᠷ᠎ᠡ ᠭᠡᠷᠡᠭᠯᠡᠬᠦ ᠭᠡᠷᠡᠭᠳᠡᠢ᠃  ᠴᠢᠭᠡᠴᠢ ᠵᠠᠰᠠᠭ ᠤᠨ ᠲᠦᠭᠰᠢᠬᠦᠷᠢ ᠶᠢ ᠰᠡᠷᠭᠡᠶᠢᠯᠡᠨ ᠬᠤᠷᠢᠭᠯᠠᠬᠤ ᠠᠵᠢᠯ ᠢ ᠨᠠᠷᠢᠨ ᠨᠢᠮᠪᠠᠢ ᠦᠷᠨᠢᠬᠦᠯᠵᠦ᠂ ᠴᠢᠭᠡᠴᠢ ᠵᠠᠰᠠᠭ ᠤᠨ ᠲᠦᠭᠰᠢᠬᠦᠷᠢ ᠶᠢ  ᠤᠨᠤᠪᠴᠢᠳᠠᠢ ᠪᠠᠶᠢᠴᠠᠭᠠᠵᠤ᠂ ᠪᠦᠳᠦᠮᠵᠢᠳᠡᠢ ᠰᠡᠷᠭᠡᠶᠢᠯᠡᠵᠦ᠂  ᠲᠤᠬᠢᠳᠠᠢ ᠬᠤᠷᠢᠭᠯᠠᠨ᠂ ︽ ᠠᠶᠤᠯ ᠲᠦᠭᠰᠢᠬᠦᠷᠢ ᠶᠢᠨ ᠴᠡᠭ︾ ᠢ ︽ᠠᠮᠤᠷ ᠲᠦᠪᠰᠢᠨ ᠤ ᠴᠡᠭ︾ ᠪᠤᠯᠭᠠᠬᠤ ᠭᠡᠷᠡᠭᠳᠡᠢ᠃  ᠨᠠᠮ ᠤᠨ ᠰᠤᠷᠳᠠᠯ ᠴᠢᠭᠡᠴᠢ ᠵᠠᠰᠠᠭ ᠤᠨ ᠪᠠᠶᠢᠭᠤᠯᠤᠯᠳᠠ ᠶᠢᠨ ᠬᠠᠷᠢᠭᠤᠴᠠᠯᠭ᠎ᠠ ᠶᠢᠨ ᠲᠦᠷᠢᠮ ᠢ ᠴᠢᠩᠭ᠎ᠠ ᠭᠡᠷᠡᠭᠵᠢᠬᠦᠯᠵᠦ᠂ ᠤᠳᠤᠷᠢᠳᠬᠤ ᠺᠠᠳᠠᠷ ᠤᠨ ᠡᠷᠭᠡ ᠲᠤᠰᠢᠶᠠᠯ ᠢ ᠬᠢᠨᠠᠬᠤ ᠪᠠ ᠬᠢᠵᠠᠭᠠᠷᠯᠠᠬᠤ ᠪᠠᠨ ᠴᠢᠩᠭᠠᠳᠬᠠᠵᠤ᠂  ᠭᠤᠤᠯᠳᠠᠯᠭᠠᠳᠠᠢ ᠠᠵᠢᠯ ᠤᠨ ᠪᠠᠶᠢᠷᠢ᠂ ᠭᠤᠤᠯᠳᠠᠯᠭᠠᠳᠠᠢ ᠰᠠᠯᠠᠭ᠎ᠠ ᠮᠦᠴᠢᠷ᠂ ᠭᠤᠤᠯᠳᠠᠯᠭᠠᠳᠠᠢ ᠪᠡᠯᠡ  ᠮᠦᠩᠬᠦ ᠪᠠ  ᠭᠤᠤᠯᠳᠠᠯᠭᠠᠳᠠᠢ ᠲᠦᠷᠦᠯ ᠵᠦᠢᠯ ᠵᠡᠷᠭᠡ   ᠶᠢ ᠬᠢᠨᠠᠨ ᠪᠤᠳᠤᠵᠤ  ᠬᠢᠨᠠᠯᠳᠠ ᠲᠠᠯᠪᠢᠬᠤ ᠠᠵᠢᠯ ᠢ ᠡᠷᠴᠢᠮᠳᠡᠢ ᠶᠠᠪᠤᠭᠳᠠᠭᠤᠯᠤᠨ᠂ ᠢᠯᠵᠡᠷᠡᠯ ᠢ ᠪᠦᠳᠦᠮᠵᠢᠳᠡᠢ ᠰᠡᠷᠭᠡᠶᠢᠯᠡᠵᠦ ᠲᠤᠶᠢᠯᠪᠤᠷᠢᠳᠠᠢ ᠴᠡᠭᠴᠡᠯᠡᠨ᠂  ᠠᠷᠢᠭᠤᠨ ᠴᠢᠭᠡᠴᠢ  ᠭᠡᠪ ᠲᠦᠷᠬᠦ ᠪᠠᠷ ᠠᠷᠠᠳ ᠲᠦᠮᠡᠨ ᠤ ᠢᠳᠡᠭᠡᠯ ᠢ ᠤᠯᠬᠤ ᠭᠡᠷᠡᠭᠳᠡᠢ᠃       ᠲᠦᠯᠦᠭᠡᠯᠡᠭᠴᠢᠳ ᠡ᠂  ᠪᠢᠳᠡ ᠨᠠᠮ ᠤᠨ ᠠᠷᠪᠠᠨ ᠨᠠᠢᠮᠠᠳᠤᠭᠠᠷ ᠶᠡᠭᠡ ᠬᠤᠷᠠᠯ᠂ ᠠᠷᠪᠠᠨ ᠨᠠᠢᠮᠠᠳᠤᠭᠠᠷ ᠬᠤᠭᠤᠴᠠᠭᠠᠨ ᠤ ᠲᠦᠪ ᠬᠤᠷᠢᠶᠠᠨ ᠤ ᠭᠤᠷᠪᠠᠳᠤᠭᠠᠷ ᠪᠦᠬᠦᠳᠡ ᠬᠤᠷᠠᠯ ᠤᠨ  ᠵᠤᠷᠢᠭ  ᠰᠠᠨᠠᠭᠠᠨ ᠤ ᠵᠤᠷᠢᠬᠵᠢᠭᠤᠯᠤᠯ ᠪᠠ ᠵᠢᠯᠤᠭᠤᠳᠤᠯᠭ᠎ᠠ ᠲᠤᠤᠷ᠎ᠠ᠂  ᠬᠤᠰᠢᠭᠤ ᠨᠠᠮ ᠤᠨ ᠬᠤᠷᠢᠶᠠᠨ ᠤ ᠡᠷᠡᠰ ᠪᠠᠳᠤ ᠤᠳᠤᠷᠢᠳᠤᠯᠭ᠎ᠠ ᠲᠤᠤᠷ᠎ᠠ᠂  ᠪᠦᠬᠦ ᠬᠤᠰᠢᠭᠤᠨ ᠤ  ᠡᠯ᠎ᠡ ᠦᠨᠳᠦᠰᠦᠳᠡᠨ ᠤ ᠠᠷᠠᠳ ᠲᠦᠮᠡᠨ ᠤ ᠤᠶᠤᠨ ᠤᠬᠠᠭᠠᠨ ᠪᠠ ᠬᠦᠴᠦᠨ ᠴᠢᠳᠠᠯ ᠢ ᠨᠢᠬᠳᠠᠷᠠᠭᠤᠯᠵᠤ᠂  ᠢᠳᠡᠭᠡᠯ ᠵᠤᠷᠢᠭ ᠢᠶᠠᠨ  ᠪᠠᠳᠤᠳᠬᠠᠨ᠂  ᠬᠦᠴᠢᠷ ᠶᠢ  ᠰᠦᠷᠦᠨ ᠤᠷᠤᠭᠰᠢᠯᠠᠵᠤ᠂  ᠪᠦᠬᠦ ᠵᠢᠯ  ᠤᠨ ᠡᠬᠦᠷᠭᠡ ᠬᠠᠷᠠᠯᠳᠠ ᠪᠠᠨ ᠲᠡᠬᠦᠰ ᠠᠮᠵᠢᠯᠳᠠ ᠲᠠᠢ  ᠪᠡᠶᠡᠯᠡᠬᠦᠯᠦᠨ᠂  ᠰᠢᠨᠵᠢᠯᠡᠬᠦ ᠤᠬᠠᠭᠠᠨᠴᠢ   ᠪᠠᠷ  ᠬᠦᠭᠵᠢᠭᠰᠡᠨ᠂  ᠠᠷᠠᠳ  ᠲᠦᠮᠡᠨ ᠪᠠᠶᠠᠵᠢᠵᠤ ᠬᠤᠰᠢᠭᠤ ᠨᠤᠳᠤᠭ ᠬᠦᠴᠦᠷᠭᠡᠭᠵᠢᠭᠰᠡᠨ ᠰᠢᠨ᠎ᠡ ᠬᠡᠪ ᠪᠠᠶᠢᠳᠠᠯ ᠢ ᠡᠬᠦᠳᠬᠦ ᠪᠠᠷ ᠴᠢᠷᠮᠠᠶᠢᠨ ᠲᠡᠮᠡᠴᠡᠵᠡᠭᠡᠶ᠎ᠡ︕
 
ᠢᠷᠡᠯᠲᠡ᠄ ᠲᠠᠶᠢᠹᠦᠰᠧ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号