ᠵᠠᠰᠠᠭ  ᠎ ᠤᠨ  ᠣᠷᠳᠣᠨ  ᠎ ᠤ  ᠠᠵᠢᠯ  ᠎ ᠤᠨ  ᠢᠯᠡᠳᠬᠡᠯ
ᠨᠡᠶᠢᠲᠡᠯᠡᠭᠰᠡᠨ ᠴᠠᠭ᠄
2007/12/3
                                                                                                     ᠵᠠᠰᠠᠭ  ᠎ ᠤᠨ   ᠣᠷᠳᠣᠨ  ᠎ ᠤ   ᠠᠵᠢᠯ  ᠎ ᠤᠨ   ᠢᠯᠡᠳᠬᠡᠯ                                                                                   2007 ᠣᠨ ᠤ  12 ᠰᠠᠷᠠᠶᠢᠨ  3  ᠎ ᠤ  ᠡᠳᠦᠷ  ᠎ ᠤᠨ  ᠲᠠᠶᠢᠹᠤᠰᠧ  ᠬᠤᠰᠢᠭᠤᠨ  ᠎ ᠤ                                                                                 ᠠᠷᠪᠠᠨ  ᠭᠤᠷᠪᠠᠳᠤᠭᠠᠷ  ᠬᠤᠭᠤᠴᠠᠭᠠᠨ  ᠎ ᠤ ᠠᠷᠠᠳ  ᠎ ᠤᠨ  ᠲᠥᠯᠥᠭᠡᠯᠡᠭᠴᠢᠳ  ᠎ ᠤᠨ                                                                                  ᠶᠡᠭᠡ   ᠬᠤᠷᠠᠯ  ᠎ ᠤᠨ   ᠠᠩᠬᠠᠳᠤᠭᠠᠷ  ᠤᠳᠠᠭᠠᠨ  ᠎ ᠤ   ᠬᠤᠷᠠᠯᠳᠤᠭᠠᠨ   ᠳᠡᠭᠡᠷ᠎ᠡ                                                                                               ᠬᠤᠰᠢᠭᠤ  ᠳᠠᠷᠤᠭ᠎ᠠ             ᠨᠠᠨ  ᠵᠦᠩ  ᠢᠦᠢ ᠲᠦᠯᠦᠭᠡᠯᠡᠭᠴᠢᠳ ᠡ  ᠄          ᠳᠣᠣᠷ᠎ᠠ  ᠪᠢ  ᠬᠤᠰᠢᠭᠤ  ᠵᠠᠰᠠᠭ  ᠎ ᠤᠨ  ᠣᠷᠳᠣᠨ  ᠎ ᠤ  ᠨᠠᠶᠢᠳᠠᠯᠭ᠎ᠠ  ᠎ ᠪᠠᠷ  ᠶᠡᠭᠡ  ᠬᠤᠷᠠᠯ  ᠎ ᠳᠤ  ᠠᠵᠢᠯ  ᠎ ᠤᠨ  ᠮᠡᠳᠡᠭᠦᠯᠦᠯᠲᠡ  ᠬᠢᠶ᠎ᠡ  ᠂  ᠬᠢᠨᠠᠨ  ᠵᠥᠪᠯᠡᠬᠦ  ᠪᠣᠯᠪᠠᠤ  ᠃   ᠤᠯᠤᠰ  ᠲᠥᠷᠥ  ᠎ ᠶᠢᠨ  ᠵᠥᠪᠯᠡᠯᠭᠡᠨ  ᠎ ᠤ  ᠭᠡᠰᠢᠭᠦᠳ  ᠪᠣᠯᠣᠨ  ᠬᠤᠷᠠᠯ  ᠎ ᠳᠤ  ᠰᠤᠯᠨ ᠣᠷᠣᠯᠴᠠᠭᠰᠠᠨ  ᠪᠦᠬᠦ  ᠨᠥᠬᠦᠳ  ᠎ ᠠᠴᠠ  ᠰᠠᠨᠠᠯ  ᠰᠢᠭᠦᠮᠵᠢ  ᠎ ᠪᠠᠨ  ᠬᠠᠷᠠᠮ  ᠦᠭᠡᠢ  ᠳᠡᠪᠰᠢᠭᠦᠯᠦᠮᠦ᠃          ᠨᠢᠭᠡ  ᠂  ᠥᠩᠭᠡᠷᠡᠭᠰᠡᠨ  ᠳᠥᠷᠪᠡᠨ  ᠵᠢᠯ  ᠎ ᠤᠨ ᠠᠵᠢᠯ  ᠎ ᠤᠨ  ᠡᠷᠭᠢᠴᠡᠭᠦᠯᠦᠯ         2004 ᠣᠨ  ᠎ ᠠᠴᠠ  ᠨᠠᠰᠢᠬᠢ  ᠳᠥᠷᠪᠡᠨ  ᠵᠢᠯ  ᠪᠣᠯ  ᠲᠠᠶᠢᠹᠤᠰᠧ  ᠬᠤᠰᠢᠭᠤᠨ  ᠎ ᠤ  ᠠᠵᠤ  ᠠᠬᠤᠢ  ᠨᠡᠶᠢᠭᠡᠮ  ᠎ ᠤᠨ  ᠬᠥᠭᠵᠢᠯᠲᠡ  ᠎ ᠶᠢᠨ  ᠶᠡᠷᠦ  ᠪᠤᠰᠤ  ᠎ ᠶᠢᠨ  ᠳᠥᠷᠪᠡᠨ  ᠵᠢᠯ᠂ ᠶᠡᠷᠦᠩᠬᠡᠶᠢᠯᠡᠭᠰᠡᠨ  ᠪᠣᠳᠠᠲᠤ  ᠬᠦᠴᠦᠨ ᠦᠳᠲᠡᠷ  ᠲᠦᠷᠭᠡᠨ  ᠨᠡᠮᠡᠭᠳᠡᠵᠦ  ᠂  ᠥᠭᠡᠷᠡᠴᠢᠯᠡᠯᠲᠡ  ᠨᠡᠭᠡᠭᠡᠯᠲᠡ  ᠎ ᠶᠢᠨ  ᠦᠷ᠎ᠡ  ᠪᠦᠲᠦᠮᠵᠢ  ᠢᠯᠡᠰᠢᠷᠡᠨ  ᠂  ᠬᠤᠲᠠ  ᠬᠥᠳᠡᠭᠡ  ᠎ ᠶᠢᠨ ᠲᠥᠷᠬᠦ  ᠪᠠᠶᠢᠳᠠᠯ  ᠮᠡᠳᠡᠭᠳᠡᠮ᠎ᠡ  ᠬᠤᠪᠢᠷᠠᠵᠤ  ᠂  ᠠᠷᠠᠳ  ᠣᠯᠠᠨ  ᠨᠡᠩ  ᠶᠡᠭᠡ  ᠪᠣᠳᠠᠲᠤ  ᠠᠰᠢᠭ  ᠬᠦᠷᠲᠡᠭᠰᠡᠨ  ᠳᠥᠷᠪᠡᠨ  ᠵᠢᠯ  ᠪᠣᠯᠣᠨ᠎ᠠ  ᠃  ᠳᠥᠷᠪᠡᠨ  ᠵᠢᠯ  ᠎ ᠤᠨ  ᠲᠤᠷᠰᠢ  ᠂  ᠠᠶᠢᠮᠠᠭ  ᠎ ᠤᠨ  ᠨᠠᠮ  ᠎ ᠤᠨ  ᠬᠤᠷᠢᠶ᠎ᠠ  ᠂  ᠠᠶᠢᠮᠠᠭ  ᠎ ᠤᠨ  ᠵᠠᠬᠢᠷᠭ᠎ᠠ  ᠬᠢᠭᠡᠳ  ᠬᠤᠰᠢᠭᠤ  ᠨᠠᠮ  ᠎ ᠤᠨ  ᠬᠤᠷᠢᠶᠠᠨ  ᠎ ᠤ  ᠵᠥᠪ  ᠣᠨᠣᠪᠴᠢᠲᠠᠢ  ᠤᠳᠤᠷᠢᠳᠤᠯᠭ᠎ᠠ  ᠳᠣᠣᠷ᠎ᠠ  ᠬᠤᠰᠢᠭᠤ  ᠠᠷᠠᠳ  ᠎ ᠤᠨ  ᠲᠥᠯᠥᠭᠡᠯᠡᠭᠴᠢᠳ  ᠎ ᠤᠨ  ᠶᠡᠭᠡ  ᠬᠤᠷᠠᠯ  ᠂  ᠤᠯᠤᠰ  ᠲᠥᠷᠥ  ᠎ ᠶᠢᠨ  ᠵᠥᠪᠯᠡᠯᠭᠡᠨ  ᠎ ᠤ  ᠬᠢᠨᠠᠯᠲᠠ  ᠪᠠ  ᠳᠡᠮᠵᠢᠯᠭᠡ  ᠳᠣᠣᠷ᠎ᠠ  ᠂  ᠵᠠᠰᠠᠭ  ᠎ ᠤᠨ  ᠣᠷᠳᠣᠨ  ᠎ ᠨᠢ  ᠳ᠋ᠧᠩ  ᠰᠢᠶᠤᠤ  ᠫᠢᠩ  ᠎ ᠤᠨ  ᠣᠨᠣᠯ  ᠪᠣᠯᠣᠨ  ︽ᠭᠤᠷᠪᠠ  ᠎ ᠶᠢ  ᠲᠥᠯᠥᠭᠡᠯᠡᠬᠦ︾  ᠴᠢᠬᠤᠯᠠ  ᠦᠵᠡᠯ  ᠰᠠᠨᠠᠭ᠎ᠠ  ᠎ ᠪᠠᠷ  ᠵᠢᠯᠣᠭᠤᠳᠤᠯᠭ᠎ᠠ  ᠪᠣᠯᠭᠠᠨ  ᠂  ᠰᠢᠨᠵᠢᠯᠡᠬᠦ  ᠤᠬᠠᠭᠠᠨᠴᠢ  ᠬᠥᠭᠵᠢᠯᠲᠡ  ᠎ ᠶᠢᠨ  ᠦᠵᠡᠯᠲᠡ  ᠎ ᠶᠢ  ᠪᠠᠲᠤ  ᠪᠣᠢ  ᠪᠣᠯᠭᠠᠬᠤ  ᠪᠠ  ᠨᠠᠶᠢᠳᠠᠪᠤᠷᠢᠵᠢᠭᠤᠯᠵᠤ  ᠂  ᠪᠦᠬᠦ  ᠬᠤᠰᠢᠭᠤᠨ  ᠎ ᠤ  ᠡᠯ᠎ᠡ  ᠦᠨᠳᠦᠰᠦᠲᠡᠨ  ᠎ ᠤ  ᠺᠠᠳᠠᠷ  ᠣᠯᠠᠨ  ᠲᠦᠮᠡᠨ  ᠎ ᠳᠡᠭᠡᠨ  ᠲᠦᠰᠢᠭᠯᠡᠨ᠂ ᠰᠡᠳᠬᠢᠯ  ᠲᠥᠪᠯᠡᠷᠡᠭᠦᠯᠦᠨ  ᠴᠣᠭᠴᠠᠯᠠᠯᠲᠠ  ᠬᠢᠵᠦ  ᠂  ᠰᠠᠨᠠᠭ᠎ᠠ  ᠲᠠᠯᠪᠢᠨ  ᠬᠥᠭᠵᠢᠯᠲᠡ  ᠎ ᠶᠢ  ᠰᠡᠳᠬᠢᠭᠰᠡᠨ  ᠎ ᠢᠶᠠᠷ  ᠠᠷᠪᠠᠨ  ᠬᠤᠶᠠᠳᠤᠭᠠᠷ  ᠬᠤᠭᠤᠴᠠᠭᠠᠨ  ᠎ ᠤ  ᠠᠷᠠᠳ  ᠎ ᠤᠨ  ᠲᠥᠯᠥᠭᠡᠯᠡᠭᠴᠢᠳ  ᠎ ᠤᠨ  ᠶᠡᠭᠡ ᠬᠤᠷᠠᠯ ᠤᠨ ᠠᠩᠬᠠᠳᠤᠭᠠᠷ  ᠬᠤᠷᠠᠯᠳᠤᠭᠠᠨ  ᠳᠡᠭᠡᠷ᠎ᠡ  ᠲᠣᠭᠲᠠᠭᠰᠠᠨ  ᠡᠯ᠎ᠡ  ᠵᠦᠢᠯ  ᠎ ᠤᠨ  ᠡᠭᠦᠷᠭᠡ  ᠬᠠᠷᠠᠯᠲᠠ  ᠎ ᠪᠠᠨ  ᠠᠮᠵᠢᠯᠲᠠ  ᠲᠡᠭᠦᠰ  ᠪᠡᠶᠡᠯᠡᠭᠦᠯᠦᠭᠰᠡᠨ  ᠪᠠᠶᠢᠨ᠎ᠠ  ᠃ 2007  ᠣᠨ  ᠎ ᠳᠤ  ᠪᠦᠬᠦ  ᠬᠤᠰᠢᠭᠤᠨ  ᠎ ᠤ  ᠣᠷᠣᠨ  ᠨᠤᠲᠤᠭ  ᠎ ᠤᠨ  ᠦᠢᠯᠡᠳᠪᠦᠷᠢᠯᠡᠯ  ᠎ ᠤᠨ  ᠶᠡᠷᠦᠩᠬᠡᠢ  ᠥᠷᠲᠡᠭ  ᠎ ᠢ 16 ᠳ᠋ᠦᠩᠰᠢᠭᠤᠷ  ᠲᠥᠭᠦᠷᠢᠭ  ᠬᠦᠷᠭᠡᠵᠦ  ᠂ 2003  ᠣᠨ  ᠎ ᠠᠴᠠ  ᠲᠠᠬᠢᠨ  ᠎ ᠢᠶᠠᠷ  ᠥᠰᠴᠦ  ᠂  ᠵᠢᠯ  ᠪᠦᠷᠢ  ᠳᠤᠮᠳᠠᠴᠢ  ᠎ ᠪᠠᠷ 15.8%  ᠎ ᠢᠶᠠᠷ  ᠨᠡᠮᠡᠭᠳᠡᠨ︔ ᠡᠭᠦᠨ  ᠎ ᠳᠤ  ᠨᠢᠭᠡ  ᠂  ᠬᠤᠶᠠᠷ  ᠂  ᠭᠤᠷᠪᠠᠳᠤᠭᠠᠷ  ᠠᠵᠤ ᠦᠢᠯᠡᠰ ᠲᠣᠰᠪᠤᠷᠢ 5.7 ᠳ᠋ᠦᠩᠰᠢᠭᠤᠷ  ᠂ 5 ᠳ᠋ᠦᠩᠰᠢᠭᠤᠷ  ᠪᠠ 5.3 ᠳ᠋ᠦᠩᠰᠢᠭᠤᠷ  ᠲᠥᠭᠦᠷᠢᠭ  ᠪᠡᠶᠡᠯᠡᠭᠦᠯᠵᠦ  ᠂ ᠭᠤᠷᠪᠠᠨ  ᠤᠳᠠᠭᠠᠨ  ᠎ ᠤ  ᠠᠵᠤ  ᠦᠢᠯᠡᠰ  ᠎ ᠤᠨ  ᠬᠤᠪᠢ  ᠎ ᠶᠢᠨ     ᠵᠢᠩ ᠤᠨ ᠬᠠᠷᠢᠴᠠᠯ  ᠢ 2003 ᠣᠨ ᠤ 44.9᠄ 22.9᠄ 32.2  ᠪᠠᠶᠢᠭᠰᠠᠨ ᠠᠴᠠ ᠣᠳᠣ  ᠪᠣᠯᠬᠤ  ᠎ ᠳᠤ 35.7᠄ 31.3᠄ 33.2  ᠪᠣᠯᠭᠠᠨ  ᠲᠣᠬᠢᠷᠠᠭᠤᠯᠵᠤ  ᠂  ᠠᠵᠤ  ᠦᠢᠯᠡᠰ  ᠎ ᠤᠨ  ᠪᠦᠲᠦᠴᠡ  ᠤᠯᠠᠮ  ᠨᠢᠭᠡ  ᠠᠯᠬᠤᠮ  ᠰᠢᠯᠢᠳᠡᠭᠵᠢᠪᠡ  ᠃  ᠡᠳ᠋  ᠎ ᠤᠨ  ᠵᠠᠰᠠᠭ  ᠎ ᠤᠨ  ᠣᠷᠣᠯᠭ᠎ᠠ  ᠳ᠋ᠦᠩᠰᠢᠭᠤᠷ  ᠎ ᠤᠨ  ᠶᠡᠭᠡ  ᠪᠣᠭᠤᠮᠲᠠ  ᠎ ᠶᠢ  ᠰᠢᠪᠲᠤᠯᠤᠨ  ᠂ 1.1  ᠳ᠋ᠦᠩᠰᠢᠭᠤᠷ  ᠎ ᠲᠤ  ᠬᠦᠷᠴᠦ  ᠂ 2003  ᠣᠨ  ᠎ ᠠᠴᠠ 2.7 ᠲᠠᠬᠢᠨ  ᠥᠰᠴᠦ  ᠂  ᠵᠢᠯ  ᠪᠦᠷᠢ  ᠳᠤᠮᠳᠠᠴᠢ  ᠎ ᠪᠠᠷ 38.6%  ᠎ ᠪᠠᠷ ᠨᠡᠮᠡᠭᠳᠡᠵᠡᠢ  ᠃  ᠳᠥᠷᠪᠡᠨ  ᠵᠢᠯ  ᠎ ᠤᠨ  ᠲᠤᠷᠰᠢᠬᠢ  ᠬᠥᠭᠵᠢᠯᠲᠡ  ᠪᠠ  ᠬᠤᠪᠢᠷᠠᠯᠲᠠ  ᠎ ᠶᠢ  ᠡᠷᠭᠢᠴᠡᠭᠦᠯᠪᠡᠯ  ᠂  ᠭᠤᠣᠯᠳᠠᠭᠤ  ᠳᠣᠣᠷᠠᠬᠢ  ᠨᠠᠢᠮᠠᠨ  ᠲᠠᠯ᠎ᠠ  ᠎ ᠪᠠᠷ  ᠢᠯᠡᠷᠡᠵᠦ  ᠪᠣᠢ  ᠄        ︵ᠨᠢᠭᠡ︶ ᠠᠮᠢ ᠠᠬᠤᠢ ᠶᠢᠨ ᠬᠠᠮᠠᠭᠠᠯᠠᠯᠲᠠ ᠪᠠ ᠪᠠᠶᠢᠭᠤᠯᠤᠯᠲᠠ ᠦᠷ᠎ᠡ ᠪᠦᠲᠦᠮᠵᠢ ᠣᠯᠵᠤ  ᠂  ᠮᠠᠯ ᠲᠠᠷᠢᠶᠠᠯᠠᠩ ᠤᠨ ᠠᠵᠤ ᠦᠢᠯᠡᠰᠵᠢᠯᠲᠡ ᠶᠢᠨ ᠠᠬᠢᠴᠠ ᠲᠦᠷᠭᠡᠰᠪᠡ  ᠃       ᠠᠮᠢ  ᠠᠬᠤᠢ  ᠎ ᠪᠠᠷ  ᠬᠤᠰᠢᠭᠤ  ᠎ ᠪᠠᠨ  ᠪᠠᠶᠢᠭᠤᠯᠬᠤ  ᠦᠵᠡᠯ  ᠰᠠᠨᠠᠭ᠎ᠠ  ᠎ ᠶᠢ ᠭᠤᠶᠢᠪᠢᠰᠢ  ᠦᠭᠡᠢ  ᠪᠠᠷᠢᠮᠲᠠᠯᠠᠵᠤ  ᠂ ᠪᠡᠭᠡᠵᠢᠩ  ᠲᠢᠶᠠᠨᠵᠢᠨ  ᠎ ᠤ   ᠡᠯᠡᠰᠦ ᠰᠠᠯᠬᠢᠨ  ᠎ ᠤ  ᠡᠬᠢ  ᠎ ᠶᠢ  ᠵᠠᠰᠠᠬᠤ  ᠂  ᠲᠠᠷᠢᠶᠠᠯᠠᠬᠤ  ᠎ ᠶᠢ  ᠵᠣᠭᠰᠣᠭᠠᠨ  ᠣᠶᠢᠵᠢᠭᠤᠯᠵᠤ  ᠡᠪᠡᠰᠦᠵᠢᠭᠦᠯᠬᠦ  ᠂  ᠪᠡᠯᠴᠢᠭᠡᠷᠯᠡᠭᠦᠯᠬᠦ  ᠎ ᠶᠢ  ᠵᠣᠭᠰᠣᠭᠠᠵᠤ  ᠬᠠᠰᠢᠶᠠᠯᠠᠨ  ᠮᠠᠯᠵᠢᠬᠤ  ᠵᠢᠴᠢ  ᠠᠮᠢ  ᠠᠬᠤᠢ  ᠎ ᠶᠢᠨ  ᠨᠡᠭᠦᠳᠡᠯ  ᠠᠷᠠᠳ  ᠎ ᠤᠨ  ᠢᠨᠵᠧᠨᠧᠷᠢᠩ  ᠵᠡᠷᠭᠡ  ᠎ ᠶᠢ  ᠭᠤᠣᠯᠳᠠᠯᠭ᠎ᠠ  ᠎ ᠲᠠᠢ  ᠬᠡᠷᠡᠭᠵᠢᠭᠦᠯᠪᠡ  ᠃  ᠳᠥᠷᠪᠡᠨ  ᠵᠢᠯ  ᠎ ᠤᠨ  ᠲᠤᠷᠰᠢ  3.66  ᠳ᠋ᠦᠩᠰᠢᠭᠤᠷ  ᠲᠥᠭᠦᠷᠢᠭ  ᠎ ᠤᠨ  ᠪᠡᠯᠡ  ᠣᠷᠣᠭᠤᠯᠵᠤ  ᠂  ᠠᠮᠢ  ᠠᠬᠤᠢ  ᠎ ᠶᠢ  ᠵᠠᠰᠠᠭᠰᠠᠨ  ᠲᠠᠯᠠᠪᠠᠢ  ᠎ ᠶᠢ 75 ᠲᠦᠮᠡᠨ ᠮᠦ  ᠂ ᠰᠢᠨ᠎ᠡ  ᠎ ᠪᠠᠷ  ᠣᠶᠢᠵᠢᠭᠤᠯᠤᠭᠰᠠᠨ  ᠲᠠᠯᠠᠪᠠᠢ  ᠎ ᠶᠢ 40  ᠲᠦᠮᠡᠨ  ᠮᠦ  ᠂ ᠪᠦᠬᠦ  ᠬᠤᠰᠢᠭᠤᠨ  ᠎ ᠤ  ᠣᠢ  ᠰᠢᠭᠤᠢ  ᠎ ᠶᠢᠨ  ᠲᠠᠯᠠᠪᠠᠢ ᠶᠢ 152  ᠲᠦᠮᠡᠨ  ᠮᠦ  ᠎ ᠳᠤ ᠬᠦᠷᠭᠡᠨ  ︔ ᠬᠥᠮᠥᠨ  ᠎ ᠤ  ᠬᠦᠴᠦ  ᠎ ᠪᠠᠷ  ᠡᠪᠡᠰᠦᠵᠢᠭᠦᠯᠬᠦ  ᠪᠠ  ᠬᠦᠷᠢᠶᠡᠯᠡᠨ ᠪᠢᠲᠡᠭᠦᠮᠵᠢᠯᠡᠵᠦ  ᠪᠣᠶᠢᠵᠢᠭᠤᠯᠤᠭᠰᠠᠨ  ᠲᠠᠯᠠᠪᠠᠢ ᠶᠢ 27 ᠲᠦᠮᠡᠨ  ᠮᠦ  ᠂ ᠪᠠᠭ᠎ᠠ  ᠰᠠᠪᠠ  ᠭᠠᠵᠠᠷ  ᠎ ᠤᠨ ᠵᠠᠰᠠᠯᠲᠠ ᠶᠢᠨ ᠲᠠᠯᠠᠪᠠᠢ ᠶᠢ 7 ᠲᠦᠮᠡᠨ ᠮᠦ ᠳᠤ  ᠬᠦᠷᠭᠡᠵᠦ︔  ᠨᠡᠭᠦᠳᠡᠯ  ᠠᠷᠠᠳ  ᠎ ᠤᠨ  ᠣᠷᠣᠨ  ᠰᠠᠭᠤᠴᠠ 2  ᠲᠦᠮᠡᠨ  ᠲᠡᠭᠰᠢ  ᠳᠥᠷᠪᠡᠯᠵᠢᠨ  ᠮᠧᠲᠷ᠂ ᠫᠧᠩ  ᠬᠤᠷᠤᠭ᠎ᠠ 5.2  ᠲᠦᠮᠡᠨ  ᠲᠡᠭᠰᠢ  ᠳᠥᠷᠪᠡᠯᠵᠢᠨ  ᠮᠧᠲᠷ  ᠪᠠᠶᠢᠭᠤᠯᠪᠠ᠃  ᠵᠠᠯᠭᠠᠮᠵᠢᠯᠠᠯ  ᠠᠵᠤ  ᠦᠢᠯᠡᠰ  ᠎ ᠢ  ᠢᠳᠡᠪᠬᠢᠲᠡᠢ  ᠬᠥᠭᠵᠢᠭᠦᠯᠵᠦ  ᠂  ᠣᠢ  ᠎ ᠶᠢᠨ  ᠪᠦᠰᠡᠨ  ᠎ ᠳᠤ 5.2  ᠲᠦᠮᠡᠨ  ᠮᠦ  ᠡᠪᠡᠰᠦ  ᠲᠠᠷᠢᠵᠤ  ᠂  ᠨᠠᠶᠢᠯᠵᠠᠭᠤᠷ  ᠬᠠᠷᠭᠠᠨ᠎ᠠ 25  ᠲᠦᠮᠡᠨ  ᠮᠦ  ᠂  ᠬᠡᠭᠡᠷ᠎ᠡ  ᠎ ᠶᠢᠨ  ᠭᠦᠢᠯᠡᠰᠦ 30  ᠲᠦᠮᠡᠨ  ᠮᠦ  ᠲᠠᠷᠢᠪᠠ  ᠃          ᠲᠠᠷᠢᠶᠠᠯᠠᠩ ᠮᠠᠯ ᠠᠵᠤ ᠠᠬᠤᠢ ᠶᠢᠨ  ᠦᠨᠳᠦᠰᠦᠨ ᠪᠠᠶᠢᠭᠤᠯᠤᠯᠲᠠ ᠶᠢ  ᠴᠢᠩᠭᠠᠳᠬᠠᠪᠠ  ᠃ ᠤᠯᠤᠰ ᠤᠨ 3192 ᠲᠦᠮᠡᠨ  ᠲᠥᠭᠦᠷᠢᠭ  ᠎ ᠤᠨ ᠪᠡᠯᠡ  ᠮᠥᠩᠭᠦᠨ  ᠎ ᠤ ᠳᠠᠶᠢᠴᠢᠯᠠᠯ  ᠎ ᠢᠶᠠᠷ  ᠨᠡᠶᠢᠭᠡᠮ  ᠎ ᠤᠨ  ᠪᠡᠯᠡ ᠮᠥᠩᠭᠦ  ᠎ ᠶᠢ 7808 ᠲᠦᠮᠡᠨ  ᠲᠥᠭᠦᠷᠢᠭ ᠬᠤᠷᠠᠮᠳᠤᠭᠤᠯᠵᠤ  ᠂  ᠤᠰᠤᠨ  ᠠᠰᠢᠭᠯᠠᠯᠲᠠ  ᠎ ᠶᠢᠨ  ᠪᠦᠲᠦᠭᠡᠨ  ᠪᠠᠶᠢᠭᠤᠯᠤᠯᠲᠠ  ᠎ ᠶᠢ  ᠬᠦᠴᠦᠯᠡᠨ  ᠥᠷᠨᠢᠭᠦᠯᠵᠦ  ᠂ 9  ᠲᠦᠮᠡᠨ  ᠮᠦ  ᠤᠰᠤᠯᠠᠯᠲᠠ  ᠎ ᠶᠢᠨ  ᠲᠠᠯᠠᠪᠠᠢ  ᠎ ᠶᠢ  ᠰᠢᠨ᠎ᠡ  ᠎ ᠪᠠᠷ  ᠨᠡᠮᠡᠭᠳᠡᠭᠦᠯᠦᠨ  ᠂  ᠪᠦᠬᠦ  ᠨᠡᠶᠢᠲᠡ 23  ᠲᠦᠮᠡᠨ ᠮᠦ  ᠎ ᠳᠤ ᠬᠦᠷᠭᠡᠵᠦ᠂ ᠲᠠᠷᠢᠶᠠᠯᠠᠬᠤ  ᠣᠷᠣᠨ  ᠎ ᠤ  ᠤᠰᠤᠯᠠᠯᠲᠠ  ᠎ ᠶᠢᠨ  ᠲᠠᠯᠠᠪᠠᠢ  ᠎ ᠶᠢ  ᠬᠥᠮᠥᠨ  ᠳᠤᠮᠳᠠᠴᠢ 1  ᠮᠦ  ᠂  ᠮᠠᠯᠵᠢᠬᠤ  ᠣᠷᠣᠨ  ᠎ ᠤ  ᠤᠰᠤᠯᠠᠯᠲᠠ  ᠎ ᠶᠢᠨ  ᠪᠣᠷᠳᠣᠭᠠᠨ  ᠰᠠᠭᠤᠷᠢᠨ  ᠎ ᠢ  ᠬᠥᠮᠥᠨ  ᠳᠤᠮᠳᠠᠴᠢ 7.3  ᠮᠦ  ᠨᠣᠭᠳᠠᠭᠤᠯᠤᠨ  ᠂ 500  ᠮᠦ  ᠎ ᠠᠴᠠ  ᠳᠡᠭᠡᠭᠰᠢᠬᠢ  ᠲᠣᠮᠣ  ᠬᠡᠯᠪᠡᠷᠢ  ᠎ ᠶᠢᠨ  ᠠᠷᠪᠢᠴᠢ  ᠤᠰᠤᠯᠠᠯᠲᠠ  ᠎ ᠶᠢᠨ  ᠣᠷᠣᠨ 63  ᠰᠠᠭᠤᠷᠢ  ᠎ ᠶᠢ  ᠪᠠᠶᠢᠭᠤᠯᠵᠤ  ︔  ︽ᠨᠢᠭᠡ  ᠵᠣᠭᠤᠷᠢ ᠶᠢᠨ ᠭᠤᠷᠪᠠᠨ ᠥᠭᠡᠷᠡᠴᠢᠯᠡᠯ︾᠂  ︽ᠳᠥᠷᠪᠡ  ᠎ ᠶᠢ  ᠨᠢᠭᠡ  ᠴᠣᠬᠴᠠᠵᠢᠭᠤᠯᠤᠬᠰᠠᠨ︾  ᠨᠠᠮᠤᠭ  ᠎ ᠤᠨ  ᠬᠡᠢ  ᠎ ᠶᠢᠨ  ᠰᠢᠨ᠎ᠡ  ᠡᠨᠧᠷᠭᠢ  ᠠᠰᠢᠭᠯᠠᠬᠤ  ᠡᠷᠦᠭᠡ  ᠎ ᠶᠢ 2674 ᠡᠷᠦᠭᠡ  ᠎ ᠳᠤ  ᠬᠦᠷᠭᠡᠪᠡ  ᠃         ᠠᠵᠤ  ᠦᠢᠯᠡᠰ  ᠎ ᠤᠨ  ᠰᠠᠭᠤᠷᠢᠨ  ᠭᠠᠵᠠᠷ  ᠎ ᠤᠨ  ᠬᠦᠷᠢᠶ᠎ᠡ  ᠬᠡᠪᠴᠢᠶ᠎ᠡ  ᠲᠠᠰᠤᠷᠠᠯᠲᠠ  ᠦᠭᠡᠢ  ᠥᠷᠭᠡᠳᠴᠡᠢ  ᠃  ᠢᠳᠡᠰᠢᠨ  ᠨᠣᠭᠤᠭ᠎ᠠ  ᠲᠠᠷᠢᠬᠤ  ᠲᠠᠯᠠᠪᠠᠢ 15 ᠲᠦᠮᠡᠨ  ᠮᠦ  ᠎ ᠳᠤ  ᠲᠣᠭᠲᠠᠪᠤᠷᠢᠵᠢᠨ  ᠂  ᠡᠭᠦᠨ  ᠎ ᠤ  ᠳᠣᠲᠣᠷ᠎ᠠ  ᠬᠠᠮᠠᠭᠠᠯᠠᠯᠲᠠ  ᠎ ᠶᠢᠨ  ᠲᠠᠷᠢᠶᠠᠨ  ᠎ ᠤ  ᠢᠳᠡᠰᠢᠨ  ᠨᠣᠭᠤᠭᠠᠨ  ᠎ ᠤ  ᠳᠤᠯᠠᠭᠠᠨ  ᠬᠦᠯᠡᠮᠵᠢ 4520 ᠰᠠᠭᠤᠷᠢ  ᠂ 2350 ᠮᠦ  ᠪᠠᠶᠢᠵᠤ  ︔  ᠲᠥᠮᠥᠰᠥ  ᠲᠠᠷᠢᠬᠤ  ᠲᠠᠯᠠᠪᠠᠢ 15.2  ᠲᠦᠮᠡᠨ  ᠮᠦ  ᠪᠠᠶᠢᠵᠤ  ᠂  ᠡᠭᠦᠨ  ᠎ ᠤ  ᠳᠣᠲᠣᠷ᠎ᠠ  ᠲᠤᠰᠬᠠᠢ  ᠬᠡᠷᠡᠭᠯᠡᠬᠦ  ᠲᠥᠮᠥᠰᠥᠨ  ᠎ ᠤ  ᠣᠷᠣᠨ  ᠲᠣᠭᠤᠷᠢᠭ  ᠎ ᠤᠨ  ᠲᠠᠯᠠᠪᠠᠢ 5.25  ᠲᠦᠮᠡᠨ  ᠮᠦ  ᠬᠦᠷᠴᠡᠢ  ᠃ ᠨᠡᠷᠡᠲᠦ  ᠲᠡᠮᠳᠡᠭ  ᠎ ᠤᠨ  ᠳᠠᠶᠢᠴᠢᠯᠠᠭ᠎ᠠ  ᠎ ᠶᠢ  ᠴᠢᠩᠭᠠᠳᠬᠠᠵᠤ  ᠂  ᠢᠳᠡᠰᠢᠨ  ᠨᠣᠭᠤᠭ᠎ᠠ  ᠂  ᠲᠥᠮᠥᠰᠥ  ᠵᠡᠷᠭᠡ  ᠳᠥᠷᠪᠡᠨ  ᠲᠥᠷᠥᠯ  ᠵᠦᠢᠯ  ᠎ ᠨᠢ  ᠪᠣᠬᠢᠷᠲᠤᠯ  ᠦᠭᠡᠢ  ᠢᠳᠡᠭᠡᠨ  ᠎ ᠢᠶᠠᠷ  ᠦᠨᠡᠯᠡᠭᠳᠡᠵᠦ  ᠂ ᠨᠡᠶᠢᠲᠡ  ᠎ ᠶᠢᠨ  ᠬᠤᠣᠷᠳᠠᠯ  ᠦᠭᠡᠢ  ᠰᠠᠭᠤᠷᠢᠨ  ᠭᠠᠵᠠᠷ 40 ᠲᠦᠮᠡᠨ ᠮᠦ ᠳᠤ  ᠬᠦᠷᠦᠭᠰᠡᠨ  ᠪᠥᠭᠡᠳ  ︽ᠴᠠᠬᠠᠷ︾  ᠴᠤᠭᠤᠷ ᠨᠣᠭᠤᠭ᠎ᠠ  ᠪᠣᠯᠣᠨ  ︽ᠭᠦᠨ ᠪᠣᠣ︾  ᠢᠳᠡᠰᠢᠨ ᠨᠣᠭᠤᠭᠠᠨ ᠤ ᠨᠡᠷᠡᠲᠦ  ᠲᠡᠮᠳᠡᠭ  ᠎ ᠢ  ᠡᠭᠦᠳᠦᠭᠰᠡᠨ  ᠪᠠᠶᠢᠨ᠎ᠠ  ᠃  ᠮᠠᠯᠵᠢᠯ  ᠎ ᠤᠨ ᠣᠨ ᠳᠠᠬᠢ ᠰᠠᠭᠠᠯᠢ  ᠎ ᠶᠢᠨ  ᠦᠨᠢᠶ᠎ᠡ  ᠪᠠ  ᠰᠠᠶᠢᠨ  ᠡᠭᠦᠯᠳᠡᠷ  ᠎ ᠤᠨ ᠠᠯᠠᠰᠢᠨ  ᠎ ᠤ ᠦᠬᠡᠷ  ᠲᠣᠰᠪᠤᠷᠢ 2 ᠲᠦᠮᠡᠨ ᠲᠣᠯᠣᠭᠠᠢ  ᠎ ᠳᠤ  ᠬᠦᠷᠴᠡᠢ᠃          ︵ᠬᠤᠶᠠᠷ︶  ᠠᠵᠤ  ᠦᠢᠯᠡᠳᠪᠦᠷᠢ  ᠎ ᠶᠢᠨ  ᠠᠵᠤ  ᠠᠬᠤᠢ  ᠎ ᠶᠢᠨ  ᠶᠡᠷᠦᠩᠬᠡᠢ  ᠬᠡᠮᠵᠢᠶ᠎ᠡ  ᠨᠡᠮᠡᠭᠳᠡᠵᠦ  ᠂  ᠶᠠᠪᠤᠭᠳᠠᠯ  ᠎ ᠤᠨ  ᠶᠠᠰᠤ  ᠴᠢᠨᠠᠷ  ᠮᠡᠳᠡᠭᠳᠡᠬᠦᠶᠢᠴᠡ ᠰᠠᠶᠢᠵᠢᠷᠠᠪᠠ  ᠃           ᠠᠵᠤ  ᠦᠢᠯᠡᠳᠪᠦᠷᠢ  ᠎ ᠶᠢᠨ  ᠠᠵᠤ  ᠠᠬᠤᠢ  ᠎ ᠶᠢᠨ  ᠪᠦᠲᠦᠴᠡ  ᠎ ᠶᠢ  ᠬᠦᠴᠦᠯᠡᠨ  ᠰᠢᠯᠢᠳᠡᠭᠵᠢᠭᠦᠯᠵᠦ  ᠂  ᠳᠠᠭᠠᠭᠤᠯᠤᠭᠴᠢ  ᠠᠵᠤ  ᠠᠬᠤᠶᠢᠯᠠᠯ  ᠎ ᠢ  ᠲᠠᠲᠠᠨ  ᠂  ᠳᠠᠪᠠᠭᠤᠯᠢᠭ  ᠠᠵᠤ  ᠦᠢᠯᠡᠰ  ᠎ ᠢ  ᠪᠣᠶᠢᠵᠢᠭᠤᠯᠵᠤ  ᠂  ᠠᠵᠤ  ᠦᠢᠯᠡᠳᠪᠦᠷᠢ  ᠎ ᠶᠢᠨ  ᠠᠵᠤ  ᠠᠬᠤᠢ  ᠎ ᠶᠢᠨ  ᠥᠷᠢᠰᠦᠯᠳᠦᠬᠦ  ᠬᠦᠴᠦᠨ  ᠎ ᠢ  ᠶᠡᠭᠡ  ᠎ ᠪᠠᠷ  ᠴᠢᠩᠭᠠᠳᠬᠠᠪᠠ  ᠃  ︽ᠲᠠᠯ᠎ᠠ  ᠨᠤᠲᠤᠭ︾  ᠠᠷᠢᠬᠢ  ᠨᠡᠷᠡᠬᠦ  ᠺᠣᠮᠫᠠᠨᠢ  ᠂  ︽ᠬᠤᠸᠠ  ᠡᠯ︾  ᠽᠧᠮᠧᠨ᠋ᠲ  ᠎ ᠶᠢᠨ  ᠺᠣᠮᠫᠠᠨᠢ  ᠂  ᠴᠠᠬᠢᠯᠭᠠᠨ ᠬᠦᠴᠦᠨ ᠤ  ᠺᠣᠮᠫᠠᠨᠢ᠂  ︽ᠬᠤᠩ  ᠵᠢᠩ  ᠶᠤᠸᠠᠨ︾  ᠲᠣᠰᠣ  ᠰᠢᠬᠠᠬᠤ  ᠺᠣᠮᠫᠠᠨᠢ  ᠂  ︽ᠴᠠᠩ  ᠶᠤᠸᠠᠨ︾  ᠲᠡᠵᠢᠭᠡᠯ  ᠪᠣᠷᠳᠣᠭᠠᠨ  ᠎ ᠤ  ᠺᠣᠮᠫᠠᠨᠢ  ᠵᠡᠷᠭᠡ  ᠭᠤᠣᠯᠯᠠᠬᠤ  ᠠᠵᠤ  ᠠᠬᠤᠶᠢᠯᠠᠯ  ᠠᠯᠭᠤᠷ  ᠎ ᠢᠶᠠᠷ  ᠬᠥᠭᠵᠢᠨ  ᠪᠤᠵᠠᠭᠠᠶᠢᠷᠠᠵᠤ  ᠢᠷᠠᠪᠠ  ᠃  ᠪᠠᠰᠠ  ︽ᠾᠧᠩ  ᠶᠤᠸᠠᠨ︾  ᠲᠠᠷᠢᠶᠠᠯᠠᠩ  ᠠᠵᠤ  ᠠᠬᠤᠢ  ᠎ ᠶᠢᠨ  ᠺᠣᠮᠫᠠᠨᠢ  ᠎ ᠶᠢᠨ  ᠲᠥᠮᠥᠰᠥᠨ  ᠎ ᠤ  ᠦᠢᠯᠡᠳᠪᠦᠷᠢᠯᠡᠯ  ᠂  ︽ᠲᠢᠶᠠᠨ  ᠮᠦ︾ ᠤᠯᠠᠭᠠᠨ  ᠢᠳᠡᠭᠡᠨ  ᠎ ᠤ  ᠺᠣᠮᠫᠠᠨᠢ  ᠎ ᠶᠢᠨ  ᠦᠬᠡᠷ  ᠬᠤᠨᠢᠨ  ᠮᠢᠬᠠᠨ  ᠎ ᠤ  ᠨᠠᠷᠢᠯᠢᠭ  ᠪᠣᠯᠪᠠᠰᠤᠷᠠᠭᠤᠯᠤᠯᠲᠠ  ᠂  ︽ᠥᠷᠨᠢᠯ︾  ᠮᠠᠯᠵᠢᠯ  ᠎ ᠤᠨ  ᠺᠣᠮᠫᠠᠨᠢ  ᠎ ᠶᠢᠨ  ᠮᠢᠬᠠᠨ  ᠎ ᠤ  ᠦᠬᠡᠷ  ᠪᠣᠷᠳᠣᠬᠤ  ᠂  ︽ᠴᠠᠩ  ᠵᠢᠶᠠᠩ︾  ᠠᠭᠤᠷᠬᠠᠢ  ᠎ ᠶᠢᠨ  ᠦᠢᠯᠡᠰ  ᠎ ᠤᠨ  ᠺᠣᠮᠫᠠᠨᠢ  ᠎ ᠶᠢᠨ  ᠴᠠᠬᠢᠭᠤᠷ  ᠲᠡᠮᠦᠷ  ᠎ ᠤᠨ  ᠦᠢᠯᠡᠳᠪᠦᠷᠢᠯᠡᠯ  ᠂  ︽᠎ ᠶᠢᠨ  ᠳ᠋ᠢ︾  ᠸᠤᠯᠹᠠᠷᠠᠮ  ᠤᠨ  ᠦᠢᠯᠡᠰ  ᠎ ᠤᠨ  ᠺᠣᠮᠫᠠᠨᠢ  ᠎ ᠶᠢᠨ  ᠸᠤᠯᠹᠠᠷᠠᠮ  ᠬᠦᠳᠡᠷ  ᠰᠣᠩᠭᠤᠨ  ᠦᠢᠯᠡᠳᠪᠦᠷᠢᠯᠡᠬᠦ  ᠂  ︽ᠬᠤᠩ ᠶᠧ︾ ᠠᠭᠤᠷᠬᠠᠢ  ᠎ ᠶᠢᠨ  ᠦᠢᠯᠡᠰ  ᠎ ᠤᠨ  ᠺᠣᠮᠫᠠᠨᠢ  ᠎ ᠶᠢᠨ  ᠴᠠᠬᠢᠭᠤᠷ  ᠴᠢᠯᠠᠭᠤ  ᠰᠣᠩᠭᠤᠨ  ᠦᠢᠯᠡᠳᠪᠦᠷᠢᠯᠡᠬᠦ  ᠂  ︽ᠰᠢᠨ  ᠶᠤᠸᠠᠨ︾  ᠺᠣᠮᠫᠠᠨᠢ  ᠎ ᠶᠢᠨ  ᠪᠠᠷᠢᠯᠭ᠎ᠠ  ᠎ ᠶᠢᠨ  ᠮᠠᠲ᠋ᠧᠷᠢᠶᠠᠯ  ᠦᠢᠯᠡᠳᠪᠦᠷᠢᠯᠡᠬᠦ  ᠂  ︽ᠱᠧᠨ  ᠬᠤᠸᠠ  ᠰᠢᠶᠧ  ᠾᠧ︾  ᠰᠠᠯᠬᠢᠨ  ᠴᠠᠬᠢᠯᠭᠠᠨ  ᠺᠣᠮᠫᠠᠨᠢ  ᠎ ᠶᠢᠨ  ᠰᠠᠯᠬᠢᠨ  ᠬᠦᠴᠦᠨ  ᠎ ᠢᠶᠠᠷ  ᠴᠠᠬᠢᠯᠭᠠᠨ   ᠭᠠᠷᠭᠠᠬᠤ  ᠵᠡᠷᠭᠡ   ᠭᠤᠣᠯᠳᠠᠯᠭ᠎ᠠ  ᠎ ᠲᠠᠢ  ᠠᠵᠤ  ᠦᠢᠯᠡᠳᠪᠦᠷᠢ  ᠎ ᠶᠢᠨ  ᠲᠥᠷᠥᠯ  ᠵᠦᠢᠯ  ᠎ ᠢ  ᠤᠷᠢᠳ  ᠬᠤᠵᠢᠳ  ᠲᠠᠲᠠᠨ  ᠣᠷᠣᠭᠤᠯᠪᠠ  ᠃  ᠬᠡᠪᠴᠢᠶᠡᠵᠢᠯ  ᠎ ᠠᠴᠠ  ᠳᠡᠭᠡᠭᠰᠢᠬᠢ  ᠠᠵᠤ  ᠦᠢᠯᠡᠳᠪᠦᠷᠢ  ᠎ ᠶᠢᠨ  ᠠᠵᠤ  ᠠᠬᠤᠶᠢᠯᠠᠯ 23 ᠡᠷᠦᠭᠡ  ᠪᠣᠯᠵᠤ  ᠂ 2003  ᠣᠨ  ᠎ ᠠᠴᠠ 12 ᠡᠷᠦᠭᠡ  ᠨᠡᠮᠡᠭᠳᠡᠨ  ᠂  ᠬᠢᠵᠠᠭᠠᠷᠯᠠᠯ  ᠎ ᠠᠴᠠ  ᠳᠡᠭᠡᠭᠰᠢᠬᠢ  ᠠᠵᠤ  ᠦᠢᠯᠡᠳᠪᠦᠷᠢ  ᠎ ᠶᠢᠨ ᠨᠡᠮᠡᠭᠳᠡᠯ  ᠥᠷᠲᠡᠭ 2.7  ᠳ᠋ᠦᠩᠰᠢᠭᠤᠷ  ᠲᠥᠭᠦᠷᠢᠭ  ᠎ ᠲᠤ  ᠬᠦᠷᠴᠦ  ᠂  ᠵᠢᠯ  ᠳᠤᠮᠳᠠᠴᠢ 49.4%  ᠎ ᠪᠠᠷ  ᠨᠡᠮᠡᠭᠳᠡᠵᠡᠢ  ᠃  ᠨᠡᠶᠢᠲᠡ  ᠎ ᠶᠢᠨ  ᠥᠮᠴᠢᠯᠡᠯ  ᠎ ᠤᠨ  ᠪᠤᠰᠤ  ᠠᠵᠤ  ᠠᠬᠤᠢ  ᠥᠷᠨᠢᠭᠦᠨ  ᠬᠥᠭᠵᠢᠵᠦ  ᠂  ᠦᠢᠯᠡᠳᠪᠦᠷᠢ  ᠬᠤᠳᠠᠯᠳᠤᠭᠠᠨ  ᠎ ᠤ  ᠬᠤᠪᠢ  ᠡᠷᠦᠭᠡ 2318  ᠪᠣᠯᠵᠤ  ᠂  ᠬᠤᠪᠢ  ᠎ ᠶᠢᠨ  ᠡᠵᠡᠩᠨᠡᠯᠲᠡ  ᠎ ᠶᠢᠨ  ᠠᠵᠤ  ᠠᠬᠤᠶᠢᠯᠠᠯ 135  ᠡᠷᠦᠬᠡ  ᠎ ᠳᠤ  ᠬᠦᠷᠦᠭᠡᠳ  ᠪᠦᠬᠦ  ᠬᠤᠰᠢᠭᠤᠨ  ᠎ ᠤ  ᠠᠵᠤ  ᠠᠬᠤᠢ  ᠎ ᠶᠢᠨ  ᠬᠥᠭᠵᠢᠯᠲᠡ  ᠎ ᠶᠢ  ᠲᠦᠯᠬᠢᠨ  ᠠᠬᠢᠭᠤᠯᠬᠤ  ᠭᠤᠣᠯ  ᠬᠦᠴᠦᠨ  ᠪᠣᠯᠵᠠᠢ  ᠃          ︵ᠭᠤᠷᠪᠠ︶   ᠵᠤᠭᠠᠴᠠᠯ  ᠎ ᠤᠨ  ᠦᠢᠯᠡᠰ  ᠰᠢᠪᠲᠤᠯᠤᠯᠲᠠ  ᠎ ᠲᠠᠢ  ᠪᠣᠯᠵᠤ  ᠂  ᠭᠤᠷᠪᠠᠳᠤᠭᠠᠷ  ᠠᠵᠤ  ᠦᠢᠯᠡᠰ  ᠥᠷᠨᠢᠭᠦᠨ  ᠬᠥᠭᠵᠢᠪᠡ  ᠃        ᠲᠠᠯ᠎ᠠ  ᠨᠤᠲᠤᠭ  ᠎ ᠤᠨ  ᠣᠨᠴᠠᠯᠢᠭᠲᠤ  ᠵᠤᠭᠠᠴᠠᠯ  ᠎ ᠤᠨ  ᠦᠢᠯᠡᠰ  ᠤᠷᠤᠭᠰᠢᠲᠠᠢ  ᠡᠬᠢᠯᠡᠵᠡᠢ  ᠃ ᠲᠠᠶᠢᠹᠤᠰᠧ  ᠬᠤᠰᠢᠭᠤᠨ  ᠎ ᠤ  ︽ᠬᠠᠭᠠᠨ  ᠎ ᠤ  ᠠᠳᠤᠭᠤᠨ  ᠬᠦᠷᠢᠶ᠎ᠡ︾  ᠵᠤᠭᠠᠴᠠᠯ  ᠎ ᠤᠨ  ᠣᠷᠣᠨ  ᠎ ᠤ  ᠪᠠᠶᠢᠭᠤᠯᠤᠯᠲᠠ  ᠎ ᠶᠢᠨ  ᠲᠦᠷᠦᠭᠦᠴᠢ  ᠬᠤᠭᠤᠴᠠᠭᠠᠨ  ᠎ ᠤ  ᠢᠨᠵᠧᠨᠧᠷᠢᠩ  ᠎ ᠢ  ᠳᠠᠭᠤᠰᠬᠠᠵᠤ  ᠂  ᠤᠯᠤᠰ  ᠎ ᠤᠨ  ᠰᠢᠯᠭᠠᠨ  ᠪᠠᠶᠢᠴᠠᠭᠠᠯᠲᠠ  ᠎ ᠪᠠᠷ  ᠳᠠᠮᠵᠢᠨ  ᠂ 3A ᠣᠳᠣᠨ  ᠲᠡᠰ  ᠎ ᠤᠨ  ᠵᠤᠭᠠᠴᠠᠯ  ᠎ ᠤᠨ  ᠣᠷᠣᠨ  ᠎ ᠢᠶᠠᠷ  ᠭᠡᠷᠡᠴᠢᠯᠡᠭᠳᠡᠭᠰᠡᠨ  ᠪᠥᠭᠡᠳ  ᠳᠡᠯᠡᠬᠡᠢ  ᠎ ᠶᠢᠨ  ᠬᠡᠪᠴᠢᠶᠡᠲᠦ  ᠰᠡᠯᠡᠭᠦᠴᠡᠯ  ᠵᠤᠭᠠᠴᠠᠯ  ᠎ ᠤᠨ  ᠣᠨᠴᠠᠯᠢᠭ  ᠎ ᠲᠠᠢ  ︽ᠵᠢᠩ  ᠵᠢᠢ︾  ᠠᠪᠠ  ᠎ ᠶᠢᠨ  ᠲᠠᠯᠠᠪᠠᠢ  ᠎ ᠶᠢᠨ  ᠭᠤᠣᠯ ᠢᠨᠵᠧᠨᠧᠷᠢᠩ  ᠎ ᠢ  ᠦᠨᠳᠦᠰᠦᠨ  ᠎ ᠳᠡᠭᠡᠨ  ᠳᠠᠭᠤᠰᠬᠠᠭᠰᠠᠨ  ᠪᠠᠶᠢᠨ᠎ᠠ  ᠃   ᠲᠠᠶᠢᠹᠤᠰᠧ  ᠬᠤᠰᠢᠭᠤᠨ  ᠎ ᠤ  ᠡᠶ᠎ᠡ  ᠵᠣᠬᠢᠴᠠᠯᠲᠦ  ᠠᠮᠢ  ᠠᠬᠤᠢ  ᠎ ᠶᠢᠨ  ᠠᠵᠤ  ᠦᠢᠯᠡᠰ  ᠎ ᠤᠨ  ᠵᠤᠭᠠᠴᠠᠯ  ᠎ ᠤᠨ  ᠣᠷᠣᠨ  ᠎ ᠨᠢ  ᠪᠣᠯᠣᠮᠵᠢᠲᠤ  ᠰᠤᠳᠤᠯᠤᠯ  ᠬᠢᠭᠡᠳ  ᠲᠥᠰᠥᠪ  ᠲᠥᠯᠥᠪᠵᠢᠭᠦᠯᠭᠡ  ᠎ ᠶᠢ ᠪᠦᠬᠦ  ᠲᠠᠯ᠎ᠠ  ᠎ ᠪᠠᠷ ᠬᠢᠵᠦ  ᠳᠠᠭᠤᠰᠬᠠᠪᠠ  ᠃ ᠠᠳᠤᠭᠤᠨ  ᠰᠣᠶᠣᠯ  ᠎ ᠤᠨ  ᠡᠬᠢ  ᠪᠠᠶᠠᠯᠢᠭ  ᠎ ᠢ  ᠭᠦᠨ  ᠲᠡᠰᠢ  ᠠᠭᠤᠳᠠᠯᠯᠠᠨ  ᠂  ᠠᠳᠤᠭᠤᠨ  ᠦᠢᠯᠡᠰ  ᠎ ᠢ  ᠪᠤᠵᠠᠭᠠᠶᠢᠷᠠᠭᠤᠯᠤᠨ  ᠬᠦᠴᠦᠷᠬᠡᠭᠵᠢᠭᠦᠯᠵᠦ  ᠂ ᠬᠤᠶᠠᠷ  ᠬᠤᠭᠤᠴᠠᠭᠠᠨ  ᠎ ᠤ  ᠬᠠᠭᠠᠨ  ᠎ ᠤ  ᠠᠳᠤᠭᠤᠨ  ᠰᠣᠶᠣᠯ  ᠎ ᠤᠨ  ᠨᠠᠶᠢᠷ  ᠵᠢᠴᠢ  ᠪᠦᠬᠦ  ᠤᠯᠤᠰ  ᠎ ᠤᠨ  ᠮᠣᠷᠢᠨ  ᠮᠡᠷᠭᠡᠵᠢᠯ  ᠎ ᠤᠨ  ᠰᠦᠯᠵᠢᠨ  ᠲᠣᠭᠤᠷᠢᠬᠤ  ᠮᠠᠩᠯᠠᠢ  ᠰᠢᠯᠭᠠᠷᠠᠭᠤᠯᠬᠤ  ᠤᠷᠤᠯᠳᠤᠭᠠᠨ  ᠎ ᠢ  ᠠᠮᠵᠢᠯᠲᠠᠲᠠᠢ  ᠡᠷᠬᠢᠯᠡᠪᠡ  ᠃  ᠮᠠᠯᠴᠢᠳ  ᠎ ᠤᠨ  ᠵᠤᠭᠠᠴᠠᠯ  ᠎ ᠤᠨ  ᠨᠡᠶᠢᠭᠡᠮᠯᠢᠭ  ᠪᠣᠯᠣᠨ  ᠮᠠᠯᠴᠢᠨ  ᠡᠷᠦᠭᠡ  ᠎ ᠶᠢᠨ  ᠵᠠᠩ  ᠦᠢᠯᠡ  ᠎ ᠶᠢᠨ  ᠵᠤᠭᠠᠴᠠᠯ  ᠎ ᠢ   ᠬᠦᠴᠦᠯᠡᠨ ᠲᠡᠳᠬᠦᠵᠦ  ᠂  ᠤᠳᠤᠨ  ᠲᠡᠰ  ᠎ ᠤᠨ  ︽ᠮᠠᠯᠴᠢᠨ  ᠠᠶᠢᠯ︾  ᠎ ᠢ 7 ᠡᠷᠦᠭᠡ  ᠎ ᠳᠤ  ᠬᠦᠷᠭᠡᠨ  ᠂  ᠮᠠᠯᠴᠢᠨ  ᠡᠷᠦᠭᠡ  ᠎ ᠶᠢᠨ  ᠵᠤᠭᠠᠴᠠᠯ  ᠎ ᠤᠨ  ᠪᠠᠷᠢᠮᠵᠢᠶᠠᠨ  ᠎ ᠳᠤ  ᠬᠦᠷᠦᠭᠰᠡᠨ  ᠡᠷᠦᠭᠡ  ᠂  ᠵᠤᠭᠠᠴᠠᠯ  ᠎ ᠤᠨ  ᠲᠣᠭᠲᠠᠮᠠᠯ  ᠨᠢᠭᠡᠴᠡ 30  ᠭᠠᠷᠤᠢ  ᠡᠷᠦᠭᠡ  ᠎ ᠳᠤ  ᠬᠦᠷᠴᠡᠢ  ᠃ ︽ᠲᠦᠮᠡᠨ  ᠲᠣᠰᠬᠤᠨ  ᠮᠢᠩᠭᠠᠨ  ᠰᠢᠶᠠᠩ︾  ᠎ ᠤᠨ  ᠵᠠᠬ᠎ᠠ  ᠳᠡᠯᠭᠡᠭᠦᠷ  ᠎ ᠤᠨ  ᠢᠨᠵᠧᠨᠧᠷᠢᠩ  ᠎ ᠢ  ᠬᠡᠷᠡᠭᠵᠢᠭᠦᠯᠵᠦ  ᠂  ᠲᠠᠷᠢᠶᠠᠴᠢᠨ  ᠠᠶᠢᠯ  ᠎ ᠤᠨ  ᠫᠦᠰᠡ 130  ᠡᠷᠦᠭᠡ  ᠂  ᠲᠣᠬᠢᠷᠠᠭᠤᠯᠤᠨ  ᠬᠦᠷᠭᠡᠬᠦ  ᠲᠥᠪ 2  ᠰᠠᠭᠤᠷᠢ  ᠎ ᠶᠢ  ᠪᠠᠶᠢᠭᠤᠯᠤᠨ  ᠂  ᠬᠥᠳᠡᠭᠡ  ᠲᠣᠰᠬᠤᠨ  ᠮᠠᠯᠵᠢᠬᠤ  ᠣᠷᠣᠨ  ᠎ ᠤ  ᠠᠷᠠᠯᠵᠢᠶ᠎ᠠ  ᠬᠤᠳᠠᠯᠳᠤᠭᠠᠨ  ᠎ ᠤ  ᠭᠦᠢᠯᠭᠡᠭᠡ  ᠨᠡᠪᠲᠡᠷᠡᠭᠡᠨ  ᠤ  ᠰᠢᠰᠲ᠋ᠧᠮᠵᠢ  ᠎ ᠶᠢ  ᠤᠯᠠᠮ  ᠲᠡᠭᠦᠯᠳᠡᠷᠵᠢᠭᠦᠯᠪᠡ  ᠃  ︽ᠵᠢᠩ  ᠪᠸᠢ︾  ᠢᠳᠡᠰᠢᠨ ᠨᠣᠭᠤᠭ᠎ᠠ ᠪᠥᠭᠡᠮ  ᠎ ᠢᠶᠠᠷ  ᠬᠤᠳᠠᠯᠳᠤᠬᠤ  ᠵᠠᠬ᠎ᠠ  ᠳᠡᠯᠭᠡᠭᠦᠷ  ᠎ ᠨᠢ  ᠤᠯᠤᠰ  ᠎ ᠤᠨ ︽ᠬᠤᠣᠰ  ᠵᠠᠭᠤᠨ  ᠎ ᠤ  ᠵᠠᠬ᠎ᠠ  ᠳᠡᠯᠭᠡᠭᠦᠷ︾  ᠎ ᠤᠨ  ᠪᠦᠲᠦᠭᠡᠨ  ᠪᠠᠶᠢᠭᠤᠯᠤᠯᠲᠠ  ᠎ ᠶᠢᠨ  ᠢᠨᠵᠧᠨᠧᠷᠢᠩ  ᠎ ᠳᠤ  ᠵᠢᠭᠰᠠᠭᠠᠭᠳᠠᠭᠰᠠᠨ  ᠪᠠᠶᠢᠨ᠎ᠠ  ᠃ 2007 ᠣᠨ  ᠎ ᠳᠤ  ᠪᠦᠬᠦ  ᠬᠤᠰᠢᠭᠤᠨ  ᠎ ᠤ  ᠨᠡᠶᠢᠭᠡᠮ  ᠎ ᠤᠨ  ᠬᠡᠷᠡᠭᠯᠡᠭᠡᠨ  ᠎ ᠤ  ᠲᠠᠸᠠᠷ ᠤᠨ ᠵᠢᠵᠢᠭᠯᠡᠨ ᠪᠣᠷᠣᠯᠠᠭᠤᠯᠤᠭᠰᠠᠨ ᠶᠡᠷᠦᠩᠬᠡᠢ ᠬᠡᠮᠵᠢᠶ᠎ᠡ 5.7 ᠳ᠋ᠦᠩᠰᠢᠭᠤᠷ ᠲᠥᠭᠦᠷᠢᠭ ᠲᠤ ᠬᠦᠷᠴᠦ᠂ 2003ᠣᠨ‌ᠡᠴᠠ 1.6 ᠲᠠᠬᠢᠨ ᠥᠰᠴᠦ  ᠂  ᠵᠢᠯ ᠪᠦᠷᠢ ᠳᠤᠮᠳᠠᠴᠢ ᠪᠠᠷ 10.5% ᠎ ᠪᠠᠷ ᠨᠡᠮᠡᠭᠳᠡᠵᠡᠢ  ᠃          ︵ᠳᠥᠷᠪᠡ︶  ᠲᠣᠭᠲᠠᠮᠠᠯ ᠬᠥᠷᠥᠩᠭᠡ  ᠎ ᠶᠢᠨ  ᠪᠡᠯᠡ  ᠣᠷᠤᠭᠤᠯᠤᠯᠲᠠ  ᠰᠢᠷᠦᠭᠦᠰᠴᠦ  ᠂  ᠬᠤᠲᠠ  ᠬᠥᠳᠡᠭᠡ  ᠎ ᠶᠢᠨ  ᠲᠥᠷᠬᠦ  ᠪᠠᠶᠢᠳᠠᠯ  ᠶᠡᠭᠡ  ᠎ ᠪᠠᠷ  ᠬᠤᠪᠢᠷᠠᠪᠠ  ᠃          ᠳᠥᠷᠪᠡᠨ ᠵᠢᠯ ᠤᠨ ᠲᠤᠷᠰᠢ  ᠂  ᠪᠦᠬᠦ ᠨᠡᠶᠢᠭᠡᠮ ᠤᠨ ᠲᠣᠭᠲᠠᠮᠠᠯ ᠬᠥᠷᠥᠩᠭᠡ ᠶᠢᠨ ᠪᠡᠯᠡ ᠣᠷᠤᠭᠤᠯᠤᠯᠲᠠ ᠨᠡᠶᠢᠲᠡ 25 ᠳ᠋ᠦᠩᠰᠢᠭᠤᠷ ᠲᠥᠭᠦᠷᠢᠭ ᠢ ᠪᠡᠶᠡᠯᠡᠭᠦᠯᠵᠦ  ᠂  ᠡᠨᠡ ᠨᠢ ᠳᠡᠭᠡᠷ᠎ᠡ ᠳᠥᠷᠪᠡᠨ ᠵᠢᠯ ᠤᠨ 3 ᠲᠠᠬᠢᠨ ᠪᠠᠶᠢᠵᠤ  ᠂  ᠵᠢᠯ  ᠪᠦᠷᠢ  ᠳᠤᠮᠳᠠᠴᠢ  ᠎ ᠪᠠᠷ 31%  ᠎ ᠢᠶᠠᠷ  ᠨᠡᠮᠡᠭᠳᠡᠵᠡᠢ  ᠃ ︽207︾  ᠱᠤᠭᠤᠮ  ᠎ ᠤᠨ  ᠪᠤᠤᠴᠠᠩ  ᠎ ᠠᠴᠠ  ᠰᠠᠩ  ᠎ ᠤᠨ  ᠳᠠᠯᠠᠢ  ᠬᠦᠷᠬᠦ  ᠨᠢᠭᠡᠳᠦᠭᠡᠷ  ᠲᠡᠰ  ᠎ ᠤᠨ  ᠵᠠᠰᠠᠮᠠᠯ  ᠵᠠᠮ  ᠂ ᠾᠸᠤ ᠹᠠᠩ  ᠽᠢ  ᠎ ᠠᠴᠠ  ᠬᠥᠬᠡᠬᠤᠲᠠ ᠬᠠᠶᠢᠯᠠᠷ  ᠎ ᠤᠨ ᠶᠡᠭᠡ  ᠵᠠᠮ ᠬᠦᠷᠬᠦ ᠬᠤᠶᠠᠳᠤᠭᠠᠷ ᠲᠡᠰ ᠤᠨ ᠵᠠᠰᠠᠮᠠᠯ ᠵᠠᠮ ᠤᠨ ᠪᠠᠶᠢᠭᠤᠯᠤᠯᠲᠠ ᠶᠢ ᠡᠬᠢᠯᠡᠭᠦᠯᠵᠦ  ᠂  ᠪᠤᠤᠴᠠᠩ ᠠᠴᠠ ᠰᠠᠨ ᠬᠤᠤ ᠳ᠋ᠢ  ᠬᠦᠷᠬᠦ ᠥᠨᠳᠥᠷ ᠬᠤᠷᠳᠤᠴᠠᠲᠤ ᠵᠠᠰᠠᠮᠠᠯ ᠵᠠᠮ ᠤᠨ  ᠤᠷᠢᠳᠴᠢᠯᠠᠭᠰᠠᠨ  ᠲᠥᠰᠥᠪ  ᠎ ᠢ  ᠭᠠᠷᠭᠠᠵᠤ  ᠂ ᠬᠤᠰᠢᠭᠤ  ᠪᠠ  ᠰᠤᠮᠤ  ᠰᠢᠶᠠᠩ   ᠪᠠᠯᠭᠠᠰᠤᠨ  ᠎ ᠤ  ᠬᠤᠭᠤᠷᠣᠨᠳᠤᠬᠢ  ᠲᠣᠰᠣᠨ  ᠵᠠᠮ  ᠨᠡᠶᠢᠲᠡ 174  ᠺᠢᠯᠤᠮᠧᠲᠷ  ᠎ ᠢ  ᠰᠢᠨ᠎ᠡ  ᠎ ᠪᠠᠷ  ᠪᠠᠶᠢᠭᠤᠯᠤᠭᠰᠠᠨ  ᠪᠠ   ᠰᠢᠨᠡᠳᠬᠡᠵᠦ  ᠂  ᠰᠢᠶᠠᠩ ᠪᠦᠷᠢ  ᠎ ᠳᠤ  ᠲᠣᠰᠣᠨ  ᠵᠠᠮ  ᠨᠡᠪᠲᠡᠷᠡᠬᠦ  ᠎ ᠶᠢ  ᠪᠡᠶᠡᠯᠡᠭᠦᠯᠪᠡ  ᠃ ᠲᠣᠰᠬᠤᠨ  ᠎ ᠳᠤ  ᠨᠡᠪᠲᠡᠷᠡᠬᠦ  ᠬᠠᠶᠢᠷ  ᠴᠢᠯᠠᠭᠤᠨ  ᠵᠠᠮ  ᠨᠡᠶᠢᠲᠡ 434  ᠺᠢᠯᠤᠮᠧᠲᠷ  ᠰᠢᠨ᠎ᠡ  ᠎ ᠪᠠᠷ  ᠪᠠᠶᠢᠭᠤᠯᠤᠨ  ᠂  ᠪᠦᠬᠦ  ᠬᠤᠰᠢᠭᠤᠨ  ᠎ ᠤ  ᠵᠠᠰᠠᠮᠠᠯ  ᠵᠠᠮ  ᠎ ᠤᠨ  ᠶᠡᠷᠦᠩᠬᠡᠢ  ᠤᠷᠲᠤ 1217  ᠺᠢᠯᠤᠮᠧᠲᠷ  ᠎ ᠲᠤ  ᠬᠦᠷᠭᠡᠪᠡ  ᠃ ᠲᠠᠷᠢᠶᠠᠯᠠᠩ  ᠎ ᠤᠨ  ᠴᠠᠬᠢᠯᠭᠠᠨ  ᠎ ᠢ  ᠥᠭᠡᠷᠡᠴᠢᠯᠡᠬᠦ  ᠪᠠ  ᠪᠦᠷᠢᠨᠰᠢᠭᠦᠯᠬᠦ  ᠢᠨᠵᠧᠨᠧᠷᠢᠩ  ᠎ ᠢ  ᠳᠠᠭᠤᠰᠬᠠᠨ  ᠂  ᠬᠤᠲᠠ  ᠎ ᠶᠢᠨ  ᠴᠠᠬᠢᠯᠭᠠᠨ  ᠲᠣᠣᠷ  ᠎ ᠤᠨ  ᠲᠦᠷᠦᠭᠦᠴᠢ  ᠬᠤᠭᠤᠴᠠᠭᠠᠨ  ᠎ ᠤ  ᠥᠭᠡᠷᠡᠴᠢᠯᠡᠯᠲᠡ  ᠎ ᠶᠢᠨ  ᠢᠨᠵᠧᠨᠧᠷᠢᠩ  ᠎ ᠢ  ᠬᠡᠷᠡᠭᠵᠢᠭᠦᠯᠵᠦ  ᠂  ᠬᠤᠶᠠᠳᠤᠭᠠᠷ  ᠬᠤᠭᠤᠴᠠᠭᠠᠨ  ᠎ ᠤ  ᠲᠥᠷᠥᠯ  ᠵᠦᠢᠯ  ᠎ ᠢ  ᠡᠬᠢᠯᠡᠭᠦᠯᠵᠡᠢ  ᠃ ᠡᠯ᠎ᠡ ᠲᠥᠷᠥᠯ ᠤᠨ ᠴᠢᠮᠡᠭᠡ  ᠬᠤᠯᠪᠣᠭᠠᠨ  ᠎ ᠤ  ᠰᠠᠭᠤᠷᠢᠨ  ᠥᠷᠲᠡᠭᠡ 139  ᠎ ᠶᠢ  ᠰᠢᠨ᠎ᠡ  ᠎ ᠪᠠᠷ  ᠪᠠᠶᠢᠭᠤᠯᠵᠤ  ᠂ ᠥᠷᠭᠡᠨ  ᠪᠦᠰᠡᠲᠦ  ᠰᠦᠯᠵᠢᠶ᠎ᠡ  ᠪᠣᠯᠣᠨ  ᠰᠢᠶᠤᠤ  ᠯᠢᠨ  ᠲᠦᠩ  ᠎ ᠤ  ᠦᠢᠯᠡᠴᠢᠯᠡᠭᠡ  ᠎ ᠶᠢ  ᠨᠡᠪᠲᠡᠷᠡᠭᠦᠯᠦᠨ  ᠂  ᠲᠣᠭᠲᠠᠮᠠᠯ  ᠪᠠ  ᠰᠢᠯᠵᠢᠮᠡᠯ  ᠳ᠋ᠢᠶᠠᠩᠬᠤᠸᠠ  ᠎ ᠶᠢᠨ  ᠲᠦᠭᠡᠭᠡᠮᠡᠯᠵᠢᠯ  ᠎ ᠤᠨ  ᠨᠣᠷᠮ᠎ᠠ  ᠲᠣᠰᠪᠤᠷᠢ  ᠵᠠᠭᠤᠨ  ᠬᠥᠮᠥᠨ  ᠎ ᠳᠤ 15  ᠪᠠ 19  ᠨᠣᠭᠳᠠᠵᠠᠢ  ᠃ ᠬᠤᠲᠠ  ᠪᠠᠯᠭᠠᠰᠤᠨ  ᠎ ᠤ  ᠪᠦᠲᠦᠭᠡᠨ  ᠪᠠᠶᠢᠭᠤᠯᠤᠯᠲᠠ  ᠎ ᠶᠢᠨ  ᠲᠠᠯ᠎ᠠ  ᠎ ᠪᠠᠷ  ᠂  ᠪᠤᠤᠴᠠᠩ  ᠪᠠᠯᠭᠠᠰᠤ ᠪᠠᠷ  ᠭᠤᠣᠯ ᠪᠣᠯᠭᠠᠵᠤ  ᠂  ᠨᠡᠶᠢᠲᠡ  ᠎ ᠶᠢᠨ  ᠬᠡᠷᠡᠭᠯᠡᠭᠡᠨ  ᠎ ᠤ  ᠰᠠᠭᠤᠷᠢ  ᠲᠥᠬᠦᠭᠡᠷᠦᠮᠵᠢ  ᠪᠣᠯᠣᠨ  ᠣᠷᠣᠨ  ᠰᠠᠭᠤᠴᠠ  ᠎ ᠶᠢᠨ  ᠪᠠᠷᠢᠯᠭ᠎ᠠ  ᠎ ᠶᠢᠨ  ᠪᠦᠲᠦᠭᠡᠨ  ᠪᠠᠶᠢᠭᠤᠯᠤᠯᠲᠠ  ᠎ ᠳᠤ  ᠨᠡᠶᠢᠲᠡ 6.22  ᠳ᠋ᠦᠩᠰᠢᠭᠤᠷ  ᠲᠥᠭᠦᠷᠢᠭ  ᠎ ᠤᠨ  ᠪᠡᠯᠡ  ᠣᠷᠣᠭᠤᠯᠵᠤ  ᠂  ᠬᠤᠲᠠ  ᠪᠠᠯᠭᠠᠰᠤᠨ  ᠎ ᠤ  ᠴᠢᠳᠠᠪᠬᠢ  ᠎ ᠶᠢ  ᠲᠡᠰᠦᠷᠡᠯᠲᠡ  ᠦᠭᠡᠢ  ᠶᠡᠬᠡᠰᠬᠡᠵᠦ  ᠂  ᠬᠠᠮᠢᠶᠠᠷᠤᠯᠲᠠ  ᠎ ᠶᠢᠨ  ᠲᠦᠪᠰᠢᠨ  ᠎ ᠢ  ᠴᠢᠨᠠᠭᠰᠢᠳᠠ  ᠨᠡᠮᠡᠭᠳᠡᠭᠦᠯᠦᠨ  ᠂  ᠪᠤᠤᠴᠠᠩ  ᠪᠠᠯᠭᠠᠰᠤ  ᠎ ᠨᠢ ᠥᠪᠡᠷᠲᠡᠭᠡᠨ  ᠵᠠᠰᠠᠬᠤ ᠣᠷᠣᠨ ᠤ  ᠵᠢᠷᠭᠤᠭᠠᠨ ᠣᠳᠣᠨ ᠲᠡᠰ  ᠎ ᠤᠨ  ᠪᠣᠯᠪᠠᠰᠤᠨ ᠬᠤᠲᠠ  ᠪᠠᠯᠭᠠᠰᠤ  ᠪᠣᠯᠣᠨ  ᠠᠶᠢᠮᠠᠭ  ᠎ ᠤᠨ ᠲᠡᠰ ᠤᠨ ᠡᠷᠡᠭᠦᠯ  ᠬᠠᠮᠠᠭᠠᠯᠠᠯ  ᠎ ᠤᠨ  ᠬᠤᠲᠠ  ᠪᠠᠯᠭᠠᠰᠤ  ᠎ ᠪᠠᠷ ᠦᠨᠡᠯᠡᠭᠳᠡᠭᠰᠡᠨ ᠪᠠᠶᠢᠨ᠎ᠠ  ᠃          ︵ᠲᠠᠪᠤ︶  ᠡᠯ᠎ᠡ  ᠲᠥᠷᠥᠯ  ᠎ ᠤᠨ  ᠥᠭᠡᠷᠡᠴᠢᠯᠡᠯᠲᠡ  ᠎ ᠶᠢ  ᠭᠦᠨᠵᠡᠭᠡᠢ  ᠠᠬᠢᠭᠤᠯᠵᠤ  ᠂  ᠭᠠᠳᠠᠭᠰᠢ  ᠨᠡᠭᠡᠭᠡᠯᠲᠡ  ᠮᠡᠳᠡᠭᠳᠡᠮ᠎ᠡ  ᠦᠷ᠎ᠡ  ᠪᠦᠲᠦᠮᠵᠢ  ᠣᠯᠪᠠ  ᠃        ᠤᠯᠤᠰ  ᠎ ᠤᠨ  ᠥᠮᠴᠢᠯᠡᠯᠲᠦ  ᠠᠵᠤ  ᠠᠬᠤᠶᠢᠯᠠᠯ  ᠎ ᠤᠨ  ᠥᠭᠡᠷᠡᠴᠢᠯᠡᠯᠲᠡ  ᠂  ᠠᠮᠤ  ᠦᠷ᠎ᠡ  ᠎ ᠶᠢᠨ  ᠭᠦᠢᠯᠭᠡᠭᠡᠨ  ᠎ ᠤ  ᠪᠠᠶᠢᠭᠤᠯᠤᠯ  ᠎ ᠤᠨ  ᠥᠭᠡᠷᠡᠴᠢᠯᠡᠯᠲᠡ  ᠂  ᠬᠥᠳᠡᠭᠡ  ᠲᠣᠰᠬᠤᠨ  ᠮᠠᠯᠵᠢᠬᠤ  ᠣᠷᠣᠨ  ᠎ ᠤ  ᠶᠡᠷᠦᠩᠬᠡᠶᠢᠯᠡᠭᠰᠡᠨ  ᠥᠭᠡᠷᠡᠴᠢᠯᠡᠯᠲᠡ  ᠂  ᠢᠲᠡᠭᠡᠮᠵᠢ  ᠎ ᠶᠢᠨ  ᠬᠤᠷᠰᠢᠶᠠᠨ  ᠎ ᠤ  ᠥᠭᠡᠷᠡᠴᠢᠯᠡᠯᠲᠡ  ᠦᠨᠳᠦᠰᠦᠨ  ᠎ ᠳᠡᠭᠡᠨ  ᠪᠡᠶᠡᠯᠡᠭᠳᠡᠵᠦ  ︔  ᠭᠠᠵᠠᠷ  ᠰᠢᠷᠣᠢ  ᠎ ᠶᠢᠨ  ᠡᠯᠰᠡᠨ  ᠲᠠᠲᠠᠪᠤᠷᠢᠯᠠᠬᠤ  ᠬᠠᠮᠢᠶᠠᠷᠤᠯᠲᠠ  ᠎ ᠶᠢᠨ  ᠥᠭᠡᠷᠡᠴᠢᠯᠡᠯᠲᠡ  ᠲᠠᠰᠤᠷᠠᠯᠲᠠ  ᠦᠭᠡᠢ  ᠭᠦᠨᠵᠡᠭᠡᠶᠢᠷᠡᠨ  ᠂  ᠭᠠᠵᠠᠷ  ᠰᠢᠷᠣᠢ  ᠬᠤᠷᠢᠶᠠᠨ  ᠨᠥᠭᠡᠴᠡᠯᠡᠬᠦ  ᠪᠠ  ᠳᠠᠭᠠᠭᠠᠴᠢᠯᠠᠯᠲᠠ  ᠵᠠᠷᠯᠠᠬᠤ  ᠂  ᠦᠨ᠎ᠡ  ᠬᠠᠶᠠᠯᠴᠠᠨ  ᠬᠤᠳᠠᠯᠳᠤᠬᠤ  ᠵᠡᠷᠭᠡ  ᠳᠦᠷᠢᠮ  ᠲᠣᠭᠲᠠᠭᠠᠯ  ᠎ ᠢ  ᠪᠦᠬᠦ  ᠲᠠᠯ᠎ᠠ  ᠎ ᠪᠠᠷ  ᠪᠠᠶᠢᠭᠤᠯᠵᠤ  ︔  ᠵᠠᠰᠠᠭ  ᠎ ᠤᠨ  ᠣᠷᠳᠣᠨ  ᠎ ᠠᠴᠠ  ᠬᠤᠳᠠᠯᠳᠤᠨ  ᠠᠪᠬᠤ  ᠂  ᠣᠷᠣᠯᠭ᠎ᠠ  ᠵᠠᠷᠤᠯᠭ᠎ᠠ  ᠎ ᠶᠢᠨ  ᠠᠰᠲᠠᠭᠠᠨ  ᠱᠤᠭᠤᠮ  ᠵᠡᠷᠭᠡ  ᠡᠳ᠋  ᠎ ᠤᠨ  ᠵᠠᠰᠠᠭ  ᠎ ᠤᠨ  ᠬᠠᠮᠢᠶᠠᠷᠤᠯᠲᠠ  ᠎ ᠶᠢᠨ  ᠪᠠᠶᠢᠭᠤᠯᠤᠯ  ᠎ ᠤᠨ  ᠥᠭᠡᠷᠡᠴᠢᠯᠡᠯᠲᠡ  ᠴᠦ  ᠤᠷᠤᠭᠰᠢᠲᠠᠢ  ᠶᠠᠪᠤᠭᠳᠠᠨ  ᠂  ᠨᠡᠶᠢᠲᠡ  ᠎ ᠶᠢᠨ  ᠡᠳ᠋  ᠎ ᠤᠨ  ᠵᠠᠰᠠᠭ  ᠎ ᠤᠨ  ᠰᠢᠰᠲ᠋ᠧᠮᠵᠢ  ᠠᠩᠬ᠎ᠠ  ᠠᠯᠬᠤᠮ  ᠪᠦᠷᠢᠯᠳᠦᠵᠦ  ︔  ᠵᠠᠰᠠᠭ  ᠵᠠᠬᠢᠷᠭᠠᠨ  ᠎ ᠤ  ᠬᠤᠪᠢᠶᠠᠷᠢᠯᠠᠯ  ᠎ ᠤᠨ  ᠲᠣᠬᠢᠷᠠᠭᠤᠯᠭ᠎ᠠ  ᠎ ᠶᠢ  ᠠᠮᠵᠢᠯᠲᠠᠲᠠᠢ  ᠪᠡᠶᠡᠯᠡᠭᠦᠯᠦᠨ  ᠂  ᠰᠤᠮᠤ  ᠰᠢᠶᠠᠩ  ᠪᠠᠯᠭᠠᠰᠤ  ᠎ ᠶᠢ 6  ᠪᠣᠯᠭᠠᠨ  ᠴᠣᠮᠬᠠᠳᠬᠠᠪᠠ  ᠃  ᠠᠷᠠᠯᠵᠢᠶᠠᠴᠢᠨ  ᠤᠷᠢᠵᠤ  ᠪᠡᠯᠡ  ᠲᠠᠲᠠᠬᠤ  ᠠᠵᠢᠯ  ᠶᠡᠬᠡᠬᠡᠨ  ᠰᠢᠪᠲᠤᠯᠤᠯᠲᠠ  ᠎ ᠲᠠᠢ  ᠪᠣᠯᠵᠤ  ᠂  ᠳᠥᠷᠪᠡᠨ  ᠵᠢᠯ  ᠎ ᠳᠤ 98 ᠲᠥᠷᠥᠯ ᠵᠦᠢᠯ ᠳᠤ 10.4ᠳ᠋ᠦᠩᠰᠢᠭᠤᠷ ᠲᠥᠭᠦᠷᠢᠭ  ᠎ ᠤᠨ ᠪᠡᠯᠡ ᠣᠷᠣᠭᠤᠯᠵᠤ᠂ ᠪᠡᠯᠡ  ᠮᠥᠩᠭᠦ  ᠎ ᠶᠢ ᠣᠷᠣᠨ ᠪᠠᠶᠢᠷᠢ ᠳᠤᠨᠢ ᠬᠦᠷᠦᠭᠦᠯᠦᠭᠡᠳ᠂ ᠡᠨᠡ  ᠎ ᠨᠢ ᠳᠡᠭᠡᠷ᠎ᠡ ᠳᠦᠷᠪᠡᠨ  ᠵᠢᠯ ᠠᠴᠠ 5 ᠲᠠᠬᠢᠨ ᠨᠡᠮᠡᠭᠳᠡᠭᠰᠡᠨ  ᠪᠠᠶᠢᠨ᠎ᠠ  ᠃          ︵ᠵᠢᠷᠭᠤᠭ᠎ᠠ︶  ᠡᠳ᠋  ᠎ ᠤᠨ  ᠶᠠᠪᠤᠳᠠᠯ  ᠎ ᠤᠨ  ᠪᠠᠲᠤᠯᠠᠭᠠᠨ  ᠎ ᠤ  ᠴᠢᠳᠠᠪᠤᠷᠢ  ᠨᠡᠮᠡᠭᠳᠡᠵᠦ  ᠂  ᠠᠷᠠᠳ  ᠎ ᠤᠨ  ᠠᠮᠢᠳᠤᠷᠠᠯ  ᠮᠡᠳᠡᠭᠳᠡᠬᠦᠶᠢᠴᠡ  ᠰᠠᠶᠢᠵᠢᠷᠠᠪᠠ  ᠃        ᠡᠳ᠋  ᠎ ᠤᠨ  ᠵᠠᠰᠠᠭ  ᠎ ᠤᠨ  ᠰᠤᠷᠪᠤᠯᠵᠢ  ᠎ ᠶᠢ  ᠢᠳᠡᠪᠬᠢᠲᠡᠢ  ᠪᠣᠶᠢᠵᠢᠭᠤᠯᠵᠤ  ᠂  ᠭᠠᠶᠢᠯᠢ  ᠬᠤᠷᠢᠶᠠᠵᠤ  ᠲᠠᠲᠠᠪᠤᠷᠢᠯᠠᠬᠤ  ᠬᠠᠮᠢᠶᠠᠷᠤᠯᠲᠠ  ᠎ ᠶᠢ  ᠴᠢᠩᠭᠠᠳᠬᠠᠨ  ᠂ ᠡᠳ᠋  ᠎ ᠤᠨ  ᠵᠠᠰᠠᠭ  ᠎ ᠤᠨ  ᠣᠷᠣᠯᠭ᠎ᠠ  ᠎ ᠶᠢᠨ  ᠦᠷᠭᠦᠯᠵᠢᠯᠡᠭᠰᠡᠨ  ᠨᠡᠮᠡᠭᠳᠡᠯ  ᠎ ᠢ  ᠪᠠᠲᠤᠯᠠᠵᠤ  ᠳᠡᠶᠢᠯᠵᠡᠢ  ᠃  ᠨᠡᠶᠢᠲᠡ  ᠎ ᠶᠢᠨ  ᠡᠳ᠋  ᠎ ᠤᠨ  ᠵᠠᠰᠠᠭ  ᠎ ᠤᠨ  ᠱᠠᠭᠠᠷᠳᠠᠯᠭ᠎ᠠ  ᠶᠣᠰᠣᠭᠠᠷ  ᠂  ᠡᠷᠭᠢᠯᠲᠡ  ᠎ ᠶᠢ  ᠪᠠᠲᠤᠯᠠᠵᠤ  ᠂  ᠲᠤᠰᠬᠠᠢ  ᠲᠥᠷᠥᠯ  ᠎ ᠢ  ᠪᠠᠲᠤᠯᠠᠵᠤ  ᠂  ᠲᠣᠭᠲᠠᠭᠤᠨ  ᠎ ᠢ  ᠪᠠᠲᠤᠯᠠᠵᠤ  ᠂  ᠬᠥᠭᠵᠢᠯᠲᠡ  ᠎ ᠶᠢ  ᠠᠬᠢᠭᠤᠯᠬᠤ  ᠎ ᠶᠢᠨ  ᠬᠠᠮᠲᠤ  ᠂  ᠨᠡᠶᠢᠭᠡᠮ  ᠎ ᠤᠨ  ᠪᠠᠲᠤᠯᠠᠭ᠎ᠠ  ᠂  ᠰᠤᠷᠭᠠᠨ  ᠬᠥᠮᠥᠵᠢᠯ  ᠂  ᠡᠷᠡᠭᠦᠯ  ᠬᠠᠮᠠᠭᠠᠯᠠᠯ  ᠵᠡᠷᠭᠡ  ᠬᠠᠮᠲᠤ  ᠨᠡᠶᠢᠲᠡ  ᠎ ᠶᠢᠨ  ᠬᠦᠷᠢᠶ᠎ᠡ  ᠬᠡᠪᠴᠢᠶᠡᠨ  ᠎ ᠳᠠᠬᠢ  ᠣᠷᠤᠭᠤᠯᠤᠯᠲᠠ  ᠎ ᠶᠢ  ᠭᠤᠣᠯᠳᠠᠯᠭ᠎ᠠ  ᠎ ᠲᠠᠢ  ᠶᠡᠬᠡᠰᠬᠡᠪᠡ  ᠃  ᠳᠥᠷᠪᠡᠨ  ᠵᠢᠯ  ᠎ ᠳᠤ  ᠡᠳ᠋  ᠎ ᠤᠨ  ᠵᠠᠰᠠᠭ  ᠎ ᠤᠨ  ᠵᠠᠷᠤᠯᠭ᠎ᠠ  ᠨᠡᠶᠢᠲᠡ 13.7  ᠳ᠋ᠦᠩᠰᠢᠭᠤᠷ  ᠲᠥᠭᠦᠷᠢᠭ  ᠎ ᠲᠤ  ᠬᠦᠷᠴᠦ  ᠂  ᠲᠠᠷᠢᠶᠠᠯᠠᠬᠤ  ᠎ ᠶᠢ  ᠵᠣᠭᠰᠣᠭᠠᠵᠤ  ᠣᠶᠢᠵᠢᠭᠤᠯᠵᠤ  ᠡᠪᠡᠰᠦᠵᠢᠭᠦᠯᠬᠦ  ᠂  ᠪᠡᠯᠴᠢᠭᠡᠷᠯᠡᠭᠦᠯᠬᠦ  ᠎ ᠶᠢ  ᠵᠣᠭᠰᠣᠭᠠᠨ  ᠬᠠᠰᠢᠶᠠᠯᠠᠵᠤ  ᠮᠠᠯᠵᠢᠬᠤ  ᠂  ᠠᠮᠤ  ᠦᠷ᠎ᠡ  ᠎ ᠶᠢᠨ  ᠰᠢᠭᠤᠳ  ᠨᠥᠬᠦᠪᠦᠷᠢ  ᠵᠡᠷᠭᠡ  ᠡᠯ᠎ᠡ  ᠲᠥᠷᠥᠯ  ᠎ ᠤᠨ  ᠨᠥᠬᠦᠪᠦᠷᠢ  ᠨᠡᠶᠢᠲᠡ 3  ᠳ᠋ᠦᠩᠰᠢᠭᠤᠷ  ᠭᠠᠷᠤᠢ  ᠲᠥᠭᠦᠷᠢᠭ  ᠎ ᠢ  ᠲᠠᠷᠬᠠᠭᠠᠵᠤ  ᠂  ᠬᠤᠪᠢ  ᠬᠥᠮᠥᠨ  ᠎ ᠤ  ᠬᠡᠰᠡᠭ 63.7%᠎ ᠪᠠᠷ  ᠨᠡᠮᠡᠭᠳᠡᠨ  ᠂  ᠬᠥᠳᠡᠭᠡ  ᠲᠣᠰᠬᠤᠨ  ᠎ ᠤ  ᠨᠡᠶᠢᠲᠡ  ᠎ ᠶᠢᠨ  ᠵᠠᠷᠤᠳᠠᠯ  ᠲᠠᠬᠢᠨ  ᠎ ᠢᠶᠠᠷ  ᠥᠰᠦᠭᠰᠡᠨ  ᠪᠠᠶᠢᠨ᠎ᠠ  ᠃  ᠡᠨᠡ  ᠵᠢᠯ  ᠎ ᠤᠨ  ᠡᠳ᠋  ᠎ ᠤᠨ  ᠵᠠᠰᠠᠭ  ᠎ ᠤᠨ  ᠵᠠᠷᠤᠯᠭ᠎ᠠ  ᠪᠠᠷᠤᠭ 4.2  ᠳ᠋ᠦᠩᠰᠢᠭᠤᠷ  ᠲᠥᠭᠦᠷᠢᠭ  ᠬᠦᠷᠴᠦ  ᠂ 2003  ᠣᠨ  ᠎ ᠤ 3.24  ᠲᠠᠬᠢᠨ  ᠪᠣᠯᠵᠠᠢ  ᠃        ᠬᠤᠲᠠ  ᠬᠥᠳᠡᠭᠡ  ᠎ ᠶᠢᠨ  ᠰᠠᠭᠤᠭᠠᠯᠢ  ᠠᠷᠠᠳ  ᠎ ᠤᠨ  ᠣᠷᠣᠯᠭ᠎ᠠ  ᠶᠡᠭᠡ  ᠬᠡᠮᠵᠢᠶ᠎ᠡ  ᠎ ᠪᠠᠷ  ᠨᠡᠮᠡᠭᠳᠡᠪᠡ  ᠃ 2007  ᠣᠨ  ᠎ ᠳᠤ  ᠬᠤᠲᠠ  ᠪᠠᠯᠭᠠᠰᠤᠨ  ᠎ ᠤ  ᠰᠠᠭᠤᠭᠠᠯᠢ  ᠠᠷᠠᠳ  ᠎ ᠤᠨ  ᠬᠥᠮᠥᠨ  ᠳᠤᠮᠳᠠᠴᠢ  ᠲᠣᠬᠢᠷᠠᠭᠤᠯᠵᠤ  ᠪᠣᠯᠬᠤᠶᠢᠴᠠ  ᠣᠷᠣᠯᠭ᠎ᠠ 8500 ᠲᠥᠭᠦᠷᠢᠭ  ᠂  ᠲᠠᠷᠢᠶᠠᠴᠢᠨ  ᠮᠠᠯᠴᠢᠨ  ᠎ ᠤ  ᠬᠥᠮᠥᠨ  ᠳᠤᠮᠳᠠᠴᠢ  ᠴᠡᠪᠡᠷ  ᠣᠷᠣᠯᠭ᠎ᠠ  ᠲᠣᠰᠪᠤᠷᠢ 3200 ᠪᠠ 4300 ᠲᠥᠭᠦᠷᠢᠭ  ᠎ ᠲᠤ  ᠬᠦᠷᠴᠦ  ᠂ 2003  ᠣᠨ  ᠎ ᠠᠴᠠ  ᠲᠣᠰᠪᠤᠷᠢ 63%  ᠂ 93%  ᠪᠠ 92%  ᠎ ᠢᠶᠠᠷ ᠨᠡᠮᠡᠭᠳᠡᠵᠡᠢ  ᠃  ᠬᠤᠲᠠ  ᠬᠥᠳᠡᠭᠡ  ᠎ ᠶᠢᠨ  ᠰᠠᠭᠤᠭᠠᠯᠢ  ᠠᠷᠠᠳ  ᠎ ᠤᠨ  ᠬᠠᠳᠠᠭᠠᠯᠠᠮᠵᠢ  ᠎ ᠶᠢᠨ  ᠦᠯᠡᠳᠡᠪᠦᠷᠢ 7  ᠳ᠋ᠦᠩᠰᠢᠭᠤᠷ  ᠲᠥᠭᠦᠷᠢᠭ  ᠎ ᠲᠤ  ᠬᠦᠷᠴᠦ  ᠂ 2003  ᠣᠨ  ᠎ ᠠᠴᠠ  ᠨᠢᠭᠡ  ᠲᠠᠬᠢᠨ ᠥᠰᠪᠡ  ᠃ ᠶᠠᠳᠠᠭᠤ  ᠎ ᠶᠢ  ᠲᠡᠳᠬᠦᠵᠦ  ᠨᠡᠭᠡᠭᠡᠨ  ᠬᠥᠭᠵᠢᠭᠦᠯᠬᠦ  ᠪᠡᠯᠡ  ᠮᠥᠩᠭᠦ  ᠨᠡᠶᠢᠲᠡ 2523 ᠲᠦᠮᠡᠨ  ᠲᠥᠭᠦᠷᠢᠭ  ᠣᠷᠣᠭᠤᠯᠵᠤ  ᠂ ᠶᠠᠳᠠᠭᠤ  ᠬᠦᠴᠢᠷᠳᠡᠯᠲᠡᠢ  ᠬᠥᠮᠥᠨ  ᠠᠮᠠ 2003  ᠣᠨ  ᠎ ᠳᠤ 9.2  ᠲᠦᠮᠡ  ᠪᠠᠶᠢᠭᠰᠠᠨ  ᠎ ᠠᠴᠠ  ᠎ ᠪᠠᠨ  ᠬᠠᠰᠤᠭᠳᠠᠨ 4.85  ᠲᠦᠮᠡᠨ  ᠬᠥᠮᠥᠨ  ᠪᠣᠯᠵᠠᠢ  ᠃            ︵ᠳᠣᠯᠤᠭ᠎ᠠ︶  ᠨᠡᠶᠢᠭᠡᠮ  ᠎ ᠤᠨ ᠪᠠᠲᠤᠯᠠᠭᠠᠨ  ᠎ ᠤ  ᠴᠢᠳᠠᠪᠤᠷᠢ  ᠢᠯᠡᠳᠲᠡ  ᠴᠢᠩᠭᠠᠷᠠᠵᠤ  ᠂  ᠡᠯ᠎ᠡ  ᠲᠥᠷᠥᠯ  ᠎ ᠤᠨ ᠦᠢᠯᠡᠰ  ᠪᠦᠬᠦ  ᠲᠠᠯ᠎ᠠ  ᠎ ᠪᠠᠷ  ᠳᠠᠪᠰᠢᠪᠠ  ᠃        ᠠᠵᠢᠯ  ᠣᠯᠭᠤᠬᠤ  ᠂  ᠲᠠᠬᠢᠨ  ᠠᠵᠢᠯ  ᠣᠯᠭᠤᠬᠤ  ᠲᠥᠷᠥ  ᠎ ᠶᠢᠨ  ᠪᠣᠳᠣᠯᠭ᠎ᠠ  ᠎ ᠶᠢ  ᠨᠢᠮᠪᠠᠢ  ᠲᠣᠣᠱᠯᠠᠭᠤᠯᠵᠦ  ᠂  ᠦᠨᠳᠦᠰᠦᠨ  ᠱᠠᠲᠤᠨ  ᠎ ᠤ  ᠠᠵᠢᠯ  ᠣᠯᠭᠤᠬᠤ  ᠦᠢᠯᠡᠴᠢᠯᠡᠭᠡᠨ  ᠎ ᠤ  ᠰᠢᠰᠲ᠋ᠧᠮᠵᠢ  ᠪᠠ  ᠬᠥᠳᠡᠯᠮᠦᠷᠢ  ᠎ ᠶᠢᠨ  ᠪᠠᠲᠤᠯᠠᠭᠠᠨ  ᠎ ᠤ  ᠦᠢᠯᠡᠴᠢᠯᠡᠭᠡᠨ  ᠎ ᠤ  ᠲᠠᠪᠴᠠᠩ  ᠎ ᠢ  ᠠᠯᠭᠤᠷ  ᠎ ᠢᠶᠠᠷ  ᠪᠠᠶᠢᠭᠤᠯᠤᠨ  ᠪᠦᠷᠢᠨᠰᠢᠭᠦᠯᠪᠠ  ᠃ ᠰᠢᠨ᠎ᠡ  ᠨᠡᠮᠡᠭᠳᠡᠭᠰᠡᠨ  ᠠᠵᠢᠯ  ᠎ ᠤᠨ  ᠪᠠᠶᠢᠷᠢ 8000  ᠬᠦᠷᠴᠦ  ᠂ 4955  ᠬᠥᠮᠥᠨ  ᠎ ᠳᠤ  ᠠᠵᠢᠯ  ᠣᠯᠭᠤᠨ  ᠂  ︽ᠠᠵᠢᠯ  ᠣᠯᠣᠭᠰᠠᠨ  ᠦᠭᠡᠢ  ᠭᠡᠷ  ᠪᠦᠯᠢ︾  ᠦᠨᠳᠦᠰᠦᠨ  ᠎ ᠳᠡᠭᠡᠨ  ᠤᠰᠠᠳᠴᠤ  ᠂  ᠬᠤᠲᠠ  ᠪᠠᠯᠭᠠᠰᠤᠨ  ᠎ ᠤ  ᠠᠵᠢᠯ  ᠠᠯᠳᠠᠬᠤ  ᠨᠣᠷᠮ᠎ᠠ  ᠎ ᠶᠢ  ᠳᠣᠷᠣᠭᠰᠢᠯᠠᠭᠤᠯᠤᠨ  ᠂4.04%  ᠪᠣᠯᠭᠠᠵᠠᠢ  ᠃  ᠨᠠᠰᠤᠵᠢᠯ  ᠂ ᠡᠮ  ᠡᠮᠨᠡᠯᠭᠡ  ᠂  ᠠᠵᠢᠯ  ᠠᠯᠳᠠᠬᠤ  ᠂  ᠠᠵᠢᠯ  ᠎ ᠠᠴᠠ  ᠪᠣᠯᠬᠤ  ᠰᠢᠷᠬᠠᠲᠤᠯ  ᠂  ᠲᠥᠷᠥᠯᠲᠡ  ᠦᠷᠡᠵᠢᠯ  ᠵᠡᠷᠭᠡ  ᠨᠡᠶᠢᠭᠡᠮ  ᠎ ᠤᠨ  ᠳᠠᠭᠠᠳᠬᠠᠯ  ᠎ ᠤᠨ  ᠪᠦᠷᠬᠦᠴᠡ  ᠲᠠᠰᠤᠷᠠᠯᠲᠠ  ᠦᠭᠡᠢ  ᠥᠷᠭᠡᠳᠴᠦ  ᠂  ᠡᠯ᠎ᠡ  ᠲᠥᠷᠥᠯ  ᠎ ᠤᠨ  ᠳᠠᠭᠠᠳᠬᠠᠯ  ᠎ ᠳᠤ  ᠣᠷᠣᠯᠴᠠᠬᠤ  ᠬᠥᠮᠥᠨ  ᠎ ᠤ  ᠲᠤᠭ᠎ᠠ 4.1  ᠲᠦᠮᠡ  ᠬᠦᠷᠴᠦ  ᠂  ᠰᠢᠨ᠎ᠡ  ᠬᠡᠯᠪᠡᠷᠢ  ᠎ ᠶᠢᠨ  ᠨᠡᠶᠢᠭᠡᠮ  ᠎ ᠤᠨ  ᠪᠠᠲᠤᠯᠠᠭᠠᠨ  ᠎ ᠤ  ᠰᠢᠰᠲ᠋ᠧᠮᠵᠢ  ᠦᠨᠳᠦᠰᠦᠨ  ᠎ ᠳᠡᠭᠡᠨ  ᠪᠦᠷᠢᠯᠳᠦᠪᠡ  ᠃  ᠬᠤᠲᠠ  ᠪᠠᠯᠭᠠᠰᠤᠨ  ᠎ ᠤ  ᠨᠠᠭᠠᠲᠤ  ᠵᠠᠬ᠎ᠠ  ᠎ ᠶᠢᠨ  ᠠᠮᠢᠳᠤᠷᠠᠯ  ᠎ ᠤᠨ  ᠪᠠᠲᠤᠯᠠᠭᠠᠨ  ᠎ ᠳᠤ  ᠣᠷᠣᠭᠰᠠᠳ 4525  ᠬᠥᠮᠥᠨ  ᠪᠣᠯᠵᠤ  ᠂ ᠬᠥᠳᠡᠭᠡ  ᠲᠣᠰᠬᠤᠨ  ᠮᠠᠯᠵᠢᠬᠤ  ᠣᠷᠣᠨ  ᠎ ᠤ  ᠨᠠᠭᠠᠲᠤ  ᠵᠠᠬ᠎ᠠ  ᠎ ᠶᠢᠨ  ᠠᠮᠢᠳᠤᠷᠠᠯ  ᠎ ᠤᠨ  ᠪᠠᠲᠤᠯᠠᠭ᠎ᠠ  ᠬᠦᠷᠲᠡᠭᠰᠡᠳ 7930  ᠬᠥᠮᠥᠨ  ᠪᠣᠯᠵᠤ  ᠨᠡᠮᠡᠭᠳᠡᠨ  ᠂  ᠬᠤᠲᠠ  ᠎ ᠶᠢᠨ  ᠨᠠᠭᠠᠲᠤ  ᠵᠠᠬ᠎ᠠ  ᠎ ᠶᠢᠨ  ᠠᠮᠢᠳᠤᠷᠠᠯ  ᠎ ᠤᠨ  ᠪᠠᠲᠤᠯᠠᠭᠠᠨ  ᠎ ᠤ  ᠮᠥᠩᠭᠦ  ᠨᠡᠶᠢᠲᠡ 2905.2  ᠲᠦᠮᠡᠨ  ᠲᠥᠭᠦᠷᠢᠭ  ᠎ ᠢ  ᠲᠠᠷᠬᠠᠭᠠᠵᠤ  ᠂  ᠬᠤᠲᠠ  ᠬᠥᠳᠡᠭᠡ  ᠎ ᠶᠢᠨ  ᠨᠠᠭᠠᠲᠤ  ᠵᠠᠬ᠎ᠠ  ᠎ ᠶᠢᠨ  ᠠᠮᠢᠳᠤᠷᠠᠯ  ᠎ ᠤᠨ  ᠪᠠᠲᠤᠯᠠᠭ᠎ᠠ  ᠂  ᠬᠥᠳᠡᠭᠡ  ᠲᠣᠰᠬᠤᠨ  ᠮᠠᠯᠵᠢᠬᠤ  ᠣᠷᠣᠨ  ᠎ ᠤ  ᠲᠠᠪᠤᠨ ᠪᠠᠲᠤᠯᠠᠭᠠᠲᠤ ᠡᠷᠦᠭᠡ  ᠪᠠ  ᠣᠨᠴᠠ  ᠬᠦᠴᠢᠷᠲᠡᠢ  ᠡᠷᠦᠭᠡ  ᠎ ᠶᠢ  ᠠᠪᠤᠷᠠᠨ ᠲᠤᠰᠠᠯᠠᠬᠤ  ᠵᠢᠴᠢ ᠭᠠᠮᠰᠢᠭ ᠠᠴᠠ ᠠᠪᠤᠷᠠᠨ  ᠂ ᠭᠠᠴᠢᠭᠳᠠᠯ ᠳᠤ ᠲᠡᠳᠬᠦᠬᠦ  ᠎ ᠪᠠᠷ  ᠭᠤᠣᠯ  ᠠᠭᠤᠯᠭ᠎ᠠ  ᠪᠣᠯᠭᠠᠭᠰᠠᠨ ᠨᠡᠶᠢᠭᠡᠮ  ᠎ ᠤᠨ ᠲᠤᠰᠠᠯᠠᠨ ᠲᠡᠳᠬᠦᠬᠦ  ᠰᠢᠰᠲ᠋ᠧᠮᠵᠢ  ᠎ ᠶᠢ ᠠᠩᠬ᠎ᠠ ᠠᠯᠬᠤᠮ  ᠪᠦᠷᠢᠯᠳᠦᠭᠦᠯᠪᠡ  ᠃         ᠰᠤᠷᠭᠠᠭᠤᠯᠢ  ᠎ ᠶᠢᠨ  ᠪᠦᠲᠦᠴᠡ  ᠎ ᠶᠢᠨ  ᠪᠠᠶᠢᠷᠢᠰᠢᠭᠤᠯᠤᠯᠭ᠎ᠠ  ᠎ ᠶᠢ  ᠬᠦᠴᠦ  ᠣᠷᠣᠭᠤᠯᠤᠨ  ᠲᠣᠬᠢᠷᠠᠭᠤᠯᠵᠤ  ᠂  ᠡᠯ᠎ᠡ  ᠲᠥᠷᠥᠯ  ᠎ ᠤᠨ  ᠰᠤᠷᠭᠠᠭᠤᠯᠢ  ᠂  ᠵᠢᠭᠠᠨ  ᠰᠤᠷᠭᠠᠬᠤ  ᠴᠢᠭ᠋ 104  ᠰᠠᠭᠤᠷᠢ  ᠎ ᠶᠢ  ᠬᠠᠰᠤᠨ  ᠴᠣᠮᠬᠠᠳᠬᠠᠵᠤ  ᠂  ᠳᠥᠷᠪᠡᠨ  ᠵᠢᠯ  ᠎ ᠳᠤ  6.76  ᠲᠦᠮᠡᠨ  ᠲᠡᠭᠰᠢ  ᠳᠥᠷᠪᠡᠯᠵᠢᠨ  ᠮᠧᠲᠷ  ᠲᠠᠯᠠᠪᠠᠢ  ᠪᠦᠬᠦᠢ  ᠰᠤᠷᠭᠠᠭᠤᠯᠢ  ᠎ ᠶᠢᠨ  ᠪᠠᠶᠢᠷᠢ  ᠎ ᠶᠢ  ᠰᠢᠨ᠎ᠡ  ᠎ ᠪᠠᠷ  ᠪᠠᠶᠢᠭᠤᠯᠤᠨ  ᠂  ︽ᠬᠤᠶᠠᠷ  ᠦᠨᠳᠦᠰᠦᠨ︾  ᠪᠠᠷᠢᠮᠵᠢᠶᠠᠨ  ᠎ ᠳᠤ  ᠬᠦᠷᠭᠡᠬᠦ  ᠠᠵᠢᠯ  ᠎ ᠨᠢ  ᠤᠯᠤᠰ  ᠎ ᠤᠨ  ᠬᠢᠨᠠᠨ  ᠰᠢᠯᠭᠠᠯᠲᠠ  ᠎ ᠶᠢ  ᠤᠷᠤᠭᠰᠢᠲᠠᠢ  ᠥᠩᠭᠡᠷᠡᠭᠡᠭᠰᠡᠨ  ᠪᠥᠭᠡᠳ  ᠨᠡᠶᠢᠭᠡᠮ  ᠎ ᠤᠨ  ᠬᠦᠴᠦᠨ  ᠎ ᠢ ᠳᠠᠶᠢᠴᠢᠯᠠᠨ ᠰᠤᠷᠭᠠᠭᠤᠯᠢ  ᠡᠷᠬᠢᠯᠡᠬᠦ  ᠠᠵᠢᠯ  ᠎ ᠢ  ᠠᠳᠬᠤᠵᠤ  ᠂  ︽ᠢᠦᠢ  ᠯᠦᠩ︾  ᠬᠤᠪᠢ  ᠬᠥᠮᠥᠨ  ᠎ ᠠᠴᠠ  ᠡᠷᠬᠢᠯᠡᠭᠰᠡᠨ ᠪᠦᠷᠢᠨ  ᠳᠤᠮᠳᠠᠳᠤ  ᠰᠤᠷᠭᠠᠭᠤᠯᠢ  ᠎ ᠶᠢ  ᠪᠠᠶᠢᠭᠤᠯᠤᠭᠰᠠᠨ  ᠪᠠᠶᠢᠨ᠎ᠠ  ᠃  ᠬᠥᠳᠡᠭᠡ  ᠲᠣᠰᠬᠤᠨ  ᠮᠠᠯᠵᠢᠬᠤ  ᠣᠷᠣᠨ  ᠎ ᠤ  ᠰᠢᠨ᠎ᠡ  ᠬᠡᠯᠪᠡᠷᠢ  ᠎ ᠶᠢᠨ  ᠬᠤᠷᠰᠢᠭᠰᠠᠨ  ᠡᠮᠨᠡᠯᠭᠡ  ᠎ ᠶᠢᠨ  ᠳᠦᠷᠢᠮ  ᠎ ᠢ  ᠡᠬᠢᠯᠡᠨ  ᠬᠡᠷᠡᠭᠵᠢᠭᠦᠯᠵᠦ  ᠂  ᠣᠷᠣᠯᠴᠠᠬᠤ  ᠬᠤᠷᠰᠢᠬᠤ  ᠨᠣᠷᠮ᠎ᠠ  ᠎ ᠶᠢ 87%᠎ ᠳᠤ  ᠬᠦᠷᠭᠡᠨ᠂ ᠲᠠᠷᠢᠶᠠᠴᠢᠨ  ᠮᠠᠯᠴᠢᠳ  ᠎ ᠤᠨ  ᠡᠪᠡᠳᠴᠢᠨ  ᠦᠵᠡᠭᠦᠯᠬᠦ  ᠎ ᠳᠤ  ᠬᠦᠴᠢᠷᠲᠡᠢ  ᠂  ᠡᠮᠨᠡᠯᠭᠡ  ᠎ ᠶᠢᠨ  ᠰᠦᠢᠳᠬᠡᠯ  ᠎ ᠳᠤ   ᠬᠦᠴᠢᠷᠳᠡᠬᠦ  ᠠᠰᠠᠭᠤᠳᠠᠯ  ᠎ ᠢ  ᠪᠦᠲᠦᠮᠵᠢᠲᠡᠢ  ᠰᠢᠢᠳᠪᠦᠷᠢᠯᠡᠪᠡ  ᠃  ᠬᠥᠮᠥᠨ  ᠠᠮᠠ  ᠬᠢᠭᠡᠳ  ᠲᠥᠯᠥᠪᠯᠡᠭᠡᠲᠦ  ᠦᠷᠡᠵᠢᠯ  ᠎ ᠤᠨ  ᠠᠵᠢᠯ  ᠎ ᠢ  ᠴᠢᠩᠭᠠᠳᠬᠠᠵᠤ  ᠂  ᠲᠥᠯᠥᠪᠯᠡᠭᠡᠲᠦ  ᠦᠷᠡᠵᠢᠯ  ᠎ ᠤᠨ  ᠨᠣᠷᠮ᠎ᠠ 98.5%  ᠎ ᠠᠴᠠ  ᠳᠡᠭᠡᠭᠰᠢ  ᠪᠠᠶᠢᠬᠤ  ᠎ ᠶᠢ  ᠪᠠᠲᠤᠯᠠᠨ  ᠂  ᠲᠥᠷᠥᠬᠦ  ᠨᠣᠷᠮ᠎ᠠ  ᠎ ᠶᠢ 7.7᠎ ᠠᠴᠠ  ᠳᠣᠷᠣᠭᠰᠢ  ᠬᠢᠵᠠᠭᠠᠷᠯᠠᠵᠤ  ᠳᠡᠶᠢᠯᠵᠡᠢ  ᠃  ᠰᠣᠶᠣᠯ  ᠲᠠᠮᠢᠷ  ᠂  ᠷᠠᠳᠢᠦ᠋  ᠲᠧᠯᠸᠢᠰ  ᠎ ᠤᠨ  ᠦᠢᠯᠡᠰ  ᠦᠷᠭᠦᠯᠵᠢᠯᠡᠨ  ᠬᠥᠭᠵᠢᠵᠦ  ᠂  ᠨᠡᠶᠢᠭᠡᠮ  ᠎ ᠤᠨ  ᠠᠮᠤᠷ  ᠲᠦᠪᠰᠢᠨ  ᠎ ᠢ  ᠶᠡᠷᠦᠩᠬᠡᠶᠢᠯᠡᠨ  ᠵᠠᠰᠠᠬᠤ  ᠠᠵᠢᠯ  ᠴᠦ  ᠤᠯᠠᠮ ᠴᠢᠩᠭᠠᠷᠠᠵᠤ ᠢᠷᠡᠭᠰᠡᠨ  ᠪᠠᠶᠢᠨ᠎ᠠ  ᠃  ︽ᠳᠥᠷᠪᠡ  ᠲᠠᠪᠤ︾  ᠬᠠᠤᠯᠢ  ᠲᠦᠭᠡᠮᠡᠯᠵᠢᠭᠦᠯᠦᠯ  ᠎ ᠢ  ᠪᠦᠬᠦ  ᠲᠠᠯ᠎ᠠ  ᠎ ᠪᠠᠷ  ᠠᠮᠵᠢᠯᠲᠠᠲᠠᠢ  ᠳᠠᠭᠤᠰᠬᠠᠵᠤ  ᠂  ︽ᠲᠠᠪᠤ  ᠲᠠᠪᠤ︾  ᠬᠠᠤᠯᠢ  ᠲᠦᠭᠡᠮᠡᠯᠵᠢᠭᠦᠯᠬᠦ  ᠠᠵᠢᠯ  ᠴᠦ  ᠤᠷᠤᠭᠰᠢᠲᠠᠢ  ᠡᠬᠢᠯᠡᠭᠡᠳ  ᠂  ᠪᠦᠬᠦ  ᠠᠷᠠᠳ  ᠎ ᠤᠨ  ᠬᠠᠤᠯᠢ  ᠳᠦᠷᠢᠮ  ᠎ ᠤᠨ  ᠦᠵᠡᠯᠲᠡ  ᠲᠠᠨᠢᠯᠲᠠ  ᠮᠡᠳᠡᠭᠳᠡᠬᠦᠶᠢᠴᠡ  ᠳᠡᠭᠡᠭᠰᠢᠯᠡᠵᠦ  ᠢᠷᠠᠪᠠ  ᠃  ᠬᠤᠰᠢᠭᠤ  ᠰᠢᠭᠦᠬᠦ  ᠬᠤᠷᠢᠶ᠎ᠠ  ᠂  ᠪᠠᠶᠢᠴᠠᠭᠠᠬᠤ  ᠬᠤᠷᠢᠶᠠᠨ  ᠎ ᠤ  ᠬᠠᠤᠯᠢ  ᠶᠣᠰᠣᠭᠠᠷ  ᠡᠷᠬᠡ  ᠲᠤᠰᠢᠶᠠᠯ  ᠎ ᠢᠶᠠᠨ  ᠬᠡᠷᠡᠭᠵᠢᠭᠦᠯᠬᠦ  ᠎ ᠶᠢ ᠳᠡᠮᠵᠢᠵᠦ  ᠂  ᠳᠣᠲᠣᠭᠠᠳᠤ  ᠎ ᠶᠢ  ᠬᠠᠮᠠᠭᠠᠯᠠᠬᠤ  ᠬᠠᠤᠯᠢ  ᠴᠠᠭᠠᠵᠠ  ᠎ ᠶᠢᠨ  ᠪᠠᠶᠢᠭᠤᠯᠭ᠎ᠠ  ᠎ ᠶᠢᠨ  ᠦᠨᠳᠦᠰᠦᠨ  ᠱᠠᠲᠤᠨ  ᠎ ᠤ  ᠰᠠᠭᠤᠷᠢ  ᠲᠥᠬᠦᠭᠡᠷᠦᠮᠵᠢ  ᠎ ᠶᠢᠨ  ᠪᠦᠲᠦᠭᠡᠨ  ᠪᠠᠶᠢᠭᠤᠯᠤᠯᠲᠠ  ᠎ ᠶᠢ  ᠪᠦᠬᠦ  ᠲᠠᠯ᠎ᠠ  ᠎ ᠪᠠᠷ  ᠴᠢᠩᠭᠠᠳᠬᠠᠪᠠ  ᠃  ᠡᠭᠦᠨ  ᠎ ᠤ  ᠬᠠᠮᠲᠤ  ᠂  ᠵᠠᠬᠢᠳᠠᠯ  ᠰᠤᠷᠪᠤᠯᠵᠢᠯᠠᠯ  ᠂  ᠠᠷᠠᠳ  ᠎ ᠤᠨ  ᠵᠡᠪᠰᠡᠭᠲᠦ  ᠬᠦᠴᠦᠨ᠂  ᠠᠭᠠᠷ  ᠎ ᠠᠴᠠ  ᠰᠡᠷᠭᠡᠶᠢᠯᠡᠬᠦ  ᠂  ᠭᠠᠯ  ᠤᠨᠲᠠᠷᠠᠭᠠᠬᠤ  ᠂  ᠠᠶᠤᠯ  ᠦᠭᠡᠢ  ᠦᠢᠯᠡᠳᠪᠦᠷᠢᠯᠡᠯ  ᠂  ᠲᠡᠦᠬᠡ  ᠤᠶᠢᠯᠯᠠᠭ᠎ᠠ  ᠂  ᠨᠢᠭᠤᠴᠠ  ᠎ ᠶᠢ  ᠬᠠᠮᠠᠭᠠᠯᠠᠬᠤ  ᠂  ᠲᠤᠭ᠎ᠠ  ᠪᠦᠷᠢᠳᠬᠡᠯ  ᠂  ᠴᠠᠭ  ᠠᠭᠤᠷ  ᠂  ᠬᠠᠤᠯᠢ  ᠎ ᠶᠢᠨ  ᠲᠤᠰᠠᠯᠠᠮᠵᠢ  ᠂  ᠬᠢᠨᠠᠨ  ᠪᠣᠳᠣᠬᠤ  ᠂  ᠦᠨ᠎ᠡ  ᠬᠠᠩᠰᠢ  ᠂  ᠶᠠᠰᠤ  ᠴᠢᠨᠠᠷ  ᠎ ᠲᠤ  ᠬᠢᠨᠠᠯᠲᠠ  ᠲᠠᠯᠪᠢᠬᠤ  ᠂  ᠢᠳᠡᠭᠡᠨ  ᠤᠮᠳᠠᠭᠠᠨ ᠡᠮ  ᠎ ᠤᠨ  ᠵᠦᠢᠯᠡᠰ  ᠎ ᠤᠨ  ᠬᠠᠮᠢᠶᠠᠷᠤᠯᠲᠠ  ᠂  ᠬᠠᠷᠢᠶᠠᠲᠤ  ᠎ ᠶᠢᠨ  ᠶᠠᠪᠤᠳᠠᠯ  ᠂  ᠦᠨᠳᠦᠰᠦᠲᠡᠨ  ᠱᠠᠰᠢᠨ  ᠰᠤᠷᠲᠠᠬᠤᠨ  ᠂  ᠠᠵᠤ  ᠦᠢᠯᠡᠳᠪᠦᠷᠢ  ᠬᠤᠳᠠᠯᠳᠤᠭᠠᠨ  ᠎ ᠤ  ᠬᠤᠯᠪᠣᠭ᠎ᠠ  ᠂  ᠳᠠᠩᠰᠠ  ᠡᠪᠬᠡᠮᠡᠯ  ᠎ ᠤᠨ  ᠬᠠᠮᠢᠶᠠᠷᠤᠯᠲᠠ  ᠵᠢᠴᠢ  ᠡᠬᠡ  ᠨᠢᠯᠬᠠᠰ  ᠂  ᠨᠠᠰᠤᠲᠠᠢ  ᠵᠡᠮᠳᠡᠭᠴᠦᠳ  ᠎ ᠤᠨ ᠠᠵᠢᠯ ᠵᠡᠷᠭᠡ  ᠡᠯ᠎ᠡ  ᠲᠥᠷᠥᠯ  ᠎ ᠤᠨ  ᠨᠡᠶᠢᠭᠡᠮ  ᠎ ᠤᠨ  ᠦᠢᠯᠡᠰ  ᠪᠦᠷ  ᠰᠢᠨ᠎ᠡ  ᠠᠮᠵᠢᠯᠲᠠ  ᠪᠦᠲᠦᠮᠵᠢ  ᠣᠯᠣᠭᠰᠠᠨ  ᠪᠠᠶᠢᠨ᠎ᠠ  ᠃          ︵ᠨᠠᠢᠮᠠ︶ ᠵᠠᠰᠠᠭ ᠤᠨ ᠣᠷᠳᠣᠨ ᠤ ᠲᠣᠰ ᠪᠡᠶ᠎ᠡ ᠶᠢᠨ ᠪᠠᠶᠢᠭᠤᠯᠤᠯᠲᠠ ᠪᠦᠬᠦ ᠲᠠᠯ᠎ᠠ ᠪᠠᠷ ᠴᠢᠩᠭᠠᠷᠠᠵᠤ  ᠂  ᠵᠠᠰᠠᠭ  ᠪᠠᠷᠢᠬᠤ  ᠴᠢᠳᠠᠪᠤᠷᠢ  ᠲᠠᠰᠤᠷᠠᠯᠲᠠ ᠦᠭᠡᠢ ᠳᠡᠭᠡᠭᠰᠢᠯᠡᠪᠡ  ᠃          ᠵᠠᠰᠠᠭ  ᠎ ᠤᠨ  ᠣᠷᠳᠣᠨ  ᠎ ᠤ  ᠡᠭᠦᠷᠭᠡ  ᠴᠢᠳᠠᠪᠬᠢ  ᠎ ᠶᠢ  ᠬᠦᠴᠦ  ᠲᠠᠯᠪᠢᠨ  ᠬᠤᠪᠢᠷᠠᠭᠤᠯᠵᠤ  ᠂  ᠬᠠᠤᠯᠢ  ᠶᠣᠰᠣᠭᠠᠷ  ᠵᠠᠰᠠᠭ  ᠶᠠᠪᠤᠭᠤᠯᠵᠤ  ᠂  ᠰᠢᠨᠵᠢᠯᠡᠬᠦ  ᠤᠬᠠᠭᠠᠨᠴᠢ  ᠎ ᠪᠠᠷ  ᠰᠢᠢᠳᠪᠦᠷᠢ  ᠪᠣᠳᠣᠯᠭ᠎ᠠ  ᠲᠣᠭᠲᠠᠭᠠᠨ  ᠂  ᠵᠠᠰᠠᠭ  ᠎ ᠤᠨ  ᠠᠵᠢᠯ  ᠎ ᠨᠢ  ᠬᠠᠤᠯᠢᠵᠢᠵᠤ  ᠂  ᠳᠦᠷᠢᠮᠵᠢᠭᠰᠡᠨ  ᠵᠠᠮ  ᠎ ᠳᠤ  ᠣᠷᠣᠭᠰᠠᠨ  ᠪᠠᠶᠢᠨ᠎ᠠ  ᠃  ᠠᠷᠠᠳ  ᠎ ᠤᠨ  ᠲᠥᠯᠥᠭᠡᠯᠡᠭᠴᠢ  ᠎ ᠶᠢᠨ  ᠰᠠᠨᠠᠯ  ᠵᠥᠪᠯᠡᠯᠭᠡ 415  ᠬᠤᠪᠢ  ᠂  ᠤᠯᠤᠰ  ᠲᠥᠷᠥ  ᠎ ᠶᠢᠨ  ᠵᠥᠪᠯᠡᠯᠭᠡᠨ  ᠎ ᠤ  ᠭᠡᠰᠢᠭᠦᠨ  ᠎ ᠤ  ᠰᠠᠨᠠᠯ  ᠳᠤᠷᠠᠳᠤᠯᠭ᠎ᠠ 347  ᠬᠤᠪᠢ  ᠎ ᠶᠢ   ᠬᠠᠷᠢᠭᠤᠯᠵᠤ  ᠂  ᠬᠠᠨᠤᠮᠵᠢᠲᠠᠢ  ᠨᠤᠷᠮ᠎ᠠ  ᠎ ᠶᠢ 99%  ᠎ ᠳᠤ  ᠬᠦᠷᠭᠡᠪᠡ  ᠃  ᠦᠨᠳᠦᠰᠦᠨ  ᠱᠠᠲᠤᠨ  ᠎ ᠤ  ᠠᠷᠠᠳᠴᠢᠯᠠᠭᠰᠠᠨ  ᠤᠯᠤᠰ  ᠲᠥᠷᠥ  ᠎ ᠶᠢᠨ  ᠪᠠᠶᠢᠭᠤᠯᠤᠯᠲᠠ  ᠎ ᠶᠢ  ᠴᠢᠩᠭᠠᠳᠬᠠᠵᠤ  ᠂  ᠭᠠᠴᠠᠭ᠎ᠠ  ᠲᠣᠰᠬᠤᠨ  ᠎ ᠤ  ᠵᠥᠪᠯᠡᠯ  ᠎ ᠤᠨ  ᠬᠤᠭᠤᠴᠠᠭ᠎ᠠ  ᠰᠣᠯᠢᠬᠤ  ᠰᠣᠩᠭᠤᠭᠤᠯᠢ  ᠎ ᠶᠢ  ᠠᠮᠵᠢᠯᠲᠠᠲᠠᠢ  ᠶᠠᠪᠤᠭᠳᠠᠭᠤᠯᠪᠠ  ᠃  ᠨᠠᠮ  ᠎ ᠤᠨ  ᠰᠤᠷᠲᠠᠯ  ᠴᠢᠭᠴᠢ  ᠵᠠᠰᠠᠭ  ᠎ ᠤᠨ  ᠪᠠᠶᠢᠭᠤᠯᠤᠯᠲᠠ ᠶᠢᠨ ᠬᠠᠷᠢᠭᠤᠴᠠᠯᠭ᠎ᠠ  ᠎ ᠶᠢᠨ ᠳᠦᠷᠢᠮ ᠢ  ᠨᠢᠮᠪᠠᠢ  ᠨᠠᠶᠢᠳᠠᠪᠤᠷᠢᠵᠢᠭᠤᠯᠵᠤ  ᠂  ᠴᠢᠭᠴᠢ  ᠵᠠᠰᠠᠭ  ᠎ ᠤᠨ ᠪᠠᠶᠢᠭᠤᠯᠤᠯᠲᠠ ᠪᠠ ᠢᠯᠵᠠᠷᠠᠯ  ᠎ ᠢ  ᠡᠰᠡᠷᠭᠦᠴᠡᠬᠦ  ᠠᠵᠢᠯ ᠰᠢᠨ᠎ᠡ  ᠪᠦᠲᠦᠮᠵᠢ  ᠣᠯᠣᠭᠰᠠᠨ ᠪᠠᠶᠢᠨ᠎ᠠ  ᠃          ᠲᠥᠯᠥᠭᠡᠯᠡᠭᠴᠢᠳ  ᠡ  ᠂ ᠥᠩᠭᠡᠷᠡᠭᠰᠡᠨ  ᠎ ᠤ  ᠳᠥᠷᠪᠡᠨ  ᠵᠢᠯ  ᠪᠣᠯ  ᠶᠡᠷᠦ  ᠪᠤᠰᠤ  ᠎ ᠶᠢᠨ  ᠳᠥᠷᠪᠡᠨ  ᠵᠢᠯ  ᠶᠤᠮ  ᠃ ᠬᠥᠭᠵᠢᠯᠲᠡ  ᠎ ᠪᠠᠨ  ᠲᠦᠷᠭᠡᠳᠬᠡᠬᠦ  ᠶᠠᠪᠤᠴᠠ  ᠎ ᠳᠠᠬᠢ  ᠳᠠᠪᠬᠤᠷ  ᠳᠠᠪᠬᠤᠷ  ᠬᠦᠴᠢᠷ  ᠪᠡᠷᠬᠡ  ᠪᠣᠯᠣᠨ  ᠠᠮᠤᠷ  ᠲᠣᠭᠲᠠᠭᠤᠨ  ᠎ ᠢ  ᠪᠠᠲᠤᠯᠠᠬᠤ  ᠶᠠᠪᠤᠴᠠ  ᠎ ᠳᠠᠬᠢ  ᠬᠦᠨᠳᠦ  ᠶᠡᠭᠡ  ᠳᠠᠷᠤᠯᠲᠠ  ᠎ ᠶᠢ  ᠪᠢᠳᠠ  ᠢᠳᠡᠪᠬᠢᠲᠡᠢ  ᠠᠷᠭᠠᠴᠠᠨ  ᠲᠤᠯᠵᠤ  ᠂  ᠵᠣᠬᠢᠮᠵᠢᠲᠠᠢ  ᠰᠠᠶᠢᠬᠠᠨ  ᠰᠢᠢᠳᠪᠦᠷᠢᠯᠡᠭᠡᠳ  ᠂  ᠰᠠᠭᠠᠳ  ᠬᠠᠷᠰᠢ  ᠎ ᠶᠢ  ᠢᠯᠠᠨ  ᠳᠠᠪᠠᠵᠤ  ᠂  ᠠᠵᠢᠯ  ᠎ ᠤᠨ  ᠬᠥᠳᠡᠯᠦᠩᠭᠦᠢ  ᠡᠷᠬᠡ  ᠎ ᠶᠢ  ᠠᠳᠬᠤᠨ  ᠂  ᠠᠵᠤ  ᠠᠬᠤᠢ  ᠨᠡᠶᠢᠭᠡᠮ  ᠎ ᠤᠨ  ᠬᠥᠭᠵᠢᠯᠲᠡ  ᠵᠡᠷᠭᠡ  ᠡᠯ᠎ᠡ  ᠲᠥᠷᠥᠯ  ᠎ ᠤᠨ  ᠠᠵᠢᠯ  ᠦᠢᠯᠡᠰ  ᠎ ᠲᠡᠭᠡᠨ  ᠰᠡᠳᠬᠢᠯ  ᠬᠥᠭᠰᠡᠮ᠎ᠡ  ᠠᠮᠵᠢᠯᠲᠠ  ᠎ ᠶᠢ  ᠣᠯᠣᠭᠰᠠᠨ  ᠶᠤᠮ  ᠃  ᠡᠳᠡᠭᠡᠷ  ᠠᠮᠵᠢᠯᠲᠠ  ᠪᠦᠲᠦᠮᠵᠢ  ᠪᠣᠯ  ᠠᠶᠢᠮᠠᠭ  ᠎ ᠤᠨ  ᠨᠠᠮ  ᠎ ᠤᠨ  ᠬᠤᠷᠢᠶ᠎ᠠ  ᠂  ᠠᠶᠢᠮᠠᠭ  ᠎ ᠤᠨ  ᠵᠠᠬᠢᠷᠭ᠎ᠠ  ᠬᠢᠭᠡᠳ  ᠬᠤᠰᠢᠭᠤ  ᠨᠠᠮ  ᠎ ᠤᠨ  ᠬᠤᠷᠢᠶᠠᠨ  ᠎ ᠤ  ᠪᠠᠲᠤ  ᠴᠢᠩᠭ᠎ᠠ  ᠤᠳᠤᠷᠢᠳᠤᠯᠭ᠎ᠠ  ᠎ ᠠᠴᠠ  ᠪᠣᠯᠣᠭᠰᠠᠨ  ᠦᠷ᠎ᠡ  ᠪᠦᠲᠦᠭᠡᠯ  ᠂  ᠬᠤᠰᠢᠭᠤ  ᠵᠠᠰᠠᠭ  ᠎ ᠤᠨ  ᠣᠷᠳᠣᠨ  ᠎ ᠨᠢ  ᠠᠷᠠᠳ  ᠎ ᠤᠨ  ᠲᠥᠯᠥᠭᠡᠯᠡᠭᠴᠢᠳ  ᠎ ᠤᠨ  ᠶᠡᠭᠡ  ᠬᠤᠷᠠᠯ  ᠎ ᠤᠨ  ᠰᠢᠢᠳᠪᠦᠷᠢ  ᠎ ᠶᠢ  ᠨᠢᠮᠪᠠᠢ  ᠬᠡᠷᠡᠭᠵᠢᠭᠦᠯᠦᠨ  ᠂  ᠠᠷᠠᠳ  ᠎ ᠤᠨ  ᠲᠥᠯᠥᠭᠡᠯᠡᠭᠴᠢᠳ  ᠎ ᠤᠨ  ᠶᠡᠭᠡ  ᠬᠤᠷᠠᠯ  ᠎ ᠤᠨ  ᠬᠠᠤᠯᠢ  ᠴᠠᠭᠠᠵᠠ  ᠎ ᠶᠢᠨ  ᠬᠢᠨᠠᠯᠲᠠ  ᠂  ᠤᠯᠤᠰ  ᠲᠥᠷᠥ  ᠎ ᠶᠢᠨ  ᠵᠥᠪᠯᠡᠯᠭᠡᠨ  ᠎ ᠤ  ᠠᠷᠠᠳᠴᠢᠯᠠᠭᠰᠠᠨ  ᠬᠢᠨᠠᠯᠲᠠ  ᠂  ᠨᠡᠶᠢᠭᠡᠮ  ᠎ ᠤᠨ  ᠶᠠᠷᠢᠶ᠎ᠠ  ᠬᠡᠯᠡᠯᠴᠡᠭᠡ  ᠪᠣᠯᠣᠨ  ᠰᠣᠨᠢᠨ  ᠮᠡᠳᠡᠭᠡ  ᠵᠠᠭᠤᠴᠢᠯᠠᠭᠤᠷ  ᠎ ᠤᠨ  ᠬᠢᠨᠠᠯᠲᠠ  ᠎ ᠶᠢ  ᠤᠬᠠᠮᠰᠠᠷ  ᠎ ᠠᠴᠠ  ᠎ ᠪᠠᠨ  ᠬᠦᠯᠢᠶᠡᠭᠰᠡᠨ  ᠎ ᠤ  ᠦᠷ᠎ᠡ  ᠪᠦᠲᠦᠭᠡᠯ  ᠂  ᠮᠥᠨ  ᠴᠦ  ᠪᠦᠬᠦ  ᠬᠤᠰᠢᠭᠤᠨ  ᠎ ᠤ  ᠡᠯ᠎ᠡ  ᠦᠨᠳᠦᠰᠦᠲᠡᠨ  ᠎ ᠤ  ᠠᠷᠠᠳ  ᠲᠦᠮᠡᠨ  ᠰᠡᠳᠬᠢᠯ  ᠨᠢᠭᠡᠳᠦᠨ  ᠬᠦᠴᠦᠨ  ᠎ ᠢᠶᠠᠨ  ᠬᠠᠮᠲᠤᠳᠬᠠᠵᠤ  ᠂  ᠴᠥᠬᠦᠷᠡᠰᠢ  ᠦᠭᠡᠢ  ᠬᠠᠲᠠᠭᠤᠵᠢᠯᠲᠠᠢ  ᠴᠢᠷᠮᠠᠶᠢᠨ  ᠲᠡᠮᠡᠴᠡᠭᠰᠡᠨ  ᠎ ᠤ  ᠦᠷ᠎ᠡ  ᠪᠦᠲᠦᠭᠡᠯ  ᠪᠣᠯᠬᠤ  ᠶᠤᠮ  ᠃  ᠠᠳᠡ  ᠪᠢ  ᠬᠤᠰᠢᠭᠤ  ᠵᠠᠰᠠᠭ  ᠎ ᠤᠨ  ᠣᠷᠳᠣᠨ  ᠎ ᠢ  ᠲᠥᠯᠥᠭᠡᠯᠡᠵᠦ  ᠂  ᠬᠠᠭᠤᠴᠢᠨ  ᠤᠳᠤᠷᠢᠳᠤᠯᠭ᠎ᠠ  ᠂  ᠠᠬᠠᠮᠠᠳ  ᠨᠥᠬᠦᠳ  ᠂  ᠪᠦᠬᠦ  ᠬᠤᠰᠢᠭᠤᠨ  ᠎ ᠤ  ᠡᠯ᠎ᠡ  ᠦᠨᠳᠦᠰᠦᠲᠡᠨ  ᠎ ᠤ  ᠺᠠᠳᠠᠷ  ᠣᠯᠠᠨ  ᠲᠦᠮᠡᠨ  ᠂  ᠴᠡᠷᠢᠭ  ᠴᠠᠭᠳᠠᠭ᠎ᠠ  ᠨᠠᠷ  ᠂  ᠲᠠᠶᠢᠹᠤᠰᠧ  ᠬᠤᠰᠢᠭᠤᠨ  ᠎ ᠳᠤ  ᠪᠡᠯᠡ  ᠣᠷᠣᠭᠤᠯᠤᠨ  ᠦᠢᠯᠡᠰ  ᠪᠣᠰᠬᠠᠵᠤ  ᠪᠠᠶᠢᠭ᠎ᠠ  ᠠᠵᠤ  ᠠᠬᠤᠶᠢᠯᠠᠯᠲᠠᠨ  ᠂  ᠲᠠᠶᠢᠹᠤᠰᠧ  ᠎ ᠤᠨ  ᠪᠦᠲᠦᠭᠡᠨ  ᠪᠠᠶᠢᠭᠤᠯᠤᠯᠲᠠ  ᠂  ᠬᠥᠭᠵᠢᠯᠲᠡ  ᠎ ᠶᠢ  ᠬᠠᠯᠠᠮᠵᠢᠯᠠᠨ  ᠳᠡᠮᠵᠢᠵᠦ  ᠪᠠᠶᠢᠭ᠎ᠠ  ᠨᠡᠶᠢᠭᠡᠮ  ᠎ ᠤᠨ  ᠡᠯ᠎ᠡ  ᠡᠲᠡᠭᠡᠳ  ᠎ ᠤᠨ  ᠨᠠᠶᠢᠵᠠ  ᠨᠥᠬᠦᠳ  ᠎ ᠲᠤ  ᠴᠢᠩ  ᠰᠡᠳᠬᠢᠯ  ᠎ ᠤᠨ  ᠲᠠᠯᠠᠷᠬᠠᠯ  ᠪᠠ  ᠬᠦᠨᠳᠦᠳᠬᠡᠯ  ᠳᠡᠪᠰᠢᠭᠦᠯᠵᠦ  ᠪᠠᠶᠢᠨ᠎ᠠ  ᠃          ᠳᠥᠷᠪᠡᠨ  ᠵᠢᠯ  ᠎ ᠤᠨ  ᠲᠤᠷᠰᠢᠬᠢ  ᠠᠵᠢᠯ  ᠎ ᠢᠶᠠᠨ  ᠡᠷᠭᠢᠴᠡᠭᠦᠯᠪᠡᠯ  ᠂  ᠳᠣᠣᠷᠠᠬᠢ  ᠲᠠᠪᠤᠨ  ᠲᠠᠯ᠎ᠠ  ᠎ ᠪᠠᠷ  ᠨᠠᠷᠢᠨ  ᠬᠢᠨᠠᠮᠠᠭᠠᠢ   ᠳ᠋ᠦᠩᠨᠡᠵᠦ  ᠂  ᠮᠥᠨ  ᠴᠦ  ᠬᠤᠶᠢᠰᠢᠳᠠ  ᠎ ᠶᠢᠨ  ᠠᠵᠢᠯ  ᠳᠤᠮᠳᠠ  ᠎ ᠪᠠᠨ  ᠪᠠᠷᠢᠮᠲᠠᠯᠠᠬᠤ  ᠪᠠ  ᠪᠠᠳᠠᠷᠠᠭᠤᠯᠬᠤ  ᠴᠢᠬᠤᠯᠠᠲᠠᠢ  ᠪᠠᠶᠢᠨ᠎ᠠ  ᠄  ᠨᠢᠭᠡ  ᠎ ᠳᠤ  ᠂  ᠬᠥᠭᠵᠢᠯᠲᠡ  ᠎ ᠶᠢᠨ  ᠬᠠᠲᠠᠭᠤ  ᠶᠣᠰᠣ  ᠎ ᠶᠢ  ᠡᠷᠡᠰ  ᠪᠠᠷᠢᠮᠲᠠᠯᠠᠵᠤ  ᠂  ᠡᠳ᠋  ᠎ ᠤᠨ  ᠵᠠᠰᠠᠭ  ᠎ ᠤᠨ  ᠣᠷᠣᠯᠭ᠎ᠠ  ᠪᠣᠯᠣᠨ ᠬᠤᠲᠠ  ᠬᠥᠳᠡᠭᠡ  ᠎ ᠶᠢᠨ   ᠰᠠᠭᠤᠭᠠᠯᠢ ᠠᠷᠠᠳ  ᠎ ᠤᠨ  ᠠᠮᠢᠳᠤᠷᠠᠯ  ᠎ ᠤᠨ  ᠲᠦᠪᠰᠢᠨ  ᠎ ᠢ   ᠳᠡᠭᠡᠭᠰᠢᠯᠡᠭᠦᠯᠬᠦ  ᠎ ᠶᠢ  ᠠᠵᠢᠯ  ᠎ ᠤᠨ  ᠤᠭ  ᠡᠭᠦᠰᠦᠯᠲᠡ  ᠪᠣᠯᠭᠠᠬᠤ  ᠬᠡᠷᠡᠭᠲᠡᠢ  ︔  ᠬᠤᠶᠠᠷ ᠲᠤ  ᠂  ᠦᠵᠡᠯ  ᠰᠠᠨᠠᠭ᠎ᠠ  ᠎ ᠪᠠᠨ  ᠡᠷᠬᠡᠪᠰᠢ  ᠴᠢᠯᠦᠭᠡᠯᠡᠵᠦ  ᠂  ᠴᠢᠯᠦᠭᠡᠲᠡᠢ  ᠶᠠᠪᠤᠯᠴᠠᠬᠤ  ᠎ ᠪᠠᠨ  ᠥᠷᠭᠡᠳᠬᠡᠨ  ᠂ ᠲᠥᠷᠥᠯ  ᠵᠦᠢᠯ  ᠎ ᠢᠶᠠᠷ  ᠠᠴᠢᠶᠠᠯᠠᠪᠤᠷᠢ  ᠪᠣᠯᠭᠠᠵᠤ  ᠂  ᠠᠷᠠᠯᠵᠢᠶᠠᠴᠢᠨ  ᠤᠷᠢᠵᠤ  ᠪᠡᠯᠡ  ᠲᠠᠲᠠᠬᠤ  ᠎ ᠶᠢ  ᠥᠷᠭᠡᠨ  ᠳᠡᠯᠭᠡᠷ  ᠥᠷᠨᠢᠭᠦᠯᠵᠦ  ᠂  ᠡᠯ᠎ᠡ  ᠲᠥᠷᠥᠯ  ᠎ ᠤᠨ ᠠᠵᠢᠯ  ᠦᠢᠯᠡᠰ  ᠎ ᠤᠨ  ᠬᠥᠭᠵᠢᠯᠲᠡ  ᠎ ᠶᠢ  ᠲᠦᠯᠬᠢᠨ  ᠠᠬᠢᠭᠤᠯᠬᠤ  ᠬᠡᠷᠡᠭᠲᠡᠢ︔  ᠭᠤᠷᠪᠠ  ᠎ ᠳᠤ  ᠂  ᠠᠯᠤᠰ ᠢᠷᠡᠭᠡᠳᠦᠢ  ᠎ ᠳᠡᠭᠡᠨ  ᠰᠠᠭᠤᠷᠢ  ᠲᠠᠯᠪᠢᠵᠤ  ᠂  ᠣᠯᠠᠨ  ᠲᠦᠮᠡᠨ  ᠎ ᠳᠤ  ᠪᠣᠳᠠᠲᠠᠢ  ᠠᠵᠢᠯ  ᠬᠢᠬᠦ  ᠎ ᠶᠢ  ᠪᠠᠷᠢᠮᠲᠠᠯᠠᠵᠤ  ᠂  ᠰᠠᠭᠤᠷᠢ  ᠲᠥᠬᠦᠭᠡᠷᠦᠮᠵᠢ  ᠎ ᠶᠢᠨ  ᠪᠦᠲᠦᠭᠡᠨ  ᠪᠠᠶᠢᠭᠤᠯᠤᠯᠲᠠ  ᠎ ᠶᠢᠨ  ᠠᠯᠬᠤᠴᠠ  ᠎ ᠪᠠᠨ  ᠲᠦᠷᠭᠡᠳᠬᠡᠵᠦ  ᠂  ᠬᠥᠭᠵᠢᠯᠲᠡ  ᠎ ᠶᠢᠨ  ᠨᠥᠬᠦᠴᠡᠯ  ᠎ ᠢᠶᠠᠨ  ᠰᠠᠶᠢᠵᠢᠷᠠᠭᠤᠯᠬᠤ  ᠬᠡᠷᠡᠭᠲᠡᠢ  ︔  ᠳᠥᠷᠪᠡ  ᠎ ᠳᠤ  ᠂  ᠠᠷᠠᠳ  ᠎ ᠤᠨ  ᠠᠮᠢᠳᠤᠷᠠᠯ  ᠎ ᠢ  ᠠᠩᠬᠠᠷᠴᠤ  ᠂  ᠠᠷᠠᠳ  ᠣᠯᠠᠨ  ᠲᠦᠮᠡᠨ  ᠎ ᠤ  ᠦᠢᠯᠡᠳᠪᠦᠷᠢᠯᠡᠯ  ᠠᠮᠢᠳᠤᠷᠠᠯ  ᠳᠤᠮᠳᠠᠬᠢ  ᠲᠣᠪᠣᠶᠢᠮ᠎ᠠ  ᠠᠰᠠᠭᠤᠳᠠᠯ  ᠎ ᠢ  ᠬᠦᠴᠦ  ᠲᠠᠯᠪᠢᠨ  ᠰᠢᠢᠳᠪᠦᠷᠢᠯᠡᠬᠦ  ᠎ ᠢ  ᠪᠠᠷᠢᠮᠲᠠᠯᠠᠵᠤ  ᠂  ᠬᠥᠭᠵᠢᠯᠲᠡ  ᠎ ᠶᠢᠨ  ᠳᠤᠮᠳᠠᠬᠢ  ᠪᠣᠳᠠᠲᠤ  ᠠᠰᠢᠭ  ᠪᠣᠯᠣᠨ  ᠦᠷ᠎ᠡ  ᠪᠦᠲᠦᠭᠡᠯ  ᠎ ᠢ  ᠣᠯᠠᠨ  ᠲᠦᠮᠡᠨ  ᠎ ᠳᠤ  ᠡᠳ᠋ᠯᠡᠭᠦᠯᠬᠦ  ᠬᠡᠷᠡᠭᠲᠡᠢ  ︔  ᠲᠠᠪᠤ  ᠎ ᠳᠤ  ᠂  ᠪᠦᠯᠬᠦᠮᠳᠡᠯ ᠲᠠᠢ  ᠲᠣᠭᠲᠠᠭᠤᠨ  ᠪᠠᠶᠢᠬᠤ  ᠪᠠ  ᠦᠨᠡᠨ ᠢ ᠡᠷᠢᠯᠬᠢᠯᠡᠬᠦ  ᠠᠵᠢᠯ  ᠎ ᠤᠨ  ᠰᠤᠷᠲᠠᠯ  ᠎ ᠢ  ᠪᠠᠷᠢᠮᠲᠠᠯᠠᠵᠤ  ᠂  ᠤᠬᠠᠭᠠᠨ  ᠲᠠᠮᠢᠷ  ᠎ ᠢᠶᠠᠨ  ᠠᠵᠢᠯ  ᠦᠢᠯᠡᠰ  ᠪᠦᠲᠦᠭᠡᠨ  ᠂  ᠬᠥᠭᠵᠢᠯᠲᠡ  ᠎ ᠶᠢ  ᠰᠦᠪᠡᠭᠴᠢᠯᠡᠵᠦ  ᠂  ᠪᠣᠳᠠᠲᠤ  ᠦᠷ᠎ᠡ  ᠠᠰᠢᠭ  ᠎ ᠢ  ᠲᠡᠮᠡᠴᠡᠬᠦ  ᠳᠡᠭᠡᠷ᠎ᠡ  ᠲᠥᠪᠯᠡᠷᠡᠭᠦᠯᠬᠦ  ᠬᠡᠷᠡᠭᠲᠡᠢ  ᠃             ᠡᠭᠦᠨ  ᠎ ᠤ  ᠬᠠᠮᠲᠤ  ᠂ ᠪᠢᠳᠠ  ᠪᠠᠰᠠ  ᠤᠷᠤᠭᠰᠢᠯᠠᠬᠤ  ᠵᠠᠮ  ᠎ ᠳᠤ  ᠲᠤᠯᠭᠠᠷᠠᠭᠰᠠᠨ  ᠂  ᠰᠢᠢᠳᠪᠦᠷᠢᠯᠡᠬᠦ  ᠎ ᠶᠢ  ᠬᠦᠯᠢᠶᠡᠭᠡ  ᠣᠯᠠᠨ  ᠠᠷᠪᠢᠨ  ᠬᠦᠴᠢᠷᠳᠡᠯ  ᠪᠠ  ᠠᠰᠠᠭᠤᠳᠠᠯ  ᠎ ᠢ  ᠣᠯᠵᠤ  ᠬᠠᠷᠠᠬᠤ  ᠪᠣᠯᠣᠨ᠎ᠠ  ᠃  ᠡᠨᠡ  ᠎ ᠨᠢ  ᠭᠤᠣᠯᠳᠠᠭᠤ  ᠳᠣᠣᠷ᠎ᠠ  ᠬᠡᠳᠦᠨ ᠲᠠᠯ᠎ᠠ  ᠎ ᠪᠠᠷ  ᠢᠯᠡᠷᠡᠵᠦ  ᠪᠣᠢ  ᠄  ᠨᠢᠭᠡ  ᠎ ᠳᠤ  ᠂ ᠠᠵᠤ  ᠠᠬᠤᠢ  ᠎ ᠶᠢᠨ  ᠶᠡᠷᠦᠩᠬᠡᠢ ᠬᠡᠮᠵᠢᠶ᠎ᠡ  ᠳᠣᠣᠷ᠎ᠠ᠂  ᠪᠦᠲᠦᠴᠡ  ᠲᠣᠬᠢᠷᠠᠮᠵᠢ  ᠦᠭᠡᠢ  ᠂  ᠣᠨᠴᠠᠭᠠᠶᠢᠯᠠᠨ  ᠠᠵᠤ  ᠦᠢᠯᠡᠳᠪᠦᠷᠢ  ᠎ ᠶᠢᠨ  ᠠᠵᠤ  ᠠᠬᠤᠢ  ᠎ ᠶᠢᠨ  ᠬᠥᠭᠵᠢᠯᠲᠡ  ᠬᠤᠴᠣᠷᠤᠩᠭᠤᠢ  ᠂  ᠡᠳ᠋  ᠎ ᠤᠨ  ᠵᠠᠰᠠᠭ  ᠎ ᠤᠨ  ᠣᠷᠣᠯᠭ᠎ᠠ ᠬᠦᠴᠢᠷᠲᠡᠢ  ᠃  ᠬᠤᠶᠠᠷ  ᠎ ᠲᠤ  ᠂  ᠲᠠᠷᠢᠶᠠᠯᠠᠩ  ᠮᠠᠯ  ᠠᠵᠤ  ᠠᠬᠤᠢ  ᠎ ᠶᠢᠨ  ᠪᠠᠶᠢᠭᠠᠯᠢ  ᠎ ᠶᠢᠨ  ᠭᠠᠮᠰᠢᠭ  ᠎ ᠢ  ᠲᠤᠯᠵᠤ   ᠡᠰᠡᠷᠭᠦᠴᠡᠬᠦ  ᠴᠢᠳᠠᠪᠤᠷᠢ  ᠳᠣᠷᠣᠢ  ᠂  ᠠᠮᠢ  ᠠᠬᠤᠢ  ᠎ ᠶᠢᠨ  ᠣᠷᠴᠢᠨ  ᠲᠣᠭᠤᠷᠢᠨ  ᠪᠠᠰᠠᠯᠠ ᠨᠡᠯᠢᠶᠡᠳ  ᠪᠠᠭᠤᠷᠠᠢ᠂ ᠰᠠᠭᠤᠷᠢ  ᠠᠵᠤ  ᠦᠢᠯᠡᠰ  ᠎ ᠢ  ᠦᠷᠭᠦᠯᠵᠢᠯᠡᠨ  ᠴᠢᠩᠭᠠᠳᠬᠠᠬᠤ  ᠴᠢᠬᠤᠯᠠᠲᠠᠢ  ᠪᠠᠶᠢᠵᠤ  ᠂  ᠮᠠᠯᠴᠢᠨ  ᠲᠠᠷᠢᠶᠠᠴᠢᠨ  ᠎ ᠤ  ᠣᠷᠣᠯᠭ᠎ᠠ  ᠎ ᠶᠢᠨ  ᠨᠡᠮᠡᠭᠳᠡᠯ  ᠎ ᠤᠨ  ᠰᠠᠭᠤᠷᠢ  ᠪᠠᠬᠢ  ᠪᠤᠰᠤ  ᠂  ᠰᠢᠨ᠎ᠡ  ᠬᠥᠳᠡᠭᠡ  ᠲᠣᠰᠬᠤᠨ  ᠮᠠᠯᠵᠢᠬᠤ  ᠣᠷᠣᠨ  ᠎ ᠤ  ᠡᠭᠦᠷᠭᠡ  ᠪᠠᠰᠠ  ᠲᠤᠶᠢᠯ  ᠎ ᠤᠨ  ᠬᠦᠨᠳᠦ  ᠪᠠᠶᠢᠭᠰᠠᠭᠠᠷ  ᠃  ᠭᠤᠷᠪᠠ  ᠎ ᠳᠤ  ᠂  ᠣᠷᠤᠭᠤᠯᠤᠯᠲᠠ  ᠬᠦᠷᠦᠯᠴᠡᠬᠦ  ᠦᠭᠡᠢ  ᠂  ᠡᠳ᠋  ᠎ ᠤᠨ  ᠬᠦᠴᠦᠨ  ᠬᠢᠵᠠᠭᠠᠷᠲᠠᠢ  ᠂  ᠪᠡᠯᠡ  ᠬᠤᠷᠠᠮᠳᠤᠭᠤᠯᠬᠤ  ᠎ ᠳᠤ  ᠬᠦᠴᠢᠷᠲᠡᠢ  ᠂  ᠣᠨᠴᠠᠭᠠᠶᠢᠯᠠᠨ  ᠦᠢᠯᠡᠳᠪᠦᠷᠢᠯᠡᠯ  ᠎ ᠤᠨ  ᠬᠦᠷᠢᠶ᠎ᠡ  ᠬᠡᠪᠴᠢᠶ᠎ᠡ  ᠪᠣᠯᠣᠨ  ᠰᠠᠭᠤᠷᠢ  ᠲᠥᠬᠦᠭᠡᠷᠦᠮᠵᠢ  ᠎ ᠶᠢᠨ  ᠪᠦᠲᠦᠭᠡᠨ  ᠪᠠᠶᠢᠭᠤᠯᠤᠯᠲᠠ  ᠎ ᠶᠢᠨ  ᠲᠠᠯ᠎ᠠ  ᠎ ᠪᠠᠷ  ᠲᠡᠦᠬᠡᠨ  ᠎ ᠠᠴᠠ  ᠦᠯᠡᠳᠡᠭᠳᠡᠭᠰᠡᠨ  ᠥᠷᠢ  ᠰᠢᠷᠢ  ᠣᠯᠠᠨ  ᠂  ᠠᠵᠤ  ᠠᠬᠤᠢ  ᠎ ᠶᠢᠨ  ᠬᠥᠭᠵᠢᠯᠲᠡ  ᠳᠤᠮᠳᠠ  ᠤᠰᠤ  ᠂  ᠴᠠᠬᠢᠯᠭᠠᠨ  ᠂  ᠭᠠᠵᠠᠷ  ᠰᠢᠷᠣᠢ  ᠂  ᠡᠬᠢ  ᠪᠠᠶᠠᠯᠢᠭ  ᠵᠡᠷᠭᠡ  ᠬᠢᠵᠠᠭᠠᠷᠯᠠᠯ  ᠎ ᠤᠨ  ᠡᠯᠧᠮᠧᠨ᠋ᠲ ᠬᠠᠷᠠᠬᠠᠨ  ᠤᠰᠠᠳᠤᠭᠠᠳᠤᠢ  ᠃  ᠳᠥᠷᠪᠡ  ᠎ ᠳᠤ  ᠂  ᠵᠠᠷᠢᠮ  ᠰᠠᠯᠠᠭ᠎ᠠ  ᠮᠥᠴᠢᠷ  ᠎ ᠤᠨ  ᠬᠥᠭᠵᠢᠯᠲᠡ  ᠎ ᠶᠢᠨ  ᠤᠬᠠᠮᠰᠠᠷ  ᠂  ᠶᠡᠭᠡ  ᠲᠠᠯ᠎ᠠ  ᠎ ᠶᠢᠨ  ᠤᠬᠠᠮᠰᠠᠷ  ᠂   ᠰᠠᠨᠠᠭᠠᠰᠢᠷᠠᠯ  ᠎ ᠤᠨ ᠤᠬᠠᠮᠰᠠᠷ  ᠎ ᠢᠶᠠᠷ  ᠳᠣᠷᠣᠢ  ᠂  ᠦᠢᠯᠡᠴᠢᠯᠡᠭᠡᠨ  ᠎ ᠤ  ᠬᠢᠷᠢ  ᠲᠦᠪᠰᠢᠨ  ᠥᠨᠳᠥᠷ  ᠪᠢᠰᠢ  ᠂  ᠬᠥᠭᠵᠢᠯᠲᠡ  ᠎ ᠶᠢᠨ  ᠣᠷᠴᠢᠨ  ᠲᠣᠭᠤᠷᠢᠨ  ᠎ ᠢ  ᠤᠯᠠᠮ  ᠨᠢᠭᠡ  ᠠᠯᠬᠤᠮ  ᠰᠢᠯᠢᠳᠡᠭᠵᠢᠭᠦᠯᠬᠦ  ᠴᠢᠬᠤᠯᠠᠲᠠᠢ  ᠪᠠᠶᠢᠨ᠎ᠠ  ᠃  ᠡᠳᠡᠭᠡᠷ  ᠠᠰᠠᠭᠤᠳᠠᠯ  ᠎ ᠢ  ᠪᠢᠳᠠ  ᠡᠷᠬᠡᠪᠰᠢ  ᠳᠡᠭᠡᠳᠦ  ᠬᠡᠮᠵᠢᠶ᠎ᠡ  ᠎ ᠪᠠᠷ  ᠬᠦᠨᠳᠦᠳᠬᠡᠨ  ᠦᠵᠡᠵᠦ  ᠂  ᠰᠢᠨᠵᠢᠯᠡᠬᠦ  ᠤᠬᠠᠭᠠᠨᠴᠢ  ᠬᠥᠭᠵᠢᠯᠲᠡ  ᠎ ᠶᠢᠨ  ᠦᠵᠡᠯᠲᠡ  ᠎ ᠶᠢᠨ  ᠱᠠᠭᠠᠷᠳᠠᠯᠭ᠎ᠠ  ᠶᠣᠰᠣᠭᠠᠷ  ᠂  ᠦᠨᠡᠨ  ᠪᠦᠲᠦᠮᠵᠢᠲᠡᠢ  ᠠᠷᠭ᠎ᠠ  ᠬᠡᠮᠵᠢᠶ᠎ᠡ  ᠠᠪᠴᠤ  ᠂  ᠤᠷᠤᠭᠰᠢᠯᠠᠬᠤ  ᠵᠠᠮ  ᠎ ᠳᠠᠭᠠᠨ  ᠬᠦᠴᠢᠷ  ᠎ ᠢ  ᠢᠯᠠᠨ  ᠳᠠᠪᠠᠵᠤ  ᠂  ᠥᠭᠡᠷᠡᠴᠢᠯᠡᠯᠲᠡ  ᠬᠥᠭᠵᠢᠯᠲᠡ  ᠎ ᠶᠢᠨ  ᠶᠠᠪᠤᠴᠠ  ᠎ ᠳᠠᠭᠠᠨ  ᠠᠰᠠᠭᠤᠳᠠᠯ  ᠎ ᠢ  ᠰᠢᠢᠳᠪᠦᠷᠢᠯᠡᠨ  ᠂  ᠠᠵᠢᠯ  ᠎ ᠢᠶᠠᠨ  ᠯᠠᠪᠳᠠᠭᠤᠨ  ᠪᠠᠲᠤᠲᠠᠢ  ᠶᠠᠪᠤᠭᠳᠠᠭᠤᠯᠵᠤ  ᠂  ᠠᠷᠠᠳ  ᠲᠦᠮᠡᠨ  ᠎ ᠤ  ᠎ ᠪᠠᠨ  ᠬᠦᠰᠡᠯ  ᠨᠠᠶᠢᠳᠠᠯᠭ᠎ᠠ  ᠎ ᠶᠢ  ᠬᠥᠰᠡᠷᠳᠡᠭᠦᠯᠬᠦ  ᠦᠭᠡᠢ  ᠪᠠᠶᠢᠬᠤ  ᠬᠡᠷᠡᠭᠲᠡᠢ  ᠃          ᠬᠤᠶᠠᠷ  ᠂  ᠬᠤᠶᠢᠰᠢᠳᠠ  ᠎ ᠶᠢᠨ  ᠲᠠᠪᠤᠨ  ᠵᠢᠯ  ᠎ ᠤᠨ  ᠠᠵᠢᠯ  ᠎ ᠤᠨ  ᠡᠭᠦᠷᠭᠡ  ᠬᠠᠷᠠᠯᠲᠠ         ᠬᠤᠶᠢᠰᠢᠳᠠ  ᠎ ᠶᠢᠨ ᠲᠠᠪᠤᠨ ᠵᠢᠯ  ᠪᠣᠯ  ᠨᠠᠮ ᠤᠨ  ᠠᠷᠪᠠᠨ  ᠳᠣᠯᠣᠳᠤᠭᠠᠷ  ᠶᠡᠭᠡ  ᠬᠤᠷᠠᠯ  ᠎ ᠤᠨ  ᠵᠣᠷᠢᠭ  ᠰᠠᠨᠠᠭ᠎ᠠ  ᠎ ᠶᠢ  ᠲᠣᠣᠱᠯᠠᠭᠤᠯᠤᠨ  ᠨᠠᠶᠢᠳᠠᠪᠤᠷᠢᠵᠢᠭᠤᠯᠵᠤ  ᠂  ᠡᠶ᠎ᠡ  ᠵᠣᠬᠢᠴᠠᠯᠲᠠᠢ  ᠨᠡᠶᠢᠭᠡᠮ  ᠎ ᠢ  ᠴᠣᠭᠴᠠᠯᠠᠬᠤ  ᠪᠠ  ᠴᠢᠨᠡᠭᠡᠯᠢᠭ  ᠨᠡᠶᠢᠭᠡᠮ  ᠎ ᠢ  ᠪᠦᠬᠦ  ᠲᠠᠯ᠎ᠠ  ᠎ ᠪᠠᠷ  ᠪᠦᠲᠦᠭᠡᠨ  ᠪᠠᠶᠢᠭᠤᠯᠬᠤ  ᠴᠢᠬᠤᠯᠠ  ᠨᠢᠭᠡ  ᠴᠠᠭ  ᠬᠤᠭᠤᠴᠠᠭ᠎ᠠ  ᠪᠣᠯᠣᠨ᠎ᠠ  ᠃  ᠪᠦᠬᠦ  ᠬᠤᠰᠢᠭᠤᠨ  ᠎ ᠤ  ᠠᠵᠤ  ᠠᠬᠤᠢ  ᠨᠡᠶᠢᠭᠡᠮ  ᠎ ᠤᠨ  ᠬᠥᠭᠵᠢᠯᠲᠡ  ᠎ ᠶᠢᠨ  ᠵᠢᠯᠣᠭᠤᠳᠬᠤ  ᠦᠵᠡᠯ  ᠰᠠᠨᠠᠭ᠎ᠠ  ᠪᠣᠯ  ᠄ ᠨᠠᠮ ᠤᠨ  ᠠᠷᠪᠠᠨ  ᠳᠣᠯᠣᠳᠤᠭᠠᠷ  ᠶᠡᠭᠡ  ᠬᠤᠷᠠᠯ  ᠎ ᠤᠨ  ᠵᠣᠷᠢᠭ  ᠰᠠᠨᠠᠭ᠎ᠠ  ᠎ ᠶᠢ  ᠭᠦᠨᠵᠡᠭᠡᠢ  ᠲᠣᠣᠱᠯᠠᠭᠤᠯᠤᠨ  ᠨᠠᠶᠢᠳᠠᠪᠤᠷᠢᠵᠢᠭᠤᠯᠵᠤ  ᠂ ᠰᠢᠨᠵᠢᠯᠡᠬᠦ  ᠤᠬᠠᠭᠠᠨᠴᠢ  ᠬᠥᠭᠵᠢᠯᠲᠡ  ᠎ ᠶᠢᠨ  ᠦᠵᠡᠯᠲᠡ  ᠎ ᠪᠠᠷ  ᠪᠦᠬᠦ  ᠲᠠᠯ᠎ᠠ  ᠎ ᠶᠢ  ᠬᠠᠮᠤᠷᠴᠤ᠂  ᠠᠵᠤ  ᠠᠬᠤᠢ  ᠎ ᠶᠢᠨ  ᠪᠦᠲᠦᠭᠡᠨ  ᠪᠠᠶᠢᠭᠤᠯᠤᠯᠲᠠ  ᠎ ᠪᠠᠷ  ᠭᠤᠣᠯ  ᠪᠣᠯᠭᠠᠵᠤ  ᠂ ︽ᠬᠤᠲᠠ  ᠬᠥᠳᠡᠭᠡ  ᠎ ᠶᠢᠨ ᠨᠢᠭᠡᠳᠦᠯᠲᠡᠢ  ᠲᠥᠯᠥᠪᠵᠢᠭᠦᠯᠭᠡ  ᠂  ᠭᠤᠷᠪᠠᠵᠢᠭᠤᠯᠤᠯᠲᠠ  ᠎ ᠶᠢᠨ  ᠬᠠᠷᠢᠯᠴᠠᠨ  ᠳᠠᠶᠢᠴᠢᠯᠠᠯ︾  ᠎ ᠢ  ᠦᠷᠭᠦᠯᠵᠢᠯᠡᠨ  ᠪᠠᠷᠢᠮᠲᠠᠯᠠᠵᠤ  ᠂  ᠣᠳᠣ  ᠴᠠᠭ  ᠎ ᠤᠨ  ᠲᠠᠷᠢᠶᠠᠯᠠᠩ  ᠮᠠᠯ  ᠠᠵᠤ  ᠠᠬᠤᠢ  ᠎ ᠶᠢ  ᠬᠦᠴᠦᠯᠡᠨ  ᠬᠥᠭᠵᠢᠭᠦᠯᠵᠦ  ᠂  ᠠᠵᠤ  ᠦᠢᠯᠡᠳᠪᠦᠷᠢᠵᠢᠯᠲᠡ  ᠶᠢᠨ  ᠠᠬᠢᠴᠠ  ᠎ ᠶᠢ  ᠲᠦᠷᠭᠡᠳᠬᠡᠨ  ᠂  ᠲᠠᠯ᠎ᠠ  ᠨᠤᠲᠤᠭ  ᠎ ᠤᠨ  ᠣᠨᠴᠠᠯᠢᠭᠲᠤ  ᠵᠤᠭᠠᠴᠠᠯ  ᠎ ᠢᠶᠠᠷ  ᠭᠤᠣᠯᠳᠠᠭᠰᠠᠨ  ᠭᠤᠷᠪᠠᠳᠤᠭᠠᠷ  ᠠᠵᠤ  ᠦᠢᠯᠡᠰ  ᠎ ᠢ  ᠥᠷᠨᠢᠭᠦᠨ  ᠬᠥᠭᠵᠢᠭᠦᠯᠵᠦ  ᠂  ᠬᠥᠭᠵᠢᠯᠲᠡ  ᠎ ᠶᠢᠨ  ᠣᠷᠴᠢᠨ  ᠲᠣᠭᠤᠷᠢᠨ  ᠎ ᠢᠶᠠᠨ  ᠤᠯᠠᠮ  ᠨᠢᠭᠡ  ᠠᠯᠬᠤᠮ  ᠰᠢᠯᠢᠳᠡᠭᠵᠢᠭᠦᠯᠦᠨ᠂  ᠠᠷᠠᠳ  ᠎ ᠤᠨ  ᠠᠮᠢᠳᠤᠷᠠᠯ  ᠎ ᠢ  ᠬᠦᠴᠦ  ᠲᠠᠯᠪᠢᠨ  ᠰᠠᠶᠢᠵᠢᠷᠠᠭᠤᠯᠵᠤ  ᠂  ᠠᠵᠤ  ᠠᠬᠤᠢ  ᠨᠡᠶᠢᠭᠡᠮ  ᠎ ᠤᠨ  ᠬᠥᠭᠵᠢᠯᠲᠡ  ᠎ ᠶᠢᠨ  ᠰᠠᠶᠢᠨ  ᠮᠥᠷᠲᠡᠭᠡᠨ  ᠲᠦᠷᠭᠡᠨ  ᠬᠥᠭᠵᠢᠯᠲᠡ  ᠎ ᠶᠢ  ᠪᠡᠶᠡᠯᠡᠭᠦᠯᠦᠨ᠎ᠡ  ᠃ 2012 ᠣᠨ  ᠪᠣᠯᠲᠠᠯᠠᠬᠢ  ᠪᠦᠬᠦ  ᠬᠤᠰᠢᠭᠤᠨ  ᠎ ᠤ  ᠠᠵᠤ  ᠠᠬᠤᠢ  ᠨᠡᠶᠢᠭᠡᠮ  ᠎ ᠤᠨ  ᠬᠥᠭᠵᠢᠯᠲᠡ  ᠎ ᠶᠢᠨ  ᠭᠤᠣᠯ  ᠪᠣᠯᠬᠤ  ᠤᠷᠢᠳᠴᠢᠯᠠᠭᠰᠠᠨ  ᠬᠠᠷᠠᠯᠲᠠ  ᠪᠣᠯ  ᠄  ᠣᠷᠣᠨ  ᠨᠤᠲᠤᠭ  ᠎ ᠤᠨ  ᠦᠢᠯᠡᠳᠪᠦᠷᠢᠯᠡᠯ  ᠎ ᠤᠨ  ᠶᠡᠷᠦᠩᠬᠡᠢ  ᠥᠷᠲᠡᠭ  ᠎ ᠢ 50  ᠳ᠋ᠦᠩᠰᠢᠭᠤᠷ  ᠲᠥᠭᠦᠷᠢᠭ  ᠎ ᠠᠴᠠ  ᠳᠠᠪᠠᠭᠤᠯᠵᠤ  ᠂  ᠡᠳ᠋  ᠎ ᠤᠨ  ᠵᠠᠰᠠᠭ  ᠎ ᠤᠨ  ᠣᠷᠣᠯᠭ᠎ᠠ  ᠎ ᠶᠢ 2  ᠳ᠋ᠦᠩᠰᠢᠭᠤᠷ  ᠲᠥᠭᠦᠷᠢᠭ  ᠳᠠᠪᠠᠭᠤᠯᠤᠨ  ᠂  ᠪᠦᠬᠦ  ᠨᠡᠶᠢᠭᠡᠮ  ᠎ ᠤᠨ  ᠲᠣᠭᠲᠠᠮᠠᠯ  ᠬᠥᠷᠥᠩᠭᠡ  ᠎ ᠶᠢᠨ  ᠪᠡᠯᠡ  ᠣᠷᠤᠭᠤᠯᠤᠯᠲᠠ  ᠎ ᠶᠢ 40  ᠳ᠋ᠦᠩᠰᠢᠭᠤᠷ  ᠲᠥᠭᠦᠷᠢᠭ  ᠳᠠᠪᠠᠭᠤᠯᠬᠤ  ᠎ ᠪᠠᠷ  ᠴᠢᠷᠮᠠᠶᠢᠨ᠎ᠠ  ᠃  ᠬᠤᠲᠠ  ᠪᠠᠯᠭᠠᠰᠤᠨ  ᠎ ᠤ  ᠰᠠᠭᠤᠭᠠᠯᠢ  ᠠᠷᠠᠳ  ᠎ ᠤᠨ  ᠬᠥᠮᠥᠨ  ᠳᠤᠮᠳᠠᠴᠢ  ᠲᠣᠬᠢᠷᠠᠭᠤᠯᠵᠤ  ᠪᠣᠯᠬᠤᠶᠢᠴᠠ  ᠣᠷᠣᠯᠭ᠎ᠠ  ᠎ ᠶᠢ 1.3  ᠲᠦᠮᠡᠨ  ᠲᠥᠭᠦᠷᠢᠭ  ᠬᠡᠲᠦᠷᠡᠭᠦᠯᠵᠦ᠂  ᠲᠠᠷᠢᠶᠠᠴᠢᠨ  ᠮᠠᠯᠴᠢᠨ  ᠎ ᠤ  ᠬᠥᠮᠥᠨ  ᠳᠤᠮᠳᠠᠴᠢ  ᠴᠡᠪᠡᠷ  ᠣᠷᠣᠯᠭ᠎ᠠ  ᠎ ᠶᠢ  ᠲᠣᠰᠪᠤᠷᠢ 5000  ᠪᠠ 8500  ᠲᠥᠭᠦᠷᠢᠭ  ᠳᠠᠪᠠᠭᠤᠯᠤᠨ᠎ᠠ  ᠃  ᠬᠤᠲᠠ  ᠪᠠᠯᠭᠠᠰᠤᠨ  ᠎ ᠤ  ᠳᠠᠩᠰᠠᠯᠠᠭᠳᠠᠭᠰᠠᠨ ᠠᠵᠢᠯ  ᠠᠯᠳᠠᠬᠤ  ᠨᠤᠷᠮ᠎ᠠ  ᠎ ᠶᠢ 4%  ᠎ ᠳᠤ  ᠬᠢᠵᠠᠭᠠᠷᠯᠠᠵᠤ  ᠂  ᠬᠥᠮᠥᠨ  ᠠᠮᠠ  ᠎ ᠶᠢᠨ  ᠲᠥᠷᠥᠬᠦ  ᠨᠤᠷᠮ᠎ᠠ  ᠎ ᠶᠢ 10  ᠎ ᠳᠤ  ᠬᠢᠵᠠᠭᠠᠷᠯᠠᠨ  ᠂  ᠠᠷᠠᠳ  ᠎ ᠤᠨ  ᠠᠮᠢᠳᠤᠷᠠᠯ  ᠎ ᠢ  ᠤᠯᠠᠮ  ᠪᠠᠶᠠᠯᠢᠭᠵᠢᠭᠤᠯᠵᠤ  ᠂  ᠠᠮᠢ  ᠠᠬᠤᠢ  ᠎ ᠶᠢᠨ  ᠣᠷᠴᠢᠨ  ᠲᠣᠭᠤᠷᠢᠨ  ᠪᠠ  ᠰᠠᠭᠤᠷᠢ  ᠲᠥᠬᠦᠭᠡᠷᠦᠮᠵᠢ  ᠎ ᠶᠢ  ᠢᠯᠡᠳᠲᠡ  ᠰᠠᠶᠢᠵᠢᠷᠠᠭᠤᠯᠵᠤ  ᠂  ᠨᠡᠶᠢᠭᠡᠮ  ᠎ ᠤᠨ  ᠪᠠᠲᠤᠯᠠᠭᠠᠨ  ᠎ ᠤ  ᠴᠢᠳᠠᠪᠤᠷᠢ  ᠎ ᠶᠢ  ᠤᠯᠠᠮ  ᠢᠯᠡᠭᠦᠦ  ᠲᠡᠭᠦᠯᠳᠡᠷᠵᠢᠭᠦᠯᠦᠨ᠎ᠡ  ᠃         ᠡᠳᠡᠭᠡᠷ  ᠡᠭᠦᠷᠭᠡ  ᠬᠠᠷᠠᠯᠲᠠ  ᠎ ᠶᠢ  ᠪᠡᠶᠡᠯᠡᠭᠦᠯᠬᠦ  ᠎ ᠳᠤ  ᠪᠢᠳᠠ  ᠳᠣᠣᠷᠠᠬᠢ  ᠲᠠᠪᠤᠨ  ᠲᠠᠯ᠎ᠠ  ᠎ ᠶᠢᠨ  ᠠᠵᠢᠯ  ᠎ ᠢ  ᠬᠦᠴᠦ  ᠲᠠᠯᠪᠢᠨ  ᠰᠠᠶᠢᠲᠤᠷ   ᠠᠳᠬᠤᠬᠤ  ᠬᠡᠷᠡᠭᠲᠡᠢ  ᠃         ︵ᠨᠢᠭᠡ︶  ᠣᠳᠣ  ᠴᠠᠭ  ᠎ ᠤᠨ  ᠲᠠᠷᠢᠶᠠᠯᠠᠩ  ᠮᠠᠯ  ᠠᠵᠤ  ᠠᠬᠤᠢ  ᠎ ᠶᠢ  ᠲᠦᠷᠭᠡᠨ  ᠬᠥᠭᠵᠢᠭᠦᠯᠵᠦ  ᠂  ᠰᠢᠨ᠎ᠡ  ᠬᠥᠳᠡᠭᠡ  ᠲᠣᠰᠬᠤᠨ  ᠮᠠᠯᠵᠢᠬᠤ  ᠣᠷᠣᠨ  ᠎ ᠤ  ᠪᠦᠲᠦᠭᠡᠨ  ᠪᠠᠶᠢᠭᠤᠯᠤᠯᠲᠠ  ᠎ ᠶᠢ  ᠬᠦᠴᠦᠲᠡᠢ  ᠠᠬᠢᠭᠤᠯᠬᠤ  ᠬᠡᠷᠡᠭᠲᠡᠢ  ᠃        ᠨᠢᠭᠡ  ᠎ ᠳᠤ  ᠂  ᠲᠠᠷᠢᠶᠠᠯᠠᠩ  ᠮᠠᠯ  ᠠᠵᠤ  ᠠᠬᠤᠢ  ᠎ ᠶᠢᠨ  ᠠᠵᠤ  ᠦᠢᠯᠡᠰ  ᠎ ᠤᠨ  ᠪᠦᠲᠦᠴᠡ  ᠎ ᠶᠢ  ᠲᠣᠬᠢᠷᠠᠭᠤᠯᠤᠨ᠎ᠠ  ᠃  ᠲᠠᠷᠢᠶᠠᠯᠠᠩ  ᠮᠠᠯ  ᠠᠵᠤ  ᠠᠬᠤᠢ  ᠎ ᠶᠢ  ᠲᠠᠷᠢᠮᠠᠯ  ᠎ ᠤᠨ  ᠦᠢᠯᠡᠰ  ᠎ ᠢᠶᠠᠷ  ᠭᠤᠣᠯᠳᠠᠵᠤ  ᠪᠠᠶᠢᠭᠰᠠᠨ  ᠎ ᠠᠴᠠ  ᠎ ᠨᠢ  ᠲᠠᠷᠢᠮᠠᠯ  ᠎ ᠤᠨ  ᠦᠢᠯᠡᠰ  ᠂  ᠠᠷᠠᠴᠢᠯᠠᠵᠤ  ᠮᠠᠯᠵᠢᠬᠤ  ᠦᠢᠯᠡᠰ  ᠎ ᠢ  ᠵᠡᠷᠭᠡ  ᠎ ᠪᠠᠷ  ᠬᠥᠭᠵᠢᠭᠦᠯᠬᠦ  ᠲᠡᠰᠢ  ᠬᠤᠪᠢᠷᠠᠭᠤᠯᠤᠨ᠎ᠠ  ᠃  ᠲᠠᠷᠢᠮᠠᠯ  ᠎ ᠤᠨ  ᠦᠢᠯᠡᠰ  ᠎ ᠨᠢ  ᠢᠳᠡᠰᠢᠨ  ᠨᠣᠭᠤᠭ᠎ᠠ  ᠂  ᠲᠥᠮᠥᠰᠥ  ᠎ ᠪᠠᠷ  ᠭᠤᠣᠯᠳᠠᠭᠴᠢ  ᠠᠵᠤ  ᠦᠢᠯᠡᠰ  ᠪᠣᠯᠭᠠᠵᠤ  ᠂  ᠠᠷᠠᠴᠢᠯᠠᠵᠤ  ᠮᠠᠯᠵᠢᠬᠤ  ᠦᠢᠯᠡᠰ  ᠎ ᠨᠢ  ᠰᠠᠭᠠᠯᠢ  ᠎ ᠶᠢᠨ  ᠦᠨᠢᠶ᠎ᠡ  ᠂  ᠰᠠᠶᠢᠨ  ᠡᠭᠦᠯᠳᠡᠷ  ᠎ ᠤᠨ  ᠠᠯᠠᠰᠢᠨ  ᠦᠬᠡᠷ  ᠎ ᠢᠶᠠᠷ  ᠭᠤᠣᠯ  ᠪᠣᠯᠭᠠᠬᠤ  ᠎ ᠶᠢᠨ  ᠬᠠᠮᠲᠤ  ᠂  ᠭᠠᠭ᠋ᠠᠢ  ᠂  ᠲᠠᠤᠯᠠᠢ  ᠂  ᠲᠠᠬᠢᠶ᠎ᠠ  ᠵᠡᠷᠭᠡ  ᠠᠷᠠᠴᠢᠯᠠᠵᠤ  ᠮᠠᠯᠵᠢᠬᠤ  ᠦᠢᠯᠡᠰ  ᠎ ᠤᠨ  ᠬᠥᠭᠵᠢᠯᠲᠡ  ᠎ ᠶᠢ  ᠵᠣᠷᠢᠭᠵᠢᠭᠤᠯᠤᠨ ᠲᠡᠳᠬᠦᠨ᠎ᠡ  ᠃ ᠬᠤᠶᠠᠷ  ᠎ ᠲᠤ  ᠂  ᠠᠵᠤ  ᠦᠢᠯᠡᠰᠵᠢᠭᠰᠡᠨ  ᠡᠵᠡᠩᠨᠡᠯᠲᠡ  ᠎ ᠶᠢ  ᠠᠬᠢᠭᠤᠯᠬᠤ  ᠬᠡᠷᠡᠭᠲᠡᠢ  ᠃  ᠰᠠᠭᠤᠷᠢᠨ  ᠭᠠᠵᠠᠷ  ᠎ ᠤᠨ  ᠪᠦᠲᠦᠭᠡᠨ  ᠪᠠᠶᠢᠭᠤᠯᠤᠯᠲᠠ  ᠎ ᠶᠢ  ᠴᠢᠩᠭᠠᠳᠬᠠᠨ᠎ᠠ  ᠃ ︽ᠲᠠᠶᠢᠹᠤᠰᠧ  ᠬᠤᠰᠢᠭᠤᠨ  ᠎ ᠤ  ᠤᠰᠤᠨ  ᠰᠤᠷᠪᠤᠯᠵᠢ ᠶᠢᠨ ᠬᠠᠮᠢᠶᠠᠷᠤᠯᠲᠠ  ᠎ ᠶᠢᠨ  ᠠᠷᠭ᠎ᠠ  ᠬᠡᠮᠵᠢᠶ᠎ᠡ︾  ᠎ ᠶᠢ  ᠨᠠᠷᠢᠨ  ᠬᠢᠨᠠᠮᠠᠭᠠᠢ  ᠬᠡᠷᠡᠭᠵᠢᠭᠦᠯᠵᠦ  ᠂  ᠤᠰᠤᠨ  ᠎ ᠤ  ᠡᠬᠢ  ᠪᠠᠶᠠᠯᠢᠭ  ᠎ ᠢ  ᠵᠦᠢ  ᠵᠣᠬᠢᠰᠲᠠᠢ  ᠨᠡᠭᠡᠭᠡᠨ  ᠬᠥᠭᠵᠢᠭᠦᠯᠵᠦ  ᠂  ᠠᠷᠪᠢᠲᠠᠢ  ᠤᠰᠤᠵᠢᠭᠤᠯᠤᠯᠲᠠ ᠶᠢ ᠲᠦᠭᠡᠮᠡᠯᠵᠢᠭᠦᠯᠦᠨ  ᠬᠡᠷᠡᠭᠵᠢᠭᠦᠯᠵᠦ  ᠂  ᠲᠠᠪᠤᠨ  ᠵᠢᠯ  ᠎ ᠳᠤ 12.4 ᠲᠦᠮᠡᠨ  ᠮᠦ ᠤᠰᠤᠵᠢᠭᠤᠯᠤᠯᠲᠠ  ᠎ ᠶᠢᠨ  ᠲᠠᠷᠢᠶᠠᠨ  ᠭᠠᠵᠠᠷ  ᠎ ᠢ  ᠰᠢᠨ᠎ᠡ  ᠎ ᠪᠠᠷ  ᠨᠡᠮᠡᠭᠳᠡᠭᠦᠯᠵᠦ  ᠂  ᠨᠡᠶᠢᠲᠡ 35  ᠲᠦᠮᠡᠨ  ᠮᠦ  ᠎ ᠳᠤ  ᠬᠦᠷᠭᠡᠨ  ᠂  ᠡᠭᠦᠨ  ᠎ ᠤ  ᠳᠣᠲᠣᠷ᠎ᠠ  ᠂  ᠲᠣᠮᠣ  ᠬᠡᠯᠪᠡᠷᠢ  ᠎ ᠶᠢᠨ  ᠰᠦᠷᠴᠢᠨ  ᠤᠰᠤᠯᠠᠬᠤ  ᠢᠨᠵᠧᠨᠧᠷᠢᠩ  ᠎ ᠢ 4.9 ᠲᠦᠮᠡᠨ  ᠮᠦ  ᠂  ᠪᠦᠬᠦ  ᠨᠡᠶᠢᠲᠡ 10.2 ᠲᠦᠮᠡᠨ  ᠮᠦ  ᠎ ᠳᠤ  ᠬᠦᠷᠭᠡᠨ᠎ᠡ  ᠃  ᠬᠥᠮᠥᠨ  ᠪᠦᠷᠢ  ᠎ ᠳᠤ  ᠳᠤᠮᠳᠠᠴᠢ  ᠎ ᠪᠠᠷ  3 ᠮᠦ  ᠤᠰᠤᠵᠢᠭᠤᠯᠤᠯᠲᠠ  ᠎ ᠶᠢᠨ  ᠲᠠᠷᠢᠶᠠᠨ  ᠭᠠᠵᠠᠷ  ᠨᠣᠭᠳᠠᠭᠤᠯᠬᠤ  ᠎ ᠶᠢ  ᠪᠡᠶᠡᠯᠡᠭᠦᠯᠵᠦ  ᠂  ᠡᠭᠦᠨ  ᠎ ᠤ  ᠳᠣᠲᠣᠷ᠎ᠠ  ᠤᠰᠤᠨ  ᠰᠤᠷᠪᠤᠯᠵᠢ  ᠳᠤᠲᠠᠮᠠᠭ  ᠣᠷᠣᠨ  ᠎ ᠤ  ᠬᠥᠮᠥᠨ  ᠪᠦᠷᠢ  ᠎ ᠳᠤ  ᠨᠣᠭᠳᠠᠬᠤ  ᠤᠰᠤᠵᠢᠭᠤᠯᠤᠯᠲᠠ  ᠎ ᠶᠢᠨ  ᠲᠠᠷᠢᠶᠠᠨ  ᠭᠠᠵᠠᠷ  ᠎ ᠢ 1 ᠮᠦ  ᠎ ᠳᠤ  ᠬᠦᠷᠭᠡᠨ᠎ᠡ  ᠃  ᠢᠳᠡᠰᠢᠨ  ᠨᠣᠭᠤᠭ᠎ᠠ  ᠲᠠᠷᠢᠬᠤ  ᠲᠠᠯᠠᠪᠠᠢ  ᠎ ᠶᠢ 15 ᠲᠦᠮᠡᠨ  ᠮᠦ  ᠣᠷᠴᠢᠮ  ᠎ ᠳᠤ  ᠲᠣᠭᠲᠠᠪᠤᠷᠢᠵᠢᠭᠤᠯᠵᠤ  ᠂  ᠭᠤᠣᠯᠳᠠᠭᠴᠢ  ᠪᠦᠲᠦᠭᠡᠭᠳᠡᠬᠦᠨ  ᠎ ᠢ  ᠬᠦᠴᠦᠯᠡᠨ  ᠡᠭᠦᠳᠴᠦ  ᠂  ᠴᠢᠳᠠᠪᠤᠷᠢ  ᠎ ᠪᠠᠨ  ᠪᠦᠷᠢᠨᠰᠢᠭᠦᠯᠵᠦ  ᠂  ᠶᠠᠰᠤ  ᠴᠢᠨᠠᠷ  ᠂  ᠦᠷ᠎ᠡ  ᠠᠰᠢᠭ  ᠎ ᠢᠶᠠᠨ  ᠨᠡᠮᠡᠭᠳᠡᠭᠦᠯᠬᠦ  ᠳᠡᠭᠡᠷ᠎ᠡ  ᠬᠦᠴᠦ  ᠲᠠᠯᠪᠢᠵᠤ  ᠂   ᠰᠢᠯᠵᠢᠮᠡᠯ  ᠳᠤᠯᠠᠭᠠᠨ  ᠬᠦᠯᠡᠮᠵᠢ 1  ᠲᠦᠮᠡᠨ  ᠰᠠᠭᠤᠷᠢ  ᠂ 5000  ᠮᠦ  ᠲᠠᠯᠠᠪᠠᠢ  ᠎ ᠶᠢ  ᠰᠢᠨ᠎ᠡ  ᠎ ᠪᠠᠷ  ᠨᠡᠮᠡᠭᠳᠡᠭᠦᠯᠦᠨ  ᠂  ᠣᠳᠣᠬᠢᠴᠢᠯᠠᠭᠰᠠᠨ  ᠲᠥᠬᠦᠭᠡᠷᠦᠮᠵᠢ  ᠪᠦᠬᠦᠢ  ᠲᠠᠷᠢᠶᠠᠯᠠᠩ  ᠎ ᠤᠨ  ᠵᠢᠱᠢᠶ᠎ᠡ  ᠦᠵᠡᠭᠦᠯᠬᠦ  ᠣᠷᠣᠨ 2000  ᠮᠦ  ᠎ ᠶᠢ  ᠪᠠᠶᠢᠭᠤᠯᠤᠨ᠎ᠠ  ︔ ᠲᠥᠮᠥᠰᠥ  ᠲᠠᠷᠢᠬᠤ  ᠲᠠᠯᠠᠪᠠᠢ  ᠎ ᠶᠢ  25  ᠲᠦᠮᠡᠨ  ᠮᠦ  ᠎ ᠠᠴᠠ  ᠳᠠᠪᠠᠭᠤᠯᠵᠤ  ᠂  ᠡᠭᠦᠨ  ᠎ ᠤ  ᠳᠣᠲᠣᠷ᠎ᠠ  ᠲᠣᠮᠣ  ᠬᠡᠯᠪᠡᠷᠢ  ᠎ ᠶᠢᠨ  ᠠᠷᠪᠢᠲᠠᠢ  ᠤᠰᠤᠵᠢᠭᠤᠯᠤᠯᠲᠠ  ᠎ ᠶᠢᠨ  ᠲᠤᠰᠬᠠᠢ  ᠲᠥᠮᠥᠰᠥᠨ  ᠎ ᠤ  ᠲᠠᠷᠢᠮᠠᠯ  ᠎ ᠤᠨ  ᠲᠠᠯᠠᠪᠠᠢ  ᠎ ᠶᠢ 10 ᠲᠦᠮᠡᠨ  ᠮᠦ  ᠎ ᠠᠴᠠ  ᠳᠣᠷᠣᠭᠰᠢ  ᠦᠭᠡᠢ  ᠪᠠᠶᠢᠯᠭᠠᠨ᠎ᠠ  ᠃  ︽ ᠲᠠᠷᠢᠶᠠᠴᠢᠨ  ᠎ ᠤ   ᠲᠤᠰᠬᠠᠢ   ᠬᠤᠷᠰᠢᠯ  ᠎ ᠤᠨ  ᠬᠠᠤᠯᠢ︾  ᠎ ᠶᠢ  ᠭᠦᠨᠵᠡᠭᠡᠢ  ᠲᠣᠣᠱᠯᠠᠭᠤᠯᠵᠦ  ᠂  ᠭᠠᠵᠠᠷ  ᠰᠢᠷᠣᠢ  ᠂  ᠡᠪᠡᠰᠦ  ᠪᠡᠯᠴᠢᠭᠡᠷ  ᠎ ᠤᠨ  ᠬᠠᠤᠯᠢ  ᠶᠣᠰᠣᠨ  ᠎ ᠤ  ᠵᠣᠬᠢᠰᠲᠠᠢ  ᠡᠷᠭᠢᠯᠲᠡ  ᠎ ᠶᠢ  ᠤᠯᠠᠮ  ᠨᠢᠭᠡ   ᠠᠯᠬᠤᠮ  ᠠᠬᠢᠭᠤᠯᠵᠤ  ᠂  ᠬᠠᠮᠲᠤᠷᠠᠯ  ᠎ ᠤᠨ  ᠬᠤᠷᠰᠢᠶ᠎ᠠ  ᠂  ᠨᠡᠶᠢᠭᠡᠮᠯᠢᠭ  ᠂  ᠬᠤᠯᠪᠣᠭᠠᠯᠠᠭᠰᠠᠨ  ᠡᠷᠦᠭᠡ  ᠵᠡᠷᠭᠡ  ᠣᠯᠠᠨ  ᠲᠥᠷᠥᠯ  ᠎ ᠤᠨ  ᠠᠵᠤ  ᠠᠬᠤᠢ  ᠎ ᠶᠢᠨ  ᠵᠣᠬᠢᠶᠠᠨ  ᠪᠠᠶᠢᠭᠤᠯᠤᠯᠲᠠ  ᠎ ᠶᠢᠨ  ᠬᠡᠯᠪᠡᠷᠢ  ᠎ ᠪᠠᠷ  ᠦᠢᠯᠡᠳᠪᠦᠷᠢᠯᠡᠯ  ᠡᠵᠡᠩᠨᠡᠯᠲᠡ  ᠬᠢᠬᠦ  ᠎ ᠶᠢ  ᠵᠣᠷᠢᠭᠵᠢᠭᠤᠯᠤᠨ  ᠳᠡᠮᠵᠢᠵᠦ  ᠂  ᠮᠠᠯᠴᠢᠨ  ᠲᠠᠷᠢᠶᠠᠴᠢᠨ  ᠎ ᠤ  ᠵᠣᠬᠢᠶᠠᠨ  ᠪᠠᠶᠢᠭᠤᠯᠵᠢᠯᠲᠠ  ᠎ ᠶᠢᠨ  ᠬᠡᠮᠵᠢᠶ᠎ᠡ  ᠎ ᠶᠢ  ᠳᠡᠭᠡᠭᠰᠢᠯᠡᠭᠦᠯᠦᠨ᠎ᠡ᠃ ᠬᠠᠰᠢᠶᠠᠯᠠᠵᠤ  ᠮᠠᠯᠵᠢᠬᠤ  ᠎ ᠪᠠᠷ  ᠦᠨᠳᠦᠰᠦᠨ  ᠠᠷᠭ᠎ᠠ  ᠮᠠᠶ᠋ᠢᠭ  ᠪᠣᠯᠭᠠᠵᠤ  ᠂  ᠰᠠᠭᠠᠯᠢ  ᠎ ᠶᠢᠨ  ᠦᠨᠢᠶ᠎ᠡ  ᠎ ᠶᠢ 6.5  ᠲᠦᠮᠡᠨ  ᠲᠣᠯᠣᠭᠠᠢ  ᠎ ᠳᠤ  ᠬᠦᠷᠭᠡᠨ  ᠂  ᠡᠷᠦᠭᠡ  ᠪᠦᠷᠢ  ᠎ ᠳᠤ 2 ᠲᠣᠯᠣᠭᠠᠢ  ᠨᠣᠭᠳᠠᠭᠤᠯᠵᠤ  ᠂  ᠠᠯᠠᠰᠢᠨ  ᠦᠬᠡᠷ  ᠪᠣᠷᠳᠣᠭᠰᠠᠨ  ᠬᠡᠮᠵᠢᠶ᠎ᠡ  ᠎ ᠶᠢ  10  ᠲᠦᠮᠡᠨ  ᠲᠣᠯᠣᠭᠠᠢ  ᠢᠯᠡᠭᠦᠦ  ᠎ ᠳᠤ  ᠬᠦᠷᠭᠡᠵᠦ  ᠂  ᠡᠷᠦᠭᠡ  ᠪᠦᠷᠢ  ᠎ ᠳᠤ 3 ᠲᠣᠯᠣᠭᠠᠢ  ᠨᠣᠭᠳᠠᠭᠤᠯᠤᠨ᠎ᠠ  ︔  ᠭᠠᠭ᠋ᠠᠢ  ᠲᠡᠵᠢᠭᠡᠭᠰᠡᠨ  ᠲᠤᠭ᠎ᠠ  ᠲᠣᠯᠣᠭᠠᠢ  ᠎ ᠶᠢ 11 ᠲᠦᠮᠡ  ᠎ ᠳᠤ  ᠬᠦᠷᠭᠡᠨ᠎ᠡ  ᠃  ᠲᠠᠷᠢᠶᠠᠯᠠᠩ  ᠮᠠᠯ  ᠠᠵᠤ  ᠠᠬᠤᠢ  ᠎ ᠶᠢᠨ  ᠪᠠᠷᠢᠮᠵᠢᠶᠠᠵᠢᠭᠰᠠᠨ  ᠦᠢᠯᠡᠳᠪᠦᠷᠢᠯᠡᠯ  ᠎ ᠢ  ᠲᠦᠯᠬᠢᠨ  ᠠᠬᠢᠭᠤᠯᠵᠤ  ᠂  ᠨᠡᠷᠡᠲᠦ  ᠲᠡᠮᠳᠡᠭ  ᠎ ᠤᠨ  ᠪᠠᠶᠢᠯᠳᠤᠬᠤ  ᠪᠣᠳᠣᠯᠭ᠎ᠠ  ᠎ ᠶᠢ  ᠬᠡᠷᠡᠭᠵᠢᠭᠦᠯᠦᠨ  ᠂  ᠰᠢᠯᠢᠳᠡᠭ  ᠴᠢᠨᠠᠷ  ᠎ ᠤᠨ  ᠮᠠᠯ  ᠲᠠᠷᠢᠶᠠᠯᠠᠩ  ᠎ ᠤᠨ  ᠪᠦᠲᠦᠭᠡᠭᠳᠡᠬᠦᠨ  ᠦᠢᠯᠡᠳᠪᠦᠷᠢᠯᠡᠬᠦ  ᠰᠠᠭᠤᠷᠢᠨ  ᠎ ᠢ  ᠪᠠᠶᠢᠭᠤᠯᠤᠨ᠎ᠠ  ᠃  ᠪᠣᠬᠢᠷᠲᠤᠯ  ᠬᠤᠣᠷᠳᠠᠯ  ᠦᠭᠡᠢ  ᠰᠠᠭᠤᠷᠢᠨ  ᠭᠠᠵᠠᠷ  ᠎ ᠢ  ᠪᠦᠲᠦᠭᠡᠨ  ᠪᠠᠶᠢᠭᠤᠯᠵᠤ  ᠂  ᠰᠠᠭᠤᠷᠢᠨ  ᠭᠠᠵᠠᠷ  ᠎ ᠤᠨ ᠰᠢᠯᠭᠠᠨ ᠭᠡᠷᠡᠴᠢᠯᠡᠯᠲᠡ  ᠎ ᠳᠤ  ᠣᠷᠣᠭᠰᠠᠨ  ᠲᠠᠯᠠᠪᠠᠢ  ᠪᠠ  ᠲᠥᠷᠥᠯ  ᠵᠦᠢᠯ  ᠎ ᠤᠨ  ᠬᠦᠷᠢᠶ᠎ᠡ  ᠬᠡᠪᠴᠢᠶ᠎ᠡ  ᠎ ᠶᠢ  ᠥᠷᠭᠡᠳᠬᠡᠵᠦ  ᠂  ᠨᠡᠶᠢᠲᠡ  ᠎ ᠶᠢᠨ  ᠬᠤᠣᠷᠳᠠᠯ  ᠦᠭᠡᠢ ᠪᠠᠷ ᠭᠡᠷᠡᠴᠢᠯᠡᠭᠳᠡᠭᠰᠡᠨ  ᠲᠠᠯᠠᠪᠠᠢ  ᠎ ᠶᠢ 95 ᠲᠦᠮᠡᠨ  ᠮᠦ  ᠎ ᠳᠤ  ᠬᠦᠷᠭᠡᠵᠦ  ᠂  ᠲᠥᠷᠥᠯ  ᠵᠦᠢᠯ  ᠎ ᠳᠤ  ᠪᠦᠬᠦᠶᠢᠯᠡ ᠪᠦᠲᠦᠭᠡᠭᠳᠡᠬᠦᠨ ᠢ   ᠬᠠᠮᠤᠷᠤᠭᠤᠯᠤᠨ᠎ᠠ  ᠃ ᠭᠤᠣᠯᠳᠠᠭᠴᠢ  ᠠᠵᠤ  ᠦᠢᠯᠡᠰ  ᠎ ᠲᠠᠬᠢ  ᠭᠤᠣᠯ  ᠪᠣᠯᠬᠤ ᠪᠦᠲᠦᠭᠡᠭᠳᠡᠬᠦᠨ  ᠎ ᠳᠤ ᠪᠦᠬᠦᠨ  ᠎ ᠢᠶᠠᠷ  ᠎ ᠨᠢ  ᠪᠣᠬᠢᠷᠲᠤᠯ  ᠦᠭᠡᠢ ᠭᠡᠷᠡᠴᠢ  ᠣᠯᠭᠤᠵᠤ  ᠂ 3᠎ ᠠᠴᠠ  ᠳᠡᠭᠡᠭᠰᠢᠬᠢ  ᠪᠦᠲᠦᠭᠡᠭᠳᠡᠬᠦᠨ  ᠎ ᠳᠤ  ᠣᠷᠭᠠᠨᠢᠭ  ᠎ ᠤᠨ  ᠭᠡᠷᠡᠴᠢ ᠣᠯᠭᠤᠨ᠎ᠠ  ᠃ ᠠᠷᠠᠯᠵᠢᠶᠠᠴᠢᠨ  ᠤᠷᠢᠵᠤ  ᠪᠡᠯᠡ  ᠮᠥᠩᠭᠦ  ᠲᠠᠲᠠᠬᠤ  ᠬᠦᠴᠦᠯᠡᠴᠡ  ᠎ ᠪᠠᠨ  ᠶᠡᠬᠡᠰᠬᠡᠵᠦ  ᠂  ᠲᠠᠷᠢᠶᠠᠯᠠᠩ  ᠎ ᠤᠨ  ᠪᠦᠲᠦᠭᠡᠭᠳᠡᠬᠦᠨ  ᠂  ᠮᠠᠯ  ᠎ ᠤᠨ  ᠠᠰᠢᠭ ᠰᠢᠮ᠎ᠡ  ᠎ ᠶᠢ  ᠪᠣᠯᠪᠠᠰᠤᠷᠠᠭᠤᠯᠬᠤ  ᠠᠵᠤ  ᠠᠬᠤᠶᠢᠯᠠᠯ  ᠎ ᠢ  ᠢᠳᠡᠪᠬᠢᠲᠡᠢ  ᠬᠥᠮᠥᠵᠢᠭᠦᠯᠬᠦ  ᠪᠠ  ᠲᠠᠲᠠᠨ  ᠣᠷᠣᠭᠤᠯᠵᠤ  ᠂  ᠠᠵᠤ  ᠦᠢᠯᠡᠰ  ᠎ ᠤᠨ  ᠬᠡᠯᠬᠢᠶᠡᠰᠦ  ᠎ ᠶᠢ  ᠤᠷᠲᠤᠳᠬᠠᠨ  ᠂  ᠲᠠᠷᠢᠶᠠᠯᠠᠩ  ᠎ ᠤᠨ  ᠪᠦᠲᠦᠭᠡᠭᠳᠡᠬᠦᠨ  ᠂  ᠮᠠᠯ  ᠎ ᠤᠨ  ᠠᠰᠢᠭ  ᠰᠢᠮ᠎ᠡ  ᠎ ᠶᠢ  ᠪᠣᠷᠣᠯᠠᠭᠤᠯᠬᠤ  ᠵᠠᠬ᠎ᠠ  ᠳᠡᠯᠭᠡᠭᠦᠷ  ᠎ ᠢ  ᠨᠡᠭᠡᠭᠡᠬᠦ  ᠎ ᠳᠤ  ᠰᠠᠭᠤᠷᠢ  ᠲᠠᠯᠪᠢᠨ᠎ᠠ  ᠃  ᠭᠤᠷᠪᠠ  ᠎ ᠳᠤ  ᠂  ᠲᠠᠷᠢᠶᠠᠯᠠᠩ  ᠮᠠᠯ  ᠠᠵᠤ  ᠠᠬᠤᠢ  ᠎ ᠶᠢᠨ  ᠮᠡᠳᠡᠭᠡ  ᠵᠠᠩᠭᠢᠵᠢᠯᠳᠠ  ᠎ ᠶᠢ  ᠲᠦᠷᠭᠡᠳᠬᠡᠬᠦ  ᠎ ᠪᠠᠷ  ᠭᠤᠣᠯ  ᠪᠣᠯᠭᠠᠭᠰᠠᠨ ᠦᠢᠯᠡᠴᠢᠯᠡᠭᠡᠨ  ᠎ ᠤ  ᠰᠢᠰᠲ᠋ᠧᠮ  ᠎ ᠤᠨ  ᠪᠠᠶᠢᠭᠤᠯᠤᠯᠲᠠ ᠶᠢᠨ  ᠠᠯᠬᠤᠴᠠ  ᠎ ᠶᠢ  ᠲᠦᠷᠭᠡᠳᠬᠡᠨ᠎ᠡ  ᠃  ᠲᠠᠷᠢᠶᠠᠯᠠᠩ  ᠮᠠᠯ  ᠠᠵᠤ  ᠠᠬᠤᠢ  ᠎ ᠶᠢᠨ  ᠮᠡᠳᠡᠭᠡ  ᠵᠠᠩᠭᠢᠵᠢᠯᠲᠠ  ᠎ ᠶᠢᠨ  ᠦᠢᠯᠡᠴᠢᠯᠡᠭᠡᠨ ᠤ ᠲᠠᠪᠴᠠᠩ  ᠎ ᠢ  ᠪᠠᠶᠢᠭᠤᠯᠵᠤ  ᠂ ᠰᠢᠨᠵᠢᠯᠡᠬᠦ  ᠤᠬᠠᠭᠠᠨ  ᠮᠡᠷᠭᠡᠵᠢᠯ  ᠎ ᠤᠨ  ᠳᠡᠯᠭᠡᠷᠡᠭᠦᠯᠦᠯᠲᠡ  ᠂  ᠰᠢᠯᠢᠳᠡᠭ  ᠲᠥᠷᠥᠯ  ᠡᠭᠦᠯᠳᠡᠷ  ᠎ ᠤᠨ  ᠪᠣᠶᠢᠵᠢᠭᠤᠯᠤᠯᠲᠠ  ᠂  ᠬᠢᠵᠢᠭ  ᠭᠡᠮ  ᠎ ᠤᠨ  ᠰᠡᠷᠭᠡᠶᠢᠯᠡᠯᠲᠡ  ᠵᠡᠷᠭᠡ  ᠲᠠᠷᠢᠶᠠᠯᠠᠩ  ᠮᠠᠯ  ᠠᠵᠤ  ᠠᠬᠤᠢ  ᠎ ᠶᠢᠨ  ᠦᠢᠯᠡᠴᠢᠯᠡᠭᠡᠨ  ᠎ ᠤ  ᠰᠢᠰᠲ᠋ᠧᠮᠵᠢ  ᠪᠣᠯᠣᠨ  ᠦᠶᠡᠷ  ᠤᠰᠤ  ᠎ ᠶᠢ  ᠰᠡᠷᠭᠡᠶᠢᠯᠡᠵᠦ  ᠂  ᠭᠠᠩ  ᠬᠠᠪᠰᠠᠷᠭᠠᠨ  ᠎ ᠲᠠᠢ  ᠲᠡᠮᠡᠴᠡᠬᠦ  ᠎ ᠪᠠᠷ  ᠭᠤᠣᠯ  ᠪᠣᠯᠭᠠᠭᠰᠠᠨ ᠲᠠᠷᠢᠶᠠᠯᠠᠩ  ᠮᠠᠯ  ᠠᠵᠤ  ᠠᠬᠤᠢ  ᠎ ᠶᠢᠨ  ᠪᠠᠲᠤᠯᠠᠭᠠᠨ  ᠎ ᠤ  ᠰᠢᠰᠲ᠋ᠧᠮᠵᠢ  ᠎ ᠶᠢᠨ  ᠪᠠᠶᠢᠭᠤᠯᠤᠯᠲᠠ  ᠎ ᠶᠢ  ᠦᠨᠡᠨ  ᠬᠦ  ᠴᠢᠩᠭᠠᠳᠬᠠᠵᠤ  ᠂ ᠲᠤᠷᠰᠢᠯᠲᠠ  ᠎ ᠶᠢᠨ  ᠴᠡᠭ  ᠎ ᠢ  ᠬᠥᠭᠵᠢᠭᠦᠯᠵᠦ  ᠂ ᠮᠠᠯ  ᠲᠠᠷᠢᠶᠠᠯᠠᠩ  ᠎ ᠤᠨ  ᠠᠰᠢᠭ  ᠰᠢᠮ᠎ᠡ  ᠎ ᠶᠢᠨ  ᠡᠯ᠎ᠡ  ᠲᠥᠷᠥᠯ  ᠎ ᠤᠨ  ᠭᠠᠮᠰᠢᠭ  ᠎ ᠠᠴᠠ  ᠰᠡᠷᠭᠡᠶᠢᠯᠡᠨ  ᠬᠤᠬᠢᠷᠠᠯ  ᠎ ᠢ  ᠪᠠᠭᠠᠰᠬᠠᠬᠤ  ᠳᠠᠭᠠᠳᠬᠠᠯ  ᠎ ᠤᠨ  ᠠᠵᠢᠯ  ᠎ ᠳᠤ  ᠣᠷᠣᠯᠴᠠᠬᠤ  ᠎ ᠶᠢ  ᠲᠦᠯᠬᠢᠨ  ᠠᠬᠢᠭᠤᠯᠵᠤ  ᠂  ᠮᠠᠯ  ᠲᠠᠷᠢᠶᠠᠯᠠᠩ  ᠎ ᠤᠨ  ᠬᠥᠭᠵᠢᠯᠲᠡ  ᠎ ᠶᠢᠨ  ᠪᠦᠬᠦᠶᠢᠯᠡ  ᠲᠦᠪᠰᠢᠨ  ᠎ ᠢ  ᠲᠠᠰᠤᠷᠠᠯᠲᠠ  ᠦᠭᠡᠢ  ᠳᠡᠭᠡᠭᠰᠢᠯᠡᠭᠦᠯᠦᠨ᠎ᠡ  ᠃ ᠳᠥᠷᠪᠡ ᠳᠤ  ᠂  ᠮᠠᠯᠴᠢᠨ  ᠲᠠᠷᠢᠶᠠᠴᠢᠨ  ᠎ ᠤ  ᠣᠷᠣᠯᠭ᠎ᠠ  ᠎ ᠶᠢ  ᠨᠡᠮᠡᠭᠳᠡᠭᠦᠯᠦᠨ᠎ᠡ  ᠃  ᠲᠠᠷᠢᠶᠠᠯᠠᠩ  ᠮᠠᠯ  ᠠᠵᠤ  ᠠᠬᠤᠢ  ᠎ ᠶᠢᠨ  ᠳᠣᠲᠣᠭᠠᠳᠤ  ᠎ ᠶᠢᠨ  ᠳᠠᠯᠳᠠ  ᠬᠦᠴᠦᠨ  ᠎ ᠢ  ᠠᠭᠤᠳᠠᠯᠯᠠᠵᠦ  ᠂  ᠦᠢᠯᠡᠳᠪᠦᠷᠢᠯᠡᠯ  ᠎ ᠤᠨ  ᠨᠡᠮᠡᠭᠳᠡᠯ  ᠂  ᠥᠷᠲᠡᠭ  ᠎ ᠤᠨ  ᠨᠡᠮᠡᠭᠳᠡᠯ  ᠂  ᠦᠷ᠎ᠡ  ᠠᠰᠢᠭ  ᠎ ᠤᠨ  ᠨᠡᠮᠡᠭᠳᠡᠯ  ᠪᠠ  ᠣᠷᠣᠯᠭ᠎ᠠ  ᠎ ᠶᠢᠨ  ᠨᠡᠮᠡᠭᠳᠡᠯ  ᠎ ᠢ  ᠪᠡᠶᠡᠯᠡᠭᠦᠯᠦᠨ᠎ᠡ  ᠃  ᠲᠠᠷᠢᠶᠠᠯᠠᠬᠤ  ᠮᠠᠯᠵᠢᠬᠤ  ᠣᠷᠣᠨ  ᠎ ᠤ  ᠡᠳ᠋ᠰᠢᠭᠦᠯᠦᠨ ᠪᠣᠯᠪᠠᠰᠤᠷᠠᠭᠤᠯᠬᠤ ᠦᠢᠯᠡᠰ  ᠪᠣᠯᠣᠨ  ᠨᠡᠶᠢᠭᠡᠮ  ᠎ ᠤᠨ  ᠦᠢᠯᠡᠴᠢᠯᠡᠭᠡᠨ  ᠎ ᠤ  ᠦᠢᠯᠡᠰ  ᠎ ᠢ  ᠠᠬᠢᠭᠤᠯᠵᠤ  ᠂  ᠬᠥᠮᠥᠨ  ᠠᠮᠠ  ᠎ ᠶᠢ  ᠳᠠᠶᠢᠴᠢᠯᠠᠨ  ᠂  ᠬᠤᠶᠠᠷ  ᠂  ᠭᠤᠷᠪᠠᠳᠤᠭᠠᠷ  ᠠᠵᠤ  ᠦᠢᠯᠡᠰ ᠵᠦᠭ  ᠰᠢᠯᠵᠢᠭᠦᠯᠵᠦ  ᠂  ᠲᠠᠷᠢᠶᠠᠯᠠᠩ  ᠮᠠᠯ  ᠠᠵᠤ  ᠠᠬᠤᠢ  ᠎ ᠶᠢᠨ  ᠪᠤᠰᠤ  ᠣᠷᠣᠯᠭ᠎ᠠ  ᠎ ᠶᠢ  ᠨᠡᠮᠡᠭᠳᠡᠭᠦᠯᠦᠨ᠎ᠡ  ᠃  ᠬᠥᠳᠡᠯᠮᠦᠷᠢ  ᠬᠦᠴᠦᠨ  ᠎ ᠤ  ᠠᠵᠤ  ᠠᠬᠤᠢ  ᠎ ᠶᠢ  ᠬᠥᠭᠵᠢᠭᠦᠯᠦᠨ  ᠂ ᠬᠥᠳᠡᠯᠮᠦᠷᠢ  ᠬᠦᠴᠦᠨ  ᠎ ᠤ  ᠭᠠᠷᠭᠠᠯᠲᠠ  ᠎ ᠶᠢ  ᠥᠷᠭᠡᠳᠬᠡᠵᠦ  ᠂  ᠲᠠᠪᠤᠨ  ᠵᠢᠯ  ᠎ ᠳᠤ  ᠲᠠᠷᠢᠶᠠᠯᠠᠬᠤ  ᠮᠠᠯᠵᠢᠬᠤ  ᠣᠷᠣᠨ  ᠎ ᠤ  ᠬᠥᠳᠡᠯᠮᠦᠷᠢ  ᠬᠦᠴᠦᠨ 5000 ᠬᠥᠮᠥᠨ  ᠎ ᠢ  ᠰᠢᠯᠵᠢᠭᠦᠯᠬᠦ  ᠎ ᠪᠠᠷ  ᠴᠢᠷᠮᠠᠶᠢᠨ᠎ᠠ  ᠃  ᠡᠭᠦᠨ  ᠎ ᠤ ᠬᠠᠮᠲᠤ  ᠂  ᠠᠰᠢᠭᠲᠠᠢ  ᠨᠥᠬᠦᠴᠡᠯ  ᠪᠣᠯᠣᠨ  ᠬᠠᠷᠠᠭᠠᠯᠵᠠᠯᠲᠤ  ᠲᠥᠷᠥ  ᠎ ᠶᠢᠨ  ᠪᠣᠳᠣᠯᠭ᠎ᠠ  ᠎ ᠶᠢ  ᠬᠠᠩᠭᠠᠵᠤ  ᠂  ᠭᠠᠳᠠᠭᠰᠢ  ᠭᠠᠷᠴᠤ  ᠬᠥᠳᠡᠯᠮᠦᠷᠢᠯᠡᠭᠰᠡᠳ  ᠎ ᠢ  ᠢᠳᠡᠪᠬᠢᠲᠡᠢ  ᠵᠢᠯᠣᠭᠤᠳᠤᠨ  ᠨᠤᠲᠤᠭ  ᠎ ᠲᠠᠭᠠᠨ  ᠪᠤᠴᠠᠵᠤ  ᠦᠢᠯᠡᠰ  ᠪᠦᠲᠦᠭᠡᠯᠭᠡᠨ᠎ᠡ  ᠃  ᠲᠠᠪᠤ  ᠎ ᠳᠤ  ᠂  ᠲᠠᠷᠢᠶᠠᠯᠠᠩ  ᠮᠠᠯ  ᠠᠵᠤ  ᠠᠬᠤᠢ  ᠎ ᠶᠢᠨ  ᠭᠠᠶᠢᠯᠢ  ᠎ ᠶᠢ  ᠬᠡᠯᠲᠦᠷᠢᠭᠦᠯᠬᠦ  ᠪᠠ  ᠠᠮᠤ  ᠦᠷ᠎ᠡ  ᠎ ᠶᠢᠨ  ᠰᠢᠭᠤᠳ  ᠨᠥᠬᠦᠪᠦᠷᠢ  ᠂  ᠰᠢᠯᠢᠳᠡᠭ  ᠲᠠᠷᠢᠶᠠᠨ  ᠦᠷ᠎ᠡ  ᠎ ᠶᠢᠨ  ᠨᠥᠬᠦᠪᠦᠷᠢ  ᠂  ᠮᠠᠰᠢᠨ  ᠲᠣᠨᠣᠭᠯᠠᠯ  ᠬᠤᠳᠠᠯᠳᠤᠨ  ᠠᠪᠬᠤ  ᠨᠥᠬᠦᠪᠦᠷᠢ  ᠵᠢᠴᠢ  ᠲᠠᠷᠢᠶᠠᠯᠠᠬᠤ  ᠎ ᠶᠢ  ᠵᠣᠭᠰᠣᠭᠠᠨ  ᠣᠢ  ᠡᠪᠡᠰᠦ  ᠎ ᠶᠢ  ᠰᠡᠷᠭᠦᠭᠡᠬᠦ  ᠨᠥᠬᠦᠪᠦᠷᠢ  ᠵᠡᠷᠭᠡ  ᠡᠯ᠎ᠡ  ᠵᠦᠢᠯ  ᠎ ᠤᠨ  ᠬᠠᠷᠠᠭᠠᠯᠵᠠᠯ  ᠎ ᠤᠨ  ᠲᠥᠷᠥ  ᠎ ᠶᠢᠨ  ᠪᠣᠳᠣᠯᠭ᠎ᠠ  ᠎ ᠶᠢ  ᠨᠠᠶᠢᠳᠠᠪᠤᠷᠢᠵᠢᠭᠤᠯᠵᠤ  ᠂  ᠶᠠᠳᠠᠭᠤ  ᠎ ᠶᠢ  ᠲᠡᠳᠬᠦᠵᠦ  ᠨᠡᠭᠡᠭᠡᠨ  ᠬᠥᠭᠵᠢᠭᠦᠯᠬᠦ  ᠠᠵᠢᠯ  ᠎ ᠢ  ᠰᠠᠶᠢᠲᠤᠷ  ᠬᠢᠵᠦ  ᠂ 4.4 ᠲᠦᠮᠡᠨ  ᠬᠥᠮᠥᠨ  ᠎ ᠤ  ᠲᠣᠭᠲᠠᠭᠤᠨ  ᠎ ᠢᠶᠠᠷ  ᠶᠠᠳᠠᠭᠤ  ᠎ ᠠᠴᠠ  ᠠᠩᠭᠢᠵᠢᠷᠠᠬᠤ  ᠎ ᠶᠢ  ᠪᠡᠶᠡᠯᠡᠭᠦᠯᠦᠨ᠎ᠡ  ᠃        ᠠᠮᠢ  ᠠᠬᠤᠢ  ᠎ ᠶᠢᠨ  ᠪᠣᠯᠪᠠᠰᠤᠨ  ᠎ ᠤ  ᠦᠵᠡᠯᠲᠡ  ᠎ ᠶᠢ  ᠪᠠᠲᠤ  ᠪᠣᠢ  ᠪᠣᠯᠭᠠᠨ  ᠂ ᠠᠮᠢ  ᠠᠬᠤᠢ  ᠎ ᠪᠠᠷ  ᠬᠤᠰᠢᠭᠤ  ᠎ ᠪᠠᠨ  ᠪᠠᠶᠢᠭᠤᠯᠬᠤ  ᠦᠵᠡᠯ  ᠰᠠᠨᠠᠭ᠎ᠠ  ᠎ ᠶᠢ  ᠭᠤᠶᠢᠪᠢᠰᠢ  ᠦᠭᠡᠢ  ᠪᠠᠷᠢᠮᠲᠠᠯᠠᠵᠤ  ᠂  ᠰᠢᠯᠢᠳᠡᠭ  ᠎ ᠢ  ᠡᠭᠦᠳᠬᠦ  ᠱᠠᠭᠠᠷᠳᠠᠯᠭ᠎ᠠ  ᠶᠣᠰᠣᠭᠠᠷ  ᠂  ᠡᠯ᠎ᠡ  ᠲᠥᠷᠥᠯ  ᠎ ᠤᠨ  ᠠᠮᠢ  ᠠᠬᠤᠢ  ᠎ ᠶᠢᠨ ᠪᠦᠲᠦᠭᠡᠨ  ᠪᠠᠶᠢᠭᠤᠯᠤᠯᠲᠠ  ᠎ ᠶᠢᠨ  ᠢᠨᠵᠧᠨᠧᠷᠢᠩ  ᠎ ᠢ  ᠦᠷᠭᠦᠯᠵᠢᠯᠡᠨ  ᠬᠡᠷᠡᠭᠵᠢᠭᠦᠯᠵᠦ  ᠂ ︽ᠲᠠᠶᠢᠹᠤᠰᠧ  ᠬᠤᠰᠢᠭᠤᠨ  ᠎ ᠤ  ᠪᠡᠯᠴᠢᠭᠡᠷ  ᠰᠡᠷᠭᠦᠭᠡᠵᠦ ᠪᠡᠯᠴᠢᠭᠡᠷᠯᠡᠭᠦᠯᠬᠦ ᠶᠢ  ᠵᠣᠭᠰᠣᠭᠠᠬᠤ  ᠬᠠᠮᠢᠶᠠᠷᠤᠯᠲᠠ ᠶᠢᠨ ᠠᠷᠭ᠎ᠠ︾᠎ ᠶᠢ ᠨᠠᠷᠢᠨ ᠬᠢᠨᠠᠮᠠᠭᠠᠢ  ᠬᠡᠷᠡᠭᠵᠢᠭᠦᠯᠦᠨ᠂ ᠠᠭᠤᠯᠠᠨ  ᠭᠦᠢᠯᠡᠰᠦ  ᠂  ᠴᠢᠨᠠᠷ  ᠰᠠᠶᠢᠲᠠᠢ  ᠲᠡᠵᠢᠭᠡᠯ  ᠡᠪᠡᠰᠦ  ᠎ ᠪᠠᠷ  ᠭᠤᠣᠯᠳᠠᠭᠰᠠᠨ  ᠠᠮᠢ  ᠠᠬᠤᠢ  ᠎ ᠶᠢᠨ ᠵᠠᠯᠭᠠᠮᠵᠢᠯᠠᠯ  ᠠᠵᠤ  ᠦᠢᠯᠡᠰ  ᠎ ᠢ  ᠢᠳᠡᠪᠬᠢᠲᠡᠢ  ᠪᠣᠶᠢᠵᠢᠭᠤᠯᠬᠤ  ᠪᠠ  ᠬᠥᠭᠵᠢᠭᠦᠯᠵᠦ  ᠂  ᠵᠡᠷᠯᠢᠭ  ᠲᠠᠤᠯᠠᠢ  ᠎ ᠶᠢᠨ  ᠪᠥᠭᠡᠷ᠎ᠡ  ᠎ ᠪᠠᠷ  ᠭᠤᠣᠯ  ᠪᠣᠯᠭᠠᠭᠰᠠᠨ ᠠᠵᠤ  ᠦᠢᠯᠡᠰ  ᠎ ᠤᠨ  ᠬᠥᠭᠵᠢᠯᠲᠡ  ᠎ ᠶᠢ  ᠬᠦᠴᠦᠯᠡᠨ  ᠠᠬᠢᠭᠤᠯᠵᠤ᠂ 2010ᠣᠨ ᠪᠣᠯᠬᠤ ᠳᠤ ᠪᠦᠬᠦ ᠬᠤᠰᠢᠭᠤᠨ ᠳᠤ ᠠᠮᠢ ᠠᠬᠤᠢ  ᠎ ᠶᠢᠨ ᠵᠠᠰᠠᠯᠲᠠ ᠶᠢᠨ ᠲᠠᠯᠠᠪᠠᠢ ᠶᠢ 40 ᠲᠦᠮᠡᠨ ᠮᠦ  ᠰᠢᠨ᠎ᠡ ᠪᠠᠷ ᠨᠡᠮᠡᠭᠳᠡᠭᠦᠯᠵᠦ  ᠂  ᠵᠡᠷᠯᠢᠭ ᠲᠠᠤᠯᠠᠢ ᠶᠢᠨ ᠪᠥᠭᠡᠷ᠎ᠡ 60 ᠲᠦᠮᠡᠨ ᠮᠦ  ᠲᠠᠷᠢᠨ᠎ᠡ  ᠃         ︵ᠬᠤᠶᠠᠷ︶  ᠭᠤᠣᠯᠯᠠᠬᠤ ᠠᠵᠤ  ᠦᠢᠯᠡᠰ ᠢ ᠪᠣᠶᠢᠵᠢᠭᠤᠯᠬᠤ  ᠎ ᠪᠠᠷ ᠭᠤᠣᠯᠳᠠᠯᠭ᠎ᠠ  ᠪᠣᠯᠭᠠᠵᠤ  ᠂  ᠠᠵᠤ ᠦᠢᠯᠡᠳᠪᠦᠷᠢᠵᠢᠯᠲᠡ ᠶᠢᠨ ᠠᠬᠢᠴᠠ ᠶᠢ ᠲᠦᠷᠭᠡᠳᠬᠡᠬᠦ ᠬᠡᠷᠡᠭᠲᠡᠢ  ᠃         ᠨᠢᠭᠡ  ᠎ ᠳᠤ  ᠂  ᠭᠤᠣᠯᠯᠠᠬᠤ  ᠠᠵᠤ  ᠠᠬᠤᠶᠢᠯᠠᠯ  ᠎ ᠢ  ᠬᠦᠴᠦᠷᠬᠡᠭᠵᠢᠭᠦᠯᠦᠨ  ᠪᠤᠵᠠᠭᠠᠶᠢᠷᠠᠭᠤᠯᠤᠨ᠎ᠠ  ᠃  ︽ᠲᠠᠯ᠎ᠠ  ᠨᠤᠲᠤᠭ︾ ᠬᠠᠷ᠎ᠠ  ᠠᠷᠢᠬᠢ  ᠂ ︽ᠬᠤᠸᠠ  ᠡᠯ︾  ᠽᠧᠮᠧᠨ᠋ᠲ  ᠂ ︽᠎ ᠶᠢᠨ  ᠳ᠋ᠢ︾ ᠸᠣᠯᠹᠷᠠᠮ  ᠎ ᠤᠨ  ᠦᠢᠯᠡᠰ  ᠂  ︽ᠴᠠᠩ  ᠵᠢᠶᠠᠩ︾  ᠠᠭᠤᠷᠬᠠᠢ  ᠎ ᠶᠢᠨ  ᠦᠢᠯᠡᠰ  ᠂  ︽ᠬᠤᠩ  ᠵᠢᠩ  ᠶᠤᠸᠠᠨ︾ ᠲᠣᠰᠣ᠂ ︽ᠴᠠᠩ  ᠶᠤᠸᠠᠨ︾  ᠲᠡᠵᠢᠭᠡᠯ  ᠪᠣᠷᠳᠤᠭ᠎ᠠ  ᠵᠡᠷᠭᠡ  ᠭᠤᠣᠯᠯᠠᠬᠤ  ᠠᠵᠤ  ᠠᠬᠤᠶᠢᠯᠠᠯ  ᠎ ᠢ  ᠬᠥᠭᠵᠢᠭᠦᠯᠦᠨ  ᠬᠦᠴᠦᠷᠬᠡᠭᠵᠢᠭᠦᠯᠵᠦ  ᠂  ᠮᠠᠨ  ᠎ ᠤ  ᠬᠤᠰᠢᠭᠤᠨ  ᠎ ᠤ  ᠠᠵᠤ  ᠦᠢᠯᠡᠳᠪᠦᠷᠢ  ᠎ ᠶᠢᠨ  ᠭᠤᠣᠯ  ᠲᠤᠯᠭᠠᠭᠤᠷᠢ  ᠪᠣᠯᠭᠠᠨ᠎ᠠ  ᠃ ᠬᠤᠶᠠᠷ  ᠎ ᠲᠤ  ᠂ ᠰᠢᠨ᠎ᠡ  ᠎ ᠪᠠᠷ  ᠪᠠᠶᠢᠭᠤᠯᠤᠭᠰᠠᠨ  ᠠᠵᠤ  ᠠᠬᠤᠶᠢᠯᠠᠯ  ᠎ ᠤᠨ  ᠦᠢᠯᠡᠳᠪᠦᠷᠢᠯᠡᠯ  ᠪᠠ  ᠦᠷ᠎ᠡ  ᠠᠰᠢᠭ  ᠎ ᠢ ᠳᠡᠭᠡᠭᠰᠢᠯᠡᠭᠦᠯᠦᠨ᠎ᠡ  ᠃  ᠰᠢᠨ᠎ᠡ  ᠲᠥᠷᠥᠯ  ᠵᠦᠢᠯ  ᠎ ᠢ  ᠲᠦᠯᠬᠢᠨ  ᠠᠬᠢᠭᠤᠯᠬᠤ  ᠵᠣᠬᠢᠴᠠᠮᠵᠢ  ᠎ ᠶᠢ  ᠲᠠᠰᠤᠷᠠᠯᠲᠠ  ᠦᠭᠡᠢ  ᠰᠢᠨᠡᠳᠬᠡᠨ  ᠂  ︽ᠾᠧᠩ  ᠶᠤᠸᠠᠨ︾  ᠲᠠᠷᠢᠶᠠᠯᠠᠩ  ᠎ ᠤᠨ  ᠦᠢᠯᠡᠰ  ᠎ ᠤᠨ  ᠺᠣᠮᠫᠠᠨᠢ  ᠎ ᠶᠢᠨ  ᠲᠥᠮᠥᠰᠥᠨ  ᠎ ᠤ  ᠦᠢᠯᠡᠳᠪᠦᠷᠢᠯᠡᠯ  ᠂  ︽ᠥᠷᠨᠢᠯ︾  ᠮᠠᠯᠵᠢᠯ  ᠎ ᠤᠨ  ᠺᠣᠮᠫᠠᠨᠢ  ᠎ ᠶᠢᠨ  ᠠᠯᠠᠰᠢᠨ  ᠦᠬᠡᠷ  ᠪᠣᠷᠳᠣᠵᠤ  ᠪᠣᠯᠪᠠᠰᠤᠷᠠᠭᠤᠯᠬᠤ  ᠂  ︽ ᠱᠧᠨ ᠬᠤᠸᠠ  ᠰᠢᠶᠧ  ᠾᠧ︾  ᠰᠠᠯᠬᠢᠨ ᠴᠠᠬᠢᠯᠭᠠᠨ ᠺᠣᠮᠫᠠᠨᠢ  ᠎ ᠶᠢᠨ ᠰᠠᠯᠬᠢᠨ  ᠬᠦᠴᠦᠨ  ᠎ ᠢᠶᠠᠷ  ᠴᠠᠬᠢᠯᠭᠠᠨ  ᠭᠠᠷᠭᠠᠬᠤ  ᠂  ︽ᠬᠤᠩ  ᠶᠧ︾  ᠠᠭᠤᠷᠬᠠᠢ  ᠎ ᠶᠢᠨ  ᠦᠢᠯᠡᠰ  ᠎ ᠤᠨ  ᠴᠠᠬᠢᠭᠤᠷ  ᠴᠢᠯᠠᠭᠤ  ᠰᠣᠩᠭᠤᠨ  ᠪᠣᠯᠪᠠᠰᠤᠷᠠᠭᠤᠯᠬᠤ  ᠵᠡᠷᠭᠡ  ᠲᠥᠷᠥᠯ  ᠵᠦᠢᠯ  ᠎ ᠤᠨ  ᠦᠢᠯᠡᠳᠪᠦᠷᠢᠯᠡᠯ  ᠪᠠ  ᠦᠷ᠎ᠡ  ᠠᠰᠢᠭ  ᠎ ᠢ  ᠳᠡᠭᠡᠭᠰᠢᠯᠡᠭᠦᠯᠵᠦ  ᠂  ᠵᠢᠯ  ᠎ ᠳᠤ 10 ᠲᠦᠮᠡᠨ  ᠲᠣᠨ  ᠲᠥᠮᠥᠰᠥ  ᠪᠣᠯᠪᠠᠰᠤᠷᠠᠭᠤᠯᠬᠤ  ᠂  ᠠᠯᠠᠰᠢᠨ  ᠎ ᠤ  ᠦᠬᠡᠷ 2  ᠲᠦᠮᠡᠨ  ᠲᠣᠯᠣᠭᠠᠢ  ᠪᠣᠷᠳᠣᠬᠤ  ᠂  ᠰᠠᠯᠬᠢᠨ  ᠬᠦᠴᠦᠨ  ᠎ ᠢᠶᠠᠷ  ᠴᠠᠬᠢᠯᠭᠠᠨ  ᠭᠠᠷᠭᠠᠬᠤ  ᠮᠠᠰᠢᠨ 30  ᠲᠦᠮᠡᠨ  ᠺᠢᠯᠤᠸᠠᠲ  ᠤᠭᠰᠠᠷᠠᠬᠤ  ᠂  ᠴᠠᠬᠢᠭᠤᠷ  ᠴᠢᠯᠠᠭᠤ 14  ᠲᠦᠮᠡᠨ  ᠲᠣᠨ  ᠰᠣᠩᠭᠤᠨ  ᠪᠣᠯᠪᠠᠰᠤᠷᠠᠭᠤᠯᠬᠤ  ᠎ ᠶᠢ  ᠪᠡᠶᠡᠯᠡᠭᠦᠯᠬᠦ  ᠪᠠ  ᠤᠰᠤᠲᠥ᠋ᠷᠥᠭᠴᠢ  ᠹᠯᠤᠷ  ᠬᠦᠴᠢᠯ  ᠎ ᠤᠨ  ᠦᠢᠯᠡᠳᠪᠦᠷᠢ  ᠎ ᠶᠢ  ᠪᠠᠶᠢᠭᠤᠯᠬᠤ  ᠎ ᠪᠠᠷ   ᠴᠢᠷᠮᠠᠶᠢᠵᠤ  ᠂  ᠭᠠᠵᠠᠷ  ᠳᠣᠣᠷᠠᠬᠢ  ᠠᠭᠤᠷᠬᠠᠢ  ᠎ ᠶᠢᠨ  ᠡᠬᠢ  ᠪᠠᠶᠠᠯᠢᠭ  ᠎ ᠢ  ᠬᠠᠶᠢᠨ  ᠰᠢᠨᠵᠢᠯᠡᠬᠦ  ᠪᠠ  ᠨᠡᠭᠡᠭᠡᠨ  ᠠᠰᠢᠭᠯᠠᠬᠤ  ᠎ ᠪᠠᠨ  ᠴᠢᠩᠭᠠᠳᠬᠠᠵᠤ  ᠂  ᠳᠤᠮᠳᠠᠳᠤ  ᠬᠡᠯᠪᠡᠷᠢ  ᠎ ᠠᠴᠠ  ᠳᠡᠭᠡᠭᠰᠢᠬᠢ  ᠮᠣᠯᠢᠪᠳᠧᠨ ᠠᠭᠤᠷᠬᠠᠢ  ᠎ ᠶᠢᠨ ᠰᠣᠩᠭᠤᠨ  ᠪᠣᠯᠪᠠᠰᠤᠷᠠᠭᠤᠯᠬᠤ  ᠦᠢᠯᠡᠳᠪᠦᠷᠢ  ᠎ ᠶᠢ  ᠪᠠᠶᠢᠭᠤᠯᠬᠤ  ᠎ ᠪᠠᠷ  ᠴᠢᠷᠮᠠᠶᠢᠨ᠎ᠠ  ᠃  ᠭᠤᠷᠪᠠ  ᠎ ᠳᠤ᠂ ᠠᠵᠤ  ᠦᠢᠯᠡᠳᠪᠦᠷᠢ  ᠎ ᠶᠢᠨ  ᠣᠷᠣᠨ  ᠲᠣᠭᠤᠷᠢᠭ  ᠎ ᠤᠨ  ᠪᠦᠲᠦᠭᠡᠨ  ᠪᠠᠶᠢᠭᠤᠯᠤᠯᠲᠠ  ᠎ ᠶᠢ  ᠲᠦᠷᠭᠡᠳᠬᠡᠨ᠎ᠡ  ᠃  ᠠᠵᠤ  ᠦᠢᠯᠡᠳᠪᠦᠷᠢ  ᠎ ᠶᠢᠨ  ᠣᠷᠣᠨ  ᠲᠣᠭᠤᠷᠢᠭ  ᠎ ᠢ  ᠠᠵᠤ  ᠦᠢᠯᠡᠳᠪᠦᠷᠢ  ᠎ ᠶᠢᠨ  ᠬᠥᠭᠵᠢᠯᠲᠡ  ᠎ ᠶᠢ  ᠲᠦᠯᠬᠢᠨ  ᠠᠬᠢᠭᠤᠯᠬᠤ  ᠵᠠᠩᠭᠢᠯᠠᠭ᠎ᠠ ᠪᠣᠯᠭᠠᠵᠤ  ᠂  ᠬᠥᠭᠵᠢᠯᠲᠡ  ᠎ ᠶᠢᠨ  ᠠᠯᠬᠤᠴᠠ  ᠎ ᠪᠠᠨ  ᠲᠦᠷᠭᠡᠳᠬᠡᠨ  ᠂  ᠲᠡᠭᠦᠨ  ᠎ ᠢ ᠨᠡᠶᠢᠰᠯᠡᠯ  ᠎ ᠤᠨ  ᠠᠵᠤ  ᠠᠬᠤᠢ  ᠎ ᠶᠢᠨ  ᠬᠦᠷᠢᠶᠡᠨ  ᠎ ᠤ  ᠠᠵᠤ  ᠦᠢᠯᠡᠰ  ᠎ ᠤᠨ  ᠰᠢᠯᠵᠢᠯᠲᠡ  ᠎ ᠲᠠᠢ  ᠵᠠᠯᠭᠠᠬᠤ  ᠴᠢᠬᠤᠯᠠ  ᠠᠴᠢᠶᠠᠯᠠᠪᠤᠷᠢ  ᠪᠣᠯᠭᠠᠨ᠂ ᠮᠠᠨ  ᠎ ᠤ  ᠬᠤᠰᠢᠭᠤᠨ  ᠎ ᠤ  ᠠᠵᠤ  ᠠᠬᠤᠢ ᠎ ᠶᠢᠨ  ᠬᠥᠭᠵᠢᠯᠲᠡ  ᠎ ᠶᠢᠨ  ᠨᠡᠮᠡᠭᠳᠡᠯ  ᠎ ᠤᠨ  ᠲᠤᠶᠢᠯ  ᠪᠣᠯᠣᠨ  ᠭᠠᠳᠠᠭᠰᠢ  ᠨᠡᠭᠡᠭᠡᠯᠲᠡ  ᠎ ᠶᠢᠨ  ᠵᠢᠱᠢᠶ᠎ᠡ  ᠦᠵᠡᠭᠦᠯᠬᠦ  ᠣᠷᠣᠨ  ᠪᠣᠯᠭᠠᠨ᠎ᠠ  ᠃  ᠲᠠᠪᠤᠨ  ᠵᠢᠯ  ᠎ ᠳᠤ 2.5  ᠲᠡᠭᠰᠢ  ᠳᠥᠷᠪᠡᠯᠵᠢᠨ  ᠺᠢᠯᠤᠮᠧᠲᠷ  ᠲᠠᠯᠠᠪᠠᠢ  ᠎ ᠠᠴᠠ  ᠳᠡᠭᠡᠭᠰᠢ  ᠠᠵᠤ  ᠦᠢᠯᠡᠳᠪᠦᠷᠢ  ᠎ ᠶᠢᠨ  ᠣᠷᠣᠨ  ᠲᠣᠭᠤᠷᠢᠭ  ᠎ ᠢ  ᠪᠠᠶᠢᠭᠤᠯᠣᠨ᠎ᠠ  ︔ ᠳᠥᠷᠪᠡ  ᠎ ᠳᠤ  ᠂  ᠲᠥᠷᠥᠯ  ᠵᠦᠢᠯ  ᠎ ᠤᠨ  ᠪᠦᠲᠦᠭᠡᠨ  ᠪᠠᠶᠢᠭᠤᠯᠤᠯᠲᠠ  ᠎ ᠶᠢ  ᠴᠢᠩᠭ᠎ᠠ  ᠠᠳᠬᠤᠨ᠎ᠠ  ᠃  ᠨᠢᠭᠡ  ᠲᠠᠯ᠎ᠠ  ᠎ ᠪᠠᠷ  ᠠᠷᠠᠯᠵᠢᠶᠠᠴᠢᠨ  ᠤᠷᠢᠵᠤ  ᠪᠡᠯᠡ  ᠲᠠᠲᠠᠬᠤ  ᠎ ᠶᠢ  ᠠᠳᠬᠤᠨ  ᠂  ᠨᠥᠭᠦᠭᠡ  ᠲᠠᠯ᠎ᠠ  ᠎ ᠪᠠᠷ  ᠲᠥᠷᠥᠯ  ᠵᠦᠢᠯ  ᠲᠡᠮᠡᠴᠡᠨ  ᠣᠯᠬᠤ  ᠎ ᠶᠢ  ᠠᠳᠬᠤᠵᠤ  ᠂  ᠠᠷᠠᠯᠵᠢᠶᠠᠴᠢᠨ  ᠤᠷᠢᠵᠤ  ᠪᠡᠯᠡ  ᠲᠠᠲᠠᠬᠤ  ᠠᠵᠢᠯ  ᠎ ᠢ  ᠠᠵᠤ  ᠠᠬᠤᠢ  ᠎ ᠶᠢᠨ  ᠨᠡᠮᠡᠭᠳᠡᠯ  ᠎ ᠤᠨ  ᠰᠢᠨ᠎ᠡ  ᠴᠡᠭ  ᠎ ᠢ  ᠪᠣᠶᠢᠵᠢᠭᠤᠯᠬᠤ  ᠂  ᠪᠦᠬᠦ  ᠬᠤᠰᠢᠭᠤᠨ  ᠎ ᠤ  ᠠᠵᠤ  ᠠᠬᠤᠢ  ᠪᠣᠯᠣᠨ  ᠨᠡᠶᠢᠭᠡᠮ  ᠎ ᠤᠨ  ᠬᠥᠭᠵᠢᠯᠲᠡ  ᠎ ᠶᠢ  ᠳᠠᠶᠢᠴᠢᠯᠠᠬᠤ   ᠰᠢᠪᠲᠤᠯᠤᠯᠲᠠ  ᠎ ᠶᠢᠨ  ᠠᠮᠠᠰᠠᠷ  ᠪᠣᠯᠭᠠᠵᠤ  ᠂ ᠠᠵᠢᠯ  ᠎ ᠤᠨ  ᠠᠷᠭ᠎ᠠ  ᠪᠠᠷᠢᠯ  ᠎ ᠢᠶᠠᠨ  ᠰᠠᠶᠢᠵᠢᠷᠠᠭᠤᠯᠵᠤ  ᠂  ᠠᠵᠢᠯ  ᠎ ᠤᠨ  ᠬᠦᠴᠦᠯᠡᠴᠡ  ᠎ ᠶᠢ  ᠶᠡᠬᠡᠰᠬᠡᠨ  ᠂  ᠠᠵᠢᠯ  ᠎ ᠤᠨ  ᠦᠷ᠎ᠡ  ᠪᠦᠲᠦᠮᠵᠢ  ᠎ ᠶᠢ  ᠨᠡᠮᠡᠭᠳᠡᠭᠦᠯᠵᠦ  ᠂ ᠨᠡᠩ  ᠣᠯᠠᠨ  ᠤᠯᠤᠰ  ᠎ ᠤᠨ  ᠳᠣᠲᠣᠭᠠᠳᠤ  ᠭᠠᠳᠠᠭᠠᠳᠤ  ᠎ ᠶᠢᠨ  ᠲᠥᠷᠥᠯ  ᠵᠦᠢᠯ  ᠎ ᠢ  ᠲᠠᠲᠠᠵᠤ  ᠲᠠᠶᠢᠹᠤᠰᠧ  ᠬᠤᠰᠢᠭᠤᠨ  ᠎ ᠳᠤ  ᠨᠤᠲᠤᠭᠰᠢᠭᠤᠯᠤᠨ᠎ᠠ  ᠃  ᠤᠯᠤᠰ  ᠎ ᠤᠨ  ᠠᠵᠤ  ᠦᠢᠯᠡᠰ  ᠎ ᠤᠨ  ᠲᠥᠷᠥ  ᠎ ᠶᠢᠨ  ᠪᠣᠳᠣᠯᠭ᠎ᠠ  ᠎ ᠶᠢ  ᠭᠦᠨᠵᠡᠭᠡᠢ  ᠰᠤᠳᠤᠯᠵᠤ  ᠂  ᠤᠯᠤᠰ  ᠎ ᠤᠨ  ᠪᠡᠯᠡ  ᠣᠷᠤᠭᠤᠯᠤᠯᠲᠠ  ᠎ ᠶᠢᠨ ᠴᠢᠭᠯᠡᠯ  ᠎ ᠢ ᠪᠠᠲᠤ  ᠡᠵᠡᠮᠰᠢᠨ  ᠂  ᠨᠢᠭᠡ  ᠪᠦᠯᠦᠭ  ᠴᠢᠬᠤᠯᠠ  ᠶᠡᠭᠡ  ᠲᠥᠷᠥᠯ  ᠵᠦᠢᠯ  ᠎ ᠢ  ᠨᠠᠷᠢᠨ  ᠨᠢᠮᠪᠠᠢ  ᠰᠦᠪᠡᠭᠴᠢᠯᠡᠵᠦ  ᠂  ᠨᠢᠭᠡ  ᠪᠦᠯᠦᠭ  ᠵᠠᠯᠭᠠᠮᠵᠢᠯᠠᠯ  ᠲᠥᠷᠥᠯ  ᠵᠦᠢᠯ  ᠎ ᠢ  ᠨᠥᠭᠡᠴᠡᠯᠡᠨ  ᠪᠡᠯᠡᠳᠬᠡᠵᠦ  ᠂  ᠨᠢᠭᠡ  ᠪᠦᠯᠦᠭ  ᠪᠣᠯᠪᠠᠰᠤᠷᠠᠭᠰᠠᠨ  ᠲᠥᠷᠥᠯ  ᠵᠦᠢᠯ  ᠎ ᠢ  ᠬᠡᠷᠡᠭᠵᠢᠭᠦᠯᠦᠨ  ᠂ ᠲᠥᠷᠥᠯ  ᠵᠦᠢᠯ  ᠎ ᠤᠨ  ᠪᠦᠲᠦᠭᠡᠨ  ᠪᠠᠶᠢᠭᠤᠯᠤᠯᠲᠠ  ᠎ ᠶᠢᠨ  ᠵᠠᠯᠭᠠᠵᠤ  ᠠᠪᠬᠤ  ᠵᠢᠷᠤᠮᠵᠢᠯ  ᠪᠠ  ᠲᠠᠰᠤᠷᠠᠯᠲᠠ  ᠦᠭᠡᠢ  ᠬᠥᠭᠵᠢᠯᠲᠡ  ᠎ ᠶᠢ  ᠪᠠᠲᠤᠯᠠᠨ᠎ᠠ  ᠃  ᠤᠯᠤᠰ  ᠂  ᠣᠷᠣᠨ  ᠎ ᠯᠤᠭ᠎ᠠ  ᠎ ᠶᠢᠨ  ᠵᠠᠯᠭᠠᠯᠳᠤᠭ᠎ᠠ  ᠎ ᠶᠢ  ᠴᠢᠩᠭᠠᠳᠬᠠᠵᠤ  ᠂  ᠨᠡᠩ  ᠣᠯᠠᠨ  ᠲᠥᠷᠥᠯ  ᠵᠦᠢᠯ  ᠎ ᠢ  ᠤᠯᠤᠰ  ᠂  ᠣᠷᠣᠨ  ᠎ ᠤ  ᠪᠡᠯᠡ  ᠣᠷᠤᠭᠤᠯᠤᠯᠲᠠ  ᠎ ᠶᠢᠨ  ᠲᠥᠯᠥᠪᠯᠡᠭᠡ  ᠎ ᠳᠤ  ᠣᠷᠣᠭᠤᠯᠬᠤ  ᠎ ᠪᠠᠷ  ᠴᠢᠷᠮᠠᠶᠢᠨ᠎ᠠ  ᠃ 2012  ᠣᠨ  ᠎ ᠳᠤ  ᠪᠦᠬᠦ  ᠬᠤᠰᠢᠭᠤᠨ  ᠎ ᠤ  ᠠᠵᠤ  ᠦᠢᠯᠡᠳᠪᠦᠷᠢ  ᠎ ᠶᠢᠨ  ᠨᠡᠮᠡᠭᠳᠡᠯ ᠥᠷᠲᠡᠭ  ᠎ ᠤᠨ GDP ᠳᠣᠲᠣᠷᠠᠬᠢ  ᠡᠵᠡᠯᠡᠬᠦᠨ  ᠎ ᠢ 50%  ᠎ ᠳᠤ  ᠬᠦᠷᠭᠡᠵᠦ  ᠂  ᠬᠡᠪᠴᠢᠶᠡᠵᠢᠯ  ᠎ ᠠᠴᠠ  ᠳᠡᠭᠡᠭᠰᠢᠬᠢ  ᠠᠵᠤ  ᠠᠬᠤᠶᠢᠯᠠᠯ  ᠎ ᠢ 30  ᠡᠷᠦᠭᠡ  ᠎ ᠳᠤ  ᠬᠦᠷᠭᠡᠨ᠎ᠡ  ᠃  ᠲᠥᠮᠥᠰᠥ  ᠂  ᠢᠳᠡᠰᠢᠨ  ᠨᠣᠭᠤᠭ᠎ᠠ  ᠂  ᠮᠢᠬ᠎ᠠ  ᠂  ᠰᠦ᠂  ᠲᠣᠰᠣ  ᠎ ᠪᠠᠷ  ᠭᠤᠣᠯᠳᠠᠭᠰᠠᠨ  ᠮᠠᠯ  ᠲᠠᠷᠢᠶᠠᠯᠠᠩ  ᠎ ᠤᠨ  ᠠᠰᠢᠭ  ᠰᠢᠮ᠎ᠡ  ᠎ ᠶᠢ  ᠪᠣᠯᠪᠠᠰᠤᠷᠠᠭᠤᠯᠬᠤ  ᠠᠵᠤ  ᠦᠢᠯᠡᠳᠪᠦᠷᠢ︔  ᠽᠧᠮᠧᠨ᠋ᠲ  ᠂  ᠪᠤᠳᠤᠭᠲᠤ  ᠪᠣᠯᠣᠳ  ᠬᠠᠪᠲᠠᠰᠤ  ᠂  ᠪᠣᠷᠵᠢᠨ  ᠴᠢᠯᠠᠭᠤᠯᠢᠭ  ᠎ ᠢᠶᠠᠷ  ᠭᠤᠣᠯᠳᠠᠭᠰᠠᠨ  ᠪᠠᠷᠢᠯᠭ᠎ᠠ  ᠎ ᠶᠢᠨ  ᠮᠠᠲ᠋ᠧᠷᠢᠶᠠᠯ  ᠦᠢᠯᠡᠳᠪᠦᠷᠢᠯᠡᠬᠦ  ᠠᠵᠤ  ᠦᠢᠯᠡᠳᠪᠦᠷᠢ︔  ᠮᠤᠯᠢᠪᠳᠧᠨ  ᠂  ᠸᠤᠯᠹᠷᠠᠮ  ᠂  ᠠᠯᠲᠠ  ᠂  ᠴᠠᠬᠢᠭᠤᠷ  ᠴᠢᠯᠠᠭᠤ  ᠵᠡᠷᠭᠡ  ᠎ ᠪᠠᠷ  ᠭᠤᠣᠯᠳᠠᠭᠰᠠᠨ  ᠠᠭᠤᠷᠬᠠᠢ  ᠎ ᠶᠢᠨ  ᠡᠬᠢ  ᠪᠠᠶᠠᠯᠢᠭ  ᠎ ᠢ  ᠰᠣᠩᠭᠤᠨ  ᠪᠣᠯᠪᠠᠰᠤᠷᠠᠭᠤᠯᠬᠤ  ᠠᠵᠤ  ᠦᠢᠯᠡᠳᠪᠦᠷᠢ︔  ᠰᠠᠯᠬᠢᠨ  ᠬᠦᠴᠦᠨ ᠤ ᠴᠠᠬᠢᠯᠭᠠᠨ  ᠎ ᠢᠶᠠᠷ  ᠭᠤᠣᠯᠳᠠᠭᠰᠠᠨ  ᠡᠨᠧᠷᠭᠢ  ᠎ ᠶᠢᠨ  ᠠᠵᠤ  ᠦᠢᠯᠡᠳᠪᠦᠷᠢ  ᠎ ᠶᠢᠨ  ᠬᠦᠷᠢᠶ᠎ᠡ  ᠬᠡᠪᠴᠢᠶ᠎ᠡ  ᠎ ᠶᠢ  ᠠᠩᠬ᠎ᠠ  ᠠᠯᠬᠤᠮ  ᠪᠦᠷᠢᠯᠳᠦᠭᠦᠯᠦᠨ᠎ᠡ᠃ ᠣᠨᠴᠠᠭᠠᠶᠢᠯᠠᠨ  ᠡᠬᠢ  ᠪᠠᠶᠠᠯᠢᠭ  ᠎ ᠤᠨ  ᠪᠤᠰᠤ  ᠠᠵᠤ  ᠦᠢᠯᠡᠳᠪᠦᠷᠢ  ᠎ ᠶᠢᠨ  ᠠᠵᠤ  ᠠᠬᠤᠶᠢᠯᠠᠯ  ᠎ ᠢ  ᠲᠠᠲᠠᠨ  ᠣᠷᠣᠭᠤᠯᠬᠤ  ᠲᠠᠯ᠎ᠠ  ᠎ ᠪᠠᠷ  ᠰᠢᠪᠲᠤᠯᠤᠯᠲᠠ  ᠭᠠᠷᠭᠠᠨ᠎ᠠ  ᠃             ︵ᠭᠤᠷᠪᠠ︶  ᠣᠨᠴᠠᠯᠢᠭᠲᠤ  ᠵᠤᠭᠠᠴᠠᠯ  ᠎ ᠤᠨ  ᠦᠢᠯᠡᠰ  ᠎ ᠢᠶᠠᠷ  ᠭᠤᠣᠯᠳᠠᠵᠤ  ᠂  ᠭᠤᠳᠠᠭᠠᠷ  ᠠᠵᠤ  ᠦᠢᠯᠡᠰ  ᠎ ᠤᠨ  ᠬᠥᠭᠵᠢᠯᠲᠡ  ᠎ ᠶᠢ  ᠲᠦᠷᠭᠡᠳᠬᠡᠬᠦ  ᠬᠡᠷᠡᠭᠲᠡᠢ  ᠃        ᠬᠤᠲᠠ  ᠬᠥᠳᠡᠭᠡ  ᠎ ᠶᠢᠨ ᠬᠡᠷᠡᠭᠯᠡᠭᠡᠨ  ᠎ ᠤ  ᠪᠦᠲᠦᠴᠡ  ᠥᠨᠳᠥᠷᠵᠢᠭᠰᠡᠨ  ᠪᠠ  ᠵᠠᠮ  ᠬᠠᠷᠢᠯᠴᠠᠭᠠᠨ  ᠎ ᠤ  ᠨᠥᠬᠦᠴᠡᠯ  ᠰᠠᠶᠢᠵᠢᠷᠠᠭᠰᠠᠨ  ᠠᠵᠠ  ᠲᠣᠬᠢᠶᠠᠯ  ᠎ ᠢ  ᠠᠳᠬᠤᠵᠤ  ᠂  ᠵᠤᠭᠠᠴᠠᠯ  ᠎ ᠤᠨ  ᠠᠵᠤ  ᠦᠢᠯᠡᠰ  ᠎ ᠤᠨ ᠨᠡᠭᠡᠭᠡᠯᠲᠡ  ᠬᠥᠭᠵᠢᠯᠲᠡ  ᠎ ᠶᠢ  ᠲᠦᠷᠭᠡᠳᠬᠡᠨ᠎ᠡ  ᠃ ᠵᠤᠭᠠᠴᠠᠯ  ᠎ ᠤᠨ  ᠨᠡᠷᠡᠲᠦ  ᠲᠡᠮᠳᠡᠭ  ᠎ ᠢᠶᠠᠷ  ᠳᠠᠶᠢᠴᠢᠯᠠᠬᠤ  ᠪᠠᠶᠢᠯᠳᠤᠬᠤ  ᠪᠣᠳᠣᠯᠭ᠎ᠠ  ᠎ ᠶᠢ  ᠦᠷᠭᠦᠯᠵᠢᠯᠡᠨ  ᠬᠡᠷᠡᠭᠵᠢᠭᠦᠯᠵᠦ  ᠂  ᠠᠳᠤᠭᠤᠨ  ᠰᠣᠶᠣᠯ  ᠎ ᠤᠨ  ᠡᠬᠢ  ᠪᠠᠶᠠᠯᠢᠭ  ᠎ ᠢ  ᠭᠦᠨ  ᠠᠭᠤᠳᠠᠯᠤᠨ  ᠂  ᠳᠤᠮᠳᠠᠳᠤ  ᠎ ᠶᠢᠨ  ᠠᠳᠤᠭᠤᠨ  ᠦᠢᠯᠡᠰ  ᠎ ᠤᠨ  ᠰᠠᠭᠤᠷᠢᠨ  ᠎ ᠤ  ᠪᠦᠲᠦᠭᠡᠨ  ᠪᠠᠶᠢᠭᠤᠯᠤᠯᠲᠠ  ᠎ ᠶᠢ  ᠲᠦᠷᠭᠡᠳᠬᠡᠨ᠎ᠡ  ᠃ ᠳᠡᠭᠡᠳᠦ  ᠲᠡᠰ  ᠎ ᠤᠨ  ᠵᠤᠭᠠᠴᠠᠯ  ᠎ ᠤᠨ  ᠲᠥᠷᠥᠯ  ᠵᠦᠢᠯ  ᠎ ᠤᠨ  ᠪᠠᠶᠢᠭᠤᠯᠤᠯᠲᠠ  ᠎ ᠶᠢ  ᠠᠬᠢᠭᠤᠯᠤᠨ᠂ ᠲᠠᠶᠢᠹᠤᠰᠧ  ᠬᠤᠰᠢᠭᠤᠨ  ᠎ ᠤ  ᠡᠶ᠎ᠡ  ᠵᠣᠬᠢᠴᠠᠯᠲᠦ  ᠠᠮᠢ  ᠠᠬᠤᠢ  ᠎ ᠶᠢᠨ  ᠠᠵᠤ  ᠦᠢᠯᠡᠰ  ᠎ ᠤᠨ  ᠵᠤᠭᠠᠴᠠᠯ  ᠎ ᠤᠨ  ᠣᠷᠣᠨ  ᠎ ᠤ  ᠪᠦᠲᠦᠭᠡᠨ  ᠪᠠᠶᠢᠭᠤᠯᠤᠯᠲᠠ  ᠎ ᠶᠢ  ᠪᠦᠬᠦ  ᠬᠦᠴᠦᠨ  ᠎ ᠢᠶᠠᠷ  ᠰᠠᠶᠢᠨ  ᠬᠢᠵᠦ  ᠂  ᠮᠠᠨ  ᠎ ᠤ  ᠬᠤᠰᠢᠭᠤᠨ  ᠎ ᠤ  ᠵᠤᠭᠠᠴᠠᠯ  ᠎ ᠤᠨ  ᠦᠢᠯᠡᠰ  ᠎ ᠢ  ᠰᠣᠶᠣᠯ  ᠎ ᠤᠨ  ᠣᠨᠴᠠᠯᠢᠭ  ᠢᠯᠭᠠᠬᠳᠠᠮ᠎ᠠ  ᠂  ᠵᠤᠭᠠᠴᠠᠯ  ᠎ ᠤᠨ  ᠲᠥᠬᠦᠭᠡᠷᠦᠮᠵᠢ  ᠰᠠᠶᠢᠨ  ᠂  ᠵᠤᠭᠠᠴᠠᠯ  ᠎ ᠤᠨ  ᠴᠢᠳᠠᠪᠤᠷᠢ  ᠪᠦᠷᠢᠨ  ᠂  ᠠᠮᠢ  ᠠᠬᠤᠢ  ᠎ ᠶᠢᠨ  ᠪᠣᠯᠪᠠᠰᠤᠨ ᠤ  ᠲᠠᠯ᠎ᠠ  ᠨᠤᠲᠤᠭ  ᠎ ᠤᠨ  ᠠᠮᠢ  ᠠᠬᠤᠢ  ᠎ ᠶᠢᠨ  ᠵᠤᠭᠠᠴᠠᠯ  ᠎ ᠤᠨ  ᠣᠷᠣᠨ  ᠪᠣᠯᠭᠠᠬᠤ  ᠎ ᠪᠠᠷ  ᠴᠢᠷᠮᠠᠶᠢᠨ᠎ᠠ  ᠃ ︽ᠲᠠᠶᠢᠹᠤᠰᠧ  ᠎ ᠤᠨ  ᠬᠠᠭᠠᠨ  ᠎ ᠤ  ᠠᠳᠤᠭᠤᠨ  ᠬᠦᠷᠢᠶᠡᠨ︾  ᠎ ᠤ  ᠵᠤᠭᠠᠴᠠᠯ  ᠎ ᠤᠨ  ᠲᠥᠬᠦᠭᠡᠷᠦᠮᠵᠢ  ᠪᠣᠯᠣᠨ  ︽ᠵᠢᠩ  ᠵᠢᠢ︾  ᠠᠪᠠ  ᠎ ᠶᠢᠨ  ᠲᠠᠯᠠᠪᠠᠢ  ᠎ ᠶᠢᠨ  ᠦᠢᠯᠡᠴᠢᠯᠡᠭᠡᠨ  ᠎ ᠤ  ᠴᠢᠳᠠᠪᠤᠷᠢ ᠶᠢ   ᠪᠦᠷᠢᠨᠰᠢᠭᠦᠯᠵᠦ  ︔  ᠠᠮᠢ  ᠠᠬᠤᠢ  ᠎ ᠶᠢᠨ  ᠮᠠᠯ  ᠲᠠᠷᠢᠶᠠᠯᠠᠩ  ᠎ ᠢ  ᠰᠣᠨᠢᠷᠬᠠᠨ  ᠵᠤᠭᠠᠴᠠᠬᠤ  ᠬᠥᠭᠵᠢᠯᠲᠡ  ᠎ ᠶᠢᠨ  ᠰᠢᠨ᠎ᠡ  ᠵᠠᠮ  ᠎ ᠢ  ᠬᠠᠶᠢᠵᠤ  ᠂  ︽ᠮᠠᠯᠴᠢᠨ  ᠠᠶᠢᠯ︾  ᠎ ᠤᠨ  ᠵᠠᠩ  ᠦᠢᠯᠡ  ᠎ ᠶᠢᠨ  ᠵᠤᠭᠠᠴᠠᠯ  ᠎ ᠢ  ᠳᠦᠷᠢᠮᠵᠢᠭᠦᠯᠵᠦ  ᠂  ᠲᠡᠰ  ᠳᠠᠪᠬᠤᠷᠭ᠎ᠠ  ᠎ ᠶᠢ  ᠥᠨᠳᠥᠷᠵᠢᠭᠦᠯᠵᠦ  ᠂  ᠨᠡᠷᠡᠲᠦ  ᠲᠡᠮᠳᠡᠭ  ᠎ ᠢ  ᠡᠭᠦᠳᠦᠨ  ᠂ ᠠᠮᠢ  ᠠᠬᠤᠢ  ᠎ ᠶᠢᠨ  ᠮᠠᠯ  ᠲᠠᠷᠢᠶᠠᠯᠠᠩ  ᠎ ᠤᠨ ᠦᠵᠡᠮᠵᠢᠲᠦ  ᠵᠤᠭᠠᠴᠠᠯ  ᠎ ᠤᠨ  ᠰᠢᠨ᠎ᠡ  ᠵᠠᠮ  ᠎ ᠢ  ᠬᠠᠶᠢᠵᠤ  ᠬᠥᠭᠵᠢᠭᠦᠯᠦᠨ᠎ᠡ  ᠃  ᠵᠠᠬ᠎ᠠ  ᠳᠡᠯᠭᠡᠭᠦᠷᠴᠢᠯᠡᠭᠰᠡᠨ  ᠠᠵᠢᠯᠯᠠᠪᠤᠷᠢ  ᠎ ᠶᠢ  ᠬᠡᠷᠡᠭᠵᠢᠭᠦᠯᠵᠦ  ᠂  ᠲᠠᠯ᠎ᠠ  ᠨᠤᠲᠤᠭ  ᠎ ᠤᠨ  ᠬᠠᠭᠠᠨ  ᠎ ᠤ  ᠠᠳᠤᠭᠤᠨ  ᠰᠣᠶᠣᠯ  ᠎ ᠤᠨ  ᠨᠠᠶᠢᠷ ᠢ  ᠰᠠᠶᠢᠬᠠᠨ  ᠡᠷᠬᠢᠯᠡᠨ᠎ᠡ  ᠃  ᠶᠡᠷᠦᠩᠬᠡᠢ  ᠎ ᠳᠡᠭᠡᠨ  ᠬᠡᠳᠦᠨ  ᠵᠢᠯ  ᠎ ᠤᠨ  ᠴᠢᠷᠮᠠᠶᠢᠯᠭ᠎ᠠ  ᠎ ᠪᠠᠷ  ᠳᠠᠮᠵᠢᠨ  ᠂  ᠮᠠᠨ  ᠎ ᠤ  ᠬᠤᠰᠢᠭᠤ  ᠎ ᠪᠠᠨ ᠲᠠᠯ᠎ᠠ  ᠨᠤᠲᠤᠭ  ᠎ ᠤᠨ  ᠥᠩᠭᠡ  ᠦᠵᠡᠮᠵᠢ  ᠎ ᠪᠠᠷ  ᠭᠤᠶᠢᠳᠠ  ᠰᠠᠶᠢᠬᠠᠨ  ᠂  ᠰᠣᠶᠣᠯ  ᠎ ᠤᠨ  ᠣᠨᠴᠠᠯᠢᠭ  ᠢᠯᠭᠠᠬᠳᠠᠮ᠎ᠡ  ᠂  ᠲᠥᠬᠦᠭᠡᠷᠦᠮᠵᠢ  ᠴᠢᠳᠠᠪᠤᠷᠢ  ᠪᠦᠷᠢᠨᠰᠢᠭᠰᠡᠨ  ᠂  ᠵᠤᠭᠠᠴᠠᠯ  ᠎ ᠤᠨ  ᠠᠭᠤᠯᠭ᠎ᠠ  ᠎ ᠪᠠᠷ  ᠡᠯᠪᠡᠭ  ᠪᠠᠶᠠᠯᠢᠭ  ᠲᠠᠯ᠎ᠠ  ᠨᠤᠲᠤᠭ  ᠎ ᠤᠨ  ᠵᠤᠭᠠᠴᠠᠯ  ᠎ ᠤᠨ  ᠦᠵᠡᠮᠵᠢᠲᠦ  ᠣᠷᠣᠨ  ᠪᠣᠯᠭᠠᠨ  ᠪᠦᠲᠦᠭᠡᠨ  ᠪᠠᠶᠢᠭᠤᠯᠣᠨ᠎ᠠ  ᠃ 2012 ᠣᠨ  ᠪᠣᠯᠬᠤ  ᠎ ᠳᠤ  ᠵᠤᠭᠠᠴᠠᠯ  ᠎ ᠤᠨ  ᠣᠷᠣᠯᠭ᠎ᠠ  ᠎ ᠶᠢ  ᠵᠢᠯ  ᠪᠦᠷᠢ  ᠳᠤᠮᠳᠠᠴᠢ  ᠎ ᠪᠠᠷ 20%᠎ ᠪᠠᠷ  ᠨᠡᠮᠡᠭᠳᠡᠭᠦᠯᠦᠨ  ᠂  ᠵᠤᠭᠠᠴᠠᠯ  ᠎ ᠤᠨ  ᠦᠢᠯᠡᠰ  ᠎ ᠢ  ᠭᠤᠷᠪᠠᠳᠤᠭᠠᠷ  ᠠᠵᠤ  ᠦᠢᠯᠡᠰ  ᠎ ᠤᠨ  ᠳᠠᠭᠠᠭᠤᠯᠤᠭᠴᠢ  ᠪᠠ  ᠲᠤᠯᠭᠠᠭᠤᠷᠢ  ᠦᠢᠯᠡᠰ  ᠪᠣᠯᠭᠠᠨ᠎ᠠ  ᠃        ᠦᠢᠯᠡᠴᠢᠯᠡᠭᠡᠨ  ᠎ ᠤ  ᠦᠢᠯᠡᠰ  ᠎ ᠢ  ᠲᠦᠷᠭᠡᠨ  ᠬᠥᠭᠵᠢᠭᠦᠯᠦᠨ᠎ᠡ  ᠃ ᠣᠳᠣ  ᠪᠠᠶᠢᠭ᠎ᠠ  ᠢᠳᠡᠰᠢᠨ  ᠨᠣᠭᠤᠭ᠎ᠠ  ᠂  ᠪᠠᠷᠢᠯᠭ᠎ᠠ  ᠎ ᠶᠢᠨ  ᠮᠠᠲ᠋ᠧᠷᠢᠶᠠᠯ  ᠂  ᠲᠠᠷᠢᠶᠠᠯᠠᠩ  ᠮᠠᠯᠵᠢᠯ  ᠎ ᠤᠨ  ᠮᠠᠰᠢᠨ  ᠮᠧᠬᠠᠨᠢᠭ  ᠂ ᠮᠠᠯ  ᠲᠠᠷᠢᠶᠠᠯᠠᠩ ᠤᠨ  ᠠᠰᠢᠭ  ᠰᠢᠮ᠎ᠡ  ᠵᠡᠷᠭᠡ  ᠡᠯ᠎ᠡ  ᠲᠥᠷᠥᠯ  ᠎ ᠤᠨ ᠵᠠᠬ᠎ᠠ  ᠳᠡᠯᠭᠡᠭᠦᠷ  ᠎ ᠤᠨ  ᠴᠢᠳᠠᠪᠤᠷᠢ  ᠎ ᠶᠢ ᠤᠯᠠᠮ  ᠨᠢᠭᠡ  ᠠᠯᠬᠤᠮ  ᠪᠦᠷᠢᠨᠰᠢᠭᠦᠯᠵᠦ  ᠂  ᠦᠢᠯᠡᠴᠢᠯᠡᠭᠡᠨ  ᠎ ᠤ  ᠲᠦᠪᠰᠢᠨ  ᠎ ᠢᠶᠠᠨ  ᠳᠡᠭᠡᠭᠰᠢᠯᠡᠭᠦᠯᠦᠨ  ᠂  ᠨᠥᠬᠦᠴᠡᠯ  ᠎ ᠲᠠᠢ  ᠰᠤᠮᠤ  ᠰᠢᠶᠠᠩ  ᠪᠠᠯᠭᠠᠰᠤ  ᠎ ᠶᠢ  ᠳᠡᠮᠵᠢᠨ  ᠂  ᠣᠨᠴᠠᠯᠢᠭᠲᠤ  ᠲᠤᠰᠬᠠᠢ  ᠵᠠᠬ᠎ᠠ  ᠳᠡᠯᠭᠡᠭᠦᠷ  ᠎ ᠢ  ᠪᠠᠶᠢᠭᠤᠯᠤᠨ᠎ᠠ  ᠃ ᠵᠥᠭᠡᠭᠡᠪᠦᠷᠢ  ᠲᠡᠭᠡᠭᠡᠪᠦᠷᠢ  ᠂  ᠭᠡᠷ  ᠪᠠᠶᠢᠰᠢᠩ  ᠂  ᠭᠠᠵᠠᠷ  ᠬᠥᠷᠥᠩᠭᠡ  ᠎ ᠶᠢᠨ  ᠨᠡᠭᠡᠭᠡᠯᠲᠡ  ᠂ ᠢᠳᠡᠭᠡᠨ  ᠤᠮᠳᠠᠭᠠᠨ  ᠂  ᠬᠤᠨᠤᠭ  ᠰᠠᠭᠤᠴᠠ ᠵᠡᠷᠭᠡ  ᠤᠯᠠᠮᠵᠢᠯᠠᠯᠲᠤ  ᠦᠢᠯᠡᠴᠢᠯᠡᠭᠡᠨ  ᠎ ᠤ  ᠦᠢᠯᠡᠰ  ᠎ ᠢ  ᠦᠷᠭᠦᠯᠵᠢᠯᠡᠨ  ᠬᠥᠭᠵᠢᠭᠦᠯᠦᠨ᠎ᠡ  ᠃ ᠬᠡᠯᠬᠢᠶᠡᠰᠦᠯᠡᠨ  ᠡᠵᠡᠩᠨᠡᠬᠦ  ᠂  ᠲᠣᠬᠢᠷᠠᠭᠤᠯᠤᠨ  ᠬᠦᠷᠭᠡᠬᠦ  ᠂  ᠰᠦᠫᠧᠷ  ᠳᠡᠯᠭᠡᠭᠦᠷ  ᠵᠡᠷᠭᠡ  ᠰᠢᠨ᠎ᠡ  ᠎ ᠪᠠᠷ  ᠥᠷᠨᠢᠭᠰᠡᠨ  ᠦᠢᠯᠡᠴᠢᠯᠡᠭᠡᠨ  ᠎ ᠤ  ᠦᠢᠯᠡᠰ  ᠎ ᠤᠨ  ᠬᠥᠭᠵᠢᠯᠲᠡ  ᠎ ᠶᠢ   ᠲᠦᠷᠭᠡᠳᠬᠡᠨ᠎ᠡ  ᠃ ᠨᠡᠶᠢᠭᠡᠮ  ᠎ ᠤᠨ  ᠱᠠᠭᠠᠷᠳᠠᠯᠭ᠎ᠠ  ᠎ ᠶᠢᠨ  ᠬᠤᠪᠢᠷᠠᠯᠲᠠ  ᠎ ᠲᠠᠢ  ᠲᠣᠬᠢᠷᠠᠯᠴᠠᠵᠤ  ᠂  ᠵᠠᠰᠠᠭ ᠤᠨ  ᠣᠷᠳᠣᠨ  ᠎ ᠤ  ᠪᠡᠯᠡ  ᠣᠷᠤᠭᠤᠯᠤᠯᠲᠠ  ᠎ ᠶᠢ  ᠵᠠᠬ᠎ᠠ  ᠳᠡᠯᠭᠡᠭᠦᠷ  ᠎ ᠤᠨ  ᠠᠵᠢᠯᠯᠠᠪᠤᠷᠢ  ᠎ ᠲᠠᠢ  ᠤᠶᠠᠯᠳᠤᠭᠤᠯᠤᠨ  ᠂  ᠦᠨ᠎ᠡ  ᠥᠷᠲᠡᠭ  ᠎ ᠲᠠᠢ  ᠦᠢᠯᠡᠴᠢᠯᠡᠭᠡ  ᠪᠣᠯᠣᠨ  ᠦᠨ᠎ᠡ  ᠥᠷᠲᠡᠭ  ᠦᠭᠡᠢ  ᠦᠢᠯᠡᠴᠢᠯᠡᠭᠡ  ᠎ ᠶᠢ  ᠤᠶᠠᠯᠳᠤᠭᠤᠯᠬᠤ  ᠠᠷᠭ᠎ᠠ  ᠎ ᠪᠠᠷ  ᠂  ᠬᠥᠭᠵᠢᠯᠲᠡ  ᠎ ᠶᠢᠨ  ᠲᠥᠯᠥᠪᠵᠢᠭᠦᠯᠭᠡ  ᠎ ᠶᠢ  ᠲᠣᠭᠲᠠᠵᠤ  ᠂  ᠭᠡᠷ  ᠎ ᠤᠨ  ᠠᠵᠢᠯ  ᠎ ᠤᠨ  ᠦᠢᠯᠡᠴᠢᠯᠡᠭᠡ  ᠪᠣᠯᠣᠨ ᠨᠡᠶᠢᠭᠡᠮ  ᠲᠣᠭᠤᠷᠢᠭ  ᠎ ᠤᠨ  ᠦᠢᠯᠡᠴᠢᠯᠡᠭᠡᠨ  ᠎ ᠤ  ᠦᠢᠯᠡᠰ  ᠎ ᠢ  ᠵᠣᠷᠢᠭᠲᠠᠢ  ᠎ ᠪᠠᠷ  ᠬᠥᠭᠵᠢᠭᠦᠯᠦᠨ᠎ᠡ  ᠃  ᠮᠥᠩᠭᠦᠨ  ᠭᠦᠢᠯᠭᠡᠭᠡ  ᠂  ᠳᠠᠭᠠᠳᠬᠠᠯ᠂  ᠠᠰᠠᠭᠤᠵᠤ  ᠯᠠᠪᠯᠠᠬᠤ᠂  ᠵᠠᠭᠤᠴᠢᠯᠠᠭᠤᠷ  ᠂  ᠬᠠᠮ  ᠦᠵᠡᠰᠬᠦᠯᠡᠩ  ᠬᠢᠭᠡᠳ  ᠮᠡᠳᠡᠭᠡ  ᠵᠠᠩᠭᠢ  ᠎ ᠶᠢᠨ  ᠦᠢᠯᠡᠴᠢᠯᠡᠭᠡᠨ  ᠎ ᠤ  ᠦᠢᠯᠡᠰ  ᠎ ᠢ  ᠬᠥᠭᠵᠢᠭᠦᠯᠵᠦ  ᠂  ᠦᠢᠯᠡᠴᠢᠯᠡᠭᠡᠨ  ᠎ ᠤ  ᠦᠢᠯᠡᠰ  ᠎ ᠤᠨ  ᠨᠡᠩ  ᠥᠷᠭᠡᠨ  ᠬᠦᠷᠢᠶ᠎ᠡ  ᠬᠡᠪᠴᠢᠶᠡᠨ  ᠎ ᠳᠠᠬᠢ  ᠬᠥᠭᠵᠢᠯᠲᠡ  ᠎ ᠶᠢ  ᠠᠬᠢᠭᠤᠯᠤᠨ  ᠂  ᠠᠳᠠᠯᠢ  ᠪᠤᠰᠤ  ᠲᠡᠰ  ᠳᠠᠪᠬᠤᠷᠭ᠎ᠠ  ᠎ ᠶᠢᠨ  ᠬᠡᠷᠡᠭᠯᠡᠭᠡᠨ  ᠎ ᠤ  ᠱᠠᠭᠠᠷᠳᠠᠯᠭ᠎ᠠ  ᠎ ᠶᠢ  ᠬᠠᠩᠭᠠᠬᠤ  ᠎ ᠪᠠᠷ  ᠴᠢᠷᠮᠠᠶᠢᠵᠤ  ᠂ 2012  ᠣᠨ  ᠪᠣᠯᠬᠤ  ᠎ ᠳᠤ  ᠨᠡᠶᠢᠭᠡᠮ  ᠎ ᠤᠨ  ᠬᠡᠷᠡᠭᠯᠡᠭᠡᠨ  ᠎ ᠤ  ᠲᠠᠸᠠᠷ  ᠎ ᠤᠨ  ᠵᠢᠵᠢᠭᠯᠡᠨ  ᠪᠣᠷᠣᠯᠠᠭᠤᠯᠭ᠎ᠠ  ᠎ ᠶᠢᠨ  ᠬᠡᠮᠵᠢᠶ᠎ᠡ  ᠎ ᠶᠢ 15  ᠳ᠋ᠦᠩᠰᠢᠭᠤᠷ  ᠲᠥᠭᠦᠷᠢᠭ  ᠎ ᠠᠴᠠ  ᠳᠠᠪᠠᠭᠤᠯᠤᠨ᠎ᠠ  ᠃         ︵ᠳᠥᠷᠪᠡ︶  ᠬᠤᠲᠠ ᠬᠥᠳᠡᠭᠡ ᠶᠢᠨ ᠰᠠᠭᠤᠷᠢ ᠲᠥᠬᠦᠭᠡᠷᠦᠮᠵᠢ ᠶᠢᠨ ᠨᠥᠬᠦᠴᠡᠯ ᠢ ᠰᠠᠶᠢᠵᠢᠷᠠᠭᠤᠯᠵᠤ᠂ ᠬᠤᠲᠠ ᠪᠠᠯᠭᠠᠰᠤᠵᠢᠯᠲᠠ ᠶᠢᠨ ᠠᠬᠢᠴᠠ ᠶᠢ ᠲᠦᠷᠭᠡᠳᠬᠡᠬᠦ  ᠬᠡᠷᠡᠭᠲᠡᠢ  ᠃          ᠬᠤᠲᠠ  ᠬᠥᠳᠡᠭᠡ  ᠎ ᠶᠢ  ᠨᠢᠭᠡᠳᠦᠯᠲᠡᠢ  ᠲᠥᠯᠥᠪᠵᠢᠭᠦᠯᠬᠦ  ᠎ ᠪᠠᠷ  ᠭᠤᠣᠯᠯᠠᠵᠤ  ᠂  ᠰᠠᠭᠤᠷᠢ  ᠲᠥᠬᠦᠭᠡᠷᠦᠮᠵᠢ ᠶᠢᠨ  ᠪᠦᠲᠦᠭᠡᠨ  ᠪᠠᠶᠢᠭᠤᠯᠤᠯᠲᠠ  ᠎ ᠪᠠᠷ  ᠭᠤᠣᠯᠳᠠᠯᠭ᠎ᠠ  ᠪᠣᠯᠭᠠᠨ  ᠂  ᠪᠣᠯᠪᠠᠰᠤᠨ  ᠎ ᠤ  ᠴᠣᠭᠴᠠᠯᠠᠯᠲᠠ  ᠎ ᠪᠠᠷ   ᠠᠴᠢᠶᠠᠯᠠᠪᠤᠷᠢ  ᠪᠣᠯᠭᠠᠵᠤ᠂  ᠬᠤᠲᠠ ᠪᠠᠯᠭᠠᠰᠤᠵᠢᠯᠲᠠ  ᠎ ᠶᠢᠨ  ᠲᠦᠪᠰᠢᠨ  ᠎ ᠢ  ᠲᠦᠷᠭᠡᠨ  ᠳᠡᠭᠡᠭᠰᠢᠯᠡᠭᠦᠯᠦᠨ᠎ᠡ  ᠃           ᠵᠠᠮ  ᠬᠠᠷᠢᠯᠴᠠᠭᠠᠨ  ᠎ ᠤ  ᠪᠦᠲᠦᠭᠡᠨ  ᠪᠠᠶᠢᠭᠤᠯᠤᠯᠲᠠ  ᠎ ᠶᠢᠨ  ᠲᠠᠯ᠎ᠠ  ᠎ ᠪᠠᠷ  ᠶᠡᠭᠡ  ᠬᠦᠴᠦ  ᠣᠷᠣᠭᠤᠯᠤᠨ  ᠂  ᠠᠶᠢᠮᠠᠭ  ᠎ ᠤᠨ  ᠬᠥᠭᠵᠢᠭᠦᠯᠦᠯᠲᠡ  ᠥᠭᠡᠷᠡᠴᠢᠯᠡᠯᠲᠡ  ᠎ ᠶᠢᠨ  ᠵᠥᠪᠯᠡᠯ  ᠂  ᠲᠡᠮᠦᠷ  ᠵᠠᠮ  ᠎ ᠤᠨ  ᠠᠯᠪᠠᠨ  ᠭᠡᠷ ᠯᠦᠭᠡ  ᠎ ᠶᠢᠨ  ᠬᠠᠮᠲᠤ  ᠎ ᠶᠢᠨ  ᠴᠢᠷᠮᠠᠶᠢᠯᠭ᠎ᠠ  ᠎ ᠪᠠᠷ  ᠂ ᠰᠢᠯᠤᠭᠤᠨ  ᠬᠥᠬᠡ  ᠎ ᠠᠴᠠ  ᠴᠢᠭᠤᠯᠤᠯᠲᠤ  ᠬᠠᠭᠠᠯᠭ᠎ᠠ  ᠬᠦᠷᠬᠦ  ᠲᠡᠮᠦᠷ  ᠵᠠᠮ  ᠵᠠᠰᠠᠬᠤ  ᠲᠥᠷᠥᠯ  ᠵᠦᠢᠯ  ᠎ ᠤᠨ  ᠲᠦᠷᠦᠭᠦᠴᠢ  ᠬᠤᠭᠤᠴᠠᠭᠠᠨ  ᠎ ᠤ  ᠠᠵᠢᠯ ᠢ  ᠰᠠᠶᠢᠨ  ᠬᠢᠵᠦ᠂ ᠲᠠᠶᠢᠹᠤᠰᠧ  ᠬᠤᠰᠢᠭᠤ  ᠎ ᠪᠠᠷ  ᠥᠩᠭᠡᠷᠡᠬᠦ  ᠪᠠ  ᠥᠷᠲᠡᠭᠡ  ᠪᠠᠶᠢᠭᠤᠯᠬᠤ  ᠎ ᠶᠢ  ᠪᠠᠲᠤᠯᠠᠨ᠎ᠠ  ᠃  ᠠᠶᠢᠮᠠᠭ  ᠎ ᠤᠨ  ᠵᠠᠮ  ᠬᠠᠷᠢᠯᠴᠠᠭᠠᠨ  ᠎ ᠤ  ᠲᠣᠪᠴᠢᠶ᠎ᠠ  ᠪᠣᠯᠣᠨ  ᠪᠠᠷᠢᠯᠭ᠎ᠠ  ᠎ ᠶᠢᠨ  ᠨᠢᠭᠡᠴᠡ  ᠎ ᠳᠤ  ᠬᠠᠮᠵᠢᠯᠴᠠᠨ  ᠂  ᠪᠤᠤᠴᠠᠩ  ᠪᠠᠯᠭᠠᠰᠤᠨ  ᠎ ᠠᠴᠠ  ᠰᠠᠨ  ᠬᠤᠤ  ᠳ᠋ᠢ  ᠬᠦᠷᠬᠦ  ᠥᠨᠳᠥᠷ  ᠬᠤᠷᠳᠤᠴᠠᠲᠤ  ᠵᠠᠰᠠᠮᠠᠯ  ᠵᠠᠮ  ᠂ ᠪᠤᠤᠴᠠᠩ  ᠪᠠᠯᠭᠠᠰᠤᠨ  ᠎ ᠠᠴᠠ   ᠰᠠᠩ  ᠎ ᠤᠨ  ᠳᠠᠯᠠᠢ  ᠬᠦᠷᠬᠦ  ᠨᠢᠭᠡᠳᠦᠭᠡᠷ  ᠲᠡᠰ  ᠎ ᠤᠨ  ᠵᠠᠰᠠᠮᠠᠯ  ᠵᠠᠮ  ᠪᠣᠯᠣᠨ  ᠾᠤ᠋ ᠹᠠᠩ  ᠎ ᠠᠴᠠ  ᠬᠥᠬᠡᠬᠤᠲᠠ  ᠬᠠᠶᠢᠯᠠᠷ  ᠎ ᠤᠨ ᠶᠡᠭᠡ  ᠵᠠᠮ  ᠬᠦᠷᠬᠦ  ᠬᠤᠶᠠᠳᠤᠭᠠᠷ  ᠲᠡᠰ  ᠎ ᠤᠨ ᠵᠠᠮ  ᠎ ᠤᠨ ᠪᠠᠶᠢᠭᠤᠯᠤᠯᠲᠠ  ᠎ ᠶᠢ  ᠡᠷᠲᠡ  ᠪᠡᠶᠡᠯᠡᠭᠦᠯᠦᠨ  ︔  690  ᠺᠢᠯᠤᠮᠧᠲᠷ ᠤᠷᠲᠤ  ᠵᠠᠮ ᠢ  ᠰᠢᠨ᠎ᠡ  ᠎ ᠪᠠᠷ  ᠪᠠᠶᠢᠭᠤᠯᠬᠤ  ᠪᠠ  ᠥᠭᠡᠷᠡᠴᠢᠯᠡᠨ  ᠪᠠᠶᠢᠭᠤᠯᠵᠤ  ᠂  ᠡᠭᠦᠨ  ᠎ ᠤ  ᠳᠣᠲᠣᠷ᠎ᠠ  ᠲᠠᠷᠢᠶᠠᠯᠠᠬᠤ  ᠮᠠᠯᠵᠢᠬᠤ  ᠣᠷᠣᠨ ᠤ  ᠵᠠᠮ  ᠎ ᠢ 450 ᠺᠢᠯᠤᠮᠧᠲᠷ  ᠬᠦᠷᠭᠡᠵᠦ  ᠂  ᠲᠣᠰᠬᠤᠨ  ᠪᠣᠯᠭᠠᠨ  ᠎ ᠳᠤ  ᠵᠠᠰᠠᠮᠠᠯ  ᠵᠠᠮ  ᠨᠡᠪᠲᠡᠷᠡᠭᠦᠯᠬᠦ  ᠎ ᠶᠢ  ᠪᠡᠶᠡᠯᠡᠭᠦᠯᠬᠦ  ᠎ ᠶᠢᠨ  ᠬᠠᠮᠲᠤ  ᠠᠵᠤ  ᠦᠢᠯᠡᠳᠪᠦᠷᠢ  ᠎ ᠶᠢᠨ  ᠣᠷᠣᠨ  ᠲᠣᠭᠤᠷᠢᠭ  ᠂  ᠠᠵᠤ  ᠦᠢᠯᠡᠰᠵᠢᠭᠰᠡᠨ  ᠣᠷᠣᠨ  ᠲᠣᠭᠤᠷᠢᠭ  ᠪᠠ  ᠵᠤᠭᠠᠴᠠᠯ  ᠎ ᠤᠨ  ᠦᠵᠡᠮᠵᠢᠲᠦ  ᠣᠷᠣᠨ ᠵᠦᠭ ᠰᠤᠨᠤᠭᠠᠨ᠎ᠠ  ᠃ 2012 ᠣᠨ  ᠪᠣᠯᠬᠤ  ᠎ ᠳᠤ  ᠂  ᠥᠨᠳᠥᠷ  ᠲᠡᠰ  ᠎ ᠤᠨ  ᠵᠠᠰᠠᠮᠠᠯ  ᠵᠠᠮ  ᠎ ᠢᠶᠠᠷ  ᠬᠡᠯᠬᠢᠶᠡᠰᠦ  ᠪᠣᠯᠭᠠᠨ  ᠂  ᠰᠤᠮᠤ  ᠰᠢᠶᠠᠩ  ᠎ ᠳᠤ  ᠨᠡᠪᠲᠡᠷᠡᠬᠦ  ᠲᠣᠰᠣᠨ  ᠵᠠᠮ  ᠪᠣᠯᠤᠨ  ᠭᠠᠴᠠᠭ᠎ᠠ  ᠲᠣᠰᠬᠤᠨ  ᠎ ᠳᠤ  ᠨᠡᠪᠲᠡᠷᠡᠬᠦ  ᠵᠠᠰᠠᠮᠠᠯ  ᠵᠠᠮ  ᠎ ᠢᠶᠠᠷ  ᠨᠥᠬᠦᠪᠦᠷᠢᠯᠡᠭᠰᠡᠨ  ᠵᠠᠮ  ᠎ ᠤᠨ  ᠲᠣᠣᠷᠴᠢᠯ  ᠎ ᠢ  ᠪᠦᠷᠢᠯᠳᠦᠭᠦᠯᠦᠨ᠎ᠡ  ᠃ ᠴᠠᠬᠢᠯᠭᠠᠨ  ᠲᠣᠣᠷ  ᠎ ᠤᠨ  ᠪᠦᠲᠦᠭᠡᠨ  ᠪᠠᠶᠢᠭᠤᠯᠤᠯᠲᠠ  ᠎ ᠶᠢᠨ  ᠲᠠᠯ᠎ᠠ  ᠎ ᠪᠠᠷ  ᠂ 220 ᠺᠢᠯᠤᠸᠤᠯᠲ ᠤᠨ  ᠴᠠᠬᠢᠯᠭᠠᠨ  ᠣᠷᠣᠭᠤᠯᠵᠤ ᠬᠤᠪᠢᠰᠬᠠᠬᠤ  ᠥᠷᠲᠡᠭᠡᠨ  ᠎ ᠤ  ᠪᠦᠲᠦᠭᠡᠨ  ᠪᠠᠶᠢᠭᠤᠯᠤᠯᠲᠠ  ᠎ ᠶᠢ  ᠡᠬᠢᠯᠡᠭᠦᠯᠵᠦ  ᠂ 35 ᠺᠢᠯᠤᠸᠤᠯᠲ  ᠎ ᠤᠨ  ᠴᠠᠬᠢᠯᠭᠠᠨ  ᠣᠷᠣᠭᠤᠯᠵᠤ  ᠬᠤᠪᠢᠰᠬᠠᠬᠤ 6  ᠰᠠᠭᠤᠷᠢ  ᠥᠷᠲᠡᠭᠡ  ᠎ ᠶᠢ  ᠰᠢᠨ᠎ᠡ  ᠎ ᠪᠠᠷ  ᠵᠠᠰᠠᠨ  ᠪᠠᠶᠢᠭᠤᠯᠵᠤ  ᠂  ᠬᠥᠳᠡᠭᠡ  ᠲᠣᠰᠬᠤᠨ  ᠮᠠᠯᠵᠢᠬᠤ  ᠣᠷᠣᠨ  ᠎ ᠤ 10  ᠺᠢᠯᠤᠸᠤᠯᠲ ᠤᠨ  ᠴᠠᠬᠢᠯᠭᠠᠨ  ᠣᠷᠣᠭᠤᠯᠵᠤ  ᠬᠤᠪᠢᠰᠬᠠᠬᠤ  ᠱᠤᠭᠤᠮ ᠎ ᠤᠨ  ᠥᠭᠡᠷᠡᠴᠢᠯᠡᠯᠲᠡ  ᠎ ᠶᠢ  ᠳᠠᠭᠤᠰᠬᠠᠨ  ᠂  ᠬᠤᠲᠠ  ᠬᠥᠳᠡᠭᠡ  ᠎ ᠶᠢᠨ  ᠠᠵᠤ  ᠠᠬᠤᠢ  ᠎ ᠶᠢᠨ  ᠬᠥᠭᠵᠢᠯᠲᠡ  ᠎ ᠶᠢ  ᠬᠢᠵᠠᠭᠠᠷᠯᠠᠵᠤ  ᠪᠠᠶᠢᠭ᠎ᠠ  ᠠᠰᠠᠭᠤᠳᠠᠯ  ᠎ ᠢ  ᠲᠤᠶᠢᠯᠪᠤᠷᠢᠲᠠᠢ  ᠰᠠᠶᠢᠵᠢᠷᠠᠭᠤᠯᠤᠨ᠎ᠠ  ᠃ ᠴᠢᠮᠡᠭᠡ  ᠬᠤᠯᠪᠣᠭ᠎ᠠ  ᠂  ᠮᠡᠳᠡᠭᠡ  ᠵᠠᠩᠭᠢ  ᠎ ᠶᠢᠨ  ᠲᠠᠯ᠎ᠠ  ᠎ ᠪᠠᠷ  ᠂ ᠲᠣᠰᠬᠤᠨ  ᠪᠣᠯᠭᠠᠨ  ᠎ ᠳᠤ  ᠳ᠋ᠢᠶᠠᠩᠬᠤᠸᠠ  ᠨᠡᠪᠲᠡᠷᠡᠬᠦ  ᠢᠨᠵᠧᠨᠧᠷᠢᠩ  ᠎ ᠢ  ᠲᠦᠯᠬᠢᠨ  ᠠᠬᠢᠭᠤᠯᠵᠤ  ᠂  ᠤᠲᠠᠰᠤ  ᠦᠭᠡᠢ  ᠬᠤᠯᠪᠣᠭᠠᠨ  ᠎ ᠤ  ᠪᠦᠷᠬᠦᠴᠡ  ᠎ ᠶᠢ  ᠥᠷᠭᠡᠳᠬᠡᠨ  ᠂  ᠴᠢᠮᠡᠭᠡ  ᠬᠤᠯᠪᠣᠭᠠᠨ  ᠎ ᠤ  ᠳᠣᠬᠢᠶ᠎ᠠ  ᠦᠭᠡᠢ  ᠣᠷᠣᠨ  ᠎ ᠢ  ᠤᠰᠠᠳᠬᠠᠨ᠎ᠠ  ᠃  ᠡᠯᠧᠺᠲᠷᠤᠨᠴᠢᠯᠠᠬᠰᠡᠨ  ᠵᠠᠰᠠᠭ  ᠎ ᠤᠨ  ᠶᠠᠪᠤᠳᠠᠯ  ᠎ ᠢ  ᠪᠦᠬᠦ  ᠲᠠᠯ᠎ᠠ  ᠎ ᠪᠠᠷ  ᠳᠡᠯᠭᠡᠷᠡᠭᠦᠯᠵᠦ᠂  ᠬᠤᠰᠢᠭᠤ  ᠰᠢᠶᠠᠩ  ᠎ ᠤᠨ  ᠵᠠᠰᠠᠭ  ᠎ ᠤᠨ  ᠶᠠᠪᠤᠳᠠᠯ  ᠎ ᠤᠨ  ᠳ᠋ᠠᠶᠢᠲ᠋ᠠ ᠳᠠᠮᠵᠢᠭᠤᠯᠭ᠎ᠠ ᠶᠢ  ᠪᠡᠶᠡᠯᠡᠭᠦᠯᠵᠦ  ᠂  ᠡᠯ᠎ᠡ  ᠱᠠᠲᠤᠨ  ᠎ ᠤ  ᠵᠠᠰᠠᠭ ᠤᠨ  ᠣᠷᠳᠣᠨ  ᠎ ᠤ  ᠰᠢᠢᠳᠪᠦᠷᠢ  ᠪᠣᠳᠣᠯᠭ᠎ᠠ  ᠂  ᠬᠠᠮᠢᠶᠠᠷᠤᠯᠲᠠ  ᠂  ᠪᠠᠴᠢᠮ  ᠪᠠᠶᠢᠳᠠᠯ ᠢ  ᠠᠷᠭᠠᠴᠠᠬᠤ  ᠵᠢᠯᠣᠭᠤᠳᠤᠯᠭ᠎ᠠ  ᠵᠢᠴᠢ  ᠨᠡᠶᠢᠲᠡ  ᠎ ᠶᠢᠨ  ᠦᠢᠯᠡᠴᠢᠯᠡᠭᠡᠨ  ᠎ ᠤ  ᠴᠢᠳᠠᠪᠤᠷᠢ  ᠎ ᠶᠢ  ᠨᠡᠮᠡᠭᠳᠡᠭᠦᠯᠦᠨ᠎ᠡ  ᠃ ᠬᠤᠲᠠ ᠪᠠᠯᠭᠠᠰᠤᠨ  ᠎ ᠤ  ᠪᠦᠲᠦᠭᠡᠨ  ᠪᠠᠶᠢᠭᠤᠯᠤᠯᠲᠠ ᠎ ᠶᠢᠨ  ᠲᠠᠯ᠎ᠠ  ᠎ ᠪᠠᠷ  ᠂ ᠰᠢᠨ᠎ᠡ  ᠨᠢᠭᠡ  ᠡᠭᠡᠯᠵᠢ  ᠎ ᠶᠢᠨ  ᠬᠤᠲᠠ  ᠪᠠᠯᠭᠠᠰᠤᠨ  ᠎ ᠤ  ᠶᠡᠷᠦᠩᠬᠡᠢ  ᠲᠥᠯᠥᠪᠵᠢᠭᠦᠯᠭᠡ  ᠪᠠ  ᠣᠶᠢᠷ᠎ᠠ  ᠎ ᠶᠢᠨ  ᠬᠤᠭᠤᠴᠠᠭᠠᠨ  ᠎ ᠤ  ᠪᠦᠲᠦᠭᠡᠨ  ᠪᠠᠶᠢᠭᠤᠯᠤᠯᠲᠠ  ᠎ ᠶᠢᠨ  ᠲᠥᠯᠥᠪᠵᠢᠭᠦᠯᠭᠡ  ᠎ ᠶᠢᠨ  ᠵᠢᠯᠣᠭᠤᠳᠤᠯᠭ᠎ᠠ  ᠎ ᠪᠠᠷ  ᠂  ᠬᠤᠲᠠ  ᠪᠠᠯᠭᠠᠰᠤᠨ  ᠎ ᠤ  ᠬᠦᠷᠢᠶ᠎ᠡ  ᠎ ᠶᠢ  ᠥᠷᠭᠡᠳᠬᠡᠵᠦ  ᠂  ᠪᠦᠷᠢᠯᠳᠦᠴᠡ  ᠎ ᠶᠢ  ᠶᠡᠬᠡᠰᠬᠡᠨ  ᠂  ᠬᠤᠲᠠ  ᠪᠠᠯᠭᠠᠰᠤᠨ  ᠎ ᠤ  ᠪᠦᠲᠦᠭᠡᠨ  ᠪᠠᠶᠢᠭᠤᠯᠤᠯᠲᠠ  ᠎ ᠶᠢᠨ ᠠᠯᠬᠤᠴᠠ  ᠎ ᠶᠢ  ᠲᠦᠷᠭᠡᠳᠬᠡᠨ᠎ᠡ  ᠃ ᠰᠢᠨ᠎ᠡ  ᠲᠣᠭᠤᠷᠢᠭ  ᠨᠡᠭᠡᠭᠡᠵᠦ  ᠪᠦᠲᠦᠭᠡᠨ  ᠪᠠᠶᠢᠭᠤᠯᠬᠤ  ᠡᠭᠦᠷᠭᠡ  ᠎ ᠶᠢ  ᠪᠦᠬᠦ  ᠲᠠᠯ᠎ᠠ  ᠎ ᠪᠠᠷ  ᠪᠡᠶᠡᠯᠡᠭᠦᠯᠵᠦ  ᠂ 2012 ᠣᠨ  ᠪᠣᠯᠬᠤ  ᠎ ᠳᠤ  ᠂  ᠪᠣᠤᠴᠠᠩ  ᠪᠠᠯᠭᠠᠰᠤᠨ  ᠎ ᠤ  ᠪᠦᠲᠦᠭᠡᠨ  ᠪᠠᠶᠢᠭᠤᠯᠤᠭᠰᠠᠨ  ᠲᠣᠭᠤᠷᠢᠭ  ᠎ ᠤᠨ  ᠲᠠᠯᠠᠪᠠᠢ  ᠎ ᠶᠢ 13 ᠲᠡᠭᠰᠢ  ᠳᠥᠷᠪᠡᠯᠵᠢᠨ  ᠺᠢᠯᠤᠮᠧᠲᠷ  ᠬᠦᠷᠭᠡᠵᠦ  ᠂  ᠰᠠᠭᠤᠭᠠᠯᠢ  ᠠᠷᠠᠳ  ᠎ ᠢ 9  ᠲᠦᠮᠡ  ᠎ ᠳᠤ  ᠬᠦᠷᠭᠡᠨ᠎ᠡ  ᠃ ᠬᠠᠭᠤᠴᠢᠨ  ᠬᠤᠲᠠ  ᠎ ᠶᠢᠨ  ᠲᠣᠭᠤᠷᠢᠭ  ᠎ ᠤᠨ  ᠥᠭᠡᠷᠡᠴᠢᠯᠡᠯᠲᠡ  ᠎ ᠶᠢ  ᠲᠦᠷᠭᠡᠳᠬᠡᠨ᠂  ᠬᠤᠲᠠ  ᠎ ᠶᠢᠨ  ᠤᠰᠤ  ᠬᠠᠩᠭᠠᠵᠤ  ᠲᠠᠲᠠᠷᠠᠭᠤᠯᠬᠤ  ᠲᠣᠣᠷᠴᠢᠯ᠂ ᠭᠤᠤᠷᠰᠤᠲᠤ  ᠰᠢᠲᠠᠮᠠᠬᠠᠢ  ᠬᠡᠢ  ᠂  ᠴᠢᠮᠡᠭᠡ  ᠬᠤᠯᠪᠣᠭ᠎ᠠ  ᠂  ᠴᠠᠬᠢᠯᠭᠠᠨ  ᠬᠠᠩᠭᠠᠯᠭ᠎ᠠ  ᠎ ᠶᠢᠨ ᠰᠢᠰᠲ᠋ᠧᠮ ᠤᠨ ᠪᠠᠶᠢᠭᠤᠯᠤᠯᠲᠠ ᠪᠣᠯᠣᠨ  ᠪᠠᠭ᠎ᠠ  ᠵᠡᠭᠡᠯᠢ  ᠭᠤᠳᠤᠮᠵᠢ  ᠎ ᠶᠢᠨ  ᠵᠠᠰᠠᠯᠲᠠ  ᠎ ᠶᠢ  ᠪᠦᠷᠢᠨᠰᠢᠬᠦᠯᠦᠨ᠎ᠡ᠃  ᠬᠤᠲᠠ  ᠎ ᠶᠢᠨ  ᠲᠣᠭᠤᠷᠢᠭ  ᠎ ᠤᠨ  ᠪᠠᠶᠢᠷᠢᠰᠢᠯᠲᠠ  ᠎ ᠶᠢ  ᠨᠡᠩ  ᠵᠦᠢ  ᠵᠣᠬᠢᠰᠲᠠᠢ  ᠂  ᠴᠢᠳᠠᠪᠤᠷᠢ  ᠎ ᠶᠢ  ᠨᠡᠩ  ᠪᠦᠷᠢᠨ  ᠲᠡᠭᠦᠰ  ᠪᠣᠯᠭᠠᠨ᠎ᠠ  ᠃  ᠪᠣᠯᠪᠠᠰᠤᠨ  ᠎ ᠢ  ᠴᠣᠭᠴᠠᠯᠠᠬᠤ  ᠠᠵᠢᠯᠯᠠᠭ᠎ᠠ  ᠎ ᠶᠢ  ᠢᠳᠡᠪᠬᠢᠲᠡᠢ  ᠥᠷᠨᠢᠭᠦᠯᠵᠦ  ᠂  ᠪᠦᠬᠦ  ᠣᠷᠣᠨ  ᠎ ᠤ  ᠨᠠᠢᠮᠠᠨ  ᠣᠳᠣᠨ  ᠲᠡᠰ  ᠎ ᠤᠨ  ᠲᠡᠷᠢᠭᠦᠨ  ᠎ ᠤ  ᠪᠣᠯᠪᠠᠰᠤᠨ  ᠬᠤᠲᠠ  ᠪᠠᠯᠭᠠᠰᠤ  ᠂  ᠣᠷᠣᠨ  ᠎ ᠤ  ᠲᠡᠰ  ᠎ ᠤᠨ  ᠡᠷᠡᠭᠦᠯ ᠬᠠᠮᠠᠭᠠᠯᠠᠯ  ᠎ ᠤᠨ  ᠬᠤᠲᠠ  ᠪᠠᠯᠭᠠᠰᠤ  ᠪᠣᠯᠭᠠᠬᠤ  ᠎ ᠪᠠᠷ   ᠴᠢᠷᠮᠠᠶᠢᠨ᠎ᠠ  ᠃ ᠬᠤᠲᠠ  ᠬᠥᠳᠡᠭᠡ  ᠎ ᠶᠢᠨ  ᠨᠢᠭᠡᠳᠦᠯᠲᠡᠢ  ᠲᠥᠯᠥᠪᠵᠢᠭᠦᠯᠭᠡ  ᠎ ᠶᠢ  ᠪᠠᠷᠢᠮᠲᠠᠯᠠᠵᠤ  ᠂  ᠪᠤᠰᠤᠳ ᠪᠠᠯᠭᠠᠰᠤᠨ  ᠎ ᠤ  ᠪᠦᠲᠦᠭᠡᠨ ᠪᠠᠶᠢᠭᠤᠯᠤᠯᠲᠠ  ᠎ ᠶᠢ  ᠴᠦ  ᠲᠦᠷᠭᠡᠳᠬᠡᠨ  ᠂  ᠲᠣᠰ  ᠲᠣᠰ  ᠎ ᠤᠨ  ᠣᠨᠴᠠᠯᠢᠭ  ᠎ ᠲᠠᠢ  ᠂  ᠴᠢᠳᠠᠪᠤᠷᠢ  ᠨᠥᠬᠦᠪᠦᠷᠢᠯᠡᠯᠳᠦᠭᠰᠡᠨ  ᠂ ᠲᠡᠰ  ᠳᠠᠪᠬᠤᠷᠭ᠎ᠠ  ᠢᠯᠭᠠᠭ᠎ᠠ  ᠎ ᠲᠠᠢ  ᠂  ᠪᠦᠷᠢᠯᠳᠦᠴᠡ  ᠵᠣᠬᠢᠷᠠᠮᠵᠢᠲᠠᠢ  ᠬᠥᠭᠵᠢᠯᠲᠡ  ᠎ ᠶᠢᠨ  ᠬᠡᠪ  ᠪᠠᠶᠢᠳᠠᠯ  ᠎ ᠢ  ᠪᠦᠷᠢᠯᠳᠦᠭᠦᠯᠦᠨ᠎ᠡ  ᠃2012 ᠣᠨ  ᠪᠣᠯᠬᠤ  ᠎ ᠳᠤ᠂ ᠪᠦᠬᠦ  ᠬᠤᠰᠢᠭᠤᠨ  ᠎ ᠤ  ᠬᠤᠲᠠ  ᠪᠠᠯᠭᠠᠰᠤᠵᠢᠯᠲᠠ  ᠎ ᠶᠢᠨ  ᠨᠤᠷᠮ᠎ᠠ  ᠎ ᠶᠢ 40%  ᠎ ᠠᠴᠠ  ᠳᠠᠪᠠᠭᠤᠯᠤᠨ᠎ᠠ  ᠃          ︵ᠲᠠᠪᠤ︶  ᠠᠷᠠᠳ  ᠎ ᠤᠨ  ᠠᠮᠢᠳᠤᠷᠠᠯ  ᠎ ᠢ  ᠳᠡᠭᠡᠳᠦ  ᠬᠡᠮᠵᠢᠶ᠎ᠡ  ᠎ ᠪᠠᠷ  ᠬᠠᠯᠠᠮᠵᠢᠯᠠᠵᠤ  ᠂  ᠨᠡᠶᠢᠭᠡᠮ  ᠎ ᠤᠨ  ᠡᠯ᠎ᠡ  ᠲᠥᠷᠥᠯ ᠤᠨ  ᠦᠢᠯᠡᠰ  ᠎ ᠢ  ᠬᠥᠭᠵᠢᠭᠦᠯᠬᠦ  ᠬᠡᠷᠡᠭᠲᠡᠢ  ᠃        ᠨᠡᠶᠢᠭᠡᠮ  ᠎ ᠤᠨ  ᠦᠢᠯᠡᠰ  ᠎ ᠤᠨ  ᠬᠥᠭᠵᠢᠯᠲᠡ  ᠪᠣᠯᠣᠨ  ᠠᠷᠠᠳ  ᠎ ᠤᠨ  ᠠᠮᠢᠳᠤᠷᠠᠯ  ᠎ ᠤᠨ  ᠠᠰᠠᠭᠤᠳᠠᠯ  ᠎ ᠢ  ᠨᠡᠩ  ᠲᠣᠪᠣᠶᠢᠮ᠎ᠠ  ᠪᠠᠶᠢᠷᠢᠨ  ᠎ ᠳᠤ  ᠲᠠᠯᠪᠢᠵᠤ  ᠂  ᠠᠷᠠᠳ  ᠲᠦᠮᠡᠨ  ᠎ ᠤ  ᠠᠰᠢᠭ  ᠲᠤᠰᠠ  ᠎ ᠳᠤ  ᠬᠤᠯᠪᠣᠭᠳᠠᠭᠰᠠᠨ  ᠂  ᠠᠷᠠᠳ ᠲᠦᠮᠡᠨ ᠤ  ᠡᠷᠬᠡ  ᠠᠰᠢᠭ  ᠎ ᠢ  ᠪᠠᠲᠤᠯᠠᠭᠰᠠᠨ  ᠂  ᠨᠡᠶᠢᠭᠡᠮ  ᠎ ᠤᠨ  ᠠᠮᠢᠵᠢᠷᠠᠯ  ᠎ ᠤᠨ  ᠬᠦᠴᠦᠨ  ᠎ ᠢ  ᠬᠥᠭᠵᠢᠭᠡᠭᠰᠡᠨ  ᠡᠯ᠎ᠡ  ᠲᠥᠷᠥᠯ ᠤᠨ  ᠠᠵᠢᠯ  ᠎ ᠢ  ᠰᠠᠶᠢᠲᠤᠷ  ᠬᠢᠵᠦ  ᠂  ᠠᠷᠠᠳ  ᠲᠦᠮᠡᠨ  ᠎ ᠤ  ᠠᠮᠢᠳᠤᠷᠠᠯ  ᠎ ᠤᠨ  ᠲᠦᠪᠰᠢᠨ  ᠪᠣᠯᠣᠨ  ᠶᠠᠰᠤ  ᠴᠢᠨᠠᠷ  ᠎ ᠢ  ᠲᠠᠰᠤᠷᠠᠯᠲᠠ  ᠦᠭᠡᠢ  ᠳᠡᠭᠡᠭᠰᠢᠯᠡᠭᠦᠯᠦᠨ  ᠂  ᠡᠶ᠎ᠡ  ᠵᠣᠬᠢᠴᠠᠯᠲᠦ  ᠨᠡᠶᠢᠭᠡᠮ ᠤᠨ  ᠪᠦᠲᠦᠭᠡᠨ  ᠪᠠᠶᠢᠭᠤᠯᠤᠯᠲᠠ  ᠎ ᠶᠢ  ᠰᠢᠨ᠎ᠡ  ᠠᠬᠢᠯᠲᠠ  ᠎ ᠲᠠᠢ  ᠪᠣᠯᠭᠠᠨ᠎ᠠ  ᠃  ᠰᠤᠷᠭᠠᠨ  ᠬᠥᠮᠥᠵᠢᠯ  ᠎ ᠢ  ᠬᠤᠰᠢᠭᠤᠴᠢᠯᠠᠨ  ᠬᠥᠭᠵᠢᠭᠦᠯᠵᠦ  ᠂  ᠰᠤᠷᠭᠠᠨ  ᠬᠥᠮᠥᠵᠢᠯ  ᠎ ᠤᠨ  ᠬᠥᠭᠵᠢᠯᠲᠡ  ᠎ ᠶᠢᠨ  ᠶᠠᠰᠤ  ᠴᠢᠨᠠᠷ  ᠪᠣᠯᠣᠨ  ᠦᠷ᠎ᠡ  ᠠᠰᠢᠭ  ᠎ ᠢ  ᠳᠡᠭᠡᠭᠰᠢᠯᠡᠭᠦᠯᠦᠨ  ᠂ ︽ᠬᠤᠶᠠᠷ  ᠦᠨᠳᠦᠰᠦᠨ︾ ᠪᠠᠷᠢᠮᠵᠢᠶᠠᠨ  ᠎ ᠳᠤ  ᠬᠦᠷᠭᠡᠬᠦ  ᠠᠵᠢᠯ  ᠎ ᠤᠨ ᠪᠦᠲᠦᠮᠵᠢ ᠶᠢ ᠪᠠᠬᠢᠵᠢᠭᠦᠯᠵᠦ  ᠂ ᠠᠯᠪᠠᠨ ᠵᠢᠷᠤᠮ ᠤᠨ ᠰᠤᠷᠭᠠᠨ ᠬᠥᠮᠥᠵᠢᠯ  ᠎ ᠤᠨ ᠵᠢᠭᠳᠡ ᠬᠥᠭᠵᠢᠯᠲᠡ ᠶᠢ ᠠᠬᠢᠭᠤᠯᠵᠤ  ᠂  ᠳᠡᠭᠡᠳᠦ ᠳᠤᠮᠳᠠ ᠶᠢᠨ ᠱᠠᠲᠤᠨ  ᠎ ᠤ  ᠰᠤᠷᠭᠠᠨ  ᠬᠥᠮᠥᠵᠢᠯ  ᠦᠨᠳᠦᠰᠦᠨ  ᠎ ᠳᠡᠭᠡᠨ  ᠲᠦᠭᠡᠮᠡᠯᠵᠢᠬᠦ  ᠎ ᠶᠢ  ᠲᠦᠷᠭᠡᠳᠬᠡᠨ  ᠂ ᠠᠵᠢᠯ  ᠮᠡᠷᠭᠡᠵᠢᠯ  ᠎ ᠤᠨ  ᠰᠤᠷᠭᠠᠨ  ᠬᠥᠮᠥᠵᠢᠯ  ᠎ ᠢ  ᠶᠡᠭᠡ  ᠎ ᠪᠠᠷ  ᠬᠥᠭᠵᠢᠭᠦᠯᠵᠦ  ᠂  ᠪᠦᠷᠢᠯᠳᠦᠴᠡ  ᠎ ᠨᠢ  ᠰᠢᠨᠵᠢᠯᠡᠬᠦ  ᠤᠬᠠᠭᠠᠨᠴᠢ  ᠂ ᠲᠣᠬᠢᠷᠠᠮᠵᠢᠲᠠᠢ  ᠂  ᠤᠯᠤᠰ  ᠠᠷᠠᠳ  ᠎ ᠤᠨ  ᠰᠤᠷᠭᠠᠨ  ᠬᠥᠮᠥᠵᠢᠯ  ᠎ ᠤᠨ  ᠰᠢᠰᠲ᠋ᠧᠮ  ᠎ ᠢ  ᠪᠠᠶᠢᠭᠤᠯᠵᠤ  ᠂ ᠠᠷᠠᠳ  ᠎ ᠠᠴᠠ  ᠡᠷᠬᠢᠯᠡᠭᠰᠡᠨ  ᠰᠤᠷᠭᠠᠨ  ᠬᠥᠮᠥᠵᠢᠯ  ᠎ ᠢ  ᠲᠡᠳᠬᠦᠨ  ᠬᠥᠭᠵᠢᠭᠦᠯᠦᠨ᠎ᠡ  ᠃  ᠰᠤᠷᠭᠠᠨ  ᠬᠥᠮᠥᠵᠢᠯ  ᠎ ᠤᠨ  ᠨᠡᠶᠢᠲᠡ  ᠎ ᠶᠢᠨ  ᠠᠰᠠᠷᠠᠮᠵᠢ  ᠎ ᠶᠢᠨ  ᠴᠢᠨᠠᠷ  ᠎ ᠢ  ᠪᠠᠷᠢᠮᠲᠠᠯᠠᠵᠤ  ᠂ ᠰᠤᠷᠤᠯᠭ᠎ᠠ ᠲᠡᠳᠬᠦᠬᠦ ᠳᠦᠷᠢᠮ  ᠎ ᠢ  ᠪᠦᠷᠢᠨᠰᠢᠭᠦᠯᠦᠨ᠂ ᠰᠤᠷᠭᠠᠨ  ᠬᠥᠮᠥᠵᠢᠯ  ᠎ ᠤᠨ  ᠰᠦᠢᠳᠬᠡᠯ  ᠎ ᠤᠨ  ᠬᠠᠰᠤᠵᠤ  ᠬᠡᠯᠲᠦᠷᠢᠭᠦᠯᠵᠦ᠂ ᠨᠥᠬᠦᠪᠦᠷᠢᠯᠡᠬᠦ ᠲᠥᠷᠥ  ᠎ ᠶᠢᠨ  ᠪᠣᠳᠣᠯᠭ᠎ᠠ  ᠎ ᠶᠢ ᠨᠠᠷᠢᠨ ᠬᠢᠨᠠᠮᠠᠭᠠᠢ  ᠨᠠᠶᠢᠳᠠᠪᠤᠷᠢᠵᠢᠭᠤᠯᠤᠨ᠎ᠠ  ᠃  ᠡᠪᠡᠳᠴᠢᠨ  ᠬᠢᠵᠢᠭ  ᠎ ᠢ  ᠰᠡᠷᠭᠡᠶᠢᠯᠡᠨ  ᠡᠵᠡᠮᠰᠢᠬᠦ᠂  ᠡᠷᠡᠭᠦᠯ  ᠬᠠᠮᠠᠭᠠᠯᠠᠯ  ᠎ ᠤᠨ  ᠬᠠᠤᠯᠢ  ᠬᠡᠷᠡᠭᠵᠢᠭᠦᠯᠵᠦ  ᠂  ᠬᠢᠨᠠᠯᠲᠠ  ᠲᠠᠯᠪᠢᠬᠤ  ᠪᠠ  ᠬᠤᠲᠠ  ᠬᠥᠳᠡᠭᠡ  ᠎ ᠶᠢᠨ  ᠡᠮ  ᠡᠮᠨᠡᠯᠭᠡ  ᠎ ᠶᠢᠨ  ᠠᠪᠤᠷᠠᠨ  ᠵᠠᠰᠠᠬᠤ  ᠪᠦᠷᠢᠨᠰᠢᠭᠰᠡᠨ ᠰᠢᠰᠲ᠋ᠧᠮᠵᠢ  ᠎ ᠶᠢ  ᠪᠠᠶᠢᠭᠤᠯᠵᠤ  ᠂  ᠬᠦᠨᠳᠦ  ᠶᠡᠭᠡ ᠡᠪᠡᠳᠴᠢᠨ  ᠬᠢᠵᠢᠭ  ᠎ ᠢ  ᠰᠡᠷᠭᠡᠶᠢᠯᠡᠨ  ᠡᠵᠡᠮᠰᠢᠬᠦ  ᠪᠠ  ᠤᠯᠠᠨ  ᠨᠡᠶᠢᠲᠡ  ᠎ ᠶᠢᠨ  ᠡᠷᠡᠭᠦᠯ  ᠬᠠᠮᠠᠭᠠᠯᠠᠯ  ᠎ ᠤᠨ  ᠭᠡᠨᠡᠳᠲᠡ  ᠎ ᠶᠢᠨ  ᠴᠢᠨᠠᠷᠲᠠᠢ  ᠬᠡᠷᠡᠭ  ᠎ ᠢ  ᠠᠷᠭᠠᠴᠠᠵᠤ  ᠰᠢᠢᠳᠪᠦᠷᠢᠯᠡᠬᠦ  ᠴᠢᠳᠠᠪᠤᠷᠢ  ᠎ ᠶᠢ  ᠳᠡᠭᠡᠭᠰᠢᠯᠡᠭᠦᠯᠦᠨ᠎ᠡ  ᠃  ᠬᠥᠮᠥᠨ  ᠠᠮᠠ  ᠪᠠ  ᠲᠥᠯᠥᠪᠯᠡᠭᠡᠲᠦ  ᠦᠷᠡᠵᠢᠯ  ᠎ ᠤᠨ  ᠠᠵᠢᠯ  ᠎ ᠢ  ᠳᠡᠭᠡᠳᠦ  ᠬᠡᠮᠵᠢᠶ᠎ᠡ  ᠎ ᠪᠠᠷ  ᠬᠦᠨᠳᠦᠳᠬᠡᠨ  ᠂  ᠲᠥᠯᠥᠪᠯᠡᠭᠡᠲᠦ  ᠦᠷᠡᠵᠢᠯ  ᠎ ᠤᠨ  ᠬᠥᠬᠢᠭᠦᠯᠦᠨ ᠲᠤᠰᠠᠯᠠᠬᠤ  ᠲᠤᠰᠠᠯᠠᠮᠵᠢ ᠶᠢᠨ ᠳᠦᠷᠢᠮ ᠢ  ᠴᠢᠨᠠᠭᠰᠢᠳᠠ  ᠪᠦᠷᠢᠨᠰᠢᠭᠦᠯᠵᠦ  ᠂  ᠲᠥᠯᠥᠪᠯᠡᠭᠡᠲᠦ  ᠦᠷᠡᠵᠢᠯ  ᠢᠯᠠᠩᠭᠤᠶ᠎ᠠ  ᠨᠡᠭᠦᠳᠡᠯ  ᠬᠥᠮᠥᠨ  ᠠᠮᠠ  ᠎ ᠶᠢᠨ  ᠲᠥᠯᠥᠪᠯᠡᠭᠡᠲᠦ  ᠦᠷᠡᠵᠢᠯ  ᠎ ᠤᠨ  ᠬᠠᠮᠢᠶᠠᠷᠤᠯᠲᠠ  ᠪᠠ  ᠦᠢᠯᠡᠴᠢᠯᠡᠭᠡ  ᠎ ᠶᠢ  ᠴᠢᠩᠭᠠᠳᠬᠠᠵᠤ  ᠂  ᠲᠥᠷᠥᠵᠦ  ᠦᠷᠡᠵᠢᠬᠦ  ᠳᠣᠣᠷ᠎ᠠ  ᠲᠦᠪᠰᠢᠨ  ᠎ ᠢ  ᠲᠣᠭᠲᠠᠪᠤᠷᠢᠵᠢᠭᠤᠯᠤᠨ  ᠂  ᠬᠥᠮᠥᠨ  ᠠᠮᠠ  ᠎ ᠶᠢᠨ  ᠴᠢᠨᠠᠷ  ᠴᠢᠨᠰᠠᠭ᠎ᠠ  ᠎ ᠶᠢ  ᠳᠡᠭᠡᠭᠰᠢᠯᠡᠭᠦᠯᠦᠨ᠎ᠡ  ᠃      ᠰᠣᠶᠣᠯ  ᠲᠠᠮᠢᠷ  ᠎ ᠤᠨ  ᠰᠠᠭᠤᠷᠢ  ᠲᠥᠬᠦᠭᠡᠷᠦᠮᠵᠢ  ᠎ ᠶᠢᠨ  ᠪᠠᠶᠢᠭᠤᠯᠤᠯᠲᠠ  ᠎ ᠶᠢ  ᠴᠢᠩᠭᠠᠳᠬᠠᠵᠤ  ᠂  ᠡᠯᠪᠡᠭ ᠪᠠᠶᠠᠯᠢᠭ  ᠲᠤᠭᠯᠠᠭᠠᠮ ᠴᠡᠩᠭᠡᠯ  ᠤᠨ ᠬᠦᠳᠡᠯᠭᠡᠭᠡᠨ  ᠢ ᠦᠷᠨᠢᠬᠦᠯᠦᠨ᠂  ᠰᠤᠶᠤᠯ ᠲᠠᠮᠢᠷ  ᠤᠨ ᠠᠵᠤ ᠦᠢᠯᠡᠰ  ᠢ  ᠪᠤᠶᠢᠵᠢᠭᠤᠯᠤᠨ ᠬᠦᠭᠵᠢᠬᠦᠯᠵᠦ  ᠂ ᠪᠦᠬᠦ  ᠠᠷᠠᠳ ᠤᠨ  ᠪᠣᠯᠪᠠᠰᠤᠷᠠᠨ ᠴᠢᠭᠢᠷᠠᠭᠵᠢᠬᠤ  ᠬᠥᠳᠡᠯᠭᠡᠭᠡᠨ  ᠪᠠ  ᠤᠯᠤᠰ  ᠎ ᠢᠶᠠᠨ  ᠬᠠᠶᠢᠷᠠᠯᠠᠬᠤ  ᠡᠷᠡᠭᠦᠯ  ᠬᠠᠮᠠᠭᠠᠯᠠᠯ  ᠎ ᠤᠨ  ᠬᠥᠳᠡᠯᠭᠡᠭᠡᠨ  ᠎ ᠢ  ᠥᠷᠭᠡᠨ  ᠳᠡᠯᠭᠡᠷ  ᠥᠷᠨᠢᠭᠦᠯᠵᠦ  ᠂  ᠪᠦᠬᠦ  ᠠᠷᠠᠳ  ᠎ ᠤᠨ  ᠪᠡᠶ᠎ᠡ ᠶᠢᠨ ᠶᠠᠰᠤ  ᠴᠢᠨᠠᠷ ᠪᠣᠯᠣᠨ ᠡᠷᠡᠭᠦᠯ  ᠴᠢᠭᠢᠷᠠᠭ  ᠎ ᠤᠨ  ᠬᠢᠷᠢ  ᠲᠦᠪᠰᠢᠨ  ᠎ ᠢ   ᠳᠡᠭᠡᠭᠰᠢᠯᠡᠭᠦᠯᠦᠨ᠎ᠡ᠃ ᠷᠠᠳᠢᠤ᠋ ᠲᠧᠯᠸᠢᠰ  ᠎ ᠤᠨ  ︽ᠲᠣᠰᠬᠤᠨ ᠪᠣᠯᠭᠠᠨ  ᠎ ᠳᠤ  ᠨᠡᠪᠲᠡᠷᠡᠬᠦ︾  ᠢᠨᠵᠧᠨᠧᠷᠢᠩ  ᠎ ᠢ  ᠰᠠᠶᠢᠲᠤᠷ  ᠠᠳᠬᠤᠵᠤ  ᠂ ᠷᠠᠳᠢᠤ᠋ ᠲᠧᠯᠸᠢᠰ  ᠎ ᠤᠨ  ᠪᠦᠷᠬᠦᠴᠡ  ᠎ ᠶᠢ  ᠥᠷᠭᠡᠳᠬᠡᠨ᠎ᠡ᠃  ᠣᠶᠣᠨ  ᠎ ᠤ  ᠪᠣᠯᠪᠠᠰᠤᠨ  ᠎ ᠤ  ᠴᠣᠭᠴᠠᠯᠠᠯᠲᠠ  ᠎ ᠶᠢᠨ  ᠬᠥᠳᠡᠯᠭᠡᠭᠡᠨ  ᠎ ᠢ  ᠭᠦᠨᠵᠡᠭᠡᠢ  ᠥᠷᠨᠢᠭᠦᠯᠵᠦ  ᠂  ᠴᠢᠨᠡᠭᠡᠯᠢᠭ  ᠨᠡᠶᠢᠭᠡᠮ  ᠎ ᠢ  ᠪᠦᠬᠦ  ᠲᠠᠯ᠎ᠠ  ᠎ ᠪᠠᠷ  ᠪᠦᠲᠦᠭᠡᠨ  ᠪᠠᠶᠢᠭᠤᠯᠬᠤ ᠳᠤ  ᠬᠦᠴᠦᠷᠬᠡᠭ ᠶᠡᠭᠡ ᠣᠶᠣᠨ ᠰᠠᠨᠠᠭᠠᠨ  ᠎ ᠤ  ᠬᠥᠳᠡᠯᠭᠡᠬᠦ  ᠬᠦᠴᠦᠨ  ᠎ ᠢ  ᠬᠠᠩᠭᠠᠨ᠎ᠠ  ᠃ ︽ᠲᠠᠶᠢᠹᠤᠰᠧ  ᠬᠤᠰᠢᠭᠤᠨ  ᠎ ᠤ ᠣᠷᠤᠰᠢᠭᠤᠯᠭ᠎ᠠ  ᠎ ᠶᠢᠨ  ᠥᠭᠡᠷᠡᠴᠢᠯᠡᠯᠲᠡ  ᠎ ᠶᠢᠨ  ᠬᠠᠮᠢᠶᠠᠷᠤᠯᠲᠠ  ᠎ ᠶᠢᠨ  ᠠᠷᠭ᠎ᠠ︾  ᠎ ᠶᠢ  ᠨᠠᠷᠢᠨ  ᠨᠢᠮᠪᠠᠢ  ᠬᠡᠷᠡᠭᠵᠢᠭᠦᠯᠵᠦ  ᠂  ᠤᠯᠠᠮᠵᠢᠯᠠᠯᠲᠤ ᠣᠷᠤᠰᠢᠭᠤᠯᠭ᠎ᠠ  ᠎ ᠶᠢᠨ  ᠳᠦᠷᠢᠮ  ᠎ ᠢ  ᠥᠭᠡᠷᠡᠴᠢᠯᠡᠨ  ᠂  ᠣᠳᠣ  ᠬᠡᠷᠡᠭᠵᠢᠭᠦᠯᠦᠭᠡ ᠣᠷᠤᠰᠢᠭᠤᠯᠭ᠎ᠠ  ᠎ ᠶᠢᠨ  ᠠᠵᠢᠯᠯᠠᠭ᠎ᠠ  ᠎ ᠶᠢᠨ  ᠬᠠᠮᠢᠶᠠᠷᠤᠯᠲᠠ  ᠎ ᠶᠢ  ᠳᠦᠷᠢᠮᠵᠢᠭᠦᠯᠦᠨ᠎ᠡ  ᠃        ᠠᠵᠢᠯ  ᠣᠯᠭᠤᠬᠤ  ᠂  ᠲᠠᠬᠢᠨ  ᠠᠵᠢᠯ  ᠣᠯᠭᠤᠬᠤ  ᠪᠠ ᠨᠡᠶᠢᠭᠡᠮ  ᠎ ᠤᠨ  ᠪᠠᠲᠤᠯᠠᠭᠠᠨ  ᠎ ᠤ  ᠠᠵᠢᠯ  ᠎ ᠢ  ᠰᠠᠶᠢᠨ  ᠬᠢᠵᠦ  ᠂  ᠠᠵᠢᠯ  ᠣᠯᠭᠤᠯᠲᠠ  ᠂  ᠲᠠᠬᠢᠨ  ᠠᠵᠢᠯ  ᠣᠯᠭᠤᠯᠲᠠ  ᠎ ᠶᠢ  ᠳᠡᠮᠵᠢᠬᠦ  ᠲᠥᠷᠥ  ᠎ ᠶᠢᠨ  ᠪᠣᠳᠣᠯᠭ᠎ᠠ  ᠎ ᠶᠢ  ᠨᠠᠷᠢᠨ  ᠨᠢᠮᠪᠠᠢ  ᠨᠠᠶᠢᠳᠠᠪᠤᠷᠢᠵᠢᠭᠤᠯᠬᠤ  ᠪᠠ  ᠪᠦᠷᠢᠨᠰᠢᠭᠦᠯᠵᠦ  ᠂  ᠡᠯ᠎ᠡ  ᠲᠥᠷᠥᠯ  ᠎ ᠤᠨ  ᠨᠥᠬᠦᠪᠦᠷᠢ  ᠂  ᠪᠠᠭ᠎ᠠ  ᠬᠡᠮᠵᠢᠶᠡᠨ  ᠎ ᠤ  ᠳᠠᠭᠠᠭᠠᠯᠲᠠ  ᠎ ᠶᠢᠨ  ᠵᠢᠭᠡᠯᠡᠯᠭᠡ  ᠂  ᠭᠠᠶᠢᠯᠢ  ᠰᠦᠢᠳᠬᠡᠯ  ᠎ ᠢ  ᠬᠠᠰᠤᠵᠤ  ᠬᠡᠯᠲᠦᠷᠢᠭᠦᠯᠬᠦ  ᠵᠡᠷᠭᠡ  ᠲᠥᠷᠥ  ᠎ ᠶᠢᠨ  ᠪᠣᠳᠣᠯᠭ᠎ᠠ  ᠎ ᠶᠢ  ᠭᠦᠢᠴᠡᠳ  ᠰᠠᠶᠢᠨ  ᠬᠡᠷᠡᠭᠵᠢᠭᠦᠯᠵᠦ  ᠂  ᠠᠷᠭ᠎ᠠ  ᠤᠬᠠᠭᠠᠨ  ᠰᠦᠪᠡᠭᠴᠢᠯᠡᠨ  ᠠᠵᠢᠯ  ᠣᠯᠭᠤᠯᠲᠠ  ᠪᠠ  ᠲᠠᠬᠢᠨ  ᠠᠵᠢᠯ  ᠣᠯᠭᠤᠯᠲᠠ  ᠎ ᠶᠢ  ᠠᠬᠢᠭᠤᠯᠤᠨ  ᠂  ᠣᠨᠴᠠᠭᠠᠶᠢᠯᠠᠨ  ᠶᠠᠳᠠᠭᠤ  ᠬᠦᠴᠢᠷᠲᠡᠢ  ᠪᠦᠯᠦᠭᠯᠡᠯ  ᠴᠣᠭᠴᠠᠰ  ᠂  ᠠᠵᠢᠯ  ᠎ ᠤᠨ  ᠪᠠᠶᠢᠷᠢ  ᠎ ᠠᠴᠠ  ᠎ ᠪᠠᠨ  ᠪᠠᠭᠤᠭᠰᠠᠳ  ᠂  ᠠᠵᠢᠯ  ᠠᠯᠳᠠᠭᠰᠠᠳ  ᠪᠣᠯᠣᠨ  ᠳᠡᠭᠡᠳᠦ  ᠳᠤᠮᠳᠠᠳᠤ  ᠵᠡᠷᠭᠡ  ᠎ ᠶᠢᠨ  ᠲᠤᠰᠬᠠᠢ  ᠮᠡᠷᠭᠡᠵᠢᠯ  ᠎ ᠤᠨ  ᠰᠤᠷᠭᠠᠭᠤᠯᠢ  ᠲᠡᠭᠦᠰᠦᠭᠰᠡᠳ  ᠎ ᠤᠨ  ᠠᠵᠢᠯ  ᠣᠯᠬᠤ  ᠠᠰᠠᠭᠤᠳᠠᠯ  ᠎ ᠢ  ᠰᠢᠢᠳᠪᠦᠷᠢᠯᠡᠬᠦ  ᠬᠡᠷᠡᠭᠲᠡᠢ  ᠃  ᠲᠠᠪᠤᠨ  ᠵᠢᠯ  ᠎ ᠳᠤ  ᠬᠤᠲᠠ  ᠪᠠᠯᠭᠠᠰᠤᠨ ᠤ  ᠠᠵᠢᠯ  ᠎ ᠤᠨ  ᠪᠠᠶᠢᠷᠢ 3000  ᠢᠯᠡᠭᠦᠦ  ᠎ ᠶᠢ  ᠰᠢᠨ᠎ᠡ  ᠎ ᠪᠠᠷ  ᠨᠡᠮᠡᠭᠳᠡᠭᠦᠯᠵᠦ  ᠂  ᠰᠢᠨ᠎ᠡ  ᠎ ᠪᠠᠷ  ᠨᠡᠮᠡᠭᠳᠡᠭᠰᠡᠨ  ᠠᠵᠢᠯ  ᠣᠯᠵᠤ  ᠂  ᠲᠠᠬᠢᠨ  ᠠᠵᠢᠯ  ᠣᠯᠣᠭᠰᠠᠳ  ᠎ ᠢ 1100  ᠬᠥᠮᠥᠨ  ᠎ ᠠᠴᠠ  ᠳᠠᠪᠠᠭᠤᠯᠤᠨ᠎ᠠ  ︔  ᠨᠡᠶᠢᠭᠡᠮ  ᠎ ᠤᠨ  ᠪᠠᠲᠤᠯᠠᠭᠠᠨ  ᠎ ᠤ  ᠰᠢᠰᠲ᠋ᠧᠮᠵᠢ  ᠎ ᠶᠢᠨ  ᠪᠠᠶᠢᠭᠤᠯᠤᠯᠲᠠ  ᠎ ᠶᠢ  ᠲᠦᠷᠭᠡᠳᠬᠡᠵᠦ  ᠂  ᠬᠤᠲᠠ  ᠪᠠᠯᠭᠠᠰᠤᠨ  ᠎ ᠤ  ᠠᠵᠢᠯᠲᠠᠨ ᠤ  ᠨᠠᠰᠤᠵᠢᠯ  ᠎ ᠢ  ᠠᠰᠠᠷᠠᠬᠤ  ᠂  ᠡᠮ  ᠡᠮᠨᠡᠯᠭᠡ  ᠂  ᠠᠵᠢᠯ  ᠠᠯᠳᠠᠬᠤ᠂  ᠠᠵᠢᠯ  ᠎ ᠠᠴᠠ  ᠪᠣᠯᠣᠭᠰᠠᠨ  ᠰᠢᠷᠬᠠᠲᠤᠯ  ᠂  ᠲᠥᠷᠥᠯᠲᠡ  ᠦᠷᠡᠵᠢᠯ  ᠎ ᠤᠨ  ᠳᠠᠭᠠᠳᠬᠠᠯ  ᠵᠡᠷᠭᠡ  ᠦᠨᠳᠦᠰᠦᠨ  ᠳᠦᠷᠢᠮ  ᠎ ᠢ  ᠤᠯᠠᠮ  ᠲᠡᠭᠦᠯᠳᠡᠷᠵᠢᠭᠦᠯᠵᠦ  ᠂  ᠨᠡᠶᠢᠭᠡᠮ  ᠎ ᠤᠨ  ᠳᠠᠭᠠᠳᠬᠠᠯ  ᠎ ᠤᠨ  ᠪᠦᠷᠬᠦᠴᠡ  ᠎ ᠶᠢ  ᠥᠷᠭᠡᠳᠬᠡᠨ᠎ᠡ  ᠃ ᠵᠠᠰᠠᠭ  ᠎ ᠤᠨ  ᠣᠷᠳᠣᠨ  ᠎ ᠤ  ᠠᠪᠤᠷᠠᠨ  ᠲᠤᠰᠠᠯᠠᠭ᠎ᠠ  ᠎ ᠪᠠᠷ  ᠭᠤᠣᠯ  ᠪᠣᠯᠭᠠᠵᠤ  ᠂  ᠲᠥᠷᠥ  ᠎ ᠶᠢᠨ  ᠪᠣᠳᠣᠯᠭ᠎ᠠ  ᠎ ᠪᠠᠷ  ᠲᠡᠳᠬᠦᠭᠰᠡᠨ  ᠂  ᠬᠤᠳᠠᠯᠳᠤᠭᠠᠨ  ᠎ ᠤ  ᠦᠢᠯᠡᠰ  ᠎ ᠤᠨ  ᠳᠠᠭᠠᠳᠬᠠᠯ  ᠪᠠ  ᠨᠡᠶᠢᠭᠡᠮ  ᠎ ᠤᠨ  ᠲᠤᠰᠠᠯᠠᠮᠵᠢ  ᠎ ᠪᠠᠷ  ᠨᠥᠬᠦᠪᠦᠷᠢᠯᠡᠭᠦᠯᠵᠦ  ᠂  ᠬᠤᠲᠠ  ᠬᠥᠳᠡᠭᠡ  ᠎ ᠶᠢ  ᠬᠠᠮᠤᠷᠤᠭᠰᠠᠨ  ᠰᠢᠨ᠎ᠡ  ᠬᠡᠯᠪᠡᠷᠢ  ᠎ ᠶᠢᠨ  ᠨᠡᠶᠢᠭᠡᠮ  ᠎ ᠤᠨ  ᠠᠪᠤᠷᠠᠨ  ᠲᠤᠰᠠᠯᠠᠬᠤ  ᠰᠢᠰᠲ᠋ᠧᠮᠵᠢ  ᠎ ᠶᠢ  ᠪᠠᠶᠢᠭᠤᠯᠵᠤ  ᠂  ᠬᠤᠲᠠ  ᠬᠥᠳᠡᠭᠡ  ᠎ ᠶᠢᠨ ᠰᠠᠭᠤᠭᠠᠯᠢ ᠠᠷᠠᠳ  ᠎ ᠤᠨ  ᠨᠠᠭᠠᠲᠤ  ᠵᠠᠬ᠎ᠠ  ᠎ ᠶᠢᠨ  ᠠᠮᠢᠳᠤᠷᠠᠯ  ᠎ ᠤᠨ  ᠪᠠᠲᠤᠯᠠᠭᠠᠨ  ᠎ ᠤ  ᠳᠦᠷᠢᠮ  ᠎ ᠢ  ᠴᠢᠩᠭᠠᠳᠬᠠᠬᠤ  ᠪᠠ  ᠲᠡᠭᠦᠯᠳᠡᠷᠵᠢᠭᠦᠯᠵᠦ  ᠂ ᠨᠠᠭᠠᠲᠤ  ᠵᠠᠬ᠎ᠠ  ᠎ ᠶᠢᠨ  ᠠᠮᠢᠳᠤᠷᠠᠯ  ᠎ ᠤᠨ  ᠪᠠᠲᠤᠯᠠᠭ᠎ᠠ ᠪᠣᠯᠣᠨ  ᠲᠠᠪᠤᠨ  ᠪᠠᠲᠤᠯᠠᠭᠠᠲᠤ  ᠡᠷᠦᠭᠡ  ᠎ ᠶᠢᠨ  ᠠᠰᠠᠷᠠᠮᠵᠢ ᠶᠢᠨ ᠪᠠᠷᠢᠮᠵᠢᠶ᠎ᠠ  ᠎ ᠶᠢ ᠠᠯᠭᠤᠷ  ᠎ ᠢᠶᠠᠷ ᠳᠡᠭᠡᠭᠰᠢᠯᠡᠭᠦᠯᠦᠨ᠎ᠡ  ᠃  ᠰᠢᠨ᠎ᠡ  ᠬᠡᠯᠪᠡᠷᠢ  ᠎ ᠶᠢᠨ  ᠬᠤᠷᠰᠢᠭᠰᠠᠨ  ᠡᠮᠨᠡᠯᠭᠡ  ᠎ ᠶᠢᠨ  ᠳᠦᠷᠢᠮ  ᠎ ᠢ  ᠪᠦᠬᠦ  ᠲᠠᠯ᠎ᠠ  ᠎ ᠪᠠᠷ  ᠳᠡᠯᠭᠡᠷᠡᠭᠦᠯᠵᠦ  ᠂  ᠣᠷᠣᠯᠴᠠᠵᠤ  ᠬᠤᠷᠰᠢᠬᠤ  ᠨᠤᠷᠮ᠎ᠠ  ᠎ ᠶᠢ 90%  ᠎ ᠠᠴᠠ  ᠳᠠᠪᠠᠭᠤᠯᠤᠨ᠂ ᠨᠢᠭᠦᠯᠡᠰᠦᠩᠭᠦᠢ  ᠦᠢᠯᠡᠰ  ᠪᠣᠯᠣᠨ  ᠵᠡᠮᠳᠡᠭᠴᠤᠤᠯ  ᠎ ᠤᠨ  ᠦᠢᠯᠡᠰ  ᠎ ᠢ ᠲᠡᠳᠬᠦᠨ  ᠬᠥᠭᠵᠢᠭᠦᠯᠵᠦ  ᠂ ᠶᠠᠳᠠᠭᠤ  ᠬᠦᠴᠢᠷᠲᠡᠢ ᠳᠣᠷᠣᠢ  ᠪᠠᠭᠤᠷᠠᠢ ᠣᠯᠠᠨ ᠲᠦᠮᠡᠨ ᠤ ᠦᠢᠯᠡᠳᠪᠦᠷᠢᠯᠡᠯ  ᠠᠮᠢᠳᠤᠷᠠᠯ ᠤᠨ ᠬᠦᠴᠢᠷᠳᠡᠯ  ᠎ ᠢ ᠠᠩᠬᠠᠷᠤᠯ ᠲᠠᠯᠪᠢᠨ ᠰᠢᠢᠳᠪᠦᠷᠢᠯᠡᠵᠦ  ᠂ ᠨᠠᠰᠤᠲᠠᠶᠢᠴᠤᠳ ᠤᠨ  ᠠᠮᠢᠳᠤᠷᠠᠯ  ᠎ ᠢ ᠬᠠᠯᠠᠮᠵᠢᠯᠠᠨ᠂ ᠨᠠᠰᠤᠲᠠᠶᠢᠴᠤᠳ  ᠎ ᠢ  ᠠᠰᠠᠷᠠᠨ  ᠬᠠᠷᠠᠭᠠᠯᠵᠠᠬᠤ ᠲᠥᠷᠥ  ᠎ ᠶᠢᠨ  ᠪᠣᠳᠣᠯᠭ᠎ᠠ  ᠎ ᠶᠢ  ᠪᠦᠷᠢᠨᠰᠢᠭᠦᠯᠵᠦ᠂ ᠨᠠᠰᠤᠲᠠᠶᠢᠴᠤᠳ ᠢ ᠠᠰᠠᠷᠠᠬᠤ  ᠦᠢᠯᠡᠴᠢᠯᠡᠭᠡᠨ ᠤ ᠦᠢᠯᠡᠰ ᠢ ᠲᠦᠷᠭᠡᠨ  ᠬᠥᠭᠵᠢᠭᠦᠯᠦᠨ᠎ᠡ  ᠃           ᠬᠠᠤᠯᠢ  ᠳᠦᠷᠢᠮ  ᠎ ᠤᠨ  ᠤᠬᠠᠭᠤᠯᠭ᠎ᠠ  ᠬᠥᠮᠥᠵᠢᠯ  ᠎ ᠢ  ᠰᠠᠶᠢᠲᠤᠷ  ᠬᠢᠵᠦ  ᠂  ᠬᠠᠤᠯᠢ  ᠴᠠᠭᠠᠵᠠ  ᠎ ᠶᠢᠨ  ︽ᠵᠢᠷᠭᠤᠭᠠᠨ  ᠠᠬᠢᠯᠲᠠ︾  ᠪᠣᠯᠣᠨ  ︽ᠲᠠᠪᠤ  ᠲᠠᠪᠤ︾  ᠬᠠᠤᠯᠢ  ᠲᠦᠭᠡᠮᠡᠯᠵᠢᠭᠦᠯᠬᠦ  ᠠᠵᠢᠯ  ᠎ ᠢ  ᠪᠦᠬᠦ  ᠲᠠᠯ᠎ᠠ  ᠎ ᠪᠠᠷ  ᠪᠡᠶᠡᠯᠡᠭᠦᠯᠦᠨ᠎ᠡ  ᠃  ᠵᠠᠬᠢᠳᠠᠯ  ᠰᠤᠷᠪᠤᠯᠵᠢᠯᠠᠭ᠎ᠠ  ᠎ ᠶᠢᠨ  ᠠᠵᠢᠯ  ᠎ ᠢ  ᠬᠦᠨᠳᠦᠳᠬᠡᠵᠦ᠂  ᠰᠤᠷᠪᠤᠯᠵᠢᠯᠠᠵᠤ  ᠲᠣᠭᠠᠴᠢᠬᠤ  ᠵᠠᠮ  ᠰᠤᠪᠠᠭ  ᠎ ᠢ  ᠨᠡᠪᠲᠡᠷᠡᠭᠦᠯᠦᠨ  ᠂  ᠵᠠᠬᠢᠳᠠᠯ  ᠰᠤᠷᠪᠤᠯᠵᠢᠯᠠᠯ ᠤᠨ  ᠱᠠᠭᠠᠷᠳᠠᠨ  ᠭᠦᠢᠴᠡᠳᠬᠡᠬᠦ  ᠠᠵᠢᠯ  ᠎ ᠢ  ᠴᠢᠩᠭᠠᠳᠬᠠᠵᠤ  ᠂  ᠡᠯ᠎ᠡ  ᠲᠥᠷᠥᠯ  ᠎ ᠤᠨ  ᠵᠥᠷᠢᠴᠡᠯ  ᠎ ᠢ  ᠢᠳᠡᠪᠬᠢᠲᠡᠢ  ᠎ ᠪᠠᠷ  ᠠᠭᠤᠰᠬᠠᠨ  ᠨᠠᠮᠳᠠᠭᠤᠯᠤᠨ᠎ᠠ  ᠃  ᠨᠡᠶᠢᠭᠡᠮ  ᠎ ᠤᠨ ᠠᠮᠤᠷ  ᠎ ᠢ  ᠬᠠᠮᠠᠭᠠᠯᠠᠬᠤ  ᠂  ᠰᠡᠷᠭᠡᠶᠢᠯᠡᠨ  ᠡᠵᠡᠮᠰᠢᠬᠦ  ᠰᠢᠰᠲ᠋ᠧᠮᠵᠢ  ᠎ ᠶᠢᠨ  ᠪᠠᠶᠢᠭᠤᠯᠤᠯᠲᠠ  ᠎ ᠶᠢ  ᠴᠢᠩᠭᠠᠳᠬᠠᠵᠤ  ᠂  ᠡᠯ᠎ᠡ ᠵᠦᠢᠯ  ᠎ ᠤᠨ  ᠶᠠᠯᠠᠲᠤ  ᠠᠵᠢᠯᠯᠠᠭ᠎ᠠ  ᠎ ᠳᠤ  ᠬᠠᠤᠯᠢ  ᠶᠣᠰᠣᠨ  ᠎ ᠤ  ᠬᠦᠨᠳᠦ  ᠴᠣᠬᠢᠯᠲᠠ  ᠥᠭᠴᠦ  ᠂  ᠬᠤᠤᠷ᠎ᠠ  ᠴᠠᠭᠠᠵᠠᠯᠠᠵᠤ  ᠬᠤᠤᠷ᠎ᠠ  ᠠᠷᠢᠯᠭᠠᠬᠤ  ᠠᠵᠢᠯ  ᠎ ᠤᠨ  ᠡᠷᠴᠢᠮ  ᠎ ᠢ  ᠴᠢᠩᠭᠠᠷᠠᠭᠤᠯᠤᠨ᠂  ᠠᠷᠠᠳ  ᠲᠦᠮᠡᠨ  ᠎ ᠤ  ᠠᠮᠤᠷ  ᠠᠮᠤᠭᠤᠯᠠᠩ  ᠠᠮᠢᠳᠤᠷᠠᠯ  ᠦᠢᠯᠡᠰ  ᠎ ᠢ  ᠪᠠᠲᠤᠯᠠᠬᠤ  ᠬᠡᠷᠡᠭᠲᠡᠢ  ᠃ ᠠᠶᠤᠯᠭᠦᠢ ᠦᠢᠯᠡᠳᠪᠦᠷᠢᠯᠡᠯ  ᠎ ᠤᠨ  ᠬᠢᠨᠠᠨ ᠬᠠᠮᠢᠶᠠᠷᠤᠯᠲᠠ  ᠪᠣᠯᠣᠨ  ᠬᠠᠤᠯᠢ  ᠬᠡᠷᠡᠭᠵᠢᠭᠦᠯᠬᠦ  ᠬᠦᠴᠦᠯᠡᠴᠡ  ᠎ ᠶᠢ  ᠶᠡᠬᠡᠰᠬᠡᠵᠦ  ᠂  ᠭᠤᠣᠯᠳᠠᠯᠭᠠᠲᠠᠢ  ᠠᠵᠢᠯ  ᠲᠥᠷᠥᠯ  ᠎ ᠤᠨ ᠠᠶᠤᠯᠭᠦᠢ ᠦᠢᠯᠡᠳᠪᠦᠷᠢᠯᠡᠯ  ᠎ ᠢ  ᠰᠠᠶᠢᠲᠤᠷ  ᠠᠳᠬᠤᠨ  ᠂  ᠣᠨᠴᠠ  ᠶᠡᠭᠡ  ᠠᠳᠡᠯ  ᠭᠠᠷᠬᠤ  ᠎ ᠶᠢ  ᠬᠤᠷᠢᠭᠯᠠᠨ᠎ᠠ  ᠃  ᠨᠡᠶᠢᠭᠡᠮ  ᠎ ᠤᠨ  ᠤᠷᠢᠳᠴᠢᠯᠠᠨ  ᠰᠡᠷᠡᠮᠵᠢᠯᠡᠭᠦᠯᠬᠦ᠂  ᠭᠡᠨᠡᠳᠲᠡ  ᠎ ᠶᠢᠨ  ᠴᠢᠨᠠᠷᠲᠠᠢ  ᠬᠡᠷᠡᠭ  ᠎ ᠢ  ᠲᠤᠯᠵᠤ  ᠠᠷᠭᠠᠴᠠᠬᠤ  ᠨᠡᠶᠢᠭᠡᠮ  ᠎ ᠤᠨ  ᠳᠠᠶᠢᠴᠢᠯᠠᠯ  ᠎ ᠤᠨ  ᠲᠣᠭᠲᠠᠴᠠ  ᠎ ᠶᠢ  ᠪᠠᠶᠢᠭᠤᠯᠤᠨ  ᠪᠦᠷᠢᠨᠰᠢᠭᠦᠯᠵᠦ  ᠂  ᠨᠡᠶᠢᠭᠡᠮ  ᠨᠡᠶᠢᠲᠡ  ᠎ ᠶᠢᠨ  ᠠᠮᠤᠷ  ᠲᠦᠪᠰᠢᠨ  ᠎ ᠢ  ᠪᠠᠲᠤᠯᠠᠬᠤ  ᠪᠠ  ᠭᠡᠨᠡᠳᠲᠡ  ᠎ ᠶᠢᠨ  ᠴᠢᠨᠠᠷᠲᠠᠢ  ᠬᠡᠷᠡᠭ  ᠎ ᠢ  ᠰᠢᠢᠳᠪᠦᠷᠢᠯᠡᠬᠦ  ᠴᠢᠳᠠᠪᠤᠷᠢ  ᠎ ᠶᠢ  ᠳᠡᠭᠡᠭᠰᠢᠯᠡᠭᠦᠯᠦᠨ᠎ᠡ  ᠃  ᠠᠶᠤᠯᠬᠦᠢ ᠦᠢᠯᠡᠳᠪᠦᠷᠢᠯᠡᠯ  ᠎ ᠤᠨ  ᠬᠢᠨᠠᠨ  ᠬᠠᠮᠢᠶᠠᠷᠤᠯᠲᠠ  ᠎ ᠶᠢ  ᠴᠢᠩᠭᠠᠳᠬᠠᠵᠤ  ᠂  ᠡᠯ᠎ᠡ  ᠲᠥᠷᠥᠯ  ᠎ ᠤᠨ  ᠨᠢᠭᠤᠭᠳᠠᠮᠠᠯ  ᠲᠦᠭᠰᠢᠭᠦᠷᠢ  ᠎ ᠶᠢ  ᠴᠠᠭ  ᠲᠤᠬᠠᠢ  ᠎ ᠳᠤᠨᠢ  ᠠᠷᠢᠯᠭᠠᠨ  ᠂  ᠬᠦᠨᠳᠦ  ᠶᠡᠭᠡ  ᠠᠳᠡᠯ  ᠡᠭᠦᠰᠬᠦ  ᠎ ᠠᠴᠠ  ᠴᠢᠩᠭ᠎ᠠ  ᠰᠡᠷᠭᠡᠶᠢᠯᠡᠨ᠎ᠡ  ᠃ ᠢᠳᠡᠭᠡᠨ  ᠤᠮᠳᠠᠭᠠᠨ  ᠡᠮ  ᠎ ᠤᠨ  ᠵᠦᠢᠯᠡᠰ  ᠎ ᠤᠨ  ᠬᠢᠨᠠᠨ  ᠬᠠᠮᠢᠶᠠᠷᠤᠯᠲᠠ  ᠎ ᠶᠢ  ᠴᠢᠩᠭᠠᠳᠬᠠᠵᠤ  ᠂  ᠠᠷᠠᠳ  ᠲᠦᠮᠡᠨ  ᠎ ᠤ  ᠡᠷᠡᠭᠦᠯ  ᠡᠩᠬᠡ ᠶᠢ  ᠪᠠᠲᠤᠯᠠᠨ᠎ᠠ᠃  ᠦᠨᠳᠦᠰᠦᠲᠡᠨ  ᠱᠠᠰᠢᠨ ᠰᠤᠷᠲᠠᠬᠤᠨ  ᠎ ᠤ  ᠠᠵᠢᠯ  ᠂  ᠲᠠᠶᠢᠸᠠᠨ  ᠎ ᠤ  ᠶᠠᠪᠤᠳᠠᠯ  ᠂  ᠭᠠᠳᠠᠭᠠᠳᠤ  ᠶᠠᠪᠤᠳᠠᠯ  ᠂  ᠬᠠᠷᠢᠶᠠᠲᠤ  ᠎ ᠶᠢᠨ  ᠠᠵᠢᠯ  ᠂  ᠡᠬᠡ  ᠨᠢᠯᠬᠠᠰ  ᠂  ᠨᠠᠰᠤᠲᠠᠢ  ᠵᠡᠮᠳᠡᠭᠴᠦᠳ  ᠎ ᠤᠨ  ᠠᠵᠢᠯ  ᠂  ᠳᠠᠩᠰᠠ  ᠡᠪᠬᠡᠮᠡᠯ  ᠂  ᠲᠡᠦᠬᠡ  ᠣᠶᠢᠯᠠᠯᠭ᠎ᠠ  ᠎ ᠶᠢᠨ  ᠠᠵᠢᠯ  ᠂  ᠡᠯ᠎ᠡ  ᠲᠥᠷᠥᠯ  ᠎ ᠤᠨ  ᠠᠵᠢᠯ  ᠦᠢᠯᠡᠰ  ᠎ ᠢ  ᠨᠠᠷᠢᠨ  ᠬᠢᠨᠠᠮᠠᠭᠠᠢ  ᠥᠷᠨᠢᠭᠦᠯᠦᠨ᠎ᠡ  ᠃         ᠭᠤᠷᠪᠠ  ᠂ 2008  ᠣᠨ  ᠎ ᠤ  ᠠᠵᠢᠯ  ᠎ ᠤᠨ  ᠪᠠᠶᠢᠷᠢᠯᠠᠭᠤᠯᠤᠯᠲᠠ        2008  ᠣᠨ  ᠎ ᠳᠤ  ᠪᠢᠳᠠ  ᠨᠠᠮ  ᠎ ᠤᠨ  ᠠᠷᠪᠠᠨ  ᠳᠣᠯᠣᠳᠤᠭᠠᠷ  ᠶᠡᠭᠡ  ᠬᠤᠷᠠᠯ  ᠎ ᠤᠨ  ᠵᠣᠷᠢᠭ  ᠰᠠᠨᠠᠭ᠎ᠠ  ᠎ ᠶᠢ ᠨᠢᠮᠪᠠᠢ  ᠲᠣᠣᠱᠯᠠᠭᠤᠯᠵᠦ  ᠂ ᠦᠵᠡᠯ ᠰᠠᠨᠠᠭ᠎ᠠ  ᠎ ᠪᠠᠨ  ᠤᠯᠠᠮ  ᠨᠢᠭᠡ  ᠠᠯᠬᠤᠮ  ᠴᠢᠯᠦᠭᠡᠯᠡᠨ  ᠂ᠰᠢᠨ᠎ᠡ  ᠎ ᠶᠢ  ᠡᠭᠦᠳᠴᠦ  ᠂  ᠬᠥᠭᠵᠢᠯᠲᠡ  ᠎ ᠪᠠᠨ  ᠲᠦᠷᠭᠡᠳᠬᠡᠨ  ᠂ ᠨᠡᠩ ᠥᠨᠳᠥᠷ  ᠴᠡᠭ  ᠂ ᠨᠡᠩ ᠰᠠᠶᠢᠨ  ᠪᠠᠶᠢᠳᠠᠯ  ᠎ ᠢ  ᠪᠡᠶᠡᠯᠡᠭᠦᠯᠬᠦ  ᠪᠣᠯᠣᠨ᠎ᠠ  ᠃  ᠭᠤᠣᠯ  ᠪᠣᠯᠬᠤ  ᠤᠷᠢᠳᠴᠢᠯᠠᠭᠰᠠᠨ  ᠬᠠᠷᠠᠯᠲᠠ  ᠪᠣᠯ  ᠄  ᠣᠷᠣᠨ  ᠨᠤᠲᠤᠭ  ᠎ ᠤᠨ  ᠦᠢᠯᠡᠳᠪᠦᠷᠢᠯᠡᠯ  ᠎ ᠤᠨ  ᠶᠡᠷᠦᠩᠬᠡᠢ  ᠥᠷᠲᠡᠭ  ᠎ ᠢ 18.5 ᠳ᠋ᠦᠩᠰᠢᠭᠤᠷ  ᠲᠥᠭᠦᠷᠢᠭ  ᠎ ᠲᠤ  ᠬᠦᠷᠭᠡᠵᠦ  ᠂ 15.7%  ᠎ ᠪᠠᠷ  ᠨᠡᠮᠡᠭᠳᠡᠭᠦᠯᠦᠨ  ︔  ᠠᠵᠤ  ᠦᠢᠯᠡᠳᠪᠦᠷᠢ  ᠎ ᠶᠢᠨ  ᠨᠡᠮᠡᠭᠳᠡᠯ  ᠥᠷᠲᠡᠭ  ᠎ ᠢ 4.8 ᠳ᠋ᠦᠩᠰᠢᠭᠤᠷ  ᠲᠥᠭᠦᠷᠢᠭ  ᠎ ᠲᠤ  ᠬᠦᠷᠭᠡᠨ  ᠂ 21.5%᠎ ᠪᠠᠷ  ᠨᠡᠮᠡᠭᠳᠡᠭᠦᠯᠵᠦ  ᠂ ᠡᠳ᠋  ᠎ ᠤᠨ  ᠵᠠᠰᠠᠭ  ᠎ ᠤᠨ  ᠣᠷᠣᠯᠭ᠎ᠠ 9500  ᠲᠦᠮᠡᠨ  ᠲᠥᠭᠦᠷᠢᠭ  ᠎ ᠢ  ᠪᠡᠶᠡᠯᠡᠭᠦᠯᠵᠦ᠂ 2007 ᠣᠨ  ᠎ ᠤ  ᠠᠳᠠᠯᠢ  ᠲᠥᠷᠥᠯᠵᠢᠯ  ᠎ ᠲᠠᠢ  ᠬᠠᠷᠢᠴᠠᠭᠤᠯᠤᠨ ᠪᠠᠭ᠎ᠠ ᠬᠡᠮᠵᠢᠶ᠎ᠡ ᠪᠠᠷ ᠨᠡᠮᠡᠭᠳᠡᠭᠦᠯᠵᠦ︔  ᠪᠦᠬᠦ  ᠨᠡᠶᠢᠭᠡᠮ ᠤᠨ  ᠲᠣᠭᠲᠠᠮᠠᠯ  ᠬᠥᠷᠥᠩᠭᠡ  ᠎ ᠶᠢᠨ  ᠪᠡᠯᠡ  ᠣᠷᠤᠭᠤᠯᠤᠯᠲᠠ  ᠎ ᠶᠢ 11  ᠳ᠋ᠦᠩᠰᠢᠭᠤᠷ  ᠲᠥᠭᠦᠷᠢᠭ  ᠎ ᠲᠤ  ᠬᠦᠷᠭᠡᠨ  ᠂ 22.2%᠎ ᠪᠠᠷ  ᠨᠡᠮᠡᠭᠳᠡᠭᠦᠯᠵᠦ  ︔  ᠬᠤᠲᠠ  ᠪᠠᠯᠭᠠᠰᠤᠨ  ᠎ ᠤ  ᠰᠠᠭᠤᠭᠠᠯᠢ  ᠠᠷᠠᠳ  ᠎ ᠤᠨ  ᠬᠥᠮᠥᠨ  ᠳᠤᠮᠳᠠᠴᠢ  ᠲᠣᠬᠢᠷᠠᠭᠤᠯᠵᠤ  ᠪᠣᠯᠬᠤᠶᠢᠴᠠ  ᠣᠷᠣᠯᠭ᠎ᠠ  ᠎ ᠶᠢ 9200 ᠲᠥᠭᠦᠷᠢᠭ  ᠎ ᠲᠤ  ᠬᠦᠷᠭᠡᠨ  ᠂ 700 ᠲᠥᠭᠦᠷᠢᠭ  ᠨᠡᠮᠡᠭᠳᠡᠭᠦᠯᠵᠦ︔  ᠲᠠᠷᠢᠶᠠᠴᠢᠨ  ᠮᠠᠯᠴᠢᠨ  ᠎ ᠤ  ᠬᠥᠮᠥᠨ  ᠳᠤᠮᠳᠠᠴᠢ  ᠴᠡᠪᠡᠷ  ᠣᠷᠣᠯᠭ᠎ᠠ  ᠎ ᠶᠢ  ᠲᠣᠰᠪᠤᠷᠢ 3700 ᠪᠠ 5000 ᠲᠥᠭᠦᠷᠢᠭ  ᠎ ᠲᠤ  ᠬᠦᠷᠭᠡᠵᠦ  ᠂ 500 ᠲᠥᠭᠦᠷᠢᠭ  ᠪᠠ 700 ᠲᠥᠭᠦᠷᠢᠭ  ᠨᠡᠮᠡᠭᠳᠡᠭᠦᠯᠦᠨ᠎ᠡ  ᠃           ᠡᠳᠡᠭᠡᠷ   ᠬᠠᠷᠠᠯᠲᠠ  ᠎ ᠶᠢ  ᠪᠡᠶᠡᠯᠡᠭᠦᠯᠬᠦ  ᠎ ᠳᠤ  ᠬᠤᠰᠢᠭᠤ  ᠳᠠᠶᠠᠭᠠᠷ  ᠡᠷᠬᠡᠪᠰᠢ  ᠳᠣᠣᠷᠠᠬᠢ   ᠶᠢᠰᠦᠨ  ᠲᠠᠯ᠎ᠠ  ᠎ ᠶᠢᠨ  ᠠᠵᠢᠯ  ᠎ ᠢ  ᠭᠤᠣᠯᠳᠠᠯᠭ᠎ᠠ  ᠎ ᠲᠠᠢ  ᠠᠬᠢᠭᠤᠯᠬᠤ  ᠬᠡᠷᠡᠭᠲᠡᠢ  ᠃         ︵ᠨᠢᠭᠡ︶  ᠠᠮᠢ  ᠠᠬᠤᠢ  ᠎ ᠶᠢᠨ  ᠬᠠᠮᠠᠭᠠᠯᠠᠯᠲᠠ  ᠪᠠ  ᠪᠠᠶᠢᠭᠤᠯᠤᠯᠲᠠ  ᠎ ᠶᠢ  ᠴᠢᠩᠭᠠᠳᠬᠠᠨ᠎ᠠ  ᠃  ᠰᠢᠯᠢᠳᠡᠭ  ᠢᠨᠵᠧᠨᠧᠷᠢᠩ  ᠎ ᠢ  ᠪᠦᠲᠦᠭᠡᠨ  ᠪᠠᠶᠢᠭᠤᠯᠬᠤ  ᠱᠠᠭᠠᠷᠳᠠᠯᠭ᠎ᠠ  ᠶᠣᠰᠣᠭᠠᠷ  ᠂  ᠲᠣᠰ  ᠵᠢᠯ 2000 ᠲᠦᠮᠡᠨ  ᠲᠥᠭᠦᠷᠢᠭ  ᠎ ᠠᠴᠠ  ᠳᠡᠭᠡᠭᠰᠢᠬᠢ  ᠤᠯᠤᠰ  ᠎ ᠤᠨ  ᠪᠡᠯᠡ  ᠣᠷᠤᠭᠤᠯᠤᠯᠲᠠ  ᠎ ᠶᠢᠨ  ᠮᠥᠩᠭᠦ  ᠎ ᠶᠢ  ᠲᠡᠮᠡᠴᠡᠨ  ᠣᠯᠵᠤ  ᠂  ᠪᠡᠭᠡᠵᠢᠩ  ᠲᠢᠶᠠᠨᠵᠢᠨ  ᠎ ᠤ  ᠰᠠᠯᠬᠢ  ᠡᠯᠡᠰᠦᠨ  ᠎ ᠤ  ᠡᠬᠢ  ᠎ ᠶᠢ  ᠵᠠᠰᠠᠬᠤ  ᠢᠨᠵᠧᠨᠧᠷᠢᠩ 17.2  ᠲᠦᠮᠡᠨ  ᠮᠦ  ᠎ ᠶᠢ  ᠪᠠᠶᠢᠭᠤᠯᠵᠤ  ᠂  ᠡᠭᠦᠨ  ᠎ ᠤ  ᠳᠣᠲᠣᠷ᠎ᠠ  ᠣᠶᠢᠵᠢᠭᠤᠯᠬᠤ  ᠲᠠᠯᠠᠪᠠᠢ  ᠎ ᠶᠢ 8.2  ᠲᠦᠮᠡᠨ  ᠮᠦ  ᠂  ᠪᠢᠲᠡᠭᠦᠮᠵᠢᠯᠡᠵᠦ  ᠰᠡᠷᠭᠦᠭᠡᠬᠦ  ᠲᠠᠯᠠᠪᠠᠢ  ᠎ ᠶᠢ 6  ᠲᠦᠮᠡᠨ  ᠮᠦ  ᠬᠦᠷᠭᠡᠵᠦ  ᠂  ᠳᠤᠯᠠᠭᠠᠨ  ᠰᠠᠷᠠᠪᠴᠢ 1.6  ᠲᠦᠮᠡᠨ  ᠲᠡᠭᠰᠢ  ᠳᠥᠷᠪᠡᠯᠵᠢᠨ  ᠮᠧᠲᠷ  ᠪᠠᠶᠢᠭᠤᠯᠵᠤ  ᠂  ᠲᠡᠵᠢᠭᠡᠯ  ᠪᠣᠷᠳᠣᠭᠠᠨ  ᠎ ᠤ  ᠮᠠᠰᠢᠨ  ᠮᠧᠬᠠᠨᠢᠭ 500 ᠰᠠᠭᠤᠷᠢ  ︵ᠢᠵᠢ︶  ᠎ ᠶᠢ  ᠣᠷᠣᠭᠤᠯᠤᠨ  ᠪᠠᠭ᠎ᠠ  ᠰᠠᠪᠠ  ᠭᠠᠵᠠᠷ  ᠎ ᠤᠨ  ᠵᠠᠰᠠᠯᠲᠠ  ᠎ ᠶᠢ 3  ᠲᠦᠮᠡᠨ  ᠮᠦ  ᠬᠦᠷᠭᠡᠨ᠎ᠡ  ᠃  ᠲᠥᠷᠥᠯ  ᠵᠦᠢᠯ ᠤᠨ  ᠣᠷᠣᠨ  ᠎ ᠤ  ᠬᠠᠮᠢᠶᠠᠷᠤᠯᠲᠠ  ᠎ ᠶᠢ  ᠪᠦᠬᠦ  ᠲᠠᠯ᠎ᠠ  ᠎ ᠪᠠᠷ  ᠴᠢᠩᠭᠠᠳᠬᠠᠵᠤ  ᠂ 2008  ᠣᠨ  ᠎ ᠤ 1  ᠰᠠᠷᠠᠶᠢᠨ 1᠎ ᠠᠴᠠ ᠡᠬᠢᠯᠡᠨ  ᠂  ᠪᠦᠬᠦ  ᠬᠤᠰᠢᠭᠤᠨ  ᠎ ᠤ  ᠲᠠᠷᠢᠶᠠᠯᠠᠬᠤ  ᠣᠷᠣᠨ  ᠎ ᠳᠤ  ᠪᠦᠬᠦᠯᠢ  ᠵᠢᠯ  ᠎ ᠢᠶᠠᠷ  ᠪᠡᠯᠴᠢᠭᠡᠷᠯᠡᠭᠦᠯᠬᠦ  ᠎ ᠶᠢ  ᠵᠣᠭᠰᠣᠭᠠᠵᠤ  ᠂  ᠭᠦᠨᠪᠤᠯᠠᠭ  ᠰᠤᠮᠤᠨ  ᠎ ᠳᠤ ᠦᠷᠭᠦᠯᠵᠢᠯᠡᠨ  ᠤᠯᠠᠷᠢᠯ  ᠎ ᠤᠨ  ᠴᠢᠨᠠᠷᠲᠠᠢ  ᠪᠡᠯᠴᠢᠭᠡᠷ  ᠰᠡᠷᠭᠦᠭᠡᠨ᠎ᠡ  ᠃  ᠠᠮᠢᠳᠤ  ᠪᠣᠳᠠᠰ ᠤᠨ ᠮᠠᠰ ᠡᠨᠧᠷᠭᠢ ᠶᠢᠨ  ᠠᠵᠤ  ᠦᠢᠯᠡᠰ  ᠎ ᠤᠨ  ᠰᠠᠭᠤᠷᠢᠨ  ᠎ ᠢ  ᠬᠦᠴᠦᠯᠡᠨ  ᠬᠥᠭᠵᠢᠭᠦᠯᠵᠦ  ᠂  10 ᠲᠦᠮᠡᠨ ᠮᠤ᠋ ᠵᠡᠷᠯᠢᠭ ᠲᠠᠤᠯᠠᠢ  ᠶᠢᠨ ᠪᠦᠭᠡᠷ᠎ᠡ ᠲᠠᠷᠢᠵᠤ᠂ 400  ᠲᠦᠮᠡᠨ ᠰᠠᠭᠤᠷᠢ ᠮᠤᠳᠤᠨ  ᠤ ᠦᠷ᠎ᠡ ᠪᠤᠶᠢᠵᠢᠭᠤᠯᠤᠨ᠂ ᠡᠬᠦᠨ  ᠤ ᠲᠤᠳᠤᠷ᠎ᠠ ᠦᠪᠦᠷ ᠮᠤᠩᠭᠤᠯ ᠎ ᠤᠨ ᠵᠧᠩ ᠭᠤᠸᠠᠩ ᠺᠤᠮᠫᠠᠨᠢ 5 ᠲᠦᠮᠡᠨ ᠮᠤ᠋ ᠲᠠᠷᠢᠵᠤ᠂ ᠬᠤᠰᠢᠭᠤᠨ  ᠤ ᠲᠤᠳᠤᠷ᠎ᠠ  ᠪᠠᠨ  ᠴᠢᠨᠠᠷ  ᠦᠭᠡᠢ  ᠣᠢ  ᠮᠣᠳᠣᠨ  ᠎ ᠤ  ᠥᠭᠡᠷᠡᠴᠢᠯᠡᠯᠲᠡ  ᠪᠣᠯᠣᠨ  ᠲᠠᠷᠢᠶᠠᠯᠠᠬᠤ  ᠎ ᠶᠢ  ᠵᠣᠭᠰᠣᠭᠠᠨ  ᠣᠶᠢᠵᠢᠭᠤᠯᠬᠤ  ᠲᠠᠯᠠᠪᠠᠢ  ᠎ ᠳᠤ  ᠨᠥᠬᠦᠪᠦᠷᠢᠯᠡᠨ  ᠲᠠᠷᠢᠬᠤ  ᠵᠢᠴᠢ  ᠣᠢ  ᠮᠣᠳᠣᠨ  ᠎ ᠤ  ᠲᠥᠷᠥᠯ  ᠎ ᠢ  ᠰᠢᠨᠡᠴᠢᠯᠡᠬᠦ  ᠎ ᠲᠠᠢ  ᠤᠶᠠᠯᠳᠤᠭᠤᠯᠤᠨ᠂ 5 ᠲᠦᠮᠡᠨ ᠮᠤ᠋  ᠲᠠᠷᠢᠬᠤ ᠪᠤᠯᠤᠨ᠎ᠠ᠃ ᠠᠮᠢ ᠠᠬᠤᠢ  ᠶᠢᠨ ᠵᠠᠯᠭᠠᠮᠵᠢᠯᠠᠯ ᠠᠵᠤ ᠦᠢᠯᠡᠰ  ᠢ ᠢᠳᠡᠪᠬᠢᠳᠠᠢ ᠲᠦᠯᠬᠢᠨ ᠠᠬᠢᠭᠤᠯᠵᠤ᠂ ᠵᠡᠷᠯᠢᠭ ᠲᠠᠤᠯᠠᠢ  ᠶᠢᠨ ᠪᠦᠭᠡᠷ᠎ᠡ  ᠶᠢᠨ ᠤᠢ  ᠶᠢᠨ ᠪᠦᠰᠡᠨ  ᠳᠤ ᠴᠢᠨᠠᠷ ᠰᠠᠶᠢᠳᠠᠢ ᠲᠡᠵᠢᠭᠡᠯ  ᠡᠪᠡᠰᠦ  3.3  ᠲᠦᠮᠡᠨ  ᠮᠤ᠋  ᠲᠠᠷᠢᠨ᠎ᠠ  ᠃  ︽207︾  ᠱᠤᠭᠤᠮ  ᠤᠨ  ᠦᠭᠡᠷᠡᠴᠢᠯᠡᠯᠳᠡ  ᠪᠤᠯᠤᠨ  ᠦᠨᠳᠦᠷ  ᠬᠤᠷᠳᠤᠴᠠᠳᠤ  ᠵᠠᠰᠠᠮᠠᠯ  ᠵᠠᠮ  ᠎ ᠤᠨ  ᠪᠠᠶᠢᠭᠤᠯᠤᠯᠳᠠ  ᠵᠢᠴᠢ   ᠪᠤᠤᠴᠠᠩ   ᠪᠠᠯᠭᠠᠰᠤᠨ  ᠤ   ᠰᠢᠨ᠎ᠡ   ᠲᠤᠭᠤᠷᠢᠭ  ᠎ ᠤᠨ   ᠪᠦᠳᠦᠭᠡᠨ  ᠪᠠᠶᠢᠭᠤᠯᠤᠯᠳᠠ  ᠎ ᠲᠠᠢ  ᠤᠶᠠᠯᠳᠤᠭᠤᠯᠤᠨ᠂ ᠵᠠᠮ ᠪᠠ ᠲᠤᠭᠤᠷᠢᠭ  ᠤᠨ ᠨᠤᠭᠤᠭᠠᠷᠠᠭᠤᠯᠤᠯᠳᠠ  ᠶᠢ ᠰᠠᠶᠢᠳᠤᠷ ᠬᠢᠨ᠎ᠡ᠃           ︵ᠬᠤᠶᠠᠷ︶ ᠠᠵᠤ ᠦᠢᠯᠡᠰᠵᠢᠭᠰᠡᠨ ᠡᠵᠡᠩᠨᠡᠯᠳᠡ  ᠶᠢ ᠠᠬᠢᠭᠤᠯᠬᠤ ᠬᠡᠷᠡᠭᠳᠡᠢ᠃ ︽ᠭᠤᠷᠪᠠᠨ ᠮᠠᠯᠵᠢᠯ ᠭᠤᠷᠪᠠᠨ ᠲᠠᠷᠢᠶᠠᠯᠠᠯ︾ ᠎ ᠤᠨ ᠠᠰᠠᠭᠤᠳᠠᠯ  ᠢ ᠰᠢᠢᠳᠪᠦᠷᠢᠯᠡᠬᠦ  ᠶᠢ ᠬᠠᠮᠤᠭ ᠠᠴᠠ ᠴᠢᠬᠤᠯᠨ ᠪᠠᠶᠢᠷᠢᠨ  ᠳᠤ ᠲᠠᠯᠪᠢᠵᠤ ᠂ᠲᠠᠷᠢᠶᠠᠯᠠᠩ ᠮᠠᠯᠵᠢᠯ ‍ᠣᠨ‌ᠠᠵᠦ‌ᠦᠢᠯᠡᠰᠵᠢᠭᠰᠡᠨ ᠡᠵᠡᠩᠨᠡᠯᠳᠡ  ᠶᠢ ᠬᠦᠭᠵᠢᠬᠦᠯᠦᠨ᠂ ᠮᠠᠯ ᠲᠠᠷᠢᠶᠠᠯᠠᠩ  ᠤᠨ ᠠᠵᠤ ᠦᠢᠯᠡᠰ  ᠤᠨ ᠪᠦᠳᠦᠴᠡ ᠪᠤᠯᠤᠨ ᠦᠢᠯᠡᠳᠪᠦᠷᠢᠯᠡᠯ  ᠤᠨ ᠪᠠᠶᠢᠷᠢᠰᠢᠭᠤᠯᠭ᠎ᠠ  ᠶᠢ ᠰᠢᠯᠢᠳᠡᠭᠵᠢᠬᠦᠯᠵᠦ᠂ ᠲᠠᠷᠢᠶᠠᠯᠠᠩ  ᠠᠵᠤ ᠠᠬᠤᠢ  ᠶᠢᠨ ᠠᠵᠤ ᠦᠢᠯᠡᠰᠵᠢᠵᠦ᠂ ᠬᠡᠪᠴᠢᠶᠡᠵᠢᠵᠦ᠂ ᠤᠷᠤᠨᠴᠢᠯᠠᠬᠤ ᠲᠡᠰᠢ ᠬᠦᠭᠵᠢᠬᠦ  ᠶᠢ ᠠᠬᠢᠭᠤᠯᠵᠤ᠂ ᠤᠳᠤ ᠴᠠᠭ  ᠤᠨ ᠮᠠᠯ ᠲᠠᠷᠢᠶᠠᠯᠠᠩ  ᠤᠨ ᠠᠵᠦ ᠦᠢᠯᠡᠰ  ᠤᠨ ᠰᠢᠰᠲ᠋ᠧᠮᠵᠢ  ᠶᠢ ᠪᠤᠶᠢᠵᠢᠭᠤᠯᠤᠨ᠎ᠠ᠃          ᠠᠵᠤ  ᠦᠢᠯᠡᠰ  ᠎ ᠤᠨ ᠪᠦᠲᠦᠴᠡ  ᠎ ᠶᠢ  ᠦᠷᠭᠦᠯᠵᠢᠯᠡᠨ  ᠲᠣᠬᠢᠷᠠᠭᠤᠯᠤᠨ  ᠰᠢᠯᠢᠳᠡᠭᠵᠢᠭᠦᠯᠵᠦ  ᠂  ᠣᠨᠴᠠᠯᠢᠭᠲᠤ  ᠠᠵᠤ  ᠦᠢᠯᠡᠰ  ᠎ ᠤᠨ  ᠦᠢᠯᠡᠳᠪᠦᠷᠢᠯᠡᠯ  ᠎ ᠤᠨ  ᠬᠡᠪᠴᠢᠶ᠎ᠡ  ᠎ ᠶᠢ  ᠥᠷᠭᠡᠳᠬᠡᠨ  ᠂  ᠭᠠᠵᠠᠷ  ᠣᠷᠣᠨ  ᠎ ᠲᠤᠨᠢ  ᠲᠣᠬᠢᠷᠠᠭᠤᠯᠵᠤ  ᠂  ᠬᠡᠮᠵᠢᠶᠡᠨ  ᠎ ᠳᠡᠭᠡᠨ  ᠵᠣᠬᠢᠷᠠᠭᠰᠠᠨ  ᠡᠵᠡᠩᠨᠡᠯᠲᠡ  ᠎ ᠶᠢ  ᠬᠥᠭᠵᠢᠭᠦᠯᠦᠨ  ᠂  ᠲᠤᠰᠬᠠᠶᠢᠵᠢᠭᠰᠠᠨ  ᠬᠡᠮᠵᠢᠶ᠎ᠡ  ᠎ ᠶᠢ  ᠳᠡᠭᠡᠭᠰᠢᠯᠡᠭᠦᠯᠦᠨ᠎ᠡ  ᠃ 2008  ᠣᠨ  ᠎ ᠳᠤ  ᠲᠠᠷᠢᠮᠠᠯ  ᠎ ᠤᠨ  ᠶᠡᠷᠦᠩᠬᠡᠢ  ᠲᠠᠯᠠᠪᠠᠢ  ᠎ ᠶᠢ 95  ᠲᠦᠮᠡᠨ  ᠮᠦ  ᠎ ᠳᠤ  ᠬᠦᠷᠭᠡᠵᠦ  ᠂  ᠡᠭᠦᠨ  ᠎ ᠤ  ᠳᠣᠲᠣᠷ᠎ᠠ  ᠢᠳᠡᠰᠢᠨ  ᠨᠣᠭᠤᠭ᠎ᠠ  ᠂  ᠭᠤᠸᠠ  ᠵᠢᠮᠢᠰ 15.5 ᠲᠦᠮᠡᠨ  ᠮᠦ  ᠂  ᠲᠥᠮᠥᠰᠥ 20  ᠲᠦᠮᠡᠨ  ᠮᠦ  ᠂  ᠲᠣᠰᠣᠯᠢᠭ  ᠲᠠᠷᠢᠮᠠᠯ 12  ᠲᠦᠮᠡᠨ  ᠮᠦ  ᠂  ᠥᠨᠳᠥᠷ  ᠤᠨᠠᠯᠲᠠᠲᠤ  ᠲᠡᠵᠢᠭᠡᠯ  ᠪᠣᠷᠳᠤᠭ᠎ᠠ 12.5 ᠲᠦᠮᠡᠨ  ᠮᠦ᠂ ᠠᠮᠤ  ᠪᠤᠷᠴᠠᠭ 35  ᠲᠦᠮᠡᠨ  ᠮᠦ  ᠲᠠᠷᠢᠨ᠎ᠠ  ᠃  ᠢᠳᠡᠰᠢᠨ  ᠨᠣᠭᠤᠭᠠᠨ  ᠎ ᠤ  ᠰᠢᠯᠵᠢᠮᠡᠯ  ᠲᠣᠮᠣ  ᠬᠦᠯᠡᠮᠵᠢ 3000  ᠰᠠᠭᠤᠷᠢ  ᠂ 1500 ᠮᠦ  ᠎ ᠶᠢ  ᠰᠢᠨ᠎ᠡ  ᠎ ᠪᠠᠷ  ᠪᠠᠶᠢᠭᠤᠯᠵᠤ  ᠂  ᠥᠨᠳᠥᠷ  ᠪᠠᠷᠢᠮᠵᠢᠶᠠᠲᠤ  ᠂  ᠥᠨᠳᠥᠷ  ᠡᠬᠢᠯᠡᠯᠲᠡ  ᠎ ᠶᠢᠨ  ᠴᠡᠭ  ᠎ ᠢᠶᠠᠷ  ᠪᠤᠤᠴᠠᠩ  ᠪᠠᠯᠭᠠᠰᠤᠨ  ᠎ ᠳᠤ  ᠢᠳᠡᠰᠢᠨ  ᠨᠣᠭᠤᠭ᠎ᠠ  ᠂  ᠭᠤᠸᠠ  ᠵᠢᠮᠢᠰ  ᠂ ᠴᠡᠴᠡᠭ ᠡᠪᠡᠰᠦ ᠲᠠᠷᠢᠬᠤ  ᠪᠠ  ᠨᠠᠮᠤᠭ  ᠎ ᠤᠨ  ᠬᠡᠢ  ᠂  ᠲᠠᠷᠢᠶᠠᠯᠠᠩ ᠤᠨ ᠦᠵᠡᠮᠵᠢ ᠶᠢ ᠤᠶᠠᠯᠳᠤᠭᠤᠯᠤᠭᠰᠠᠨ  ᠂  ᠣᠳᠣᠬᠢᠴᠢᠯᠠᠭᠰᠠᠨ  ᠲᠥᠬᠦᠭᠡᠷᠡᠮᠵᠢᠲᠦ  ᠲᠠᠷᠢᠶᠠᠯᠠᠩ  ᠎ ᠤᠨ  ᠵᠢᠱᠢᠶ᠎ᠡ  ᠦᠵᠡᠭᠦᠯᠬᠦ  ᠰᠠᠭᠤᠷᠢᠨ 2000 ᠮᠦ  ᠲᠠᠯᠠᠪᠠᠢ  ᠎ ᠶᠢ  ᠪᠠᠶᠢᠭᠤᠯᠬᠤ  ᠎ ᠪᠠᠷ  ᠲᠥᠯᠥᠪᠯᠡᠵᠦ  ᠂  ᠳᠠᠷᠠᠭ᠎ᠠ  ᠵᠢᠯ  ᠎ ᠳᠤ 600  ᠮᠦ  ᠎ ᠶᠢ  ᠪᠠᠶᠢᠭᠤᠯᠤᠨ᠎ᠠ  ᠃  ᠵᠦᠩ  ᠰᠢᠶᠠᠨ  ᠺᠣᠮᠫᠠᠨᠢ  ᠎ ᠶᠢ  ᠳᠡᠮᠵᠢᠵᠦ  ᠂ ᠲᠠᠶᠢᠹᠤᠰᠧ  ᠬᠤᠰᠢᠭᠤᠨ  ᠎ ᠤ  ᠡᠶ᠎ᠡ  ᠵᠣᠬᠢᠴᠠᠯᠲᠦ  ᠠᠮᠢ  ᠠᠬᠤᠢ  ᠎ ᠶᠢᠨ  ᠠᠵᠤ  ᠦᠢᠯᠡᠰ  ᠎ ᠤᠨ  ᠣᠷᠣᠨ  ᠎ ᠤ  ᠦᠢᠯᠡᠳᠪᠦᠷᠢᠯᠡᠯ  ᠎ ᠤᠨ  ᠲᠣᠭᠤᠷᠢᠭ  ᠎ ᠤᠨ  ᠭᠡᠷᠡᠯᠯᠢᠭ  ᠳᠤᠯᠠᠭᠠᠨ  ᠲᠠᠰᠤᠭ  ᠂  ᠢᠳᠡᠰᠢᠨ  ᠨᠣᠭᠤᠭ᠎ᠠ  ᠲᠠᠷᠢᠬᠤ  ᠰᠠᠭᠤᠷᠢᠨ  ᠂  ᠬᠠᠰᠢᠶᠠᠯᠠᠨ  ᠮᠠᠯᠵᠢᠬᠤ  ᠦᠬᠡᠷ  ᠎ ᠤᠨ  ᠫᠧᠩ  ᠵᠡᠷᠭᠡ  ᠎ ᠶᠢ  ᠪᠠᠶᠢᠭᠤᠯᠤᠨ᠎ᠠ  ᠃︽ᠨᠢᠭᠡ  ᠵᠣᠭᠤᠷᠢ  ᠎ ᠶᠢᠨ ᠭᠤᠷᠪᠠᠨ  ᠥᠭᠡᠷᠡᠴᠢᠯᠡᠯ︾  ᠂  ︽ᠳᠥᠷᠪᠡ  ᠎ ᠶᠢ  ᠨᠢᠭᠡ  ᠴᠣᠬᠴᠠᠵᠢᠭᠤᠯᠤᠬᠰᠠᠨ︾  ᠨᠠᠮᠤᠭ  ᠎ ᠤᠨ  ᠬᠡᠢ  ᠎ ᠶᠢᠨ  ᠰᠢᠨ᠎ᠡ  ᠡᠨᠧᠷᠭᠢ  ᠎ ᠶᠢ 1000 ᠡᠷᠦᠭᠡ  ᠎ ᠳᠤ  ᠪᠠᠶᠢᠭᠤᠯᠤᠨ᠎ᠠ  ᠃  ᠲᠠᠷᠢᠶᠠᠨ  ᠭᠠᠵᠠᠷ  ᠂  ᠡᠪᠡᠰᠦ  ᠪᠡᠯᠴᠢᠭᠡᠷ  ᠎ ᠤᠨ ᠤᠰᠤ  ᠎ ᠪᠠᠷ  ᠭᠤᠣᠯᠯᠠᠭᠰᠠᠨ ᠦᠨᠳᠦᠰᠦᠨ  ᠪᠦᠲᠦᠭᠡᠨ  ᠪᠠᠶᠢᠭᠤᠯᠤᠯᠲᠠ  ᠎ ᠶᠢ  ᠲᠦᠷᠭᠡᠳᠬᠡᠨ᠎ᠡ  ᠃  ᠲᠤᠰᠬᠠᠢ  ᠬᠡᠷᠡᠭᠯᠡᠬᠦ  ᠲᠥᠮᠥᠰᠥᠨ  ᠎ ᠤ  ᠰᠠᠭᠤᠷᠢᠨ  ᠪᠣᠯᠣᠨ  ᠬᠠᠮᠠᠭᠠᠯᠠᠯᠲᠠ  ᠎ ᠶᠢᠨ  ᠲᠠᠷᠢᠶᠠᠨ  ᠎ ᠤ  ᠢᠳᠡᠰᠢᠨ  ᠨᠣᠭᠤᠭᠠᠨ  ᠎ ᠤ  ᠰᠠᠭᠤᠷᠢᠨ  ᠎ ᠢ  ᠲᠣᠪᠣᠶᠢᠯᠭᠠᠨ  ᠬᠥᠭᠵᠢᠭᠦᠯᠦᠨ᠎ᠡ  ᠃  ᠤᠰᠤᠯᠠᠯᠲᠠ  ᠎ ᠶᠢᠨ  ᠲᠠᠯᠠᠪᠠᠢ 3.5  ᠲᠦᠮᠡᠨ  ᠮᠦ  ᠰᠢᠨ᠎ᠡ  ᠎ ᠪᠠᠷ  ᠨᠡᠮᠡᠭᠳᠡᠭᠦᠯᠵᠦ  ᠂  ᠡᠭᠦᠨ  ᠎ ᠤ  ᠳᠣᠲᠣᠷ᠎ᠠ  ᠲᠤᠰᠬᠠᠢ  ᠬᠡᠷᠡᠭᠯᠡᠬᠦ  ᠲᠥᠮᠥᠰᠥᠨ  ᠎ ᠤ  ᠲᠣᠮᠣ  ᠬᠡᠯᠪᠡᠷᠢ  ᠎ ᠶᠢᠨ  ᠠᠷᠪᠢᠴᠢ  ᠤᠰᠤᠯᠠᠯᠲᠠ  ᠎ ᠶᠢᠨ  ᠣᠷᠣᠨ  ᠲᠣᠭᠤᠷᠢᠭ 41  ᠰᠠᠭᠤᠷᠢ  ᠂ 2.5  ᠲᠦᠮᠡᠨ  ᠮᠦ  ᠪᠠᠶᠢᠭᠤᠯᠵᠤ  ᠂  ᠳᠤᠮᠳᠠ ᠵᠢᠵᠢᠭ  ᠬᠡᠯᠪᠡᠷᠢ ᠶᠢᠨ  ᠣᠷᠣᠨ  ᠲᠣᠭᠤᠷᠢᠭ 1  ᠲᠦᠮᠡᠨ  ᠮᠦ  ᠪᠠᠶᠢᠭᠤᠯᠬᠤ  ᠪᠣᠯᠣᠨ᠎ᠠ  ᠃ ᠮᠠᠯ  ᠰᠦᠷᠦᠭ  ᠎ ᠤᠨ  ᠪᠦᠷᠢᠯᠳᠦᠴᠡ  ᠎ ᠶᠢ  ᠲᠣᠬᠢᠷᠠᠭᠤᠯᠬᠤ  ᠬᠦᠴᠦᠯᠡᠴᠡ  ᠎ ᠶᠢ  ᠶᠡᠬᠡᠰᠬᠡᠨ  ᠂  ᠰᠠᠭᠠᠯᠢ  ᠎ ᠶᠢᠨ  ᠦᠨᠢᠶ᠎ᠡ  ᠂  ᠶᠠᠰᠤ  ᠴᠢᠨᠠᠷ  ᠰᠠᠶᠢᠲᠠᠢ  ᠠᠯᠠᠰᠢᠨ  ᠎ ᠤ  ᠦᠬᠡᠷ  ᠮᠠᠯᠵᠢᠬᠤ  ᠎ ᠶᠢ  ᠵᠣᠷᠢᠭᠵᠢᠭᠤᠯᠤᠨ  ᠳᠡᠮᠵᠢᠵᠦ  ᠂  ᠰᠠᠶᠢᠨ  ᠡᠭᠦᠯᠳᠡᠷ  ᠎ ᠤᠨ  ᠰᠠᠭᠤᠷᠢ  ᠡᠬᠡ  ᠮᠠᠯ  ᠎ ᠢᠶᠠᠨ  ᠬᠠᠮᠠᠭᠠᠯᠠᠬᠤ  ᠎ ᠶᠢᠨ  ᠳᠠᠭᠠᠤ  ᠪᠠᠰᠠ  ᠭᠠᠳᠠᠨ᠎ᠠ  ᠎ ᠠᠴᠠ  ᠣᠷᠣᠭᠤᠯᠵᠤ  ᠂  ᠡᠭᠦᠯᠳᠡᠷ  ᠰᠠᠶᠢᠵᠢᠷᠠᠭᠤᠯᠬᠤ  ᠎ ᠪᠠᠷ  ᠳᠠᠮᠵᠢᠨ  ᠂  ᠠᠯᠠᠰᠢᠨ  ᠎ ᠤ  ᠦᠬᠡᠷ  ᠎ ᠢ 2.3ᠲᠦᠮᠡᠨ  ᠲᠣᠯᠣᠭᠠᠢ  ᠂  ᠰᠠᠭᠠᠯᠢ  ᠎ ᠶᠢᠨ  ᠦᠨᠢᠶ᠎ᠡ  ᠎ ᠶᠢ 3.5ᠲᠦᠮᠡᠨ ᠲᠣᠯᠣᠭᠠᠢ  ᠎ ᠳᠤ  ᠬᠦᠷᠭᠡᠨ᠎ᠡ  ᠃ ︽ᠭᠤᠷᠪᠠᠨ  ᠵᠢᠵᠢᠭ  ᠮᠠᠯᠵᠢᠯ︾᠎ ᠢ  ᠬᠠᠪᠰᠤᠷᠤᠨ  ᠬᠥᠭᠵᠢᠭᠦᠯᠵᠦ  ᠂  ᠠᠵᠤ  ᠦᠢᠯᠡᠰᠵᠢᠭᠰᠡᠨ  ᠡᠵᠡᠩᠨᠡᠯᠲᠡ  ᠎ ᠶᠢ  ᠠᠬᠢᠭᠤᠯᠵᠤ  ᠂  ᠲᠣᠭᠲᠠᠴᠠ  ᠎ ᠶᠢ  ᠠᠯᠬᠤᠮ  ᠠᠯᠬᠤᠮ  ᠎ ᠢᠶᠠᠷ  ᠪᠦᠷᠢᠨᠰᠢᠭᠦᠯᠦᠨ  ᠂  ᠵᠠᠬᠢᠶᠠᠯᠠᠯᠭ᠎ᠠ  ᠎ ᠶᠢᠨ  ᠮᠠᠯ  ᠲᠠᠷᠢᠶᠠᠯᠠᠩ  ᠎ ᠢ  ᠬᠥᠭᠵᠢᠭᠦᠯᠵᠦ  ᠂  ᠠᠵᠤ  ᠠᠬᠤᠶᠢᠯᠠᠯ  ᠪᠣᠯᠣᠨ  ᠮᠠᠯᠴᠢᠨ  ᠲᠠᠷᠢᠶᠠᠴᠢᠨ  ᠡᠷᠦᠭᠡ  ᠎ ᠶᠢᠨ ᠠᠰᠢᠭ  ᠲᠤᠰᠠ  ᠎ ᠶᠢᠨ  ᠬᠠᠷᠢᠴᠠᠭ᠎ᠠ  ᠎ ᠶᠢ  ᠨᠢᠭᠲᠠᠷᠠᠭᠤᠯᠤᠨ᠎ᠠ  ᠃  ᠵᠠᠰᠠᠭ  ᠎ ᠤᠨ  ᠣᠷᠳᠣᠨ  ᠎ ᠤ  ᠵᠢᠯᠣᠭᠤᠳᠤᠯᠭ᠎ᠠ  ᠂  ᠵᠠᠬ᠎ᠠ  ᠳᠡᠯᠭᠡᠭᠦᠷ  ᠎ ᠤᠨ  ᠵᠢᠮ᠎ᠡ  ᠶᠣᠰᠣ  ᠎ ᠶᠢ  ᠪᠠᠷᠢᠮᠲᠠᠯᠠᠵᠤ  ᠂  ᠬᠥᠳᠡᠭᠡ  ᠲᠣᠰᠬᠤᠨ  ᠮᠠᠯᠵᠢᠬᠤ  ᠣᠷᠣᠨ  ᠎ ᠤ  ᠲᠤᠰᠬᠠᠶᠢᠵᠢᠭᠰᠠᠨ  ᠬᠤᠷᠰᠢᠯ  ᠠᠵᠤ  ᠠᠬᠤᠢ  ᠎ ᠶᠢᠨ  ᠵᠣᠬᠢᠶᠠᠨ  ᠪᠠᠶᠢᠭᠤᠯᠤᠯᠲᠠ  ᠎ ᠶᠢ  ᠲᠡᠳᠬᠦᠨ  ᠂  ᠡᠷᠡᠭᠦᠯ  ᠎ ᠢᠶᠠᠷ  ᠬᠥᠭᠵᠢᠭᠦᠯᠵᠦ  ᠂  ᠮᠠᠯᠴᠢᠨ  ᠲᠠᠷᠢᠶᠠᠴᠢᠨ  ᠎ ᠤ  ᠵᠣᠬᠢᠶᠠᠨ  ᠪᠠᠶᠢᠭᠤᠯᠵᠢᠬᠰᠠᠨ  ᠬᠡᠮᠵᠢᠶ᠎ᠡ  ᠎ ᠶᠢ  ᠳᠡᠭᠡᠭᠰᠢᠯᠡᠭᠦᠯᠦᠨ᠎ᠡ  ᠃ ᠣᠳᠣ  ᠴᠠᠭ  ᠎ ᠤᠨ  ᠲᠠᠷᠢᠶᠠᠯᠠᠩ  ᠮᠠᠯᠵᠢᠯ  ᠎ ᠤᠨ  ᠲᠣᠨᠣᠭᠯᠠᠯ  ᠎ ᠤᠨ  ᠬᠢᠷᠢ  ᠲᠦᠪᠰᠢᠨ  ᠎ ᠢ  ᠳᠡᠭᠡᠭᠰᠢᠯᠡᠭᠦᠯᠦᠨ  ᠂  ᠲᠠᠷᠢᠶᠠᠨ ᠭᠠᠵᠠᠷ  ᠎ ᠲᠤ ᠠᠵᠢᠯᠯᠠᠬᠤ  ᠶᠡᠷᠦᠩᠬᠡᠶᠢᠯᠡᠭᠰᠡᠨ  ᠮᠠᠰᠢᠨ  ᠮᠧᠬᠠᠨᠢᠬᠵᠢᠯ  ᠎ ᠤᠨ ᠬᠡᠮᠵᠢᠶ᠎ᠡ  ᠎ ᠶᠢ 85%  ᠎ ᠳᠤ  ᠬᠦᠷᠭᠡᠨ᠎ᠡ  ᠃          ᠮᠠᠯ  ᠲᠠᠷᠢᠶᠠᠯᠠᠩ  ᠎ ᠤᠨ  ᠪᠦᠲᠦᠭᠡᠭᠳᠡᠬᠦᠨ  ᠎ ᠤ  ᠶᠠᠰᠤ  ᠴᠢᠨᠠᠷ  ᠂  ᠠᠮᠤᠷ  ᠲᠦᠪᠰᠢᠨ  ᠎ ᠤ  ᠪᠠᠷᠢᠮᠵᠢᠶᠠᠨ  ᠎ ᠤ  ᠰᠢᠰᠲ᠋ᠧᠮᠵᠢ  ᠎ ᠶᠢ  ᠪᠠᠶᠢᠭᠤᠯᠤᠨ  ᠪᠦᠷᠢᠨᠰᠢᠭᠦᠯᠵᠦ  ᠂  ᠲᠠᠷᠢᠶᠠᠯᠠᠩ  ᠮᠠᠯ  ᠠᠵᠤ  ᠠᠬᠤᠢ  ᠎ ᠶᠢᠨ  ᠪᠠᠷᠢᠮᠵᠢᠶᠠᠵᠢᠭᠰᠠᠨ  ᠦᠢᠯᠡᠳᠪᠦᠷᠢᠯᠡᠯ  ᠎ ᠢ  ᠠᠬᠢᠭᠤᠯᠤᠨ  ᠂  ᠪᠦᠲᠦᠭᠡᠭᠳᠡᠬᠦᠨ  ᠎ ᠤ  ᠶᠠᠰᠤ  ᠴᠢᠨᠠᠷ  ᠎ ᠢ  ᠳᠡᠭᠡᠭᠰᠢᠯᠡᠭᠦᠯᠦᠨ᠎ᠡ  ᠃  ᠪᠦᠬᠦ  ᠬᠤᠰᠢᠭᠤᠨ  ᠎ ᠳᠤ  ᠂  ᠬᠥᠷᠥᠰᠥ  ᠎ ᠶᠢ  ᠬᠡᠮᠵᠢᠵᠦ  ᠪᠣᠷᠳᠣᠭᠤᠷ  ᠨᠠᠶᠢᠷᠠᠭᠤᠯᠬᠤ  ᠢᠨᠵᠧᠨᠧᠷᠢᠩ  ᠎ ᠢ  ᠳᠡᠯᠭᠡᠷᠡᠭᠦᠯᠵᠦ  ᠂  ᠨᠡᠶᠢᠲᠡ  ᠎ ᠶᠢᠨ  ᠬᠤᠣᠷᠳᠠᠯ  ᠦᠭᠡᠢ  ᠰᠠᠭᠤᠷᠢᠨ  ᠭᠠᠵᠠᠷ  ᠂   ᠪᠣᠬᠢᠷᠲᠤᠯ  ᠦᠭᠡᠢ  ᠂ ᠣᠷᠭᠠᠨᠢᠭ  ᠢᠳᠡᠭᠡᠨ  ᠎ ᠤ  ᠰᠠᠭᠤᠷᠢᠨ  ᠎ ᠤ  ᠰᠢᠯᠭᠠᠨ  ᠭᠡᠷᠡᠴᠢᠯᠡᠬᠦ  ᠠᠵᠢᠯ  ᠎ ᠢ  ᠤᠯᠠᠮ  ᠨᠢᠭᠡ  ᠠᠯᠬᠤᠮ  ᠲᠦᠷᠭᠡᠳᠬᠡᠨ  ᠂  ᠨᠡᠶᠢᠲᠡ  ᠎ ᠶᠢᠨ  ᠬᠤᠣᠷᠳᠠᠯ  ᠦᠭᠡᠢ  ᠰᠠᠭᠤᠷᠢᠨ  ᠭᠠᠵᠠᠷ ᠢᠶᠠᠷ  ᠭᠡᠷᠡᠴᠢᠯᠡᠭᠳᠡᠬᠦ  ᠲᠠᠯᠠᠪᠠᠢ  ᠎ ᠶᠢ 20 ᠲᠦᠮᠡᠨ  ᠮᠦ ᠰᠢᠨ᠎ᠡ  ᠎ ᠪᠠᠷ  ᠨᠡᠮᠡᠭᠳᠡᠭᠦᠯᠵᠦ  ᠂  ᠭᠡᠷᠡᠴᠢᠯᠡᠭᠳᠡᠬᠦ  ᠲᠥᠷᠥᠯ  ᠵᠦᠢᠯ  ᠎ ᠳᠤ  ᠴᠤᠭᠤᠷ  ᠨᠣᠭᠤᠭ᠎ᠠ  ᠂  ᠲᠥᠮᠥᠰᠥ  ᠂  ᠴᠠᠭᠠᠨ  ᠨᠣᠭᠤᠭ᠎ᠠ  ᠂  ᠪᠥᠭᠡᠷᠡᠩᠬᠡᠢ  ᠴᠠᠭᠠᠨ  ᠨᠣᠭᠤᠭ᠎ᠠ  ᠂  ᠪᠤᠭᠤᠳᠠᠢ  ᠂  ᠶᠢᠤᠮᠠᠢ  ᠂  ᠲᠣᠰᠣᠯᠢᠭ  ᠲᠠᠷᠢᠮᠠᠯ  ᠎ ᠢ  ᠪᠠᠭᠲᠠᠭᠠᠨ᠎ᠠ  ᠃  ᠣᠷᠭᠠᠨᠢᠭ  ᠲᠠᠬᠢᠶᠠᠨ  ᠥᠨᠳᠡᠭᠡ  ᠪᠣᠯᠣᠨ  ᠣᠷᠭᠠᠨᠢᠭ  ᠰᠦ  ᠎ ᠳᠤ ᠭᠡᠷᠡᠴᠢ ᠣᠯᠭᠤᠬᠤ ᠶᠢ  ᠪᠡᠶᠡᠯᠡᠭᠦᠯᠵᠦ  ᠂  ᠭᠠᠷᠤᠯᠲᠠ  ᠎ ᠶᠢ  ᠲᠣᠰᠪᠤᠷᠢ 360 ᠲᠣᠨ  ᠪᠠ 1500 ᠲᠣᠨ  ᠎ ᠳᠤ  ᠬᠦᠷᠭᠡᠨ᠎ᠡ  ᠃  ᠠᠮᠢᠲᠠᠨ  ᠎ ᠤ  ᠬᠢᠵᠢᠭ  ᠭᠡᠮ  ᠎ ᠢ  ᠰᠡᠷᠭᠡᠶᠢᠯᠡᠨ  ᠡᠵᠡᠮᠰᠢᠬᠦ  ᠦᠢᠯᠡᠴᠢᠯᠡᠭᠡᠨ  ᠎ ᠤ  ᠰᠢᠰᠲ᠋ᠧᠮᠵᠢ  ᠎ ᠶᠢ  ᠦᠷᠭᠦᠯᠵᠢᠯᠡᠨ  ᠪᠦᠷᠢᠨᠰᠢᠭᠦᠯᠵᠦ  ᠂  ᠡᠯ᠎ᠡ  ᠲᠥᠷᠥᠯ  ᠎ ᠤᠨ  ᠬᠢᠵᠢᠭ  ᠦᠭᠡᠶᠢᠰᠬᠡᠬᠦ  ᠨᠢᠭᠲᠠᠴᠠ  ᠎ ᠶᠢ 100% ᠎ ᠳᠤ  ᠪᠠᠲᠤᠯᠠᠨ᠎ᠠ  ᠃         ︵ᠭᠤᠷᠪᠠ︶  ᠠᠵᠤ  ᠦᠢᠯᠡᠳᠪᠦᠷᠢ  ᠎ ᠶᠢᠨ  ᠠᠵᠤ  ᠠᠬᠤᠢ  ᠎ ᠶᠢᠨ  ᠶᠠᠰᠤ  ᠴᠢᠨᠠᠷ  ᠪᠠ  ᠦᠷ᠎ᠡ  ᠠᠰᠢᠭ  ᠎ ᠢ  ᠳᠡᠭᠡᠭᠰᠢᠯᠡᠭᠦᠯᠬᠦ  ᠬᠡᠷᠡᠭᠲᠡᠢ  ᠃  ᠣᠳᠣ  ᠪᠠᠶᠢᠭ᠎ᠠ  ᠬᠡᠪᠴᠢᠶᠡᠵᠢᠭᠰᠡᠨ  ᠠᠵᠤ  ᠠᠬᠤᠶᠢᠯᠠᠯ  ᠎ ᠤᠨ  ᠲᠡᠰ  ᠳᠡᠪᠰᠢᠭᠦᠯᠬᠦ  ᠥᠭᠡᠷᠡᠴᠢᠯᠡᠯᠲᠡ  ᠎ ᠶᠢ  ᠰᠠᠶᠢᠨ  ᠬᠢᠵᠦ  ᠂  ᠦᠢᠯᠡᠳᠪᠦᠷᠢᠯᠡᠯ  ᠎ ᠢᠶᠠᠨ  ᠪᠡᠶᠡᠯᠡᠭᠦᠯᠵᠦ  ᠂  ᠦᠷ᠎ᠡ  ᠠᠰᠢᠭ  ᠎ ᠢᠶᠠᠨ  ᠪᠡᠶᠡᠯᠡᠭᠦᠯᠬᠦ  ᠎ ᠶᠢ  ᠪᠠᠲᠤᠯᠠᠨ᠎ᠠ  ᠃  ︽ᠲᠠᠯ᠎ᠠ  ᠨᠤᠲᠤᠭ︾  ᠠᠷᠢᠬᠢᠨ  ᠺᠣᠮᠫᠠᠨᠢ  ᠎ ᠨᠢ  ᠬᠤᠶᠠᠳᠤᠭᠠᠷ  ᠦᠢᠯᠡᠳᠪᠦᠷᠢᠯᠡᠯ  ᠎ ᠤᠨ  ᠲᠠᠰᠤᠭ  ᠎ ᠤᠨ  ᠳᠠᠭᠠᠯᠳᠤᠯ  ᠮᠠᠲ᠋ᠧᠷᠢᠶᠠᠯ  ᠎ ᠤᠨ  ᠬᠥᠮᠥᠷᠭᠡ  ᠎ ᠶᠢ  ᠵᠠᠯᠭᠠᠵᠤ  ᠪᠠᠶᠢᠭᠤᠯᠤᠨ  ᠂ 1.3  ᠲᠦᠮᠡᠨ  ᠲᠣᠨ  ᠬᠠᠷ᠎ᠠ  ᠠᠷᠢᠬᠢ  ᠦᠢᠯᠡᠳᠪᠦᠷᠢᠯᠡᠵᠦ  ᠂  ᠦᠢᠯᠡᠳᠪᠦᠷᠢᠯᠡᠯ  ᠎ ᠤᠨ  ᠥᠷᠲᠡᠭ  ᠎ ᠢᠶᠠᠨ 1.2 ᠳ᠋ᠦᠩᠰᠢᠭᠤᠷ  ᠲᠥᠭᠦᠷᠢᠭ  ᠎ ᠲᠤ  ᠬᠦᠷᠭᠡᠨ︔  ︽ᠬᠤᠸᠠ  ᠡᠯ︾  ᠽᠧᠮᠧᠨ᠋ᠲ  ᠎ ᠶᠢᠨ  ᠺᠣᠮᠫᠠᠨᠢ 18  ᠲᠦᠮᠡᠨ  ᠲᠣᠨ  ᠦᠢᠯᠡᠳᠪᠦᠷᠢᠯᠡᠵᠦ  ᠂  ᠥᠷᠲᠡᠭ  ᠎ ᠢᠶᠠᠨ 5000 ᠲᠦᠮᠡᠨ  ᠲᠥᠭᠦᠷᠢᠭ  ᠬᠦᠷᠭᠡᠵᠦ  ︔  ︽ᠬᠤᠩ  ᠶᠧ︾  ᠠᠭᠤᠷᠬᠠᠢ  ᠎ ᠶᠢᠨ  ᠦᠢᠯᠡᠰ 500 ᠲᠣᠨ  ᠎ ᠤ  ᠦᠢᠯᠡᠳᠪᠦᠷᠢ  ᠎ ᠪᠠᠨ  ᠲᠡᠭᠦᠯᠳᠡᠷᠵᠢᠭᠦᠯᠦᠨ᠂ 1000  ᠲᠣᠨ  ᠴᠠᠬᠢᠭᠤᠷ  ᠴᠢᠯᠠᠭᠤ  ᠰᠣᠩᠭᠤᠨ  ᠦᠢᠯᠡᠳᠪᠦᠷᠢᠯᠡᠵᠦ  ᠂ ᠥᠷᠲᠡᠭ ᠢᠶᠠᠨ 3000 ᠲᠦᠮᠡᠨ  ᠲᠥᠭᠦᠷᠢᠭ  ᠎ ᠠᠴᠠ  ᠳᠠᠪᠠᠭᠤᠯᠤᠨ  ︔  ︽ᠴᠠᠩ  ᠵᠢᠶᠠᠩ︾  ᠠᠭᠤᠷᠬᠠᠢ  ᠎ ᠶᠢᠨ  ᠦᠢᠯᠡᠰ  ᠎ ᠨᠢ 1.5 ᠲᠦᠮᠡᠨ  ᠲᠣᠨ  ᠴᠠᠬᠢᠭᠤᠷ  ᠲᠡᠮᠦᠷ  ᠦᠢᠯᠡᠳᠪᠦᠷᠢᠯᠡᠵᠦ  ᠂ 7200 ᠲᠦᠮᠡᠨ  ᠲᠥᠭᠦᠷᠢᠭ  ᠎ ᠤᠨ  ᠥᠷᠲᠡᠭ  ᠪᠡᠶᠡᠯᠡᠭᠦᠯᠵᠦ  ︔  ︽ᠰᠢᠨ  ᠶᠤᠸᠠᠨ︾  ᠺᠣᠮᠫᠠᠨᠢ  ᠵᠢᠯ  ᠎ ᠳᠤ 20 ᠲᠦᠮᠡᠨ  ᠲᠡᠭᠰᠢ  ᠳᠥᠷᠪᠡᠯᠵᠢᠨ  ᠮᠧᠲᠷ  ᠪᠤᠳᠤᠭᠲᠤ  ᠪᠣᠯᠣᠳ᠂  3 ᠲᠦᠮᠡᠨ ᠪᠣᠰᠤᠭ᠎ᠠ  ᠳᠥᠷᠪᠡᠯᠵᠢᠨ  ᠮᠧᠲᠷ  ᠪᠧᠨ᠋ᠽᠧᠨ  ᠬᠠᠪᠲᠠᠰᠤ  ᠦᠢᠯᠡᠳᠬᠦ  ᠦᠢᠯᠡᠳᠪᠦᠷᠢᠯᠡᠯ  ᠎ ᠤᠨ  ᠱᠤᠭᠤᠮ  ᠎ ᠢ  ᠪᠠᠶᠢᠭᠤᠯᠤᠨ  ᠂ 2000 ᠲᠦᠮᠡᠨ  ᠲᠥᠭᠦᠷᠢᠭ  ᠎ ᠤᠨ  ᠥᠷᠲᠡᠭ  ᠪᠡᠶᠡᠯᠡᠭᠦᠯᠵᠦ  ︔ ︽ᠬᠤᠩ  ᠵᠢᠩ  ᠶᠤᠸᠠᠨ︾  ᠲᠣᠰᠣ  ᠰᠢᠬᠠᠬᠤ  ᠺᠣᠮᠫᠠᠨᠢ  ᠦᠢᠯᠡᠳᠪᠦᠷᠢ  ᠎ ᠶᠢᠨ  ᠲᠠᠰᠤᠭ  ᠎ ᠢᠶᠠᠨ  ᠥᠭᠡᠷᠡᠴᠢᠯᠡᠨ  ᠂  ᠭᠠᠷᠤᠯᠲᠠ  ᠎ ᠪᠠᠨ 4500 ᠲᠣᠨ  ᠬᠦᠷᠭᠡᠵᠦ  ᠂ 4400 ᠲᠦᠮᠡᠨ  ᠲᠥᠭᠦᠷᠢᠭ  ᠎ ᠤᠨ  ᠥᠷᠲᠡᠭ  ᠪᠡᠶᠡᠯᠡᠭᠦᠯᠵᠦ  ︔  ︽ᠴᠠᠩ  ᠶᠤᠸᠠᠨ︾ ᠺᠣᠮᠫᠠᠨᠢ  ᠣᠷᠭᠠᠨᠢᠭ  ᠪᠣᠷᠳᠣᠭᠤᠷ  ᠎ ᠤᠨ  ᠦᠢᠯᠡᠳᠪᠦᠷᠢᠯᠡᠯ  ᠎ ᠤᠨ  ᠱᠤᠭᠤᠮ  ᠎ ᠢ  ᠰᠢᠨ᠎ᠡ  ᠎ ᠪᠠᠷ  ᠪᠠᠶᠢᠭᠤᠯᠵᠤ  ᠂ 5000 ᠲᠣᠨ  ᠣᠷᠭᠠᠨᠢᠭ  ᠪᠣᠷᠳᠣᠭᠤᠷ  ᠂ 2 ᠲᠦᠮᠡᠨ  ᠲᠣᠨ  ᠲᠡᠵᠢᠭᠡᠯ  ᠪᠣᠷᠳᠤᠭ᠎ᠠ  ᠦᠢᠯᠡᠳᠪᠦᠷᠢᠯᠡᠵᠦ  ᠂  ᠦᠢᠯᠡᠳᠪᠦᠷᠢᠯᠡᠯ  ᠎ ᠤᠨ  ᠥᠷᠲᠡᠭ  ᠎ ᠢᠶᠠᠨ 4200 ᠲᠦᠮᠡᠨ  ᠲᠥᠭᠦᠷᠢᠭ  ᠎ ᠲᠤ  ᠬᠦᠷᠭᠡᠨ᠎ᠠ  ᠃  ᠦᠬᠡᠷ  ᠪᠣᠷᠳᠣᠬᠤ  ᠂  ᠲᠥᠮᠥᠰᠥ  ᠪᠣᠯᠪᠠᠰᠤᠷᠠᠭᠤᠯᠬᠤ  ᠂  ᠰᠠᠯᠬᠢᠨ  ᠬᠦᠴᠦᠨ  ᠎ ᠢᠶᠠᠷ  ᠴᠠᠬᠢᠯᠭᠠᠨ  ᠭᠠᠷᠭᠠᠬᠤ  ᠵᠡᠷᠭᠡ  ᠠᠵᠤ ᠦᠢᠯᠡᠳᠪᠦᠷᠢ  ᠎ ᠶᠢᠨ  ᠲᠥᠷᠥᠯ  ᠵᠦᠢᠯ  ᠎ ᠤᠨ  ᠪᠦᠲᠦᠭᠡᠨ  ᠪᠠᠶᠢᠭᠤᠯᠤᠯᠲᠠ  ᠎ ᠶᠢ  ᠭᠤᠣᠯᠳᠠᠯᠭ᠎ᠠ  ᠎ ᠲᠠᠢ  ᠠᠳᠬᠤᠵᠤ  ᠂  ︽ᠥᠷᠨᠢᠯ︾  ᠺᠣᠮᠫᠠᠨᠢ 4000 ᠲᠣᠯᠣᠭᠠᠢ  ᠠᠯᠠᠰᠢᠨ  ᠎ ᠤ  ᠦᠬᠡᠷ  ᠪᠣᠷᠳᠣᠨ  ᠲᠠᠷᠭᠤᠯᠠᠭᠤᠯᠵᠤ  ᠂ 700ᠲᠦᠮᠡᠨ  ᠲᠥᠭᠦᠷᠢᠭ  ᠎ ᠤᠨ  ᠥᠷᠲᠡᠭ  ᠪᠡᠶᠡᠯᠡᠭᠦᠯᠵᠦ  ᠂  ᠵᠢᠯ  ᠳᠣᠲᠣᠷ᠎ᠠ  ᠣᠷᠣᠨ  ᠎ ᠤ  ᠲᠡᠰ  ᠎ ᠤᠨ  ᠠᠵᠤ  ᠦᠢᠯᠡᠰᠵᠢᠭᠰᠡᠨ  ᠳᠠᠭᠠᠭᠤᠯᠤᠭᠴᠢ  ᠠᠵᠤ  ᠠᠬᠤᠶᠢᠯᠠᠯ  ᠪᠣᠯᠬᠤ  ᠎ ᠪᠠᠷ  ᠴᠢᠷᠮᠠᠶᠢᠵᠤ  ︔  ︽ᠾᠧᠩ ᠶᠤᠸᠠᠨ︾ ᠺᠣᠮᠫᠠᠨᠢ  ᠵᠢᠯ  ᠎ ᠳᠤ 8000 ᠲᠣᠨ ᠬᠥᠯᠳᠡᠭᠡᠮᠡᠯ  ᠲᠥᠮᠥᠰᠥᠨ  ᠎ ᠤ  ᠬᠡᠷᠴᠢᠮᠡᠯ  ᠪᠣᠯᠣᠨ 6000 ᠲᠣᠨ  ᠲᠥᠮᠥᠰᠥ  ᠮᠥᠬᠦᠯᠢᠭᠵᠢᠭᠦᠯᠵᠦ  ᠨᠤᠨᠳᠠᠭᠯᠠᠬᠤ  ᠦᠢᠯᠡᠳᠪᠦᠷᠢᠯᠡᠯ  ᠎ ᠤᠨ  ᠱᠤᠭᠤᠮ  ᠎ ᠢ  ᠪᠠᠶᠢᠭᠤᠯᠵᠤ  ᠂ 1000 ᠲᠦᠮᠡᠨ  ᠲᠥᠭᠦᠷᠢᠭ  ᠎ ᠤᠨ  ᠥᠷᠲᠡᠭ  ᠡᠭᠦᠳᠴᠦ  ︔  ︽ᠱᠧᠨ  ᠬᠤᠸ᠋ᠨ  ᠰᠢᠶᠧ  ᠾᠧ︾  ᠺᠣᠮᠫᠠᠨᠢ  ᠎ ᠨᠢ 49.5 ᠰᠠᠶ᠎ᠠ  ᠸᠠᠲ ᠤᠨ ᠰᠠᠯᠬᠢᠨ  ᠴᠠᠬᠢᠯᠭᠠᠨ  ᠎ ᠤ  ᠲᠥᠷᠥᠯ  ᠵᠦᠢᠯ  ᠎ ᠢ  ᠪᠠᠶᠢᠭᠤᠯᠵᠤ  ᠂ ᠲᠣᠰ  ᠵᠢᠯ  ᠎ ᠳᠡᠭᠡᠨ 1 ᠳ᠋ᠦᠩᠰᠢᠭᠤᠷ  ᠭᠷᠠᠳᠦ᠋ᠰ ᠠᠴᠠ ᠳᠡᠭᠡᠭᠰᠢ ᠴᠠᠬᠢᠯᠭᠠᠨ  ᠡᠭᠦᠰᠬᠡᠵᠦ  ᠂ 5000 ᠲᠦᠮᠡᠨ  ᠲᠥᠭᠦᠷᠢᠭ  ᠎ ᠤᠨ  ᠥᠷᠲᠡᠭ  ᠪᠡᠶᠡᠯᠡᠭᠦᠯᠦᠨ  ᠂  ᠬᠤᠶᠠᠳᠤᠭᠠᠷ  ᠬᠤᠭᠤᠴᠠᠭᠠᠨ  ᠎ ᠤ  ᠢᠨᠵᠧᠨᠧᠷᠢᠩ  ᠎ ᠢ  ᠳᠠᠭᠤᠰᠬᠠᠵᠤ  ᠂  ᠶᠡᠷᠦᠩᠬᠡᠢ  ᠬᠡᠪᠴᠢᠶ᠎ᠡ  ᠎ ᠪᠠᠨ 100 ᠰᠠᠶ᠎ᠠ  ᠸᠠᠲ ᠳᠤ  ᠬᠦᠷᠭᠡᠨ᠎ᠡ᠃  ᠠᠷᠭ᠎ᠠ  ᠤᠬᠠᠭᠠᠨ  ᠰᠦᠪᠡᠭᠴᠢᠯᠡᠨ  ᠠᠷᠠᠯᠵᠢᠶᠠᠴᠢᠨ  ᠤᠷᠢᠵᠤ  ᠪᠡᠯᠡ ᠲᠠᠲᠠᠵᠤ  ᠂  ᠰᠢᠨ᠎ᠡ ᠲᠥᠷᠥᠯ ᠵᠦᠢᠯ ᠢ ᠣᠷᠣᠭᠤᠯᠤᠨ᠎ᠠ  ᠃ ᠵᠦᠩ  ᠰᠢᠶᠠᠨ  ᠺᠣᠮᠫᠠᠨᠢ  ᠎ ᠳᠤ  ᠲᠤᠰᠠᠯᠠᠵᠤ  ᠂  ᠰᠢᠲᠠᠭᠠᠯᠭ᠎ᠠ  ᠎ ᠶᠢᠨ  ᠨᠡᠭᠦᠷᠡᠰᠦᠨ  ᠎ ᠤ  ᠨᠡᠮᠡᠯᠲᠡ  ᠡᠳ᠋  ᠂  ᠰᠢᠲᠠᠭᠠᠯᠭ᠎ᠠ  ᠎ ᠶᠢᠨ  ᠲᠣᠰᠣᠨ  ᠎ ᠤ  ᠨᠡᠮᠡᠯᠲᠡ  ᠡᠳ᠋  ᠎ ᠤᠨ  ᠡᠨᠧᠷᠭᠢ  ᠎ ᠳᠤ  ᠠᠷᠪᠢᠲᠠᠢ  ᠪᠦᠲᠦᠭᠡᠭᠳᠡᠬᠦᠨ  ᠎ ᠤ  ᠦᠢᠯᠡᠳᠪᠦᠷᠢᠯᠡᠯ  ᠪᠣᠯᠣᠨ  ᠣᠷᠭᠠᠨᠢᠭ  ᠪᠣᠷᠳᠣᠭᠤᠷ  ᠎ ᠤᠨ  ᠦᠢᠯᠡᠳᠪᠦᠷᠢᠯᠡᠯ  ᠎ ᠤᠨ  ᠱᠤᠭᠤᠮ  ᠎ ᠢ  ᠪᠡᠶᠡᠯᠡᠭᠦᠯᠵᠦ  ︔  ᠵᠢᠯ  ᠳᠣᠲᠣᠷ᠎ᠠ  ᠢᠳᠡᠰᠢᠨ  ᠨᠣᠭᠤᠭᠠᠨ  ᠎ ᠤ  ᠲᠣᠬᠢᠷᠠᠭᠤᠯᠤᠨ  ᠬᠦᠷᠭᠡᠬᠦ  ᠲᠥᠪ  ᠪᠣᠯᠣᠨ  ᠤᠰᠤ  ᠦᠭᠡᠶᠢᠳᠡᠭᠦᠯᠦᠨ  ᠬᠠᠭᠰᠠᠭᠠᠬᠤ  ᠲᠥᠷᠥᠯ  ᠵᠦᠢᠯ  ᠎ ᠢ  ᠣᠷᠣᠭᠤᠯᠵᠤ  ᠂ ᠮᠣᠯᠢᠪᠳᠧᠨ  ᠂  ᠸᠤᠯᠹᠷᠤᠮ  ᠂  ᠠᠯᠲᠠ  ᠂  ᠭᠠᠤᠯᠢ  ᠂  ᠴᠠᠬᠢᠭᠤᠷ  ᠴᠢᠯᠠᠭᠤ  ᠵᠡᠷᠭᠡ  ᠎ ᠪᠠᠷ  ᠭᠤᠣᠯᠯᠠᠭᠰᠠᠨ  ᠠᠭᠤᠷᠬᠠᠢ  ᠎ ᠶᠢᠨ  ᠡᠬᠢ  ᠪᠠᠶᠠᠯᠢᠭ  ᠎ ᠢ  ᠰᠣᠩᠭᠤᠨ  ᠰᠢᠷᠭᠠᠵᠤ  ᠪᠣᠯᠪᠠᠰᠤᠷᠠᠭᠤᠯᠬᠤ  ᠦᠢᠯᠡᠰ  ᠎ ᠢ  ᠤᠯᠠᠮ  ᠠᠬᠢᠭᠤᠯᠤᠨ᠎ᠠ  ᠃  ᠪᠦᠬᠦ  ᠵᠢᠯ  ᠎ ᠤᠨ  ᠠᠵᠤ  ᠦᠢᠯᠡᠳᠪᠦᠷᠢ  ᠎ ᠶᠢᠨ  ᠨᠡᠮᠡᠭᠳᠡᠯ  ᠥᠷᠲᠡᠭ  ᠎ ᠢ 4.8 ᠳ᠋ᠦᠩᠰᠢᠭᠤᠷ  ᠲᠥᠭᠦᠷᠢᠭ  ᠎ ᠲᠤ  ᠬᠦᠷᠭᠡᠵᠦ  ᠂ 21.5%  ᠎ ᠪᠠᠷ  ᠨᠡᠮᠡᠭᠳᠡᠭᠦᠯᠦᠨ  ᠂  ᠡᠭᠦᠨ  ᠎ ᠤ  ᠳᠣᠲᠣᠷ᠎ᠠ  ᠂  ᠬᠢᠵᠠᠭᠠᠷᠯᠠᠯ  ᠎ ᠠᠴᠠ  ᠳᠡᠭᠡᠭᠰᠢᠬᠢ  ᠠᠵᠤ  ᠦᠢᠯᠡᠳᠪᠦᠷᠢ  ᠎ ᠶᠢᠨ  ᠨᠡᠮᠡᠭᠳᠡᠯ  ᠥᠷᠲᠡᠭ  ᠎ ᠢ 3.3 ᠳ᠋ᠦᠩᠰᠢᠭᠤᠷ  ᠲᠥᠭᠦᠷᠢᠭ  ᠎ ᠲᠤ  ᠬᠦᠷᠭᠡᠨ  ᠂ 22.2 % ᠎ ᠪᠠᠷ  ᠨᠡᠮᠡᠭᠳᠡᠭᠦᠯᠦᠨ  ᠂  ᠬᠡᠪᠴᠢᠶᠡᠵᠢᠯ ᠠᠴᠠ  ᠳᠡᠭᠡᠭᠰᠢᠬᠢ  ᠠᠵᠤ  ᠦᠢᠯᠡᠳᠪᠦᠷᠢ  ᠎ ᠶᠢᠨ  ᠠᠵᠤ  ᠠᠬᠤᠶᠢᠯᠠᠯ  ᠎ ᠢ 4 ᠡᠷᠦᠭᠡ  ᠰᠢᠨ᠎ᠡ  ᠎ ᠪᠠᠷ  ᠨᠡᠮᠡᠭᠳᠡᠭᠦᠯᠦᠨ᠎ᠡ  ᠃                     ︵ᠲᠦᠷᠪᠡ︶ ᠰᠠᠭᠤᠷᠢ ᠲᠦᠬᠦᠭᠡᠷᠦᠮᠵᠢ  ᠶᠢᠨ ᠨᠦᠬᠦᠴᠡᠯ  ᠢ ᠰᠠᠶᠢᠵᠢᠷᠠᠭᠤᠯᠤᠨ᠎ᠠ᠃ ᠰᠠᠭᠤᠷᠢ ᠲᠦᠬᠦᠭᠡᠷᠦᠮᠵᠢ  ᠶᠢᠨ ᠪᠦᠳᠦᠭᠡᠨ ᠪᠠᠶᠢᠭᠤᠯᠤᠯᠳᠠ  ᠶᠢ ᠠᠵᠤ ᠠᠬᠤᠢ  ᠶᠢᠨ ᠬᠦᠭᠵᠢᠯᠳᠡ  ᠶᠢᠨ ᠬᠦᠨᠳᠦ ᠴᠢᠬᠤᠯᠨ ᠠᠵᠢᠯ ᠪᠤᠯᠭᠠᠨ ᠠᠳᠬᠤᠵᠤ᠂  ᠴᠠᠬᠢᠯᠭᠠᠨ ᠬᠦᠴᠦᠨ  ᠤ  ᠪᠠᠲᠤᠯᠠᠭ᠎ᠠ  ᠂ ᠨᠡᠪᠳᠡᠷᠡᠬᠦᠯᠭᠡ ᠬᠤᠯᠪᠤᠭ᠎ᠠ᠂ ᠮᠡᠳᠡᠭᠡ ᠵᠠᠩᠬᠢ᠂ ᠤᠰᠤᠨ ᠠᠰᠢᠭᠯᠠᠯᠳᠠ  ᠶᠢᠨ ᠪᠦᠳᠦᠭᠡᠨ ᠪᠠᠶᠢᠭᠤᠯᠤᠯᠳᠠ᠂  ᠨᠡᠶᠢᠬᠡᠮ ᠨᠡᠶᠢᠳᠡ  ᠶᠢᠨ ᠦᠢᠯᠡᠴᠢᠯᠡᠭᠡ ᠵᠡᠷᠭᠡ  ᠭᠤᠣᠯᠳᠠᠯᠭ᠎ᠠ ᠲᠠᠢ ᠪᠦᠲᠦᠭᠡᠨ ᠪᠠᠶᠢᠭᠤᠯᠤᠯᠲᠠ ᠶᠢᠨ ᠲᠤᠭᠤᠷᠢᠨ  ᠳᠤ ᠲᠠᠶᠢᠹᠤᠰᠧ ᠬᠤᠰᠢᠭᠤᠨ  ᠤ ᠤᠷᠳᠤ ᠤᠳᠠᠭᠠᠨ ᠬᠦᠭᠵᠢᠯᠳᠡ  ᠳᠤ ᠬᠤᠯᠪᠤᠭᠳᠠᠬᠤ ᠨᠢᠬᠡ ᠪᠦᠯᠦᠭ ᠬᠦᠨᠳᠦ ᠴᠢᠬᠤᠯᠨ ᠰᠠᠭᠤᠷᠢ ᠲᠦᠬᠦᠭᠡᠷᠦᠮᠵᠢ  ᠶᠢᠨ ᠪᠦᠳᠦᠭᠡᠨ ᠪᠠᠶᠢᠭᠤᠯᠤᠯᠳᠠ  ᠶᠢᠨ ᠲᠦᠷᠦᠯ ᠵᠦᠢᠯ  ᠢ ᠬᠦᠴᠦᠨ  ᠢᠶᠠᠨ ᠲᠦᠪᠯᠡᠷᠡᠭᠦᠯᠦᠨ ᠲᠦᠯᠦᠪᠵᠢᠬᠦᠯᠦᠨ ᠪᠠᠶᠢᠭᠤᠯᠵᠤ᠂ ᠠᠵᠤ ᠠᠬᠤᠢ ᠨᠡᠶᠢᠬᠡᠮ  ᠤᠨ ᠬᠦᠭᠵᠢᠯᠳᠡ  ᠳᠤ ᠬᠦᠴᠦᠳᠠᠢ ᠲᠦᠰᠢᠭ ᠲᠤᠯᠠᠭᠠᠭᠤᠷᠢ ᠪᠤᠯᠭᠠᠨ᠎ᠠ᠃ ᠵᠠᠮ ᠨᠡᠪᠳᠡᠷᠡᠯᠭᠡ  ᠶᠢᠨ ᠲᠠᠯᠠᠪᠠᠷ᠂ ᠭᠠᠳᠠᠭᠰᠢ ᠵᠤᠷᠢᠭᠤᠯᠤᠭᠰᠠᠨ ᠵᠠᠮ  ᠨᠡᠪᠲᠡᠷᠡᠯᠭᠡ  ᠎ ᠶᠢᠨ  ᠬᠢᠷᠢ  ᠲᠦᠪᠰᠢᠨ ᠢ ᠴᠢᠷᠮᠠᠶᠢᠨ  ᠳᠡᠭᠡᠭᠰᠢᠯᠡᠭᠦᠯᠦᠨ᠎ᠡ᠃  ︽207︾  ᠱᠤᠭᠤᠮ  ᠎ ᠤᠨ  ᠪᠤᠤᠴᠠᠩ  ᠪᠠᠯᠭᠠᠰᠤᠨ  ᠎ ᠠᠴᠠ  ᠰᠠᠩ  ᠎ ᠤᠨ  ᠳᠠᠯᠠᠢ  ᠬᠦᠷᠲᠡᠯᠡᠬᠢ  ᠨᠢᠭᠡᠳᠦᠭᠡᠷ  ᠲᠡᠰ  ᠎ ᠤᠨ  ᠵᠠᠰᠠᠮᠠᠯ  ᠵᠠᠮ᠂  ᠪᠣᠤᠴᠠᠩ  ᠪᠠᠯᠭᠠᠰᠤᠨ  ᠎ ᠤ  ᠾᠸᠦ  ᠹᠠᠩ  ᠽᠢ  ᠲᠣᠰᠬᠤᠨ  ᠎ ᠠᠴᠠ  ᠬᠥᠬᠡᠬᠤᠲᠠ  ᠬᠠᠶᠢᠯᠠᠷ ᠤᠨ  ᠶᠡᠭᠡ  ᠵᠠᠮ  ᠬᠦᠷᠬᠦ  ᠬᠤᠶᠠᠳᠤᠭᠠᠷ  ᠲᠡᠰ  ᠎ ᠤᠨ   ᠵᠠᠰᠠᠮᠠᠯ  ᠵᠠᠮ  ᠎ ᠢ  ᠪᠠᠶᠢᠭᠤᠯᠵᠤ᠂  ᠠᠰᠢᠭᠯᠠᠯᠲᠠ  ᠎ ᠳᠤ  ᠣᠷᠣᠭᠤᠯᠤᠨ  ᠂ ︽207︾  ᠱᠤᠭᠤᠮ  ᠎ ᠤᠨ  ᠪᠤᠤᠴᠠᠩ  ᠪᠠᠯᠭᠠᠰᠤᠨ  ᠎ ᠠᠴᠠ  ᠰᠠᠨ  ᠬᠤᠤ  ᠳ᠋ᠢ  ᠬᠦᠷᠲᠡᠯᠡᠬᠢ  ᠥᠨᠳᠥᠷ  ᠬᠤᠷᠳᠤᠴᠠᠲᠤ  ᠵᠠᠰᠠᠮᠠᠯ  ᠵᠠᠮ  ᠎ ᠤᠨ  ᠪᠠᠶᠢᠭᠤᠯᠤᠯᠲᠠ  ᠎ ᠶᠢ  ᠡᠬᠢᠯᠡᠭᠦᠯᠦᠨ᠎ᠡ  ᠃  ᠵᠠᠰᠠᠮᠠᠯ  ᠵᠠᠮ  ᠎ ᠤᠨ  ᠪᠠᠶᠢᠭᠤᠯᠤᠯᠲᠠ  ᠪᠠ  ᠬᠠᠮᠠᠭᠠᠯᠠᠯᠲᠠ  ᠎ ᠶᠢ ᠰᠠᠶᠢᠲᠤᠷ  ᠠᠳᠬᠤᠵᠤ᠂  ᠬᠤᠲᠠ  ᠬᠥᠳᠡᠭᠡ  ᠎ ᠶᠢᠨ  ᠵᠠᠮ  ᠨᠡᠪᠲᠡᠷᠡᠯᠭᠡ ᠶᠢᠨ  ᠴᠢᠨᠠᠷ  ᠎ ᠢ  ᠳᠡᠭᠡᠭᠰᠢᠯᠡᠭᠦᠯᠦᠨ  ᠂ 100 ᠺᠢᠯᠤᠮᠧᠲᠷ  ᠎ ᠤᠨ  ᠭᠠᠴᠠᠭ᠎ᠠ  ᠲᠣᠰᠬᠤᠨ  ᠎ ᠳᠤ  ᠨᠡᠪᠲᠡᠷᠡᠬᠦ  ᠬᠠᠶᠢᠷ  ᠴᠢᠯᠠᠭᠤᠨ  ᠵᠠᠮ  ᠎ ᠢ  ᠰᠢᠨ᠎ᠡ ᠪᠠᠷ ᠪᠠᠶᠢᠭᠤᠯᠤᠨ᠎ᠠ  ︔  ᠴᠠᠬᠢᠯᠭᠠᠨ  ᠬᠦᠴᠦᠨ  ᠎ ᠤ  ᠲᠠᠯ᠎ᠠ  ᠎ ᠪᠠᠷ  ᠴᠠᠬᠢᠯᠭᠠᠨ  ᠲᠣᠣᠷ ᠢ  ᠥᠭᠡᠷᠡᠴᠢᠯᠡᠨ  ᠲᠡᠰ  ᠳᠡᠪᠰᠢᠭᠦᠯᠬᠦ  ᠎ ᠶᠢ  ᠠᠬᠢᠭᠤᠯᠵᠤ  ᠂ 220  ᠺᠢᠯᠤᠸᠤᠯᠲ  ᠎ ᠤᠨ  ᠴᠠᠬᠢᠯᠭᠠᠨ  ᠬᠦᠷᠭᠡᠬᠦ  ᠬᠦᠴᠦᠳᠡᠯ  ᠥᠭᠡᠷᠡᠴᠢᠯᠡᠬᠦ  ᠲᠦᠷᠦᠭᠦᠴᠢ  ᠎ ᠶᠢᠨ  ᠬᠤᠭᠤᠴᠠᠭᠠᠨ  ᠎ ᠤ  ᠠᠵᠢᠯ  ᠎ ᠢ  ᠰᠠᠶᠢᠲᠤᠷ  ᠬᠢᠬᠦ  ᠎ ᠶᠢᠨ  ᠬᠠᠮᠲᠤ  ᠂  ᠠᠵᠢᠯ  ᠎ ᠢᠶᠠᠨ  ᠡᠬᠢᠯᠡᠭᠦᠯᠬᠦ  ᠎ ᠪᠠᠷ  ᠴᠢᠷᠮᠠᠶᠢᠵᠤ  ᠂ ᠯᠦᠸᠧ  ᠲᠦᠸᠧ  ᠱᠠᠨ  ᠎ ᠤ 35 KV  ᠴᠠᠬᠢᠯᠭᠠᠨ  ᠬᠦᠷᠭᠡᠬᠦ  ᠬᠦᠴᠦᠳᠡᠯ  ᠬᠤᠪᠢᠷᠠᠭᠠᠬᠤ  ᠥᠷᠲᠡᠭᠡ  ᠎ ᠶᠢ  ᠰᠢᠨ᠎ᠡ  ᠎ ᠪᠠᠷ  ᠪᠠᠶᠢᠭᠤᠯᠵᠤ  ᠂  ᠭᠦᠨᠪᠤᠯᠠᠭ  ᠎ ᠤᠨ 35KV ᠬᠦᠴᠦᠳᠡᠯ  ᠥᠭᠡᠷᠡᠴᠢᠯᠡᠬᠦ  ᠴᠠᠬᠢᠯᠭᠠᠨ  ᠥᠷᠲᠡᠭᠡ  ᠎ ᠶᠢ  ᠥᠷᠭᠡᠳᠬᠡᠨ  ᠪᠠᠶᠢᠭᠤᠯᠵᠤ  ᠂  ᠬᠤᠰᠢᠭᠤᠨ  ᠎ ᠤ  ᠳᠣᠲᠣᠭᠠᠳᠤ  ᠭᠠᠳᠠᠭᠠᠳᠤ ᠳᠤ   ᠰᠦᠯᠵᠢᠯᠳᠦᠨ ᠬᠠᠩᠭᠠᠬᠤ  ᠂ ᠠᠮᠤᠷ  ᠲᠦᠪᠰᠢᠨ  ᠰᠠᠭᠠᠳ  ᠦᠭᠡᠢ  ᠨᠡᠪᠲᠡᠷᠡᠬᠦ  ᠴᠠᠬᠢᠯᠭᠠᠨ  ᠬᠦᠷᠭᠡᠬᠦ  ᠂  ᠬᠦᠴᠦᠳᠡᠯ  ᠥᠭᠡᠷᠡᠴᠢᠯᠡᠬᠦ  ᠲᠣᠣᠷ  ᠰᠦᠯᠵᠢᠶ᠎ᠡ  ᠎ ᠶᠢ  ᠪᠦᠷᠢᠯᠳᠦᠭᠦᠯᠦᠨ᠎ᠡ᠃  ᠬᠤᠲᠠ ᠶᠢᠨ  ᠴᠠᠬᠢᠯᠭᠠᠨ  ᠲᠣᠣᠷ  ᠎ ᠤᠨ  ᠥᠭᠡᠷᠡᠴᠢᠯᠡᠨ  ᠪᠠᠶᠢᠭᠤᠯᠤᠯᠲᠠ  ᠪᠠ ᠰᠢᠶᠠᠩ  ᠪᠠᠯᠭᠠᠰᠤᠨ  ᠎ ᠤ 10KV ᠎ ᠤᠨ  ᠴᠠᠬᠢᠯᠭᠠᠨ  ᠱᠤᠭᠤᠮ  ᠎ ᠢ  ᠥᠭᠡᠷᠡᠴᠢᠯᠡᠬᠦ  ᠠᠯᠬᠤᠴᠠ  ᠎ ᠶᠢ  ᠲᠦᠷᠭᠡᠳᠬᠡᠨ᠎ᠡ᠃ ᠤᠰᠤᠨ  ᠠᠰᠢᠭᠯᠠᠯᠲᠠ  ᠎ ᠶᠢᠨ  ᠲᠠᠯ᠎ᠠ  ᠎ ᠪᠠᠷ 1ᠲᠦᠮᠡᠨ  ᠬᠥᠮᠥᠨ 6000 ᠲᠣᠯᠣᠭᠠᠢ  ᠮᠠᠯ  ᠎ ᠤᠨ ᠤᠤᠭᠤᠬᠤ ᠤᠰᠤᠨ  ᠎ ᠤ  ᠠᠮᠤᠷ  ᠲᠦᠪᠰᠢᠨ  ᠎ ᠤ  ᠠᠰᠠᠭᠤᠳᠠᠯ  ᠎ ᠢ  ᠰᠢᠢᠳᠪᠦᠷᠢᠯᠡᠨ᠎ᠡ  ᠃ 2006 ᠣᠨ  ᠎ ᠤ  ᠡᠴᠦᠰ  ᠎ ᠠᠴᠠ  ᠤᠷᠢᠳᠤᠬᠢ ᠬᠤᠳᠳᠤᠭ  ᠮᠠᠯᠲᠠᠭᠠᠳ  ᠴᠠᠬᠢᠯᠭᠠᠨ  ᠨᠡᠪᠲᠡᠷᠡᠭᠡ  ᠦᠭᠡᠢ  ᠤᠰᠤᠵᠢᠭᠤᠯᠤᠯᠲᠠ  ᠎ ᠶᠢᠨ  ᠲᠠᠷᠢᠶᠠᠨ  ᠭᠠᠵᠠᠷ  ᠎ ᠤᠨ  ᠠᠰᠠᠭᠤᠳᠠᠯ  ᠎ ᠢ  ᠪᠦᠬᠦᠨ  ᠎ ᠢ  ᠰᠢᠢᠳᠪᠦᠷᠢᠯᠡᠨ᠎ᠡ  ᠃ ᠶᠦᠩ  ᠹᠧᠩ  ᠤᠰᠤᠨ  ᠴᠥᠭᠦᠷᠥᠮ ᠤᠨ  ᠲᠦᠭᠰᠢᠭᠦᠷᠢ  ᠎ ᠶᠢ  ᠠᠷᠢᠯᠭᠠᠵᠤ  ᠂  ᠪᠠᠬᠢᠵᠢᠯ  ᠎ ᠢ  ᠴᠢᠩᠭᠠᠳᠬᠠᠬᠤ   ᠪᠠᠶᠢᠭᠤᠯᠤᠯᠲᠠ  ᠎ ᠶᠢᠨ  ᠠᠵᠢᠯ ᠢ  ᠡᠬᠢᠯᠡᠭᠦᠯᠦᠨ᠎ᠡ  ᠃  ᠨᠡᠪᠲᠡᠷᠡᠭᠦᠯᠭᠡ  ᠬᠤᠯᠪᠣᠭ᠎ᠠ  ᠂  ᠮᠡᠳᠡᠭᠡ  ᠵᠠᠩᠭᠢ  ᠎ ᠶᠢᠨ  ᠲᠠᠯ᠎ᠠ  ᠎ ᠪᠠᠷ  ᠂  ᠳᠣᠣᠷ᠎ᠠ  ᠰᠦᠯᠵᠢᠶᠡᠨ  ᠎ ᠤ  ᠺᠣᠮᠫᠠᠨᠢ  ᠪᠣᠯᠣᠨ  ᠷᠠᠳᠢᠤ᠋  ᠲᠧᠯᠸᠢᠰ  ᠎ ᠤᠨ  ᠳᠠᠮᠵᠢᠭᠤᠯᠭ᠎ᠠ  ᠨᠡᠪᠲᠡᠷᠡᠭᠦᠯᠭᠡ  ᠎ ᠶᠢᠨ  ᠲᠣᠣᠷ  ᠰᠦᠯᠵᠢᠶ᠎ᠡ  ᠂  ᠰᠢᠯᠵᠢᠮᠡᠯ ᠪᠠ  ᠨᠢᠭᠡᠳᠦᠮᠡᠯ ᠬᠤᠯᠪᠣᠭᠠᠨ ᠤ  ᠲᠣᠣᠷ  ᠰᠦᠯᠵᠢᠶ᠎ᠡ  ᠎ ᠶᠢ  ᠦᠷᠭᠦᠯᠵᠢᠯᠡᠨ  ᠲᠡᠭᠦᠯᠳᠡᠷᠵᠢᠭᠦᠯᠵᠦ᠂  ᠰᠢᠯᠵᠢᠮᠡᠯ ᠨᠡᠪᠲᠡᠷᠡᠯᠭᠡ  ᠂  ᠥᠷᠭᠡᠨ  ᠪᠦᠰᠡᠲᠦ  ᠰᠦᠯᠵᠢᠶ᠎ᠡ᠂  ᠲᠣᠭᠲᠠᠮᠠᠯ  ᠳ᠋ᠢᠶᠠᠩᠬᠤᠸᠠ  ᠎ ᠶᠢᠨ  ᠪᠦᠷᠬᠦᠴᠡ  ᠎ ᠶᠢ 100%  ᠎ ᠳᠤ  ᠬᠦᠷᠭᠡᠨ᠎ᠡ  ᠃  ᠮᠡᠳᠡᠭᠡ  ᠵᠠᠩᠬᠢᠵᠢᠯᠲᠠ  ᠎ ᠶᠢᠨ  ᠠᠬᠢᠴᠠ  ᠎ ᠶᠢ  ᠲᠦᠷᠭᠡᠳᠬᠡᠵᠦ  ᠂  ᠮᠡᠳᠡᠭᠡ  ᠵᠠᠩᠭᠢ  ᠎ ᠶᠢᠨ  ᠰᠠᠭᠤᠷᠢ  ᠲᠣᠣᠷ  ᠰᠦᠯᠵᠢᠶ᠎ᠡ  ᠪᠠ  ᠮᠡᠳᠡᠭᠡ  ᠵᠠᠩᠭᠢ  ᠎ ᠶᠢᠨ  ᠲᠤᠭ᠎ᠠ  ᠪᠠᠷᠢᠮᠲᠠ  ᠎ ᠶᠢᠨ  ᠬᠥᠮᠥᠷᠭᠡ  ᠎ ᠶᠢᠨ  ᠪᠦᠲᠦᠭᠡᠨ  ᠪᠠᠶᠢᠭᠤᠯᠤᠯᠲᠠ  ᠎ ᠶᠢ  ᠴᠢᠩᠭᠠᠳᠬᠠᠵᠤ  ᠂  ᠲᠣᠣᠷ  ᠰᠦᠯᠵᠢᠶᠡᠨ  ᠳᠡᠭᠡᠷ᠎ᠡ  ᠬᠢᠨᠠᠨ  ᠴᠣᠬᠤᠯᠠᠪᠤᠷᠢᠯᠠᠬᠤ  ᠪᠠ  ᠵᠠᠰᠠᠭ  ᠎ ᠤᠨ  ᠮᠡᠳᠡᠭᠡ  ᠵᠠᠩᠭᠢ  ᠎ ᠶᠢᠨ  ᠲᠣᠣᠷ  ᠰᠦᠯᠵᠢᠶᠡᠨ  ᠎ ᠳᠤ  ᠭᠠᠷᠬᠤ  ᠎ ᠶᠢ  ᠬᠡᠷᠡᠭᠵᠢᠭᠦᠯᠵᠦ᠂  ᠪᠦᠬᠦ  ᠬᠤᠰᠢᠭᠤᠨ  ᠎ ᠤ  ᠡᠯᠧᠺᠲ᠋ᠤᠷᠤᠨᠴᠢᠯᠠᠬᠰᠠᠨ ᠵᠠᠰᠠᠭ  ᠎ ᠤᠨ  ᠶᠠᠪᠤᠳᠠᠯ  ᠎ ᠤᠨ  ᠲᠣᠣᠷ  ᠰᠦᠯᠵᠢᠶᠡᠨ  ᠎ ᠤ  ᠪᠦᠲᠦᠭᠡᠨ  ᠪᠠᠶᠢᠭᠤᠯᠤᠯᠲᠠ  ᠎ ᠶᠢ  ᠲᠦᠷᠭᠡᠳᠬᠡᠵᠦ  ᠂  ᠵᠦᠩ ᠰᠢᠶᠠᠨ  ᠺᠣᠮᠫᠠᠨᠢ  ᠎ ᠶᠢᠨ  ᠲᠠᠷᠢᠶᠠᠯᠠᠩ  ᠮᠠᠯ  ᠠᠵᠤ  ᠠᠬᠤᠢ  ᠎ ᠶᠢᠨ  ᠮᠡᠳᠡᠭᠡ  ᠵᠠᠩᠭᠢ  ᠎ ᠶᠢᠨ  ᠬᠠᠮᠢᠶᠠᠷᠤᠯᠲᠠ  ᠎ ᠶᠢᠨ  ᠲᠥᠪ  ᠎ ᠤᠨ  ᠪᠦᠲᠦᠭᠡᠨ  ᠪᠠᠶᠢᠭᠤᠯᠤᠯᠲᠠ  ᠎ ᠶᠢᠨ  ᠢᠨᠵᠧᠨᠧᠷᠢᠩ  ᠎ ᠢ  ᠳᠡᠮᠵᠢᠨ᠂  ᠮᠡᠳᠡᠭᠡ  ᠵᠠᠩᠬᠢᠵᠢᠯᠲᠠ  ᠎ ᠪᠠᠷ  ᠠᠵᠤ  ᠠᠬᠤᠢ  ᠨᠡᠶᠢᠭᠡᠮ  ᠎ ᠤᠨ  ᠬᠥᠭᠵᠢᠯᠲᠡ  ᠎ ᠶᠢ  ᠲᠦᠯᠬᠢᠨ  ᠠᠬᠢᠭᠤᠯᠬᠤ  ᠦᠢᠯᠡᠴᠢᠯᠡᠭᠡᠨ ᠤ  ᠴᠢᠳᠠᠪᠤᠷᠢ  ᠎ ᠪᠠᠨ  ᠳᠡᠭᠡᠭᠰᠢᠯᠡᠭᠦᠯᠦᠨ᠎ᠡ  ᠃         ︵ᠲᠠᠪᠤ︶  ᠬᠤᠲᠠ  ᠪᠠᠯᠭᠠᠰᠤᠨ  ᠎ ᠤ  ᠪᠦᠲᠦᠭᠡᠨ  ᠪᠠᠶᠢᠭᠤᠯᠤᠯᠲᠠ  ᠎ ᠶᠢᠨ  ᠠᠯᠬᠤᠴᠠ  ᠎ ᠪᠠᠨ  ᠲᠦᠷᠭᠡᠳᠬᠡᠨ᠎ᠡ  ᠃  ᠬᠤᠲᠠ  ᠎ ᠶᠢᠨ  ᠲᠥᠯᠥᠪᠵᠢᠭᠦᠯᠭᠡ  ᠎ ᠶᠢ  ᠵᠠᠰᠠᠮᠵᠢᠯᠠᠨ  ᠨᠠᠶᠢᠷᠠᠭᠤᠯᠬᠤ ᠠᠵᠢᠯ  ᠎ ᠢ  ᠰᠠᠶᠢᠲᠤᠷ  ᠬᠢᠨ᠎ᠡ  ᠃ ᠰᠢᠨ᠎ᠡ  ᠲᠣᠭᠤᠷᠢᠭ  ᠎ ᠤᠨ ᠡᠵᠡᠮᠰᠢᠯ ᠤᠨ  ᠴᠢᠨᠠᠷᠲᠠᠢ  ᠨᠠᠷᠢᠨ  ᠲᠥᠯᠥᠪᠵᠢᠭᠦᠯᠭᠡ  ᠂  ᠠᠵᠤ  ᠦᠢᠯᠡᠳᠪᠦᠷᠢ  ᠎ ᠶᠢᠨ  ᠲᠣᠭᠤᠷᠢᠭ  ᠎ ᠢ  ᠵᠠᠰᠠᠵᠤ  ᠪᠠᠶᠢᠭᠤᠯᠬᠤ ᠨᠠᠷᠢᠨ  ᠲᠥᠯᠥᠪᠵᠢᠭᠦᠯᠭᠡ  ᠂  ᠰᠢᠶᠠᠨ  ᠎ ᠤ  ᠬᠡᠪᠴᠢᠶᠡᠨ  ᠎ ᠳᠠᠬᠢ ᠲᠣᠰᠬᠤᠨ  ᠪᠠᠯᠭᠠᠰᠤᠨ  ᠎ ᠤ  ᠰᠢᠰᠲ᠋ᠧᠮ  ᠎ ᠤᠨ  ᠲᠥᠯᠥᠪᠵᠢᠭᠦᠯᠭᠡ  ᠪᠣᠯᠣᠨ  ᠬᠤᠲᠠ  ᠪᠠᠯᠭᠠᠰᠤᠨ  ᠎ ᠤ  ᠤᠷᠭᠤᠮᠠᠯ  ᠎ ᠤᠨ  ᠪᠦᠷᠬᠦᠴᠡᠲᠦ  ᠭᠠᠵᠠᠷ  ᠂  ᠵᠠᠮ  ᠂  ᠭᠡᠷᠡᠯᠲᠦᠭᠦᠯᠭᠡ  ᠂ ᠨᠡᠶᠢᠲᠡ  ᠎ ᠶᠢᠨ  ᠵᠠᠮ  ᠬᠠᠷᠢᠯᠴᠠᠭ᠎ᠠ  ᠂  ᠤᠰᠤ  ᠬᠠᠩᠭᠠᠬᠤ  ᠲᠠᠲᠠᠷᠠᠭᠤᠯᠬᠤ  ᠵᠡᠷᠭᠡ  ᠲᠤᠰᠬᠠᠢ  ᠲᠥᠯᠥᠪᠵᠢᠭᠦᠯᠭᠡ  ᠎ ᠶᠢ  ᠥᠨᠳᠥᠷ  ᠴᠡᠭ  ᠂  ᠥᠨᠳᠥᠷ  ᠪᠠᠷᠢᠮᠵᠢᠶ᠎ᠠ  ᠎ ᠪᠠᠷ  ᠨᠠᠶᠢᠷᠠᠭᠤᠯᠤᠨ  ᠵᠣᠬᠢᠶᠠᠨ᠎ᠠ  ᠃  ᠲᠥᠯᠥᠪᠵᠢᠭᠦᠯᠭᠡ  ᠎ ᠶᠢᠨ  ᠲᠥᠪ  ᠴᠢᠩᠭ᠎ᠠ ᠴᠢᠨᠠᠷ  ᠪᠣᠯᠣᠨ ᠡᠷᠬᠡ ᠬᠦᠴᠦᠨᠲᠦ ᠴᠢᠨᠠᠷ ᠢ ᠬᠠᠮᠠᠭᠠᠯᠠᠵᠤ᠂ ᠲᠥᠯᠥᠪᠵᠢᠭᠦᠯᠭᠡ ᠶᠢ ᠬᠡᠷᠡᠭᠵᠢᠭᠦᠯᠬᠦ᠂ ᠪᠦᠲᠦᠭᠡᠨ ᠪᠠᠶᠢᠭᠤᠯᠤᠯᠲᠠ ᠶᠢ  ᠬᠢᠨᠠᠨ ᠵᠥᠪᠰᠢᠶᠡᠷᠡᠬᠦ  ᠂  ᠬᠢᠨᠠᠯᠲᠠ ᠲᠠᠯᠪᠢᠵᠤ  ᠬᠠᠮᠢᠶᠠᠷᠬᠤ  ᠎ ᠶᠢ ᠦᠨᠡᠨ ᠬᠦ  ᠬᠡᠷᠡᠭᠵᠢᠭᠦᠯᠦᠨ᠎ᠡ᠃          ᠬᠤᠲᠠ  ᠪᠠᠯᠭᠠᠰᠤᠨ ᠤ  ᠰᠠᠭᠤᠷᠢ  ᠲᠥᠬᠦᠭᠡᠷᠦᠮᠵᠢ  ᠎ ᠶᠢᠨ  ᠪᠠᠶᠢᠭᠤᠯᠤᠯᠲᠠ  ᠎ ᠶᠢ  ᠲᠡᠭᠦᠯᠳᠡᠷᠵᠢᠭᠦᠯᠦᠨ᠎ᠡ  ᠃  ᠤᠰᠤ  ᠬᠠᠩᠭᠠᠬᠤ  ᠂  ᠬᠡᠢ  ᠬᠠᠩᠭᠠᠬᠤ  ᠂  ᠪᠤᠵᠠᠷ  ᠤᠰᠤ  ᠬᠤᠭ  ᠨᠣᠪᠰᠢ  ᠎ ᠶᠢ  ᠰᠢᠢᠳᠪᠦᠷᠢᠯᠡᠬᠦ  ᠵᠡᠷᠭᠡ  ᠲᠠᠯ᠎ᠠ  ᠎ ᠶᠢᠨ  ᠣᠯᠠᠨ  ᠲᠦᠮᠡᠨ  ᠎ ᠤ  ᠠᠮᠢᠳᠤᠷᠠᠯ  ᠎ ᠯᠤᠭ᠎ᠠ  ᠨᠢᠭᠲᠠ  ᠬᠤᠯᠪᠣᠭᠳᠠᠬᠤ  ᠨᠡᠶᠢᠭᠡᠮ  ᠨᠡᠶᠢᠲᠡ  ᠎ ᠶᠢᠨ  ᠰᠠᠭᠤᠷᠢ  ᠲᠥᠬᠦᠭᠡᠷᠦᠮᠵᠢ  ᠎ ᠶᠢᠨ  ᠪᠠᠶᠢᠭᠤᠯᠤᠯᠲᠠ  ᠎ ᠶᠢ  ᠲᠠᠰᠤᠷᠠᠯᠲᠠ  ᠦᠭᠡᠢ  ᠴᠢᠩᠭᠠᠳᠬᠠᠨ᠎ᠠ  ᠃  ᠪᠤᠤᠴᠠᠩ  ᠪᠠᠯᠭᠠᠰᠤᠨ  ᠎ ᠤ  ᠪᠦᠲᠦᠭᠡᠨ  ᠪᠠᠶᠢᠭᠤᠯᠤᠯᠲᠠ  ᠎ ᠶᠢᠨ  ᠶᠡᠷᠦᠩᠬᠡᠢ  ᠲᠥᠯᠥᠪᠵᠢᠭᠦᠯᠭᠡ  ᠶᠣᠰᠣᠭᠠᠷ  ᠂  ᠰᠢᠨ᠎ᠡ  ᠲᠣᠭᠤᠷᠢᠭ  ᠎ ᠤᠨ  ᠪᠠᠶᠢᠭᠤᠯᠤᠯᠲᠠ  ᠪᠣᠯᠣᠨ  ᠬᠤᠲᠠ ᠳᠣᠲᠣᠷᠠᠬᠢ  ᠲᠣᠰᠬᠤᠨ  ᠎ ᠤ ᠥᠭᠡᠷᠡᠴᠢᠯᠡᠯᠲᠡ ᠶᠢ ᠬᠢᠵᠦ᠂     ᠲᠣᠰᠣᠨ ᠵᠠᠮ ᠢ ᠵᠠᠰᠠᠵᠤ ᠥᠷᠭᠡᠳᠬᠡᠨ ᠪᠠᠶᠢᠭᠤᠯᠬᠤ  ᠂ ᠽᠧᠮᠧᠨ᠋ᠲ ᠵᠠᠮ  ᠎ ᠤᠨ  ᠬᠠᠲᠠᠭᠤᠷᠠᠭᠤᠯᠤᠯᠲᠠ᠂ ᠵᠠᠮ  ᠎ ᠤᠨ  ᠬᠤᠶᠠᠷ  ᠬᠠᠵᠠᠭᠤ  ᠎ ᠶᠢ ᠳᠡᠪᠢᠰᠦᠨ  ᠴᠢᠮᠡᠭᠯᠡᠬᠦ  ᠵᠡᠷᠭᠡ  ᠢᠨᠵᠧᠨᠧᠷᠢᠩ  ᠎ ᠢ  ᠭᠤᠣᠯᠳᠠᠯᠭ᠎ᠠ  ᠎ ᠲᠠᠢ  ᠠᠳᠬᠤᠨ᠎ᠠ  ᠃  ᠪᠤᠤᠴᠠᠩ  ᠪᠠᠯᠭᠠᠰᠤᠨ  ᠎ ᠤ  ᠪᠠᠷᠠᠭᠤᠨ  ᠬᠥᠭᠦᠷᠭᠡ  ᠎ ᠶᠢ  ᠵᠠᠰᠠᠵᠤ  ᠥᠷᠭᠡᠳᠬᠡᠨ᠎ᠡ  ᠃ ᠵᠡᠭᠡᠯᠢ  ᠎ ᠶᠢᠨ  ᠬᠠᠵᠠᠭᠤ  ᠎ ᠶᠢᠨ  ᠬᠤᠳᠠᠯᠳᠤᠭᠠᠨ ᠤ  ᠫᠦᠰᠡ ᠶᠢᠨ  ᠨᠡᠭᠡᠭᠡᠨ  ᠠᠰᠢᠭᠯᠠᠯᠲᠠ  ᠪᠠ  ᠥᠭᠡᠷᠡᠴᠢᠯᠡᠨ  ᠪᠠᠶᠢᠭᠤᠯᠤᠯᠲᠠ  ᠎ ᠶᠢᠨ  ᠬᠦᠴᠦᠯᠡᠴᠡ  ᠎ ᠶᠢ  ᠴᠢᠩᠭᠠᠳᠬᠠᠵᠤ  ᠂  ᠭᠤᠣᠯ  ᠵᠡᠭᠡᠯᠢ  ᠎ ᠶᠢ  ᠭᠤᠸᠠᠯᠢᠬᠵᠢᠭᠤᠯᠤᠨ  ᠰᠠᠷᠠᠭᠤᠯᠵᠢᠭᠤᠯᠤᠨ᠎ᠠ  ᠃  ᠬᠤᠲᠠ ᠪᠠᠯᠭᠠᠰᠤᠨ  ᠎ ᠤ ᠨᠣᠭᠤᠭᠠᠷᠠᠭᠤᠯᠤᠯᠲᠠ  ᠎ ᠶᠢ  ᠰᠠᠶᠢᠲᠤᠷ ᠬᠢᠵᠦ᠂ ᠰᠢ  ᠱᠠᠨ  ᠠᠮᠢ  ᠠᠬᠤᠢ  ᠎ ᠶᠢᠨ  ᠴᠡᠴᠡᠷᠯᠢᠭ  ᠂  ᠵᠢᠶᠧ ᠹᠠᠩ ᠪᠠᠷᠠᠭᠤᠨ ᠵᠡᠭᠡᠯᠢ ᠪᠠ  ᠵᠠᠰᠠᠭ  ᠵᠠᠬᠢᠷᠭᠠᠨ  ᠎ ᠤ  ᠠᠯᠪᠠᠨ  ᠠᠰᠠᠷ  ᠎ ᠤᠨ  ᠵᠡᠭᠦᠨ  ᠲᠣᠭᠤᠷᠢᠭ  ᠎ ᠤᠨ  ᠰᠡᠯᠡᠭᠦᠴᠡᠯ  ᠎ ᠤᠨ  ᠠᠭᠤᠳᠠᠮ  ᠲᠠᠯᠠᠪᠠᠢ  ᠎ ᠶᠢᠨ  ᠨᠣᠭᠤᠭᠠᠷᠠᠭᠤᠯᠤᠯᠲᠠ  ᠎ ᠶᠢᠨ  ᠢᠨᠵᠧᠨᠧᠷᠢᠩ  ᠎ ᠢ  ᠬᠡᠷᠡᠭᠵᠢᠭᠦᠯᠤᠨ᠎ᠠ  ᠃         ᠬᠤᠲᠠ  ᠪᠠᠯᠭᠠᠰᠤᠨ  ᠎ ᠤ ᠬᠠᠮᠢᠶᠠᠷᠤᠯᠲᠠ ᠶᠢ  ᠴᠢᠩᠭᠠᠳᠬᠠᠨ᠎ᠠ  ᠃  ᠪᠠᠶᠢᠭᠤᠯᠬᠤ  ᠪᠠ  ᠬᠠᠮᠢᠶᠠᠷᠬᠤ  ᠎ ᠶᠢ  ᠵᠡᠷᠭᠡ  ᠎ ᠪᠠᠷ  ᠠᠳᠬᠤᠵᠤ  ᠂  ᠨᠠᠷᠢᠯᠢᠭᠵᠢᠭᠰᠠᠨ  ᠬᠠᠮᠢᠶᠠᠷᠤᠯᠲᠠ  ᠎ ᠶᠢ  ᠠᠬᠢᠭᠤᠯᠵᠤ  ᠂  ᠲᠥᠪᠯᠡᠷᠡᠭᠦᠯᠦᠨ  ᠴᠡᠭᠴᠡᠯᠡᠬᠦ  ᠠᠵᠢᠯ  ᠎ ᠢ  ᠦᠷᠭᠦᠯᠵᠢᠯᠡᠨ  ᠥᠷᠨᠢᠭᠦᠯᠵᠦ  ᠂  ᠬᠤᠲᠠ  ᠪᠠᠯᠭᠠᠰᠤᠨ  ᠎ ᠤ  ᠬᠠᠮᠢᠶᠠᠷᠤᠯᠲᠠ  ᠎ ᠶᠢ  ᠬᠦᠴᠦᠨ  ᠎ ᠢᠶᠠᠨ  ᠲᠥᠪᠯᠡᠷᠡᠭᠦᠯᠦᠨ  ᠰᠠᠶᠢᠲᠤᠷ  ᠬᠢᠨ᠎ᠡ  ᠃  ᠬᠤᠲᠠ  ᠪᠠᠯᠭᠠᠰᠤᠨ  ᠎ ᠤ  ᠬᠢᠨᠠᠨ  ᠪᠠᠶᠢᠴᠠᠭᠠᠬᠤ  ᠠᠩᠭᠢ  ᠎ ᠶᠢᠨ  ᠡᠩᠨᠡᠭᠡᠨ  ᠎ ᠤ  ᠪᠠᠶᠢᠭᠤᠯᠤᠯᠲᠠ  ᠎ ᠶᠢ  ᠴᠢᠩᠭᠠᠳᠬᠠᠵᠤ᠂  ᠶᠡᠷᠦᠩᠬᠡᠶᠢᠯᠡᠭᠰᠡᠨ  ᠬᠠᠤᠯᠢ  ᠬᠡᠷᠡᠭᠵᠢᠭᠦᠯᠬᠦ  ᠬᠦᠴᠦᠯᠡᠴᠡ  ᠎ ᠪᠠᠨ  ᠴᠢᠩᠭᠠᠳᠬᠠᠵᠤ  ᠂ ᠬᠠᠮᠢᠶᠠᠷᠤᠯᠲᠠ ᠪᠠᠷ ᠪᠠᠶᠢᠭᠤᠯᠤᠯᠲᠠ  ᠎ ᠪᠠᠨ  ᠠᠬᠢᠭᠤᠯᠵᠤ  ᠂  ᠬᠠᠮᠢᠶᠠᠷᠤᠯᠲᠠ  ᠪᠠᠶᠢᠭᠤᠯᠤᠯᠲᠠ  ᠎ ᠪᠠᠨ  ᠤᠶᠠᠯᠳᠤᠭᠤᠯᠵᠤ  ᠂ ᠨᠢᠭᠡᠳᠦᠯᠲᠡᠢ ᠲᠥᠯᠥᠪᠵᠢᠭᠦᠯᠭᠡ  ᠎ ᠶᠢ  ᠬᠠᠪᠰᠤᠷᠭᠠᠨ᠎ᠠ᠃ ᠬᠤᠲᠠ  ᠬᠥᠳᠡᠭᠡ  ᠎ ᠶᠢᠨ  ᠠᠭᠤᠯᠵᠠᠷ  ᠎ ᠲᠠᠬᠢ ᠵᠠᠰᠠᠯᠲᠠ ᠶᠢ  ᠴᠢᠩᠭᠠᠳᠬᠠᠵᠤ  ᠂ ᠠᠳᠠᠯ  ᠠᠬᠤᠢ  ᠎ ᠶᠢᠨ  ᠬᠠᠮᠢᠶᠠᠷᠤᠯᠲᠠ ᠶᠢᠨ  ᠳᠠᠭᠠᠭᠠᠴᠢᠯᠠᠯᠲᠠ  ᠵᠠᠷᠯᠠᠬᠤ  ᠳᠦᠷᠢᠮᠵᠢᠯ  ᠎ ᠢ  ᠤᠯᠠᠮ  ᠨᠢᠭᠡ  ᠠᠯᠬᠤᠮ  ᠲᠡᠭᠦᠯᠳᠡᠷᠵᠢᠭᠦᠯᠵᠦ  ᠂  ᠠᠳᠠᠯ  ᠠᠬᠤᠢ  ᠎ ᠶᠢᠨ  ᠬᠠᠮᠢᠶᠠᠷᠤᠯᠲᠠ  ᠎ ᠶᠢᠨ  ᠲᠦᠪᠰᠢᠨ  ᠎ ᠢ  ᠳᠡᠭᠡᠭᠰᠢᠯᠡᠭᠦᠯᠦᠨ᠎ᠡ  ᠃           ᠵᠢᠵᠢᠭ  ᠬᠤᠲᠠ  ᠪᠠᠯᠭᠠᠰᠤᠨ  ᠎ ᠤ  ᠪᠦᠲᠦᠭᠡᠨ  ᠪᠠᠶᠢᠭᠤᠯᠤᠯᠲᠠ  ᠎ ᠶᠢ  ᠠᠬᠢᠭᠤᠯᠤᠨ᠎ᠠ  ᠃ ᠵᠢᠵᠢᠭ  ᠬᠤᠲᠠ  ᠪᠠᠯᠭᠠᠰᠤᠨ  ᠎ ᠤ  ᠪᠦᠲᠦᠭᠡᠨ  ᠪᠠᠶᠢᠭᠤᠯᠤᠯᠲᠠ  ᠎ ᠶᠢ ᠰᠢᠨ᠎ᠡ  ᠬᠥᠳᠡᠭᠡ  ᠲᠣᠰᠬᠤᠨ  ᠂  ᠰᠢᠨ᠎ᠡ  ᠮᠠᠯᠵᠢᠬᠤ  ᠣᠷᠣᠨ  ᠎ ᠤ  ᠪᠦᠲᠦᠭᠡᠨ  ᠪᠠᠶᠢᠭᠤᠯᠤᠯᠲᠠ  ᠎ ᠯᠤᠭ᠎ᠠ  ᠤᠶᠠᠯᠳᠤᠭᠤᠯᠵᠤ  ᠂  ᠪᠡᠯᠡ  ᠮᠥᠩᠭᠦ  ᠎ ᠪᠠᠨ  ᠤᠶᠠᠯᠳᠤᠭᠤᠯᠵᠤ  ᠂  ᠲᠥᠷᠥᠯ  ᠵᠦᠢᠯ  ᠎ ᠢᠶᠠᠨ  ᠤᠶᠠᠯᠳᠤᠭᠤᠯᠵᠤ  ᠂  ᠣᠷᠤᠭᠤᠯᠤᠯᠲᠠ  ᠎ ᠪᠠᠨ  ᠶᠡᠬᠡᠰᠬᠡᠵᠦ  ᠂  ᠤᠰᠤ  ᠂  ᠴᠠᠬᠢᠯᠭᠠᠨ  ᠂  ᠵᠠᠮ  ᠂  ᠨᠠᠮᠤᠭ  ᠎ ᠤᠨ  ᠬᠡᠢ  ᠵᠢᠴᠢ  ᠬᠤᠲᠠ  ᠎ ᠶᠢᠨ  ᠪᠠᠶᠢᠭᠤᠯᠤᠯᠲᠠ  ᠎ ᠪᠠᠷ  ᠭᠤᠣᠯᠳᠠᠯᠭ᠎ᠠ  ᠪᠣᠯᠭᠠᠨ  ᠂  ᠵᠢᠵᠢᠭ  ᠬᠤᠲᠠ  ᠪᠠᠯᠭᠠᠰᠤᠨ  ᠎ ᠤ  ᠭᠤᠸᠠᠯᠢᠬᠵᠢᠭᠤᠯᠤᠯᠲᠠ  ᠂  ᠰᠠᠷᠠᠭᠤᠯᠵᠢᠭᠤᠯᠤᠯᠲᠠ  ᠂  ᠴᠡᠪᠡᠷᠰᠢᠭᠦᠯᠦᠯᠲᠡ  ᠎ ᠶᠢᠨ  ᠢᠨᠵᠧᠨᠧᠷᠢᠩ  ᠎ ᠢ  ᠢᠳᠡᠪᠬᠢᠲᠡᠢ  ᠠᠬᠢᠭᠤᠯᠵᠤ  ᠂ ᠲᠡᠰ ᠳᠠᠪᠬᠤᠷᠭ᠎ᠠ  ᠎ ᠶᠢ  ᠥᠨᠳᠥᠷᠵᠢᠭᠦᠯᠦᠨ  ᠂  ᠴᠢᠳᠠᠪᠬᠢ  ᠎ ᠪᠠᠨ  ᠪᠦᠷᠢᠨᠰᠢᠭᠦᠯᠵᠦ  ᠂  ᠵᠢᠵᠢᠭ  ᠬᠤᠲᠠ  ᠪᠠᠯᠭᠠᠰᠤᠨ  ᠎ ᠤ  ᠬᠦᠷᠢᠶ᠎ᠡ  ᠬᠡᠪᠴᠢᠶ᠎ᠡ  ᠎ ᠪᠠᠨ  ᠲᠠᠰᠤᠷᠠᠯᠲᠠ  ᠦᠭᠡᠢ  ᠪᠤᠵᠠᠭᠠᠶᠢᠷᠠᠭᠤᠯᠤᠨ᠎ᠠ  ᠃ ᠰᠢᠶᠠᠩ  ᠪᠠᠯᠭᠠᠰᠤᠨ  ᠎ ᠤ ᠪᠣᠯᠪᠠᠰᠤᠨ ᠢ  ᠡᠭᠦᠳᠦᠨ  ᠪᠠᠶᠢᠭᠤᠯᠬᠤ  ᠠᠯᠬᠤᠴᠠ ᠪᠠᠨ  ᠲᠦᠷᠭᠡᠳᠬᠡᠵᠦ  ᠂  ᠨᠥᠬᠦᠴᠡᠯ  ᠪᠦᠷᠢᠯᠳᠦᠭᠰᠡᠨ  ᠰᠤᠮᠤ  ᠰᠢᠶᠠᠩ  ᠪᠠᠯᠭᠠᠰᠤᠨ  ᠎ ᠳᠤ  ᠬᠤᠶᠠᠷ  ᠪᠣᠯᠪᠠᠰᠤᠨ  ᠎ ᠤ  ᠪᠠᠶᠢᠭᠤᠯᠤᠯᠲᠠ  ᠎ ᠶᠢᠨ  ᠲᠤᠬᠠᠢ  ᠎ ᠶᠢᠨ  ᠲᠠᠯᠠᠪᠤᠷ  ᠎ ᠤᠨ  ᠬᠤᠷᠠᠯ  ᠎ ᠢ  ᠦᠷᠭᠦᠯᠵᠢᠯᠡᠨ  ᠬᠤᠷᠠᠯᠳᠤᠭᠤᠯᠤᠨ᠎ᠠ  ᠃           ︵ᠵᠢᠷᠭᠤᠭ᠎ᠠ︶  ᠭᠤᠷᠪᠠᠳᠤᠭᠠᠷ  ᠠᠵᠤ  ᠦᠢᠯᠡᠰ  ᠎ ᠤᠨ  ᠬᠥᠭᠵᠢᠯᠲᠡ  ᠎ ᠶᠢ  ᠲᠦᠷᠭᠡᠳᠬᠡᠨ᠎ᠡ  ᠃  ᠳᠤᠮᠳᠠᠳᠤ  ᠤᠯᠤᠰ  ᠎ ᠤᠨ  ᠮᠣᠷᠢᠨ  ᠮᠡᠷᠭᠡᠵᠢᠯ  ᠎ ᠤᠨ  ᠨᠡᠶᠢᠭᠡᠮᠯᠢᠭ  ᠂  ᠠᠳᠤᠭᠤᠨ  ᠦᠢᠯᠡᠰ  ᠎ ᠤᠨ  ᠨᠡᠶᠢᠭᠡᠮᠯᠢᠭ  ᠎ ᠯᠦᠭᠡ  ᠎ ᠶᠢᠨ ᠬᠠᠮᠵᠢᠯᠴᠠᠭ᠎ᠠ ᠪᠠᠨ  ᠴᠢᠩᠭᠠᠳᠬᠠᠵᠤ  ᠂ ᠮᠠᠯᠴᠢᠳ  ᠎ ᠤᠨ  ᠬᠠᠭᠠᠨ  ᠎ ᠤ  ᠠᠳᠤᠭᠤᠨ ᠨᠡᠶᠢᠭᠡᠮᠯᠢᠭ  ᠎ ᠤᠨ  ᠬᠥᠭᠵᠢᠯᠲᠡ  ᠎ ᠶᠢ  ᠲᠡᠳᠬᠦᠵᠦ  ᠂  ᠮᠠᠯᠴᠢᠳ  ᠎ ᠢ  ᠳᠡᠮᠵᠢᠵᠦ  ᠂ ᠮᠣᠩᠭᠤᠯ  ᠠᠳᠤᠭᠤᠨ  ᠎ ᠤ  ᠡᠭᠦᠯᠳᠡᠷ ᠰᠠᠶᠢᠵᠢᠷᠠᠭᠤᠯᠬᠤ  ᠰᠠᠭᠤᠷᠢᠨ  ᠭᠠᠵᠠᠷ  ᠂  ᠠᠳᠤᠭᠤ  ᠠᠷᠠᠴᠢᠯᠠᠬᠤ  ᠰᠠᠭᠤᠷᠢᠨ  ᠭᠠᠵᠠᠷ  ᠎ ᠢ  ᠬᠥᠭᠵᠢᠭᠦᠯᠦᠨ  ᠂  ᠮᠠᠯᠴᠢᠨ  ᠲᠠᠷᠢᠶᠠᠴᠢᠨ  ᠎ ᠳᠤ  ᠵᠠᠮᠴᠢᠯᠠᠨ  ᠂ ᠠᠳᠤᠭᠤ  ᠮᠠᠯᠵᠢᠵᠤ  ᠂  ᠮᠣᠷᠢ  ᠰᠤᠷᠭᠠᠬᠤ  ᠠᠵᠢᠯ  ᠎ ᠢ  ᠢᠳᠡᠪᠬᠢᠲᠡᠢ  ᠬᠢᠯᠭᠡᠵᠦ  ᠂ ᠥᠷᠭᠡᠨ  ᠣᠯᠠᠨ  ᠮᠠᠯᠴᠢᠨ  ᠲᠠᠷᠢᠶᠠᠴᠢᠳ ᠢ  ᠳᠠᠶᠢᠴᠢᠯᠠᠨ  ᠴᠢᠨᠡᠭᠡᠯᠢᠭ  ᠎ ᠲᠤ  ᠬᠦᠷᠭᠡᠨ᠎ᠠ  ᠃  ᠲᠠᠶᠢᠹᠤᠰᠧ  ᠬᠤᠰᠢᠭᠤᠨ  ᠎ ᠤ  ᠡᠶ᠎ᠡ  ᠵᠣᠬᠢᠴᠡᠯᠲᠠᠢ  ᠠᠮᠢ  ᠠᠬᠤᠢ  ᠎ ᠶᠢᠨ  ᠠᠵᠤ  ᠦᠢᠯᠡᠰ  ᠎ ᠤᠨ  ᠵᠤᠭᠠᠴᠠᠯ  ᠎ ᠤᠨ  ᠣᠷᠣᠨ  ᠎ ᠤ  ᠣᠷᠣᠰ  ᠎ ᠤᠨ  ᠬᠡᠪ  ᠨᠠᠮᠪᠠᠲᠤ  ᠵᠢᠵᠢᠭ  ᠪᠠᠯᠭᠠᠰᠤ  ᠵᠡᠷᠭᠡ  ᠭᠤᠷᠪᠠᠨ  ᠲᠥᠷᠥᠯ  ᠎ ᠤᠨ  ᠢᠨᠵᠧᠨᠧᠷᠢᠩ  ᠎ ᠶᠢᠨ  ᠪᠦᠲᠦᠭᠡᠨ  ᠪᠠᠶᠢᠭᠤᠯᠤᠯᠲᠠ  ᠎ ᠶᠢ  ᠪᠡᠶᠡᠯᠡᠭᠦᠯᠵᠦ  ᠂ ᠲᠠᠶᠢᠹᠤᠰᠧ  ᠬᠤᠰᠢᠭᠤᠨ  ᠎ ᠤ  ᠬᠠᠭᠠᠨ  ᠎ ᠤ  ᠠᠳᠤᠭᠤᠨ  ᠬᠦᠷᠢᠶᠡᠯᠡᠩ  ᠎ ᠤᠨ  ᠵᠤᠭᠠᠴᠠᠯ  ᠎ ᠤᠨ  ᠲᠥᠬᠦᠭᠡᠷᠦᠮᠵᠢ  ᠎ ᠶᠢ  ᠪᠦᠷᠢᠨᠰᠢᠭᠦᠯᠦᠨ᠎ᠡ  ᠃  ︽ᠵᠢᠩ  ᠵᠢᠢ ︾  ᠠᠪᠠ  ᠎ ᠶᠢᠨ  ᠲᠠᠯᠠᠪᠠᠢ  ᠎ ᠶᠢᠨ  ᠪᠦᠲᠦᠭᠡᠨ  ᠪᠠᠶᠢᠭᠤᠯᠤᠯᠲᠠ  ᠎ ᠶᠢ  ᠪᠡᠶᠡᠯᠡᠭᠦᠯᠵᠦ  ᠂  ᠵᠢᠯ  ᠎ ᠤᠨ  ᠳᠣᠲᠣᠷ᠎ᠠ  ᠡᠬᠢᠯᠡᠨ  ᠡᠵᠡᠩᠨᠡᠬᠦ  ᠎ ᠪᠠᠷ  ᠴᠢᠷᠮᠠᠶᠢᠨ᠎ᠠ  ᠃  ᠲᠤᠬᠠᠶᠢᠯᠠᠭᠰᠠᠨ  ᠠᠵᠢᠯ  ᠲᠥᠷᠥᠯ  ᠎ ᠤᠨ  ᠬᠠᠮᠢᠶᠠᠷᠤᠯᠲᠠ  ᠎ ᠶᠢ  ᠴᠢᠩᠭᠠᠳᠬᠠᠵᠤ  ᠂  ︽ᠮᠠᠯᠴᠢᠨ  ᠠᠶᠢᠯ︾  ᠎ ᠤᠨ  ᠦᠢᠯᠡᠴᠢᠯᠡᠭᠡᠨ  ᠎ ᠤ  ᠲᠦᠪᠰᠢᠨ  ᠪᠠ  ᠴᠢᠨᠠᠷ  ᠲᠡᠰ  ᠎ ᠢ  ᠳᠡᠭᠡᠭᠰᠢᠯᠡᠭᠦᠯᠵᠦ  ᠂  ︽ᠨᠦᠩ  ᠵᠢᠶ᠋ᠨ ᠯᠧ︾  ᠪᠣᠯᠣᠨ  ᠠᠮᠢ  ᠠᠬᠤᠢ  ᠎ ᠶᠢᠨ  ᠲᠠᠷᠢᠶᠠᠯᠠᠩ  ᠎ ᠤᠨ  ᠵᠤᠭᠠᠴᠠᠯ  ᠎ ᠢ  ᠲᠥᠯᠥᠪᠯᠡᠨ  ᠭᠠᠷᠭᠠᠨ᠎ᠠ  ᠃  ᠪᠦᠬᠦ  ᠵᠢᠯ  ᠎ ᠳᠤ  ᠨᠡᠶᠢᠲᠡ 15 ᠲᠦᠮᠡᠨ  ᠵᠤᠭᠠᠴᠠᠭᠰᠠᠳ  ᠎ ᠢ  ᠬᠦᠯᠢᠶᠡᠨ  ᠵᠣᠴᠢᠯᠠᠵᠤ  ᠂  ᠵᠤᠭᠠᠴᠠᠯ  ᠎ ᠤᠨ  ᠣᠷᠣᠯᠭ᠎ᠠ  ᠎ ᠶᠢ 7500 ᠲᠦᠮᠡᠨ ᠲᠥᠭᠦᠷᠢᠭ  ᠎ ᠲᠤ  ᠬᠦᠷᠭᠡᠨ᠎ᠡ  ᠃           ᠶᠡᠷᠦᠩᠬᠡᠶᠢᠯᠡᠭᠰᠡᠨ  ᠦᠢᠯᠡᠴᠢᠯᠡᠭᠡᠨ  ᠎ ᠤ ᠴᠢᠳᠠᠪᠬᠢ  ᠎ ᠪᠠᠨ  ᠳᠡᠭᠡᠭᠰᠢᠯᠡᠭᠦᠯᠬᠦ  ᠪᠠ  ᠦᠢᠯᠡᠴᠢᠯᠡᠭᠡᠨ  ᠎ ᠤ  ᠲᠦᠪᠰᠢᠨ  ᠎ ᠢᠶᠠᠨ  ᠳᠡᠭᠡᠭᠰᠢᠯᠡᠭᠦᠯᠬᠦ  ᠎ ᠪᠠᠷ  ᠬᠠᠷᠠᠯᠲᠠ  ᠪᠣᠯᠭᠠᠵᠤ  ᠂  ᠦᠢᠯᠡᠴᠢᠯᠡᠭᠡᠨ  ᠎ ᠤ  ᠦᠢᠯᠡᠰ  ᠎ ᠢ  ᠶᠡᠭᠡ  ᠎ ᠪᠠᠷ  ᠬᠥᠭᠵᠢᠭᠦᠯᠦᠨ᠎ᠡ  ᠃  ᠠᠷᠠᠯᠵᠢᠶ᠎ᠠ  ᠬᠤᠳᠠᠯᠳᠤᠭ᠎ᠠ  ᠂  ᠭᠦᠢᠯᠭᠡᠭᠡᠨ  ᠎ ᠤ  ᠰᠢᠰᠲ᠋ᠧᠮ  ᠎ ᠤᠨ  ᠪᠦᠲᠦᠭᠡᠨ  ᠪᠠᠶᠢᠭᠤᠯᠤᠯᠲᠠ  ᠎ ᠶᠢ  ᠲᠦᠷᠭᠡᠳᠬᠡᠵᠦ᠂  ᠠᠷᠠᠯᠵᠢᠶ᠎ᠠ  ᠭᠦᠢᠯᠭᠡᠭᠡᠨ ᠤ ᠦᠢᠯᠡᠰ ᠢ ᠪᠤᠵᠠᠭᠠᠶᠢᠷᠠᠭᠤᠯᠤᠨ᠂ ᠠᠷᠠᠯᠵᠢᠶᠠᠴᠢᠨ  ᠤᠷᠢᠵᠤ  ᠪᠡᠯᠡ  ᠲᠠᠲᠠᠬᠤ  ᠬᠦᠴᠦᠯᠡᠴᠡ  ᠎ ᠪᠠᠨ  ᠶᠡᠬᠡᠰᠬᠡᠵᠦ  ᠂  ᠨᠡᠭᠦᠷᠡᠰᠦᠨ  ᠎ ᠤ  ᠵᠠᠬ᠎ᠠ  ᠳᠡᠯᠭᠡᠭᠦᠷ  ᠂  ᠪᠠᠷᠢᠯᠭ᠎ᠠ ᠶᠢᠨ ᠮᠠᠲ᠋ᠧᠷᠢᠶᠠᠯ ᠤᠨ ᠡᠵᠡᠩᠨᠡᠨ ᠪᠣᠷᠣᠯᠠᠭᠤᠯᠭ᠎ᠠ  ᠎ ᠶᠢᠨ  ᠵᠠᠬ᠎ᠠ  ᠳᠡᠯᠭᠡᠭᠦᠷ  ᠎ ᠢ  ᠪᠠᠶᠢᠭᠤᠯᠤᠨ᠎ᠠ  ᠃  ︽ᠲᠦᠮᠡᠨ  ᠲᠣᠰᠬᠤᠨ  ᠮᠢᠩᠭᠠᠨ  ᠰᠢᠶᠠᠩ︾  ᠎ ᠤᠨ  ᠵᠠᠬ᠎ᠠ  ᠳᠡᠯᠭᠡᠭᠦᠷ  ᠎ ᠤᠨ  ᠢᠨᠵᠧᠨᠧᠷᠢᠩ  ᠎ ᠢ  ᠦᠷᠭᠦᠯᠵᠢᠯᠡᠨ  ᠰᠠᠶᠢᠲᠤᠷ  ᠠᠳᠬᠤᠵᠤ  ᠂  ᠬᠤᠰᠢᠭᠤᠨ  ᠎ ᠠᠴᠠ  ᠰᠤᠮᠤ  ᠰᠢᠶᠠᠩ  ᠪᠠᠯᠭᠠᠰᠤ  ᠂  ᠰᠤᠮᠤ  ᠰᠢᠶᠠᠩ  ᠪᠠᠯᠭᠠᠰᠤᠨ  ᠎ ᠠᠴᠠ  ᠭᠠᠴᠠᠭ᠎ᠠ  ᠲᠣᠰᠬᠤᠨ  ᠎ ᠳᠤ  ᠬᠦᠷᠬᠦ  ᠲᠥᠬᠦᠮ  ᠳᠥᠲᠡ  ᠂  ᠥᠨᠳᠥᠷ ᠠᠰᠢᠭᠲᠤ ᠠᠷᠠᠯᠵᠢᠶ᠎ᠠ  ᠬᠤᠳᠠᠯᠳᠤᠭᠠᠨ  ᠎ ᠤ  ᠭᠦᠢᠯᠭᠡᠭᠡᠨ  ᠎ ᠤ ᠰᠦᠯᠵᠢᠶ᠎ᠡ  ᠎ ᠶᠢ  ᠡᠭᠦᠳᠦᠨ  ᠪᠠᠶᠢᠭᠤᠯᠤᠨ᠎ᠠ  ᠃  ᠭᠡᠷ  ᠎ ᠤᠨ ᠠᠳᠠᠯ  ᠎ ᠤᠨ ᠦᠢᠯᠡᠴᠢᠯᠡᠭᠡ  ᠂  ᠮᠡᠳᠡᠭᠡ  ᠵᠠᠩᠭᠢ  ᠪᠠ  ᠠᠰᠠᠭᠤᠨ  ᠯᠠᠪᠯᠠᠬᠤ᠂ ᠬᠤᠯᠪᠣᠭᠠᠯᠠᠭᠰᠠᠨ  ᠡᠵᠡᠩᠨᠡᠯᠲᠡ  ᠂  ᠨᠡᠶᠢᠭᠡᠮ  ᠲᠣᠭᠤᠷᠢᠭ  ᠎ ᠤᠨ  ᠬᠤᠳᠠᠯᠳᠤᠭᠠᠨ  ᠎ ᠤ  ᠦᠢᠯᠡᠰ  ᠂  ᠪᠣᠳᠠᠰ  ᠎ ᠤᠨ  ᠭᠦᠢᠯᠭᠡᠭᠡᠨ  ᠎ ᠤ  ᠲᠣᠬᠢᠷᠠᠭᠤᠯᠤᠨ  ᠬᠦᠷᠭᠡᠬᠦ   ᠦᠢᠯᠡᠰ ᠵᠡᠷᠭᠡ  ᠣᠳᠣᠬᠢᠴᠢᠯᠠᠭᠰᠠᠨ  ᠦᠢᠯᠡᠴᠢᠯᠡᠭᠡᠨ  ᠎ ᠤ  ᠦᠢᠯᠡᠰ  ᠎ ᠢ  ᠬᠦᠴᠦ  ᠲᠠᠯᠪᠢᠨ  ᠬᠥᠭᠵᠢᠭᠦᠯᠵᠦ  ᠂ ᠣᠳᠣᠨ  ᠲᠡᠰ  ᠎ ᠤᠨ  ᠵᠣᠴᠢᠳ  ᠎ ᠤᠨ  ᠪᠠᠭᠤᠳᠠᠯ  ᠎ ᠢ  ᠡᠭᠦᠳᠦᠨ  ᠪᠠᠶᠢᠭᠤᠯᠬᠤ ᠠᠵᠢᠯᠯᠠᠭ᠎ᠠ  ᠎ ᠶᠢ ᠪᠦᠬᠦ  ᠲᠠᠯ᠎ᠠ  ᠎ ᠪᠠᠷ  ᠥᠷᠨᠢᠭᠦᠯᠵᠦ  ᠂  ᠢᠳᠡᠭᠡᠨ  ᠤᠮᠳᠠᠭᠠᠨ  ᠂  ᠣᠷᠣᠨ  ᠰᠠᠭᠤᠴᠠ  ᠂  ᠨᠡᠪᠲᠡᠷᠡᠭᠦᠯᠭᠡ  ᠬᠤᠯᠪᠣᠭ᠎ᠠ  ᠂  ᠵᠤᠭ᠎ᠠ  ᠴᠡᠩᠭᠡᠯ  ᠂  ᠨᠡᠶᠢᠭᠡᠮ  ᠲᠣᠭᠤᠷᠢᠭ  ᠎ ᠤᠨ ᠦᠢᠯᠡᠴᠢᠯᠡᠭᠡ  ᠵᠡᠷᠭᠡ  ᠬᠡᠷᠡᠭᠯᠡᠭᠡᠨ  ᠎ ᠤ ᠬᠠᠯᠠᠭᠤᠨ ᠴᠡᠭ ᠢ ᠢᠳᠡᠪᠬᠢᠲᠡᠢ  ᠪᠣᠶᠢᠵᠢᠭᠤᠯᠵᠤ᠂ ᠨᠡᠶᠢᠭᠡᠮ  ᠎ ᠤᠨ  ᠬᠡᠷᠡᠭᠯᠡᠭᠡᠨ  ᠎ ᠤ  ᠲᠠᠸᠠᠷ  ᠎ ᠤᠨ  ᠵᠢᠵᠢᠭᠯᠡᠨ  ᠪᠣᠷᠣᠯᠠᠭᠤᠯᠤᠭᠰᠠᠨ  ᠶᠡᠷᠦᠩᠬᠡᠢ  ᠲᠤᠭ᠎ᠠ  ᠨᠤᠷᠮ᠎ᠠ  ᠎ ᠶᠢ 6.7 ᠳ᠋ᠦᠩᠰᠢᠭᠤᠷ  ᠲᠥᠭᠦᠷᠢᠭ  ᠎ ᠲᠤ  ᠬᠦᠷᠭᠡᠨ᠎ᠡ  ᠃                   ︵ᠳᠣᠯᠤᠭ᠎ᠠ︶  ᠨᠡᠶᠢᠭᠡᠮ  ᠨᠡᠶᠢᠲᠡ  ᠎ ᠶᠢᠨ  ᠡᠳ᠋  ᠎ ᠤᠨ  ᠵᠠᠰᠠᠭ  ᠎ ᠤᠨ  ᠰᠢᠰᠲ᠋ᠧᠮ  ᠎ ᠢ  ᠲᠡᠭᠦᠯᠳᠡᠷᠵᠢᠭᠦᠯᠦᠨ᠎ᠡ  ᠃  ᠭᠠᠶᠢᠯᠢ  ᠎ ᠶᠢᠨ  ᠣᠷᠣᠯᠭ᠎ᠠ  ᠎ ᠶᠢᠨ  ᠬᠤᠷᠢᠶᠠᠯᠲᠠ  ᠬᠠᠮᠢᠶᠠᠷᠤᠯᠲᠠ  ᠎ ᠶᠢ  ᠤᠯᠠᠮ  ᠨᠢᠭᠡ  ᠠᠯᠬᠤᠮ  ᠴᠢᠩᠭᠠᠳᠬᠠᠬᠤ  ᠎ ᠶᠢᠨ  ᠬᠠᠮᠲᠤ  ᠂ ᠭᠠᠶᠢᠯᠢ  ᠎ ᠶᠢᠨ  ᠪᠤᠰᠤ  ᠣᠷᠣᠯᠭ᠎ᠠ ᠶᠢᠨ ᠬᠠᠮᠢᠶᠠᠷᠤᠯᠲᠠ  ᠎ ᠪᠠᠨ  ᠴᠢᠩᠭᠠᠳᠬᠠᠵᠤ  ᠂  ᠬᠠᠤᠯᠢ  ᠶᠣᠰᠣᠭᠠᠷ  ᠬᠤᠷᠢᠶᠠᠨ  ᠲᠠᠲᠠᠪᠤᠷᠢᠯᠠᠬᠤ  ᠬᠦᠴᠦᠯᠡᠴᠡ  ᠎ ᠪᠠᠨ ᠶᠡᠬᠡᠰᠬᠡᠨ᠎ᠡ᠃  ᠤᠯᠤᠰ  ᠂  ᠥᠪᠡᠷᠲᠡᠭᠡᠨ  ᠵᠠᠰᠠᠬᠤ  ᠣᠷᠣᠨ  ᠎ ᠤ  ᠡᠳ᠋  ᠎ ᠤᠨ  ᠵᠠᠰᠠᠭ  ᠂  ᠭᠠᠶᠢᠯᠢ ᠲᠠᠲᠠᠪᠤᠷᠢ ᠶᠢᠨ  ᠲᠥᠷᠥ  ᠎ ᠶᠢᠨ  ᠪᠣᠳᠣᠯᠭ᠎ᠠ  ᠎ ᠶᠢ  ᠨᠠᠷᠢᠨ  ᠬᠢᠨᠠᠮᠠᠭᠠᠢ  ᠰᠤᠳᠤᠯᠵᠤ  ᠂ ᠭᠤᠣᠯᠳᠠᠯᠭ᠎ᠠ ᠲᠠᠢ ᠪᠡᠯᠡ ᠮᠥᠩᠭᠦᠨ ᠤ  ᠣᠷᠤᠭᠤᠯᠤᠯᠲᠠ  ᠎ ᠶᠢᠨ  ᠬᠠᠨᠳᠤᠰᠢ  ᠎ ᠶᠢ  ᠡᠵᠡᠮᠰᠢᠵᠦ  ᠂  ᠳᠡᠭᠡᠳᠦ  ᠱᠠᠲᠤᠨ  ᠎ ᠤ  ᠲᠥᠷᠥᠯ  ᠵᠦᠢᠯ  ᠎ ᠯᠦᠭᠡ  ᠎ ᠶᠢᠨ ᠵᠠᠯᠭᠠᠯᠳᠤᠯ ᠪᠣᠯᠣᠨ  ᠲᠥᠷᠥᠯ  ᠵᠦᠢᠯ  ᠎ ᠤᠨ  ᠬᠥᠮᠥᠷᠭᠡ  ᠎ ᠶᠢᠨ  ᠪᠠᠶᠢᠭᠤᠯᠤᠯᠲᠠ  ᠎ ᠶᠢ  ᠰᠠᠶᠢᠲᠤᠷ ᠬᠢᠵᠦ᠂ ᠤᠯᠤᠰ  ᠎ ᠤᠨ  ᠲᠥᠷᠥᠯ  ᠵᠦᠢᠯ  ᠎ ᠤᠨ  ᠪᠡᠯᠡ  ᠮᠥᠩᠭᠦ  ᠪᠣᠯᠣᠨ  ᠰᠢᠯᠵᠢᠭᠦᠯᠦᠨ  ᠥᠭᠬᠦ  ᠪᠡᠯᠡ  ᠮᠥᠩᠭᠦ  ᠎ ᠶᠢ  ᠶᠡᠭᠡ  ᠬᠡᠮᠵᠢᠶ᠎ᠡ  ᠎ ᠪᠠᠷ ᠲᠡᠮᠡᠴᠡᠨ  ᠣᠯᠣᠨ᠎ᠠ  ᠃  ᠲᠥᠰᠥᠪ  ᠎ ᠤᠨ  ᠬᠠᠮᠢᠶᠠᠷᠤᠯᠲᠠ  ᠎ ᠶᠢ  ᠴᠢᠩᠭᠠᠳᠬᠠᠵᠤ  ᠂  ᠣᠷᠣᠯᠭ᠎ᠠ  ᠵᠠᠷᠤᠯᠭ᠎ᠠ  ᠎ ᠶᠢᠨ  ᠪᠦᠲᠦᠴᠡ  ᠎ ᠶᠢ  ᠤᠯᠠᠮ  ᠎ ᠢᠶᠠᠷ  ᠰᠠᠶᠢᠵᠢᠷᠠᠭᠤᠯᠤᠨ  ᠰᠢᠯᠢᠳᠡᠭᠵᠢᠭᠦᠯᠵᠦ  ᠂  ᠶᠡᠷᠦᠳᠡ  ᠎ ᠶᠢᠨ  ᠴᠢᠨᠠᠷᠲᠠᠢ  ᠵᠠᠰᠠᠭ  ᠵᠠᠬᠢᠷᠭᠠᠨ  ᠎ ᠤ  ᠴᠢᠨᠠᠷᠲᠠᠢ  ᠠᠵᠢᠯ  ᠦᠢᠯᠡᠰ  ᠎ ᠤᠨ  ᠵᠠᠷᠤᠳᠠᠯ  ᠎ ᠤᠨ  ᠨᠡᠮᠡᠭᠳᠡᠯ  ᠎ ᠢ  ᠬᠢᠵᠠᠭᠠᠷᠯᠠᠵᠤ  ᠂  ᠰᠢᠨ᠎ᠡ  ᠎ ᠪᠠᠷ  ᠨᠡᠮᠡᠭᠳᠡᠭᠰᠡᠨ  ᠡᠳ᠋  ᠎ ᠤᠨ  ᠬᠦᠴᠦᠨ  ᠎ ᠤ  ᠬᠤᠪᠢᠶᠠᠷᠢᠯᠠᠯᠲᠠ  ᠎ ᠶᠢ ᠠᠷᠠᠳ  ᠎ ᠤᠨ  ᠠᠮᠢᠳᠤᠷᠠᠯ  ᠎ ᠤᠨ  ᠠᠰᠠᠭᠤᠳᠠᠯ  ᠎ ᠢ  ᠰᠢᠢᠳᠪᠦᠷᠢᠯᠡᠬᠦ  ᠪᠣᠯᠣᠨ  ᠨᠡᠶᠢᠲᠡ  ᠎ ᠶᠢᠨ  ᠠᠰᠠᠷᠠᠮᠵᠢ  ᠎ ᠶᠢᠨ  ᠦᠢᠯᠡᠰ  ᠎ ᠢ  ᠬᠥᠭᠵᠢᠭᠦᠯᠬᠦ ᠲᠡᠰᠢ᠂     ᠣᠯᠠᠨ  ᠲᠦᠮᠡᠨ  ᠎ ᠳᠤ  ᠂  ᠦᠨᠳᠦᠰᠦᠨ  ᠱᠠᠲᠤᠨ  ᠎ ᠳᠤ  ᠪᠣᠳᠠᠲᠠᠢ  ᠠᠵᠢᠯ  ᠬᠢᠵᠦ  ᠂  ᠪᠣᠳᠠᠲᠠᠢ  ᠬᠦᠴᠢᠷᠳᠡᠯ  ᠎ ᠢ  ᠰᠢᠢᠳᠪᠦᠷᠢᠯᠡᠬᠦ  ᠲᠡᠰᠢ  ᠂ ᠺᠠᠳᠠᠷ  ᠣᠯᠠᠨ  ᠲᠦᠮᠡᠨ  ᠎ ᠳᠤ  ᠠᠰᠢᠭ  ᠲᠤᠰᠠ ᠬᠦᠷᠲᠡᠭᠡᠬᠦ ᠲᠥᠷᠥ  ᠎ ᠶᠢᠨ  ᠪᠣᠳᠣᠯᠭ᠎ᠠ ᠠᠷᠭ᠎ᠠ  ᠪᠠᠷᠢᠯ ᠲᠡᠰᠢ  ᠨᠡᠩ  ᠢᠯᠡᠭᠦᠦ  ᠬᠡᠯᠪᠡᠶᠢᠯᠭᠡᠨ᠎ᠡ᠃  ᠡᠳ᠋  ᠎ ᠤᠨ  ᠵᠠᠰᠠᠭ  ᠎ ᠤᠨ  ᠪᠡᠯᠡ  ᠮᠥᠩᠭᠦᠨ  ᠎ ᠤ  ᠵᠢᠯᠣᠭᠤᠳᠤᠨ  ᠳᠠᠭᠠᠭᠤᠯᠬᠤ  ᠦᠢᠯᠡᠳᠦᠯ  ᠎ ᠢ  ᠪᠠᠳᠠᠷᠠᠭᠤᠯᠵᠤ  ᠂  ᠲᠥᠷᠥᠯ  ᠵᠦᠢᠯ  ᠎ ᠤᠨ  ᠲᠦᠷᠦᠭᠦᠴᠢ  ᠎ ᠶᠢᠨ  ᠬᠤᠭᠤᠴᠠᠭᠠᠨ  ᠎ ᠤ  ᠵᠠᠷᠤᠳᠠᠯ  ᠂  ᠬᠤᠲᠠ  ᠪᠠᠯᠭᠠᠰᠤᠨ  ᠎ ᠤ  ᠪᠦᠲᠦᠭᠡᠨ  ᠪᠠᠶᠢᠭᠤᠯᠤᠯᠲᠠ  ᠎ ᠶᠢᠨ ᠤᠳᠤᠷᠢᠳᠤᠮᠵᠢ  ᠪᠡᠯᠡ ᠮᠥᠩᠭᠦ  ᠎ ᠶᠢ  ᠨᠡᠮᠡᠭᠳᠡᠭᠦᠯᠦᠨ᠎ᠡ᠃ ᠰᠤᠮᠤ  ᠰᠢᠶᠠᠩ  ᠪᠠᠯᠭᠠᠰᠤᠨ  ᠎ ᠤ ᠠᠵᠤ  ᠠᠬᠤᠢ  ᠎ ᠪᠠᠨ ᠬᠦᠴᠦᠯᠡᠨ    ᠬᠥᠭᠵᠢᠭᠦᠯᠬᠦ  ᠎ ᠶᠢ  ᠵᠣᠷᠢᠭᠵᠢᠭᠤᠯᠵᠤ  ᠂ ᠰᠤᠮᠤ  ᠰᠢᠶᠠᠩ   ᠪᠠᠯᠭᠠᠰᠤᠨ ᠤ ᠦᠪᠡᠷᠳᠡᠭᠡᠨ  ᠣᠷᠣᠭᠤᠯᠤᠭᠰᠠᠨ ᠲᠥᠷᠥᠯ  ᠵᠦᠢᠯ  ᠪᠣᠯᠭᠠᠨ  ᠎ ᠤ  ᠭᠤᠷᠪᠠᠨ ᠵᠢᠯ  ᠎ ᠤᠨ  ᠳᠣᠲᠣᠷᠠᠬᠢ ᠠᠵᠤ  ᠠᠬᠤᠶᠢᠯᠠᠯ  ᠎ ᠤᠨ ᠳᠡᠭᠡᠭᠰᠢ  ᠲᠤᠰᠢᠶᠠᠭᠰᠠᠨ  ᠭᠠᠶᠢᠯᠢ  ᠮᠥᠩᠭᠦ  ᠎ ᠶᠢᠨ  ᠬᠤᠰᠢᠭᠤ  ᠱᠠᠲᠤᠨ  ᠎ ᠳᠤ ᠦᠯᠡᠳᠡᠭᠡᠬᠦ  ᠬᠡᠰᠡᠭ  ᠎ ᠢ ᠨᠢ ᠬᠥᠬᠢᠭᠦᠯᠦᠯ  ᠎ ᠤᠨ  ᠪᠡᠯᠡ  ᠮᠥᠩᠭᠦ  ᠪᠣᠯᠭᠠᠵᠤ  ᠂  ᠪᠦᠬᠦ  ᠲᠤᠭ᠎ᠠ  ᠨᠤᠷᠮ᠎ᠠ  ᠎ ᠪᠠᠷ  ᠎ ᠨᠢ  ᠰᠤᠮᠤ  ᠰᠢᠶᠠᠩ  ᠪᠠᠯᠭᠠᠰᠤᠨ  ᠎ ᠳᠤ  ᠪᠤᠴᠠᠭᠠᠵᠤ  ᠥᠭᠭᠦᠨ᠎ᠡ  ᠃ ᠳᠠᠷᠠᠭ᠎ᠠ  ᠵᠢᠯ  ᠎ ᠠᠴᠠ  ᠡᠬᠢᠯᠡᠨ  ᠂  ᠭᠠᠴᠠᠭ᠎ᠠ  ᠲᠣᠰᠬᠤᠨ  ᠂ ᠨᠡᠶᠢᠭᠡᠮ  ᠲᠣᠭᠤᠷᠢᠭ  ᠎ ᠤᠨ  ᠨᠠᠮ  ᠎ ᠤᠨ  ᠡᠭᠦᠷ  ᠎ ᠤᠨ  ᠱᠦᠵᠢ  ᠪᠤᠶᠤ ᠳᠠᠷᠤᠭ᠎ᠠ ᠡᠷᠬᠢᠯᠡᠭᠴᠢ ᠶᠢᠨ  ᠲᠤᠰᠢᠶᠠᠯ  ᠎ ᠢ  ᠡᠭᠦᠷᠭᠡᠯᠡᠵᠦ  ᠵᠣᠬᠢᠬᠤ  ᠣᠨ ᠵᠢᠯ  ᠎ ᠤᠨ  ᠬᠤᠭᠤᠴᠠᠭᠠᠨ ᠳᠤ  ᠬᠦᠷᠴᠦ᠂  ᠡᠩ  ᠎ ᠤᠨ  ᠵᠢᠷᠤᠮᠵᠢᠯ  ᠎ ᠢᠶᠠᠷ ᠠᠵᠢᠯ  ᠎ ᠠᠴᠠ  ᠎ ᠪᠠᠨ  ᠪᠠᠭᠤᠭᠰᠠᠨ  ᠠᠬᠠᠮᠠᠳ ᠨᠥᠬᠦᠳ  ᠎ ᠲᠤ  ᠡᠳ᠋  ᠎ ᠤᠨ  ᠵᠠᠰᠠᠭ  ᠎ ᠤᠨ  ᠪᠠᠶᠢᠳᠠᠯ  ᠎ ᠢᠶᠠᠨ  ᠦᠨᠳᠦᠰᠦᠯᠡᠵᠦ  ᠵᠣᠬᠢᠬᠤ  ᠬᠡᠮᠵᠢᠶᠡᠨ  ᠎ ᠤ  ᠠᠮᠢᠳᠤᠷᠠᠯ  ᠎ ᠤᠨ  ᠨᠥᠬᠦᠪᠦᠷᠢ  ᠣᠯᠭᠤᠨ᠎ᠠ  ᠃          ︵ᠨᠠᠢᠮᠠ︶  ᠡᠶ᠎ᠡ  ᠵᠣᠬᠢᠴᠠᠯᠲᠦ  ᠲᠠᠶᠢᠹᠤᠰᠧ  ᠬᠤᠰᠢᠭᠤᠨ  ᠎ ᠤ  ᠪᠦᠲᠦᠭᠡᠨ  ᠪᠠᠶᠢᠭᠤᠯᠤᠯᠲᠠ  ᠎ ᠪᠠᠨ  ᠲᠦᠷᠭᠡᠳᠬᠡᠨ᠎ᠡ  ᠃  ᠣᠯᠠᠨ ᠲᠦᠮᠡᠨ ᠤ ᠠᠩᠬᠠᠷᠤᠨ ᠬᠠᠯᠠᠮᠵᠢᠯᠠᠵᠤ ᠪᠠᠶᠢᠭ᠎ᠠ  ᠂ ᠲᠦᠪᠡᠭ  ᠎ ᠲᠠᠢ  ᠠᠰᠠᠭᠤᠳᠠᠯ ᠢ  ᠵᠠᠰᠠᠭ ᠤᠨ ᠣᠷᠳᠣᠨ ᠤ ᠠᠵᠢᠯ ᠤᠨ ᠭᠤᠣᠯᠳᠠᠯᠭ᠎ᠠ  ᠪᠣᠯᠭᠠᠬᠤ  ᠎ ᠶᠢ  ᠪᠠᠷᠢᠮᠲᠠᠯᠠᠵᠤ  ᠂  ᠬᠥᠭᠵᠢᠯᠲᠡ  ᠎ ᠶᠢᠨ  ᠦᠷ᠎ᠡ  ᠪᠦᠲᠦᠭᠡᠯ  ᠎ ᠢᠶᠠᠨ  ᠨᠡᠶᠢᠭᠡᠮ  ᠎ ᠤᠨ  ᠠᠵᠢᠯ  ᠦᠢᠯᠡᠰ  ᠎ ᠤᠨ  ᠠᠯᠬᠤᠮ  ᠳᠠᠪᠰᠢᠯᠲᠠ  ᠳᠡᠭᠡᠷ᠎ᠡ  ᠨᠡᠩ  ᠢᠯᠡᠭᠦᠦ  ᠢᠯᠡᠷᠡᠭᠦᠯᠵᠦ  ᠂  ᠠᠷᠠᠳ ᠲᠦᠮᠡᠨ ᠤ  ᠠᠮᠢᠳᠤᠷᠠᠯ  ᠎ ᠤᠨ ᠲᠦᠪᠰᠢᠨ ᠢ ᠳᠡᠭᠡᠭᠰᠢᠯᠡᠭᠦᠯᠬᠦ ᠳᠡᠭᠡᠷ᠎ᠡ ᠲᠤᠰᠬᠠᠵᠤ᠂ ᠦᠨᠡᠨ ᠪᠣᠳᠠᠲᠠᠢ ᠠᠵᠢᠯ ᠢᠶᠠᠷ ᠠᠷᠠᠳ ᠲᠦᠮᠡᠨ ᠤ ᠢᠲᠡᠭᠡᠯ ᠪᠠ ᠳᠡᠮᠵᠢᠯᠭᠡ ᠶᠢ ᠣᠯᠣᠨ᠎ᠠ  ᠃        ᠨᠢᠭᠡ ᠳᠤ  ᠂  ᠠᠷᠠᠳ ᠤᠨ ᠠᠮᠢᠳᠤᠷᠠᠯ ᠢ  ᠳᠡᠭᠡᠳᠦ  ᠬᠡᠮᠵᠢᠶ᠎ᠡ  ᠎ ᠪᠠᠷ  ᠠᠩᠬᠠᠷᠴᠤ ᠬᠠᠯᠠᠮᠵᠢᠯᠠᠨ᠎ᠠ  ᠃  ᠠᠵᠢᠯ  ᠣᠯᠭᠤᠬᠤ  ᠂  ᠲᠠᠬᠢᠨ  ᠠᠵᠢᠯ ᠣᠯᠭᠤᠬᠤ  ᠪᠠ  ᠨᠡᠶᠢᠭᠡᠮ  ᠎ ᠤᠨ  ᠪᠠᠲᠤᠯᠠᠭᠠᠨ  ᠎ ᠤ  ᠠᠵᠢᠯ  ᠎ ᠢ  ᠦᠨᠡᠨ  ᠬᠦ  ᠰᠠᠶᠢᠲᠤᠷ  ᠬᠢᠨ᠎ᠡ᠃  ︽ᠠᠵᠤ ᠠᠬᠤᠢ ᠶᠢᠨ  ᠬᠥᠭᠵᠢᠯᠲᠡ  ᠎ ᠪᠠᠷ  ᠨᠢᠭᠡ  ᠪᠦᠯᠦᠭ  ᠎ ᠢ  ᠰᠢᠩᠭᠡᠭᠡᠵᠦ  ︔  ᠨᠡᠶᠢᠭᠡᠮ  ᠎ ᠤᠨ  ᠠᠰᠠᠷᠠᠮᠵᠢ  ᠎ ᠶᠢᠨ  ᠠᠵᠢᠯ  ᠎ ᠤᠨ  ᠪᠠᠶᠢᠷᠢ  ᠎ ᠪᠠᠷ ᠨᠢᠭᠡ  ᠪᠦᠯᠦᠭ  ᠎ ᠢ  ᠪᠠᠶᠢᠷᠢᠯᠠᠭᠤᠯᠵᠤ  ︔  ᠪᠣᠯᠪᠠᠰᠤᠷᠠᠯ  ᠎ ᠢ ᠴᠢᠩᠭᠠᠳᠬᠠᠨ  ᠨᠢᠭᠡ  ᠪᠦᠯᠦᠭ ᠢ  ᠭᠠᠳᠠᠭᠰᠢ  ᠭᠠᠷᠭᠠᠵᠤ  ︔  ᠲᠥᠷᠥ  ᠎ ᠶᠢᠨ  ᠪᠣᠳᠣᠯᠭ᠎ᠠ  ᠎ ᠪᠠᠷ  ᠵᠣᠷᠢᠭᠵᠢᠭᠤᠯᠵᠤ  ᠨᠢᠭᠡ  ᠪᠦᠯᠦᠭ  ᠎ ᠢ  ᠦᠢᠯᠡᠰ  ᠪᠦᠲᠦᠭᠡᠯᠭᠡᠬᠦ︾  ᠵᠠᠷᠴᠢᠮ  ᠶᠣᠰᠣᠭᠠᠷ  ᠠᠵᠢᠯᠲᠠᠨ  ᠬᠡᠷᠡᠭᠰᠡᠬᠦ  ᠠᠵᠢᠯ  ᠎ ᠤᠨ  ᠪᠠᠶᠢᠷᠢ  ᠎ ᠶᠢ  ᠥᠷᠭᠡᠨ ᠢᠶᠠᠷ  ᠡᠯᠰᠡᠵᠦ᠂ 750 ᠬᠥᠮᠥᠨ  ᠎ ᠳᠤ  ᠰᠢᠨ᠎ᠡ  ᠎ ᠪᠠᠷ  ᠠᠵᠢᠯ  ᠣᠯᠭᠤᠵᠤ  ᠂ 400 ᠨᠡᠷ᠎ᠡ  ᠬᠤᠲᠠ  ᠪᠠᠯᠭᠠᠰᠤᠨ ᠤ ᠠᠵᠢᠯ ᠠᠯᠳᠠᠭᠰᠠᠳ  ᠎ ᠲᠤ  ᠠᠵᠢᠯ  ᠣᠯᠭᠤᠵᠤ  ᠂  ᠬᠤᠲᠠ  ᠪᠠᠯᠭᠠᠰᠤᠨ  ᠎ ᠤ  ᠳᠠᠩᠰᠠᠯᠠᠭᠤᠯᠤᠭᠰᠠᠨ ᠠᠵᠢᠯ  ᠠᠯᠳᠠᠬᠤ ᠨᠤᠷᠮ᠎ᠠ ᠶᠢ 4.3%᠎ ᠶᠢᠨ ᠳᠣᠲᠣᠷ᠎ᠠ ᠬᠢᠵᠠᠭᠠᠷᠯᠠᠨ᠎ᠠ᠃ ᠭᠠᠳᠠᠭᠰᠢ  ᠭᠠᠷᠴᠤ  ᠬᠥᠳᠡᠯᠮᠦᠷᠢᠯᠡᠭᠴᠢᠳ ᠤᠨ ᠮᠥᠷᠳᠡᠨ ᠦᠢᠯᠡᠴᠢᠯᠡᠭᠡ ᠶᠢ ᠰᠠᠶᠢᠲᠤᠷ ᠬᠢᠵᠦ  ᠂  ᠬᠠᠷᠠᠭᠠᠯᠵᠠᠯᠲᠤ ᠲᠥᠷᠥ  ᠎ ᠶᠢᠨ  ᠪᠣᠳᠣᠯᠭ᠎ᠠ ᠪᠠᠷ ᠭᠠᠳᠠᠭᠰᠢ  ᠭᠠᠷᠴᠤ  ᠬᠥᠳᠡᠯᠮᠦᠷᠢᠯᠡᠵᠦ ᠪᠠᠶᠢᠭ᠎ᠠ ᠬᠥᠮᠥᠰ ᠢ ᠨᠤᠲᠤᠭ ᠲᠠᠭᠠᠨ ᠪᠤᠴᠠᠵᠤ  ᠪᠡᠯᠡ  ᠣᠷᠣᠭᠤᠯᠤᠨ  ᠦᠢᠯᠡᠰ ᠪᠦᠲᠦᠭᠡᠯᠭᠡᠨ᠎ᠡ᠃  ᠨᠡᠶᠢᠭᠡᠮ  ᠎ ᠤᠨ  ᠡᠯ᠎ᠡ  ᠲᠥᠷᠥᠯ  ᠎ ᠤᠨ  ᠪᠠᠲᠤᠯᠠᠭᠠᠨ  ᠎ ᠤ  ᠳᠦᠷᠢᠮ  ᠎ ᠢ  ᠤᠯᠠᠮ  ᠨᠢᠭᠡ ᠠᠯᠬᠤᠮ  ᠲᠡᠭᠦᠯᠳᠡᠷᠵᠢᠭᠦᠯᠵᠦ  ᠂  ᠡᠯ᠎ᠡ  ᠲᠥᠷᠥᠯ  ᠎ ᠤᠨ  ᠳᠠᠭᠠᠳᠬᠠᠯ  ᠎ ᠤᠨ ᠪᠦᠷᠬᠦᠴᠡ ᠶᠢ ᠥᠷᠭᠡᠳᠬᠡᠬᠦ ᠬᠦᠴᠦᠯᠡᠴᠡ ᠶᠢ   ᠶᠡᠬᠡᠰᠬᠡᠨ᠎ᠡ᠃  ᠬᠤᠲᠠ  ᠪᠠᠯᠭᠠᠰᠤᠨ  ᠎ ᠤ  ᠨᠠᠭᠠᠲᠤ  ᠵᠠᠬ᠎ᠠ  ᠎ ᠶᠢᠨ ᠠᠮᠢᠳᠤᠷᠠᠯ  ᠎ ᠤᠨ  ᠪᠠᠲᠤᠯᠠᠭ᠎ᠠ  ᠪᠣᠯᠣᠨ  ᠮᠠᠯᠵᠢᠬᠤ  ᠲᠠᠷᠢᠶᠠᠯᠠᠬᠤ  ᠣᠷᠣᠨ  ᠎ ᠤ  ᠨᠠᠭᠠᠲᠤ  ᠵᠠᠬ᠎ᠠ  ᠎ ᠶᠢᠨ ᠠᠮᠢᠳᠤᠷᠠᠯ  ᠎ ᠤᠨ  ᠪᠠᠲᠤᠯᠠᠭ᠎ᠠ  ᠎ ᠶᠢᠨ  ᠳᠦᠷᠢᠮ  ᠎ ᠢᠶᠠᠷ  ᠰᠠᠭᠤᠷᠢ  ᠪᠣᠯᠭᠠᠵᠤ  ᠂  ᠬᠤᠲᠠ  ᠪᠠᠯᠭᠠᠰᠤᠨ  ᠎ ᠤ  ᠬᠥᠮᠥᠨ ᠳᠤᠮᠳᠠᠴᠢ ᠰᠠᠷ᠎ᠠ  ᠎ ᠶᠢᠨ  ᠨᠥᠬᠦᠪᠦᠷᠢ ᠶᠢᠨ ᠵᠥᠷᠢᠶ᠎ᠡ ᠶᠢ110ᠲᠥᠭᠦᠷᠢᠭ ᠠᠴᠠ ᠲᠠᠪᠠᠭᠤᠯᠵᠤ  ᠂ ᠮᠠᠯᠵᠢᠬᠤ ᠲᠠᠷᠢᠶᠠᠯᠠᠬᠤ ᠣᠷᠣᠨ  ᠎ ᠤ  ᠬᠥᠮᠥᠨ  ᠪᠦᠷᠢ  ᠎ ᠳᠤ  ᠲᠡᠭᠰᠢᠳᠬᠡᠭᠰᠡᠨ  ᠨᠠᠭᠠᠲᠤ  ᠵᠠᠬ᠎ᠠ  ᠎ ᠶᠢᠨ ᠠᠮᠢᠳᠤᠷᠠᠯ  ᠎ ᠤᠨ  ᠪᠠᠲᠤᠯᠠᠭ᠎ᠠ  ᠎ ᠶᠢᠨ  ᠮᠥᠩᠭᠦ  ᠎ ᠶᠢ  ᠵᠢᠯ  ᠎ ᠤᠨ 500 ᠲᠥᠭᠦᠷᠢᠭ  ᠎ ᠲᠤ  ᠬᠦᠷᠭᠡᠨ᠎ᠡ  ᠃ ᠲᠠᠪᠤᠨ  ᠪᠠᠲᠤᠯᠠᠭᠠᠲᠤ  ᠡᠷᠦᠭᠡ  ᠎ ᠶᠢ  ᠠᠰᠠᠷᠠᠨ  ᠲᠡᠵᠢᠭᠡᠬᠦ  ᠂  ᠭᠠᠮᠰᠢᠭ  ᠎ ᠠᠴᠠ  ᠠᠪᠤᠷᠠᠨ  ᠭᠠᠴᠢᠭ  ᠎ ᠲᠤ  ᠲᠤᠰᠠᠯᠠᠬᠤ  ᠠᠵᠢᠯ  ᠎ ᠢ  ᠴᠢᠩᠭᠠᠳᠬᠠᠵᠤ  ᠂  ᠰᠤᠮᠤ  ᠰᠢᠶᠠᠩ  ᠪᠠᠯᠭᠠᠰᠤᠨ ᠤ  ᠨᠠᠰᠤᠲᠠᠶᠢᠴᠤᠳ ᠤᠨ ᠠᠰᠠᠷᠠᠮᠵᠢ  ᠎ ᠶᠢᠨ  ᠬᠦᠷᠢᠶᠡᠯᠡᠩ  ᠎ ᠤᠨ  ᠪᠠᠶᠢᠭᠤᠯᠤᠯᠲᠠ  ᠪᠠ  ᠠᠰᠢᠭᠯᠠᠯᠲᠠ  ᠎ ᠶᠢ  ᠨᠠᠷᠢᠨ  ᠬᠢᠨᠠᠮᠠᠭᠠᠢ  ᠠᠳᠬᠤᠵᠤ  ᠂  ᠦᠢᠯᠡᠴᠢᠯᠡᠭᠡᠨ  ᠎ ᠤ  ᠲᠦᠪᠰᠢᠨ ᠢ  ᠨᠡᠮᠡᠭᠳᠡᠭᠦᠯᠦᠨ᠎ᠡ  ᠃        ᠬᠤᠶᠠᠷ  ᠎ ᠲᠤ  ᠂  ᠠᠷᠠᠳ  ᠎ ᠤᠨ  ᠲᠦᠪᠡᠭᠳᠡᠯ  ᠎ ᠢ  ᠬᠦᠴᠦ  ᠲᠠᠯᠪᠢᠨ  ᠰᠢᠢᠳᠪᠦᠷᠢᠯᠡᠨ᠎ᠡ  ᠃  ᠶᠠᠳᠠᠭᠤ  ᠬᠦᠴᠢᠷᠳᠡᠯᠲᠡᠢ  ᠰᠤᠷᠤᠭᠴᠢᠳ  ᠎ ᠢ  ᠲᠤᠰᠠᠯᠠᠨ  ᠲᠡᠳᠬᠦᠬᠦ  ᠵᠣᠬᠢᠴᠠᠮᠵᠢ  ᠎ ᠶᠢ  ᠪᠠᠶᠢᠭᠤᠯᠵᠤ  ᠂  ︽ᠪᠡᠯᠡ  ᠮᠥᠩᠭᠦ   ᠎ ᠪᠠᠷ ᠰᠤᠷᠤᠯᠭ᠎ᠠ  ᠎ ᠶᠢ  ᠲᠡᠳᠬᠦᠬᠦ︾  ᠪᠠ  ︽ᠨᠢᠭᠡ  ᠎ ᠨᠢ  ᠨᠢᠭᠡ  ᠎ ᠶᠢ  ᠲᠤᠰᠠᠯᠠᠬᠤ︾  ᠬᠤᠣᠰᠯᠠᠵᠤ  ᠬᠠᠪᠰᠤᠷᠤᠨ  ᠶᠠᠳᠠᠭᠤ  ᠎ ᠶᠢ  ᠲᠡᠳᠬᠦᠬᠦ  ᠠᠵᠢᠯᠯᠠᠭ᠎ᠠ  ᠎ ᠶᠢ  ᠰᠠᠶᠢᠲᠤᠷ  ᠥᠷᠨᠢᠭᠦᠯᠵᠦ  ᠂  ᠶᠠᠳᠠᠭᠤ  ᠬᠦᠴᠢᠷᠳᠡᠯᠲᠡᠢ  ᠡᠷᠦᠭᠡ  ᠎ ᠶᠢᠨ  ᠰᠤᠷᠤᠭᠴᠢᠳ  ᠎ ᠢ  ᠶᠠᠳᠠᠭᠤ  ᠎ ᠠᠴᠠ  ᠪᠣᠯᠵᠤ  ᠰᠤᠷᠤᠯᠭ᠎ᠠ  ᠵᠣᠭᠰᠣᠬᠤ  ᠦᠭᠡᠢ  ᠪᠣᠯᠭᠠᠨ᠎ᠠ  ︔  ᠮᠠᠯᠵᠢᠬᠤ  ᠲᠠᠷᠢᠶᠠᠯᠠᠬᠤ  ᠣᠷᠣᠨ  ᠎ ᠤ  ᠰᠢᠨ᠎ᠡ  ᠬᠡᠯᠪᠡᠷᠢ  ᠎ ᠶᠢᠨ  ᠬᠤᠷᠰᠢᠭᠰᠠᠨ  ᠡᠮᠴᠢᠯᠡᠭᠡᠨ  ᠎ ᠤ  ᠳᠦᠷᠢᠮ  ᠎ ᠤᠨ  ᠪᠦᠲᠦᠭᠡᠨ  ᠪᠠᠶᠢᠭᠤᠯᠤᠯᠲᠠ  ᠎ ᠶᠢ  ᠪᠦᠬᠦ  ᠲᠠᠯ᠎ᠠ  ᠎ ᠪᠠᠷ  ᠠᠬᠢᠭᠤᠯᠵᠤ  ᠂  ᠣᠷᠣᠯᠴᠠᠵᠤ  ᠬᠤᠷᠰᠢᠬᠤ  ᠬᠠᠷᠢᠴᠠᠯ  ᠎ ᠢ 90%  ᠎ ᠳᠤ  ᠬᠦᠷᠭᠡᠨ  ᠂  ᠳᠠᠩᠰᠠ  ᠴᠠᠶᠢᠷᠠᠭᠤᠯᠤᠭᠰᠠᠨ  ᠬᠠᠷᠢᠴᠠᠯ  ᠎ ᠢ  ᠲᠠᠪᠤᠨ  ᠵᠠᠭᠤᠨ  ᠎ ᠤ  ᠴᠡᠭ  ᠨᠡᠮᠡᠭᠳᠡᠭᠦᠯᠵᠦ  ᠂  ᠣᠯᠠᠨ  ᠲᠦᠮᠡᠨ  ᠎ ᠤ  ᠡᠮ ᠡᠮᠨᠡᠯᠭᠡ  ᠎ ᠶᠢᠨ ᠳᠠᠷᠤᠭᠠᠰᠤ  ᠎ ᠶᠢ  ᠬᠥᠩᠭᠡᠯᠡᠨ᠎ᠡ  ︔  ᠬᠢᠮᠳᠠ  ᠲᠦᠷᠢᠶᠡᠰᠦᠨ  ᠎ ᠤ  ᠣᠷᠣᠨ  ᠰᠠᠭᠤᠴᠠ  ᠎ ᠶᠢᠨ  ᠳᠦᠷᠢᠮ  ᠎ ᠢ  ᠪᠠᠶᠢᠭᠤᠯᠵᠤ  ᠂ ᠰᠤᠷᠭᠠᠭᠤᠯᠢ  ᠎ ᠳᠤ  ᠰᠠᠭᠤᠬᠤ  ᠎ ᠳᠤ  ᠬᠦᠴᠢᠷᠲᠡᠢ  ᠂  ᠡᠪᠡᠳᠴᠢᠨ  ᠦᠵᠡᠭᠦᠯᠬᠦ  ᠎ ᠳᠤ  ᠬᠦᠴᠢᠷᠲᠡᠢ  ᠂  ᠬᠤᠨᠣᠵᠤ  ᠰᠠᠭᠤᠬᠤ ᠳᠤ  ᠬᠦᠴᠢᠷᠲᠡᠢ  ᠵᠡᠷᠭᠡ  ᠠᠰᠠᠭᠤᠳᠠᠯ  ᠎ ᠢ  ᠠᠯᠬᠤᠮ  ᠠᠯᠬᠤᠮ  ᠎ ᠢᠶᠠᠷ  ᠰᠢᠢᠳᠪᠦᠷᠢᠯᠡᠨ᠎ᠡ  ᠃        ᠭᠤᠷᠪᠠ ᠳᠤ  ᠂  ᠠᠷᠠᠳ ᠲᠦᠮᠡᠨ ᠤ ᠠᠰᠢᠭ ᠲᠤᠰᠠ ᠶᠢ  ᠪᠦᠬᠦ  ᠬᠦᠴᠦᠨ ᠢᠶᠠᠷ ᠬᠠᠮᠠᠭᠠᠯᠠᠨ᠎ᠠ  ᠃  ᠬᠥᠳᠡᠯᠮᠦᠷᠢ  ᠎ ᠶᠢᠨ  ᠬᠢᠨᠠᠨ  ᠪᠠᠶᠢᠴᠠᠭᠠᠯᠲᠠ  ᠎ ᠶᠢᠨ  ᠬᠦᠴᠦᠯᠡᠴᠡ  ᠎ ᠪᠠᠨ  ᠴᠢᠩᠭᠠᠳᠬᠠᠵᠤ  ᠂  ᠬᠥᠳᠡᠯᠮᠦᠷᠢ  ᠎ ᠶᠢᠨ  ᠭᠡᠷ᠎ᠡ  ᠲᠣᠭᠲᠠᠬᠤ  ᠂  ᠴᠠᠯᠢᠩ  ᠎ ᠢ  ᠰᠠᠭᠠᠲᠠᠭᠠᠵᠤ  ᠳᠤᠲᠠᠭᠤᠯᠬᠤ ᠵᠡᠷᠭᠡ  ᠠᠰᠠᠭᠤᠳᠠᠯ  ᠎ ᠢ  ᠰᠠᠶᠢᠲᠤᠷ  ᠰᠢᠢᠳᠪᠦᠷᠢᠯᠡᠨ᠎ᠡ  ᠃  ᠠᠵᠤ  ᠠᠬᠤᠶᠢᠯᠠᠯ  ᠎ ᠤᠨ  ᠬᠠᠤᠯᠢ  ᠎ ᠳᠤ  ᠲᠣᠭᠲᠠᠭᠰᠠᠨ  ᠴᠠᠯᠢᠩ  ᠎ ᠤᠨ  ᠪᠠᠷᠢᠮᠵᠢᠶ᠎ᠠ  ᠎ ᠶᠢ  ᠴᠢᠩᠭ᠎ᠠ ᠬᠡᠷᠡᠭᠵᠢᠭᠦᠯᠵᠦ  ᠂  ᠬᠥᠳᠡᠯᠮᠦᠷᠢᠯᠡᠭᠴᠢᠳ  ᠎ ᠤᠨ  ᠬᠠᠤᠯᠢ  ᠶᠣᠰᠣᠨ  ᠎ ᠤ  ᠡᠷᠬᠡ  ᠠᠰᠢᠭ  ᠎ ᠢ  ᠬᠠᠮᠠᠭᠠᠯᠠᠨ᠎ᠠ  ᠃  ᠶᠠᠳᠠᠭᠤ  ᠎ ᠶᠢ  ᠲᠡᠳᠬᠦᠨ  ᠂  ᠨᠡᠭᠡᠭᠡᠨ  ᠬᠥᠭᠵᠢᠭᠦᠯᠬᠦ  ᠠᠵᠢᠯ  ᠎ ᠢ  ᠯᠠᠪᠳᠠᠭᠤᠨ  ᠪᠠᠲᠤᠲᠠᠢ  ᠬᠢᠵᠦ  ᠂  ᠪᠦᠬᠦᠶᠢᠯᠡ  ᠲᠣᠰᠬᠤᠨ ᠢᠶᠠᠷ  ᠲᠦᠯᠬᠢᠨ ᠠᠬᠢᠭᠤᠯᠬᠤ  ᠲᠥᠷᠥᠯ  ᠵᠦᠢᠯ  ᠎ ᠢ  ᠬᠡᠷᠡᠭᠵᠢᠭᠦᠯᠵᠦ  ᠂  ᠰᠠᠭᠠᠯᠢ  ᠎ ᠶᠢᠨ  ᠦᠨᠢᠶ᠎ᠡ  ᠂ ᠠᠯᠠᠰᠢᠨ ᠤ ᠦᠬᠡᠷ  ᠂  ᠦᠷ᠎ᠡ  ᠎ ᠶᠢᠨ  ᠭᠠᠭ᠋ᠠᠢ  ᠵᠡᠷᠭᠡ  ᠠᠵᠤ  ᠦᠢᠯᠡᠰᠵᠢᠭᠰᠡᠨ  ᠲᠥᠷᠥᠯ  ᠵᠦᠢᠯ  ᠎ ᠢ  ᠬᠠᠪᠰᠤᠷᠤᠨ ᠲᠡᠳᠬᠦᠵᠦ᠂  ᠢᠲᠡᠭᠡᠮᠵᠢ ᠶᠢᠨ ᠬᠤᠷᠰᠢᠶᠠᠨ ᠤ ᠶᠠᠳᠠᠭᠤ ᠶᠢ ᠲᠡᠳᠬᠦᠬᠦ  ᠬᠦᠦ ᠮᠥᠩᠭᠦ ᠦᠭᠡᠢ ᠵᠢᠭᠡᠯᠡᠯᠭᠡ ᠶᠢ ᠢᠳᠡᠪᠬᠢᠲᠡᠢ ᠲᠡᠮᠡᠴᠡᠨ ᠣᠯᠣᠨ᠎ᠠ᠃ ᠡᠯ᠎ᠡ ᠲᠥᠷᠥᠯ  ᠎ ᠤᠨ ᠬᠠᠷᠠᠭᠠᠯᠵᠠᠯ  ᠤᠨ ᠲᠥᠷᠥ ᠶᠢᠨ ᠪᠣᠳᠣᠯᠭ᠎ᠠ  ᠎ ᠶᠢ   ᠨᠢᠮᠪᠠᠢ ᠨᠠᠶᠢᠳᠠᠪᠤᠷᠢᠵᠢᠭᠤᠯᠵᠤ᠂  ᠮᠠᠯᠴᠢᠨ ᠲᠠᠷᠢᠶᠠᠴᠢᠨ ᠲᠦᠮᠡᠨ ᠤ ᠦᠢᠯᠡᠳᠪᠦᠷᠢᠯᠡᠯ ᠤᠨ ᠢᠳᠡᠪᠬᠢᠵᠢᠯ ᠢ ᠭᠦᠢᠴᠡᠳ ᠳᠠᠶᠢᠴᠢᠯᠠᠨ᠂ ᠣᠯᠠᠨ ᠲᠦᠮᠡᠨ ᠤ  ᠬᠦᠷᠲᠡᠬᠦ  ᠶᠣᠰᠣᠲᠠᠢ ᠠᠰᠢᠭ  ᠲᠤᠰᠠ ᠶᠢ ᠰᠠᠶᠢᠲᠤᠷ  ᠬᠠᠮᠠᠭᠠᠯᠠᠨ᠎ᠠ᠃        ᠳᠥᠷᠪᠡ  ᠎ ᠳᠤ᠂  ᠠᠷᠠᠳ  ᠎ ᠤᠨ  ᠵᠣᠯ  ᠵᠢᠷᠭᠠᠯ  ᠎ ᠢ  ᠦᠨᠡᠨ  ᠰᠡᠳᠬᠢᠯ  ᠎ ᠠᠴᠠ  ᠎ ᠪᠠᠨ  ᠬᠦᠨᠳᠦᠳᠬᠡᠨ  ᠴᠢᠬᠤᠯᠠᠴᠢᠯᠠᠨ᠎ᠠ  ᠃  ᠰᠤᠷᠭᠠᠨ  ᠬᠥᠮᠥᠵᠢᠯ  ᠎ ᠤᠨ  ᠪᠦᠲᠦᠴᠡ  ᠎ ᠶᠢ  ᠰᠢᠯᠢᠳᠡᠭᠵᠢᠭᠦᠯᠵᠦ  ᠂  ᠴᠢᠶᠠᠨ  ᠎ ᠶᠢᠨ  ᠭᠸᠦ  ᠂  ᠯᠦᠸᠧ  ᠲᠦᠸᠧ  ᠱᠠᠨ  ᠂  ᠶᠦᠩ  ᠹᠧᠩ  ᠂  ᠬᠤᠩ  ᠴᠢ  ᠳᠦᠷᠪᠡᠨ  ᠳᠤᠮᠳᠠᠳᠤ  ᠰᠤᠷᠭᠠᠭᠤᠯᠢ  ᠎ ᠶᠢ  ᠬᠠᠰᠤᠨ  ᠨᠡᠶᠢᠯᠡᠭᠦᠯᠵᠦ  ᠂  ᠪᠤᠤᠴᠠᠩ  ᠬᠤᠶᠠᠳᠤᠭᠠᠷ  ᠳᠤᠮᠳᠠᠳᠤ  ᠰᠤᠷᠭᠠᠭᠤᠯᠢ  ᠂  ᠪᠤᠤᠴᠠᠩ  ᠭᠤᠷᠪᠠᠳᠤᠭᠠᠷ  ᠳᠤᠮᠳᠠᠳᠤ  ᠰᠤᠷᠭᠠᠭᠤᠯᠢ  ᠎ ᠶᠢᠨ  ᠰᠤᠷᠭᠠᠭᠤᠯᠢ  ᠡᠷᠬᠢᠯᠡᠬᠦ  ᠬᠦᠷᠢᠶ᠎ᠡ  ᠬᠡᠪᠴᠢᠶ᠎ᠡ  ᠎ ᠶᠢ  ᠥᠷᠭᠡᠳᠬᠡᠵᠦ  ᠂  ᠬᠤᠶᠠᠷ  ᠰᠠᠭᠤᠷᠢ  ᠠᠩᠬ᠎ᠠ  ᠵᠡᠷᠭᠡ  ᠎ ᠶᠢᠨ  ᠳᠤᠮᠳᠠᠳᠤ  ᠰᠤᠷᠭᠠᠭᠤᠯᠢ  ᠎ ᠶᠢᠨ  ᠰᠤᠷᠭᠠᠨ  ᠬᠥᠮᠥᠵᠢᠯ  ᠎ ᠤᠨ  ᠨᠡᠷᠡᠲᠦ  ᠲᠡᠮᠳᠡᠭ  ᠎ ᠢ  ᠡᠭᠦᠳᠦᠨ᠎ᠡ  ᠃  ᠦᠨᠳᠦᠰᠦᠲᠡᠨ  ᠎ ᠤ  ᠰᠤᠷᠭᠠᠨ  ᠬᠥᠮᠥᠵᠢᠯ  ᠎ ᠢ  ᠡᠩ  ᠲᠡᠷᠢᠭᠦᠨ  ᠎ ᠳᠤ  ᠬᠥᠭᠵᠢᠭᠦᠯᠵᠦ  ᠂  ᠮᠣᠩᠭᠤᠯ  ᠦᠨᠳᠦᠰᠦᠲᠡᠨ  ᠎ ᠤ  ᠰᠤᠷᠭᠠᠭᠤᠯᠢ  ᠎ ᠶᠢᠨ  ᠪᠦᠲᠦᠭᠡᠨ  ᠪᠠᠶᠢᠭᠤᠯᠤᠯᠲᠠ  ᠎ ᠶᠢ  ᠴᠢᠩᠭᠠᠳᠬᠠᠨ᠎ᠠ  ᠃  ᠥᠨᠳᠥᠷ  ᠵᠡᠷᠭᠡ  ᠎ ᠶᠢᠨ  ᠳᠤᠮᠳᠠᠳᠤ  ᠰᠤᠷᠭᠠᠭᠤᠯᠢ  ᠎ ᠶᠢᠨ  ᠰᠤᠷᠭᠠᠨ  ᠬᠥᠮᠥᠵᠢᠯ  ᠎ ᠢ  ᠲᠦᠭᠡᠮᠡᠯᠵᠢᠭᠦᠯᠬᠦ  ᠎ ᠶᠢ  ᠲᠦᠷᠭᠡᠳᠬᠡᠵᠦ  ᠂  ᠪᠤᠤᠴᠠᠩ  ᠨᠢᠭᠡᠳᠦᠭᠡᠷ  ᠳᠤᠮᠳᠠᠳᠤ  ᠰᠤᠷᠭᠠᠭᠤᠯᠢ  ᠎ ᠶᠢ  ᠭᠤᠣᠯᠳᠠᠯᠭ᠎ᠠ  ᠎ ᠲᠠᠢ  ᠰᠠᠶᠢᠲᠤᠷ  ᠡᠷᠬᠢᠯᠡᠵᠦ  ᠂  ᠢᠤᠢ  ᠯᠦᠩ  ᠳᠤᠮᠳᠠᠳᠤ  ᠰᠤᠷᠭᠠᠭᠤᠯᠢ  ᠎ ᠶᠢᠨ  ᠲᠦᠷᠭᠡᠨ  ᠬᠥᠭᠵᠢᠯᠲᠡ  ᠎ ᠶᠢ  ᠳᠡᠮᠵᠢᠨ᠎ᠡ  ᠃  ᠠᠵᠢᠯ  ᠮᠡᠷᠭᠡᠵᠢᠯ  ᠎ ᠤᠨ  ᠰᠤᠷᠭᠠᠨ  ᠬᠥᠮᠥᠵᠢᠯ ᠢ  ᠶᠡᠭᠡ  ᠎ ᠪᠠᠷ  ᠬᠥᠭᠵᠢᠭᠦᠯᠵᠦ  ᠂  ᠪᠡᠭᠡᠵᠢᠩ  ᠎ ᠤᠨ  ᠴᠠᠩ  ᠫᠢᠩ  ᠎ ᠤᠨ  ᠲᠠᠷᠢᠶᠠᠯᠠᠩ  ᠎ ᠤᠨ  ᠠᠵᠢᠯ  ᠮᠡᠷᠭᠡᠵᠢᠯ  ᠎ ᠤᠨ  ᠰᠤᠷᠭᠠᠭᠤᠯᠢ  ᠂  ᠲᠢᠶᠠᠨᠵᠢᠨ  ᠎ ᠤ  ᠳ᠋ᠠ  ᠭᠠᠩ  ᠠᠵᠢᠯ  ᠮᠡᠷᠭᠡᠵᠢᠯ  ᠎ ᠤᠨ  ᠳᠤᠮᠳᠠ  ᠵᠡᠷᠭᠡ  ᠎ ᠶᠢᠨ  ᠲᠤᠰᠬᠠᠢ  ᠮᠡᠷᠭᠡᠵᠢᠯ  ᠎ ᠤᠨ  ᠰᠤᠷᠭᠠᠭᠤᠯᠢ  ᠪᠠ  ᠱᠠᠨᠳᠦ᠋ᠩ  ᠎ ᠤᠨ  ᠸᠧᠢ  ᠬᠠᠢ ᠠᠵᠢᠯ  ᠮᠡᠷᠭᠡᠵᠢᠯ  ᠎ ᠤᠨ  ᠰᠤᠷᠭᠠᠭᠤᠯᠢ  ᠎ ᠯᠤᠭ᠎ᠠ  ᠎ ᠶᠢᠨ  ᠬᠤᠯᠪᠣᠭᠠᠯᠠᠨ ᠰᠤᠷᠭᠠᠭᠤᠯᠢ  ᠡᠷᠬᠢᠯᠡᠬᠦ  ᠠᠵᠢᠯ  ᠎ ᠢ  ᠦᠷᠭᠦᠯᠵᠢᠯᠡᠨ  ᠴᠢᠩᠭᠠᠳᠬᠠᠵᠤ  ᠂  ᠰᠤᠷᠭᠠᠭᠤᠯᠢ  ᠲᠡᠭᠦᠰᠦᠭᠰᠡᠳ  ᠎ ᠤᠨ  ᠲᠤᠰᠬᠠᠢ  ᠮᠡᠷᠭᠡᠵᠢᠯ  ᠎ ᠤᠨ ᠬᠡᠪ  ᠪᠣᠯᠪᠠᠰᠤᠷᠠᠯ  ᠎ ᠢ ᠳᠡᠭᠡᠭᠰᠢᠯᠡᠭᠦᠯᠵᠦ  ᠂  ᠲᠡᠭᠦᠰᠦᠭᠰᠡᠨ  ᠰᠤᠷᠤᠭᠴᠢᠳ  ᠎ ᠤᠨ  ᠠᠵᠢᠯ  ᠣᠯᠬᠤ  ᠵᠠᠮ  ᠎ ᠢ  ᠥᠷᠭᠡᠳᠬᠡᠨ᠎ᠡ  ᠃  ᠰᠤᠷᠭᠠᠭᠤᠯᠢ  ᠡᠷᠬᠢᠯᠡᠬᠦ  ᠨᠥᠬᠦᠴᠡᠯ  ᠎ ᠢ  ᠦᠷᠭᠦᠯᠵᠢᠯᠡᠨ  ᠰᠠᠶᠢᠵᠢᠷᠠᠭᠤᠯᠵᠤ  ᠂  ᠪᠤᠤᠴᠠᠩ  ᠎ ᠤᠨ  ᠨᠢᠭᠡᠳᠦᠭᠡᠷ  ᠂  ᠬᠤᠶᠠᠳᠤᠭᠠᠷ  ᠂  ᠭᠤᠷᠪᠠᠳᠤᠭᠠᠷ  ᠳᠤᠮᠳᠠᠳᠤ  ᠰᠤᠷᠭᠠᠭᠤᠯᠢ  ᠎ ᠶᠢᠨ  ᠪᠠᠶᠢᠷᠢᠨ  ᠠᠰᠠᠷ  ᠎ ᠤᠨ  ᠪᠦᠲᠦᠭᠡᠨ  ᠪᠠᠶᠢᠭᠤᠯᠤᠯᠲᠠ  ᠎ ᠶᠢᠨ  ᠢᠨᠵᠧᠨᠧᠷᠢᠩ  ᠎ ᠢ  ᠪᠡᠶᠡᠯᠡᠭᠦᠯᠵᠦ  ︔  ᠪᠤᠤᠴᠠᠩ ᠤᠨ  ᠬᠤᠶᠠᠳᠤᠭᠠᠷ  ᠳᠤᠮᠳᠠᠳᠤ  ᠰᠤᠷᠭᠠᠭᠤᠯᠢ  ᠂  ᠭᠤᠷᠪᠠᠳᠤᠭᠠᠷ  ᠳᠤᠮᠳᠠᠳᠤ  ᠰᠤᠷᠭᠠᠭᠤᠯᠢ  ᠎ ᠶᠢᠨ  ᠬᠤᠭᠤᠯᠠᠨ  ᠭᠡᠷ  ᠎ ᠤᠨ  ᠪᠦᠲᠦᠭᠡᠨ  ᠪᠠᠶᠢᠭᠤᠯᠤᠯᠲᠠ  ᠎ ᠶᠢᠨ  ᠢᠨᠵᠧᠨᠧᠷᠢᠩ  ᠎ ᠢ  ᠪᠡᠶᠡᠯᠡᠭᠦᠯᠵᠦ  ︔  ᠢᠦᠢ  ᠯᠦᠩ  ᠳᠤᠮᠳᠠᠳᠤ  ᠰᠤᠷᠭᠠᠭᠤᠯᠢ  ᠎ ᠶᠢᠨ  ᠬᠤᠶᠠᠳᠠᠭᠢ  ᠬᠤᠭᠤᠴᠠᠭᠠᠨ  ᠎ ᠤ  ᠪᠠᠷᠢᠯᠭ᠎ᠠ  ᠎ ᠶᠢᠨ  ᠢᠨᠵᠧᠨᠧᠷᠢᠩ  ᠎ ᠢ  ᠪᠡᠶᠡᠯᠡᠭᠦᠯᠵᠦ  ︔  ᠵᠢᠭᠠᠨ  ᠰᠤᠷᠭᠠᠬᠤ ᠲᠥᠪ  ᠎ ᠤᠨ  ᠪᠠᠶᠢᠷᠢᠨ  ᠠᠰᠠᠷ  ᠂  ᠪᠤᠤᠴᠠᠩ  ᠭᠤᠷᠪᠠᠳᠤᠭᠠᠷ  ᠪᠠᠭ᠎ᠠ  ᠰᠤᠷᠭᠠᠭᠤᠯᠢ  ᠎ ᠶᠢᠨ  ᠪᠠᠶᠢᠷᠢᠨ  ᠠᠰᠠᠷ  ᠂  ᠬᠤᠭᠤᠯᠠᠨ  ᠭᠡᠷ  ᠎ ᠤᠨ  ᠪᠦᠲᠦᠭᠡᠨ  ᠪᠠᠶᠢᠭᠤᠯᠤᠯᠲᠠ  ᠎ ᠶᠢ  ᠡᠬᠢᠯᠡᠭᠦᠯᠬᠦ  ᠎ ᠪᠠᠷ  ᠴᠢᠷᠮᠠᠶᠢᠨ᠎ᠠ  ᠃ ᠨᠡᠶᠢᠭᠡᠮ  ᠨᠡᠶᠢᠲᠡ  ᠎ ᠶᠢᠨ  ᠡᠮ  ᠡᠮᠨᠡᠯᠭᠡ ᠡᠷᠡᠭᠦᠯ  ᠬᠠᠮᠠᠭᠠᠯᠠᠯ  ᠎ ᠤᠨ  ᠨᠡᠶᠢᠲᠡ  ᠎ ᠶᠢᠨ ᠠᠰᠠᠷᠠᠮᠵᠢᠲᠤ ᠰᠢᠨᠵᠢ  ᠴᠢᠨᠠᠷ  ᠎ ᠢ  ᠪᠠᠷᠢᠮᠲᠠᠯᠠᠵᠤ  ᠂  ᠬᠥᠳᠡᠭᠡ  ᠲᠣᠰᠬᠤᠨ  ᠎ ᠤ  ᠭᠤᠷᠪᠠᠨ  ᠱᠠᠲᠤᠨ  ᠎ ᠤ  ᠡᠷᠡᠭᠦᠯ  ᠬᠠᠮᠠᠭᠠᠯᠠᠯ  ᠎ ᠤᠨ  ᠦᠢᠯᠡᠴᠢᠯᠡᠭᠡᠨ  ᠎ ᠤ ᠰᠦᠯᠵᠢᠶ᠎ᠡ ᠪᠣᠯᠣᠨ  ᠬᠤᠲᠠ  ᠪᠠᠯᠭᠠᠰᠤᠨ  ᠎ ᠤ  ᠨᠡᠶᠢᠭᠡᠮ  ᠲᠣᠭᠤᠷᠢᠭ  ᠎ ᠤᠨ  ᠡᠷᠡᠭᠦᠯ  ᠬᠠᠮᠠᠭᠠᠯᠠᠯ  ᠎ ᠤᠨ  ᠦᠢᠯᠡᠴᠢᠯᠡᠭᠡᠨ  ᠎ ᠤ  ᠰᠢᠰᠲ᠋ᠧᠮ  ᠎ ᠤᠨ  ᠪᠦᠲᠦᠭᠡᠨ  ᠪᠠᠶᠢᠭᠤᠯᠤᠯᠲᠠ  ᠎ ᠶᠢ  ᠴᠢᠩᠭᠠᠳᠬᠠᠨ᠂ ᠬᠤᠰᠢᠭᠤ  ᠡᠮᠨᠡᠯᠭᠡ  ᠎ ᠶᠢᠨ  ᠬᠤᠷᠢᠶᠠᠨ  ᠎ ᠤ  ᠥᠭᠡᠷᠡᠴᠢᠯᠡᠯᠲᠡ  ᠎ ᠶᠢ  ᠭᠦᠨᠵᠡᠭᠡᠶᠢᠷᠡᠭᠦᠯᠵᠦ  ᠂  ᠬᠤᠰᠢᠭᠤ  ᠡᠮᠨᠡᠯᠭᠡ  ᠎ ᠶᠢᠨ  ᠬᠤᠷᠢᠶᠠᠨ  ᠎ ᠤ  ᠡᠭᠦᠳᠡᠨ  ᠡᠮᠨᠡᠯᠭᠡ  ᠎ ᠶᠢᠨ  ᠠᠰᠠᠷ  ᠎ ᠤᠨ  ᠪᠠᠶᠢᠭᠤᠯᠤᠯᠲᠠ  ᠎ ᠶᠢᠨ  ᠠᠵᠢᠯ  ᠎ ᠢ  ᠡᠬᠢᠯᠡᠭᠦᠯᠵᠦ  ︔  ᠬᠥᠮᠥᠨ  ᠠᠮᠠ  ᠪᠣᠯᠣᠨ  ᠲᠥᠯᠥᠪᠯᠡᠭᠡᠲᠦ  ᠦᠷᠡᠵᠢᠯ  ᠎ ᠤᠨ  ᠬᠠᠮᠢᠶᠠᠷᠤᠯᠲᠠ  ᠎ ᠶᠢᠨ  ᠦᠢᠯᠡᠴᠢᠯᠡᠭᠡᠨ  ᠎ ᠤ  ᠴᠢᠳᠠᠪᠤᠷᠢ  ᠎ ᠶᠢ  ᠳᠡᠭᠡᠭᠰᠢᠯᠡᠭᠦᠯᠵᠦ  ᠂ ᠲᠥᠯᠥᠪᠯᠡᠭᠡᠲᠦ ᠦᠷᠡᠵᠢᠯ  ᠎ ᠤᠨ  ᠲᠥᠷᠥ  ᠎ ᠶᠢᠨ  ᠪᠣᠳᠣᠯᠭ᠎ᠠ  ᠎ ᠶᠢ  ᠴᠢᠩᠭ᠎ᠠ  ᠬᠡᠷᠡᠭᠵᠢᠭᠦᠯᠦᠨ᠂  ᠲᠥᠷᠥ  ᠎ ᠶᠢᠨ  ᠪᠣᠳᠣᠯᠭ᠎ᠠ  ᠎ ᠠᠴᠠ  ᠭᠠᠳᠠᠨ᠎ᠠ  ᠲᠥᠷᠥᠬᠦ  ᠦᠵᠡᠭᠳᠡᠯ  ᠎ ᠢ  ᠡᠷᠡᠰ  ᠴᠠᠭᠠᠵᠠᠯᠠᠵᠤ  ᠂  ᠬᠥᠮᠥᠨ  ᠠᠮᠠ  ᠪᠠ  ᠲᠥᠯᠥᠪᠯᠡᠭᠡᠲᠦ  ᠦᠷᠡᠵᠢᠯ  ᠎ ᠤᠨ  ᠠᠵᠢᠯ  ᠎ ᠢ  ᠨᠥᠯᠥᠭᠡᠯᠡᠭᠡ  ᠡᠯ᠎ᠡ  ᠵᠦᠢᠯ  ᠎ ᠤᠨ  ᠬᠢᠵᠠᠭᠠᠷᠯᠠᠯ  ᠎ ᠤᠨ  ᠡᠯᠧᠮᠧᠨ᠋ᠲ  ᠎ ᠢ ᠦᠭᠡᠶᠢᠰᠬᠡᠵᠦ  ᠂  ᠮᠠᠨ  ᠎ ᠤ  ᠬᠤᠰᠢᠭᠤᠨ  ᠎ ᠤ  ᠬᠥᠮᠥᠨ  ᠠᠮᠠ  ᠪᠠ  ᠲᠥᠯᠥᠪᠯᠡᠭᠡᠲᠦ  ᠦᠷᠡᠵᠢᠯ  ᠎ ᠤᠨ  ᠠᠵᠢᠯ  ᠎ ᠢ  ᠬᠤᠶᠢᠰᠢᠷᠠᠩᠭᠤᠢ  ᠪᠠᠶᠢᠳᠠᠯ  ᠎ ᠠᠴᠠ  ᠠᠩᠭᠢᠵᠢᠷᠠᠭᠤᠯᠤᠨ᠂  ᠪᠦᠬᠦ  ᠠᠶᠢᠮᠠᠭ  ᠎ ᠤᠨ  ᠲᠡᠷᠢᠭᠦᠨ  ᠎ ᠤ  ᠡᠩᠨᠡᠭᠡᠨ  ᠎ ᠳᠤ  ᠠᠯᠬᠤᠮ  ᠠᠯᠬᠤᠮ  ᠎ ᠢᠶᠠᠷ  ᠣᠷᠣᠭᠤᠯᠤᠨ᠎ᠠ  ︔  ᠪᠦᠲᠦᠭᠡᠨ  ᠪᠠᠶᠢᠭᠤᠯᠤᠯᠲᠠ  ᠎ ᠶᠢᠨ  ᠪᠡᠯᠡ  ᠮᠥᠩᠭᠦ  ᠎ ᠶᠢ  ᠤᠯᠠᠨ  ᠠᠷᠭ᠎ᠠ  ᠵᠠᠮ  ᠎ ᠢᠶᠠᠷ  ᠣᠴᠢᠵᠤ  ᠴᠤᠭᠯᠠᠭᠤᠯᠤᠨ᠂  ᠰᠣᠶᠣᠯ  ᠎ ᠤᠨ  ᠲᠣᠮᠣ  ᠠᠰᠠᠷ  ᠎ ᠤᠨ  ᠪᠠᠶᠢᠭᠤᠯᠤᠯᠲᠠ  ᠎ ᠶᠢᠨ  ᠠᠵᠢᠯ  ᠎ ᠢ  ᠡᠬᠢᠯᠡᠭᠦᠯᠵᠦ  ᠂  ᠰᠤᠶᠤᠯ  ᠤᠨ ᠪᠠ ᠪᠤᠳᠠᠰ  ᠤᠨ ᠪᠤᠰᠤ ᠰᠤᠶᠤᠯ  ᠤᠨ ᠦᠪ  ᠢ ᠨᠡᠶᠢᠳᠡᠮ ᠪᠠᠶᠢᠴᠠᠭᠠᠬᠤ ᠠᠵᠢᠯ  ᠢ ᠰᠠᠶᠢᠨ ᠬᠢᠵᠦ᠂ ᠰᠣᠶᠣᠯ ᠮᠡᠳᠡᠭᠡ ᠵᠠᠩᠭᠢ ᠶᠢᠨ ᠡᠬᠢ   ᠪᠠᠶᠠᠯᠢᠭ  ᠎ ᠤᠨ ᠬᠠᠮᠲᠤ ᠶᠢᠨ  ᠬᠦᠷᠲᠡᠭᠡᠯ  ᠎ ᠤᠨ ᠢᠨᠵᠧᠨᠧᠷᠢᠩ  ᠎ ᠢ  ᠬᠡᠷᠡᠭᠵᠢᠭᠦᠯᠦᠨ᠎ᠡ  ᠃  ᠥᠪᠡᠷᠲᠡᠭᠡᠨ  ᠵᠠᠰᠠᠬᠤ  ᠣᠷᠣᠨ  ᠎ ᠤ  ᠷᠠᠳᠢᠤ᠋ ᠲᠧᠯᠸᠢᠰ  ᠎ ᠤᠨ  ᠲᠣᠭᠠᠨ  ᠲᠣᠬᠢᠶᠠᠨ  ᠎ ᠤ  ᠪᠦᠷᠬᠦᠴᠡ  ᠎ ᠶᠢᠨ  ᠢᠨᠵᠧᠨᠧᠷᠢᠩ  ᠎ ᠤᠨ  ᠲᠥᠷᠥᠯ  ᠵᠦᠢᠯ  ᠎ ᠢ  ᠢᠳᠡᠪᠬᠢᠲᠡᠢ  ᠲᠡᠮᠡᠴᠡᠨ  ᠣᠯᠵᠤ  ᠂  ᠠᠶᠢᠯ  ᠲᠣᠰᠬᠤᠨ  ᠎ ᠳᠤ ᠷᠠᠳᠢᠤ᠋ ᠲᠧᠯᠸᠢᠰ  ᠨᠡᠪᠲᠡᠷᠡᠭᠦᠯᠬᠦ  ᠢᠨᠵᠧᠨᠧᠷᠢᠩ  ᠎ ᠢ  ᠨᠠᠷᠢᠨ  ᠬᠢᠨᠠᠮᠠᠭᠠᠢ  ᠵᠣᠬᠢᠶᠠᠨ  ᠪᠠᠶᠢᠭᠤᠯᠵᠤ  ᠬᠡᠷᠡᠭᠵᠢᠭᠦᠯᠦᠨ  ᠂ ᠷᠠᠳᠢᠤ᠋ ᠲᠧᠯᠸᠢᠰ  ᠨᠡᠪᠲᠡᠷᠡᠭᠦᠯᠭᠡ  ᠎ ᠶᠢᠨ ᠪᠦᠷᠬᠦᠴᠡ  ᠎ ᠶᠢᠨ  ᠬᠡᠪᠴᠢᠶ᠎ᠡ  ᠎ ᠶᠢ  ᠥᠷᠭᠡᠳᠬᠡᠨ᠎ᠡ  ᠃ ᠣᠷᠣᠰᠢᠭᠤᠯᠤᠭ᠎ᠠ  ᠎ ᠶᠢᠨ  ᠳᠦᠷᠢᠮ  ᠎ ᠤᠨ  ᠥᠭᠡᠷᠡᠴᠢᠯᠡᠯᠲᠡ  ᠎ ᠶᠢ  ᠲᠦᠷᠭᠡᠨ  ᠠᠬᠢᠭᠤᠯᠤᠨ᠎ᠠ  ︔  ᠤᠯᠤᠰ  ᠎ ᠤᠨ ᠪᠠᠲᠤᠯᠠᠨ ᠬᠠᠮᠠᠭᠠᠯᠠᠯᠲᠠ  ᠂  ᠪᠡᠯᠡᠳᠬᠡᠯ  ᠠᠩᠭᠢ  ᠂  ᠠᠷᠠᠳ  ᠎ ᠤᠨ  ᠠᠭᠠᠷ  ᠎ ᠤᠨ ᠰᠡᠷᠭᠡᠶᠢᠯᠡᠯᠲᠡ᠂  ᠲᠡᠳᠬᠦᠨ  ᠬᠠᠷᠠᠭᠠᠯᠵᠠᠬᠤ᠂ ᠣᠷᠴᠢᠨ  ᠲᠣᠭᠤᠷᠢᠨ  ᠎ ᠤ  ᠬᠠᠮᠠᠭᠠᠯᠠᠯᠲᠠ  ᠂  ᠢᠳᠡᠭᠡᠨ  ᠂  ᠡᠮ  ᠎ ᠤᠨ  ᠵᠦᠢᠯ  ᠎ ᠤᠨ  ᠬᠢᠨᠠᠯᠲᠠ  ᠬᠠᠮᠢᠶᠠᠷᠤᠯᠲᠠ  ᠂   ᠨᠠᠰᠤᠲᠠᠢ  ᠵᠡᠮᠳᠡᠭ  ᠂ ᠡᠮᠡᠭᠲᠡᠶᠢᠴᠦᠳ  ᠬᠡᠦᠬᠡᠳ  ᠪᠠᠭᠠᠴᠤᠳ᠂  ᠤᠯᠠᠭᠠᠨ  ᠵᠠᠯᠮᠠᠭᠠᠶᠢᠲᠠᠨ  ᠎ ᠤ  ᠨᠡᠶᠢᠭᠡᠮᠯᠢᠭ  ᠂  ᠲᠡᠦᠬᠡ  ᠣᠶᠢᠯᠠᠯᠭ᠎ᠠ  ᠂  ᠳᠠᠩᠰᠠ  ᠡᠪᠬᠡᠮᠡᠯ  ᠂  ᠴᠠᠭ  ᠠᠭᠤᠷ  ᠂ ᠭᠠᠳᠠᠭᠠᠳᠤ  ᠂ ᠬᠠᠷᠢᠶᠠᠲᠤ ᠶᠢᠨ  ᠶᠠᠪᠤᠳᠠᠯ  ᠂  ᠦᠨᠳᠦᠰᠦᠲᠡᠨ  ᠱᠠᠰᠢᠨ  ᠰᠤᠷᠲᠠᠬᠤᠨ  ᠵᠡᠷᠭᠡ  ᠠᠵᠢᠯ  ᠎ ᠢ  ᠦᠷᠭᠦᠯᠵᠢᠯᠡᠨ  ᠰᠠᠶᠢᠲᠤᠷ  ᠠᠳᠬᠤᠵᠤ  ᠂  ᠡᠯ᠎ᠡ  ᠲᠥᠷᠥᠯ  ᠎ ᠤᠨ  ᠠᠵᠢᠯ  ᠦᠢᠯᠡᠰ  ᠎ ᠤᠨ  ᠵᠣᠬᠢᠴᠠᠩᠭᠤᠢ  ᠬᠥᠭᠵᠢᠯᠲᠡ  ᠎ ᠶᠢ  ᠠᠬᠢᠭᠤᠯᠤᠨ᠎ᠠ  ᠃        ᠲᠠᠪᠤ  ᠎ ᠳᠤ  ᠂  ᠠᠷᠠᠳ  ᠎ ᠤᠨ  ᠠᠮᠤᠷ  ᠲᠦᠪᠰᠢᠨ  ᠎ ᠢ  ᠦᠨᠡᠨ  ᠬᠦ  ᠪᠠᠲᠤᠯᠠᠨ᠎ᠠ  ᠃   ᠪᠠᠴᠢᠮ  ᠪᠠᠶᠢᠳᠠᠯ  ᠎ ᠢ  ᠠᠷᠭᠠᠴᠠᠭᠠᠨ  ᠠᠪᠤᠷᠠᠨ  ᠲᠤᠰᠠᠯᠠᠬᠤ ᠰᠢᠰᠲ᠋ᠧᠮ  ᠎ ᠢ  ᠤᠯᠠᠮ  ᠨᠢᠭᠡ ᠠᠯᠬᠤᠮ  ᠪᠦᠷᠢᠨᠰᠢᠭᠦᠯᠵᠦ  ᠂  ᠪᠡᠯᠡᠳᠬᠡᠯ  ᠲᠥᠬᠦᠭᠡᠷᠦᠮᠵᠢ  ᠎ ᠶᠢᠨ  ᠬᠢᠷᠢ  ᠲᠦᠪᠰᠢᠨ  ᠎ ᠢ   ᠳᠡᠭᠡᠭᠰᠢᠯᠡᠭᠦᠯᠵᠦ  ᠂  ᠣᠯᠠᠨ  ᠨᠡᠶᠢᠲᠡ  ᠎ ᠶᠢᠨ  ᠠᠮᠤᠷ  ᠲᠦᠪᠰᠢᠨ  ᠎ ᠢ  ᠪᠠᠲᠤᠯᠠᠬᠤ  ᠪᠣᠯᠣᠨ  ᠭᠡᠨᠡᠳᠲᠡ  ᠎ ᠶᠢᠨ ᠴᠢᠨᠠᠷᠲᠠᠢ ᠬᠡᠷᠡᠭ  ᠤᠴᠢᠷ  ᠎ ᠢ  ᠰᠢᠢᠳᠪᠦᠷᠢᠯᠡᠬᠦ  ᠴᠢᠳᠠᠪᠤᠷᠢ  ᠎ ᠪᠠᠨ  ᠳᠡᠭᠡᠭᠰᠢᠯᠡᠭᠦᠯᠦᠨ᠎ᠡ  ᠃  ᠨᠡᠶᠢᠭᠡᠮ  ᠎ ᠤᠨ  ᠠᠮᠤᠷ  ᠲᠦᠪᠰᠢᠨ  ᠎ ᠤ  ᠶᠡᠷᠦᠩᠬᠡᠶᠢᠯᠡᠨ  ᠵᠠᠰᠠᠯᠲᠠ  ᠎ ᠶᠢ  ᠴᠢᠩᠭᠠᠳᠬᠠᠵᠤ  ᠂  ᠠᠮᠤᠭᠤᠯᠠᠩ  ᠨᠡᠶᠢᠭᠡᠮ  ᠎ ᠢ  ᠴᠣᠭᠴᠠᠯᠠᠬᠤ ᠠᠵᠢᠯᠯᠠᠭ᠎ᠠ  ᠎ ᠶᠢ  ᠭᠦᠨᠵᠡᠭᠡᠢ ᠥᠷᠨᠢᠭᠦᠯᠦᠨ᠂  ᠬᠤᠲᠠ ᠬᠥᠳᠡᠭᠡ  ᠂ ᠨᠡᠶᠢᠭᠡᠮ  ᠲᠣᠭᠤᠷᠢᠭ  ᠎ ᠤᠨ ᠴᠠᠭᠳᠠᠭᠠᠨ  ᠎ ᠤ   ᠠᠵᠢᠯ  ᠎ ᠢ  ᠴᠢᠩᠭᠠᠳᠬᠠᠨ  ᠰᠠᠶᠢᠵᠢᠷᠠᠭᠤᠯᠵᠤ  ᠂  ᠬᠠᠤᠯᠢ  ᠎ ᠶᠢ  ᠵᠥᠷᠢᠴᠡᠭᠰᠡᠨ  ᠶᠠᠯᠠᠲᠤ  ᠠᠵᠢᠯᠯᠠᠭ᠎ᠠ  ᠎ ᠶᠢ  ᠰᠡᠷᠭᠡᠶᠢᠯᠡᠬᠦ  ᠪᠠ  ᠴᠣᠬᠢᠯᠲᠠ  ᠥᠭᠴᠦ  ᠂  ᠠᠷᠠᠳ  ᠲᠦᠮᠡᠨ  ᠎ ᠤ  ᠠᠮᠢ  ᠨᠠᠰᠤ  ᠂  ᠡᠳ᠋  ᠬᠥᠷᠥᠩᠭᠡ  ᠎ ᠶᠢᠨ  ᠠᠮᠤᠷ  ᠲᠦᠪᠰᠢᠨ  ᠎ ᠢ  ᠪᠠᠲᠤᠯᠠᠨ᠎ᠠ  ᠃ ᠬᠤᠣᠷ  ᠴᠠᠭᠠᠵᠠᠯᠠᠬᠤ  ᠬᠤᠣᠷ  ᠎ ᠢ  ᠠᠷᠢᠯᠭᠠᠬᠤ  ᠠᠵᠢᠯ  ᠎ ᠤᠨ  ᠪᠦᠲᠦᠮᠵᠢ  ᠎ ᠶᠢ  ᠪᠠᠲᠤᠳᠬᠠᠵᠤ  ᠂  ᠬᠤᠣᠷ  ᠴᠠᠭᠠᠵᠠᠯᠠᠬᠤ  ᠲᠤᠰᠬᠠᠢ  ᠲᠥᠷᠥᠯ  ᠎ ᠤᠨ  ᠠᠵᠢᠯᠯᠠᠭ᠎ᠠ  ᠎ ᠶᠢ  ᠭᠦᠨᠵᠡᠭᠡᠢ  ᠥᠷᠨᠢᠭᠦᠯᠵᠦ  ᠂   ᠴᠣᠬᠢᠯᠲᠠ  ᠥᠭᠬᠦ  ᠬᠦᠴᠦᠯᠡᠴᠡ  ᠎ ᠪᠠᠨ  ᠶᠡᠬᠡᠰᠬᠡᠨ  ᠂  ᠬᠤᠣᠷᠲᠤ  ᠤᠷᠭᠤᠮᠠᠯ  ᠎ ᠤᠨ  ︽ᠲᠠᠷᠢᠯᠲᠡ  ᠬᠤᠭᠤᠰᠤᠨ︾᠂  ︽ᠭᠠᠷᠤᠯᠲᠠ  ᠬᠤᠭᠤᠰᠤᠨ︾  ᠪᠠᠶᠢᠬᠤ  ᠎ ᠶᠢ  ᠪᠠᠲᠤᠯᠠᠨ᠎ᠠ  ᠃ ︽ᠵᠠᠬᠢᠳᠠᠯ  ᠰᠤᠷᠪᠤᠯᠵᠢᠯᠠᠯ  ᠎ ᠤᠨ  ᠪᠠᠬᠢᠯᠡᠯᠲᠡ  ᠰᠢᠪᠲᠤᠯᠬᠤ  ᠠᠵᠢᠯᠯᠠᠭ᠎ᠠ︾  ᠎ ᠶᠢ  ᠥᠷᠨᠢᠭᠦᠯᠵᠦ  ᠂  ᠣᠯᠠᠨ  ᠲᠦᠮᠡᠨ  ᠎ ᠤ  ᠰᠠᠨᠠᠯ  ᠲᠤᠰᠬᠠᠯ  ᠶᠡᠬᠡᠲᠡᠢ  ᠵᠠᠬᠢᠳᠠᠯ  ᠰᠤᠷᠪᠤᠯᠵᠢᠯᠠᠯ  ᠎ ᠤᠨ  ᠠᠰᠠᠭᠤᠳᠠᠯ  ᠎ ᠢ  ᠲᠥᠪᠯᠡᠷᠡᠭᠦᠯᠦᠨ  ᠰᠠᠶᠢᠲᠤᠷ  ᠰᠢᠢᠳᠪᠦᠷᠢᠯᠡᠨ᠂ ᠨᠢᠭᠡ  ᠠᠰᠠᠭᠤᠳᠠᠯ  ᠎ ᠢ  ᠰᠢᠢᠳᠪᠦᠷᠢᠯᠡᠪᠡᠯ  ᠨᠢᠭᠡᠨ  ᠵᠤᠷᠪᠤᠰ  ᠳᠦᠷᠢᠮ  ᠎ ᠢ  ᠪᠣᠢ  ᠪᠣᠯᠭᠠᠵᠤ  ᠂  ᠨᠢᠭᠡ  ᠪᠦᠯᠦᠭ  ᠵᠥᠷᠢᠴᠡᠯ  ᠎ ᠢ  ᠰᠢᠢᠳᠪᠦᠷᠢᠯᠡᠬᠦ  ᠎ ᠶᠢ  ᠪᠡᠶᠡᠯᠡᠭᠦᠯᠦᠨ᠎ᠡ  ᠃  ᠠᠶᠤᠯᠭᠦᠢ  ᠦᠢᠯᠡᠳᠪᠦᠷᠢᠯᠡᠯ  ᠎ ᠤᠨ ᠬᠠᠮᠢᠶᠠᠷᠤᠯᠲᠠ  ᠬᠢᠨᠠᠯᠲᠠ  ᠎ ᠪᠠᠨ  ᠡᠷᠴᠢᠮᠵᠢᠭᠦᠯᠵᠦ  ᠂  ᠣᠨᠴᠠ  ᠶᠡᠭᠡ  ᠠᠵᠢᠯ  ᠎ ᠤᠨ  ᠠᠳᠡᠯ  ᠡᠭᠦᠰᠬᠦ  ᠎ ᠶᠢ  ᠪᠦᠲᠦᠮᠵᠢᠲᠡᠢ  ᠬᠤᠷᠢᠭᠯᠠᠬᠤ  ᠬᠡᠷᠡᠭᠲᠡᠢ᠃          ︵ᠶᠢᠰᠦ︶  ᠵᠠᠰᠠᠭ  ᠎ ᠤᠨ  ᠣᠷᠳᠣᠨ  ᠎ ᠤ  ᠲᠣᠰ  ᠪᠡᠶ᠎ᠡ  ᠎ ᠶᠢᠨ  ᠪᠠᠶᠢᠭᠤᠯᠤᠯᠲᠠ  ᠎ ᠶᠢ  ᠴᠢᠩᠭᠠᠳᠬᠠᠨ᠎ᠠ  ᠃  ᠵᠠᠰᠠᠭ  ᠎ ᠤᠨ  ᠣᠷᠳᠣᠨ  ᠵᠢᠴᠢ  ᠡᠯ᠎ᠡ  ᠰᠠᠯᠠᠭ᠎ᠠ  ᠮᠥᠴᠢᠷ  ᠎ ᠨᠢ  ᠰᠢᠨᠵᠢᠯᠡᠬᠦ  ᠤᠬᠠᠭᠠᠨᠴᠢ  ᠬᠥᠭᠵᠢᠯᠲᠡ  ᠎ ᠶᠢᠨ  ᠦᠵᠡᠯᠲᠡ  ᠪᠣᠯᠣᠨ  ᠵᠥᠪ  ᠣᠨᠣᠪᠴᠢᠲᠤ  ᠵᠠᠰᠠᠭ  ᠎ ᠤᠨ  ᠪᠦᠲᠦᠮᠵᠢ  ᠎ ᠶᠢᠨ  ᠦᠵᠡᠯᠲᠡ  ᠎ ᠶᠢ  ᠪᠠᠲᠤ  ᠪᠠᠬᠢ  ᠪᠣᠢ  ᠪᠣᠯᠭᠠᠵᠤ  ᠂  ᠴᠢᠳᠠᠪᠬᠢ  ᠎ ᠪᠠᠨ  ᠦᠨᠡᠨ  ᠬᠦ  ᠬᠤᠪᠢᠷᠠᠭᠤᠯᠵᠤ  ᠂  ᠠᠵᠢᠯ  ᠎ ᠤᠨ  ᠰᠤᠷᠲᠠᠯ  ᠎ ᠢᠶᠠᠨ  ᠰᠠᠶᠢᠵᠢᠷᠠᠭᠤᠯᠵᠤ  ᠂  ᠵᠠᠰᠠᠭ  ᠎ ᠤᠨ  ᠣᠷᠳᠣᠨ  ᠎ ᠤ  ᠨᠡᠶᠢᠭᠡᠮ  ᠎ ᠢ ᠬᠠᠮᠢᠶᠠᠷᠬᠤ  ᠂ ᠨᠡᠶᠢᠭᠡᠮ  ᠎ ᠳᠤ  ᠦᠢᠯᠡᠴᠢᠯᠡᠬᠦ  ᠂ ᠠᠵᠤ  ᠠᠬᠤᠢ  ᠎ ᠶᠢ  ᠬᠥᠭᠵᠢᠭᠦᠯᠬᠦ  ᠂  ᠣᠯᠠᠨ  ᠲᠦᠮᠡᠨ  ᠎ ᠳᠤ  ᠦᠢᠯᠡᠴᠢᠯᠡᠬᠦ  ᠴᠢᠳᠠᠪᠤᠷᠢ  ᠪᠣᠯᠣᠨ  ᠬᠢᠷᠢ  ᠲᠦᠪᠰᠢᠨ  ᠎ ᠢᠶᠠᠨ  ᠲᠠᠰᠤᠷᠠᠯᠲᠠ  ᠦᠭᠡᠢ  ᠳᠡᠭᠡᠭᠰᠢᠯᠡᠭᠦᠯᠦᠨ᠎ᠡ  ᠃         ᠬᠠᠤᠯᠢ  ᠶᠣᠰᠣᠭᠠᠷ  ᠵᠠᠰᠠᠭ  ᠶᠠᠪᠤᠭᠤᠯᠵᠤ  ᠂ ᠰᠢᠨᠵᠢᠯᠡᠬᠦ  ᠤᠬᠠᠭᠠᠨᠴᠢ  ᠎ ᠪᠠᠷ  ᠵᠠᠰᠠᠭ  ᠴᠡᠭᠴᠡᠯᠡᠬᠦ  ᠬᠢᠷᠢ  ᠲᠦᠪᠰᠢᠨ  ᠎ ᠢᠶᠠᠨ  ᠳᠡᠭᠡᠭᠰᠢᠯᠡᠭᠦᠯᠦᠨ᠎ᠡ  ᠃ ᠵᠠᠰᠠᠭ  ᠵᠠᠬᠢᠷᠭᠠᠨ  ᠎ ᠤ  ᠬᠠᠤᠯᠢ  ᠬᠡᠷᠡᠭᠵᠢᠭᠦᠯᠬᠦ  ᠬᠢᠨᠠᠯᠲᠠ  ᠎ ᠶᠢ  ᠴᠢᠩᠭᠠᠷᠠᠭᠤᠯᠵᠤ  ᠂  ᠵᠠᠰᠠᠭ  ᠵᠠᠬᠢᠷᠭᠠᠨ  ᠎ ᠤ  ᠬᠠᠷᠢᠭᠤᠴᠠᠯᠭ᠎ᠠ  ᠎ ᠶᠢᠨ  ᠳᠦᠷᠢᠮ  ᠎ ᠢ  ᠪᠦᠷᠢᠨᠰᠢᠭᠦᠯᠦᠨ  ᠂  ᠬᠠᠤᠯᠢ  ᠶᠣᠰᠣᠭᠠᠷ  ᠠᠵᠢᠯ  ᠭᠦᠢᠴᠡᠳᠬᠡᠬᠦ  ᠴᠢᠳᠠᠪᠤᠷᠢ  ᠎ ᠶᠢ  ᠨᠡᠮᠡᠭᠳᠡᠭᠦᠯᠦᠨ᠎ᠡ  ᠃  ᠠᠷᠠᠳ  ᠎ ᠤᠨ  ᠲᠥᠯᠥᠭᠡᠯᠡᠭᠴᠢᠳ  ᠎ ᠤᠨ  ᠶᠡᠭᠡ  ᠬᠤᠷᠠᠯ  ᠵᠢᠴᠢ  ᠲᠡᠭᠦᠨ  ᠎ ᠤ  ᠪᠠᠶᠢᠩᠭᠤ  ᠎ ᠶᠢᠨ  ᠬᠤᠷᠢᠶᠠᠨ  ᠎ ᠤ  ᠬᠠᠤᠯᠢ  ᠴᠠᠭᠠᠵᠠ  ᠎ ᠶᠢᠨ  ᠬᠢᠨᠠᠯᠲᠠ  ᠂  ᠤᠯᠤᠰ  ᠲᠥᠷᠥ  ᠎ ᠶᠢᠨ  ᠵᠥᠪᠯᠡᠯᠭᠡᠨ  ᠎ ᠤ  ᠠᠷᠠᠳᠴᠢᠯᠠᠯᠲᠤ  ᠬᠢᠨᠠᠯᠲᠠ  ᠪᠠ  ᠨᠡᠶᠢᠭᠡᠮ  ᠎ ᠤᠨ  ᠡᠯ᠎ᠡ  ᠡᠲᠡᠭᠡᠳ  ᠎ ᠤᠨ  ᠶᠠᠷᠢᠶ᠎ᠠ  ᠬᠡᠯᠡᠯᠴᠡᠭᠡᠨ  ᠎ ᠤ  ᠬᠢᠨᠠᠯᠲᠠ  ᠎ ᠶᠢ  ᠤᠬᠠᠮᠰᠠᠷ  ᠎ ᠠᠴᠠ  ᠎ ᠪᠠᠨ  ᠬᠦᠯᠢᠶᠡᠨ᠎ᠡ  ᠃  ᠰᠢᠨᠵᠢᠯᠡᠬᠦ  ᠤᠬᠠᠭᠠᠨᠴᠢ  ᠎ ᠪᠠᠷ  ᠰᠢᠢᠳᠪᠦᠷᠢᠲᠦ  ᠪᠣᠳᠣᠯᠭ᠎ᠠ  ᠠᠪᠬᠤ  ᠎ ᠶᠢ  ᠴᠢᠬᠤᠯᠠᠴᠢᠯᠠᠵᠤ  ᠂  ᠦᠨᠳᠦᠰᠦᠨ  ᠱᠠᠲᠤᠨ  ᠎ ᠳᠤ  ᠭᠦᠨᠵᠡᠭᠡᠶᠢᠷᠡᠨ  ᠂  ᠨᠢᠭᠡᠳᠦᠭᠡᠷ  ᠹᠷᠤᠨᠲ  ᠳᠤ  ᠭᠦᠨᠵᠡᠭᠡᠶᠢᠷᠡᠵᠦ  ᠂  ᠠᠵᠤ  ᠠᠬᠤᠢ  ᠨᠡᠶᠢᠭᠡᠮ  ᠎ ᠤᠨ  ᠬᠥᠭᠵᠢᠯᠲᠡ  ᠎ ᠶᠢᠨ  ᠬᠦᠨᠳᠦ  ᠴᠢᠬᠤᠯᠠ  ᠠᠰᠠᠭᠤᠳᠠᠯ  ᠎ ᠳᠠᠬᠢ  ᠪᠠᠶᠢᠴᠠᠭᠠᠨ  ᠰᠤᠳᠤᠯᠤᠯᠲᠠ  ᠎ ᠪᠠᠨ  ᠴᠢᠩᠭᠠᠳᠬᠠᠵᠤ  ᠂  ᠡᠯ᠎ᠡ  ᠲᠥᠷᠥᠯ  ᠎ ᠤᠨ ᠲᠥᠷᠥ  ᠎ ᠶᠢᠨ  ᠪᠣᠳᠣᠯᠭ᠎ᠠ ᠠᠷᠭ᠎ᠠ  ᠪᠠᠷᠢᠯ ᠪᠣᠯᠣᠨ  ᠠᠵᠢᠯ  ᠎ ᠤᠨ  ᠪᠠᠶᠢᠷᠢᠯᠠᠭᠤᠯᠤᠯᠲᠠ  ᠎ ᠶᠢ  ᠪᠣᠳᠠᠲᠤ  ᠪᠠᠶᠢᠳᠠᠯ  ᠪᠣᠯᠣᠨ  ᠪᠤᠰᠤᠳᠴᠢ  ᠵᠢᠮ᠎ᠡ  ᠶᠣᠰᠣ  ᠎ ᠯᠤᠭ᠎ᠠ  ᠤᠯᠠᠮ  ᠢᠯᠡᠭᠦᠦ  ᠤᠶᠠᠯᠳᠤᠭᠤᠯᠤᠨ  ᠨᠡᠶᠢᠴᠡᠭᠦᠯᠦᠨ᠎ᠡ  ᠃  ᠰᠢᠨᠵᠢᠯᠡᠬᠦ  ᠤᠬᠠᠭᠠᠨᠴᠢ  ᠰᠢᠢᠳᠪᠦᠷᠢᠲᠦ  ᠪᠣᠳᠣᠯᠭ᠎ᠠ  ᠂  ᠰᠢᠨᠵᠢᠯᠡᠬᠦ  ᠤᠬᠠᠭᠠᠨᠴᠢ  ᠬᠠᠮᠢᠶᠠᠷᠤᠯᠲᠠ  ᠎ ᠶᠢᠨ  ᠴᠢᠳᠠᠪᠤᠷᠢ  ᠪᠠ  ᠬᠢᠷᠢ  ᠲᠦᠪᠰᠢᠨ  ᠎ ᠢᠶᠠᠨ  ᠲᠠᠰᠤᠷᠠᠯᠲᠠ  ᠦᠭᠡᠢ  ᠳᠡᠭᠡᠭᠰᠢᠯᠡᠭᠦᠯᠵᠦ  ᠂  ᠠᠵᠢᠯ  ᠎ ᠤᠨ  ᠪᠠᠷᠠᠭᠠᠯᠠᠯᠲᠤ  ᠴᠢᠨᠠᠷ  ᠂  ᠴᠢᠭᠯᠡᠯᠲᠡ  ᠴᠢᠨᠠᠷ  ᠪᠠ  ᠡᠭᠦᠳᠦᠨ  ᠪᠦᠲᠦᠭᠡᠯᠴᠢ  ᠴᠢᠨᠠᠷ  ᠎ ᠢᠶᠠᠨ ᠴᠢᠩᠭᠠᠳᠬᠠᠨ᠎ᠠ  ᠃        ᠥᠨᠳᠥᠷ  ᠦᠷ᠎ᠡ  ᠪᠦᠲᠦᠮᠵᠢᠲᠡᠢ  ᠎ ᠪᠠᠷ  ᠵᠠᠰᠠᠭ  ᠶᠠᠪᠤᠭᠤᠯᠵᠤ  ᠂  ᠠᠷᠠᠳ  ᠲᠦᠮᠡᠨ ᠳᠤ  ᠦᠢᠯᠡᠴᠢᠯᠡᠬᠦ  ᠬᠢᠷᠢ  ᠲᠦᠪᠰᠢᠨ  ᠎ ᠢᠶᠠᠨ  ᠳᠡᠭᠡᠭᠰᠢᠯᠡᠭᠦᠯᠦᠨ᠎ᠡ  ᠃  ᠦᠢᠯᠡᠴᠢᠯᠡᠭᠡᠨ  ᠎ ᠤ  ᠤᠬᠠᠮᠰᠠᠷ  ᠎ ᠢᠶᠠᠨ  ᠴᠢᠩᠭᠠᠳᠬᠠᠵᠤ  ᠂  ᠭᠤᠣᠯ  ᠬᠦᠴᠦᠨ  ᠎ ᠢᠶᠠᠨ  ᠦᠨᠳᠦᠰᠦᠨ  ᠱᠠᠲᠤᠨ  ᠎ ᠳᠤ  ᠦᠢᠯᠡᠴᠢᠯᠡᠬᠦ  ᠂  ᠠᠵᠤ  ᠠᠬᠤᠶᠢᠯᠠᠯ  ᠎ ᠳᠤ  ᠦᠢᠯᠡᠴᠢᠯᠡᠬᠦ  ᠂  ᠣᠯᠠᠨ  ᠲᠦᠮᠡᠨ  ᠎ ᠳᠤ  ᠦᠢᠯᠡᠴᠢᠯᠡᠬᠦ  ᠂  ᠪᠡᠯᠡ ᠤᠷᠣᠭᠤᠯᠤᠭᠴᠢ ᠪᠠ  ᠭᠠᠶᠢᠯᠢ   ᠲᠤᠰᠢᠶᠠᠭᠴᠢ ᠎ ᠳᠤ ᠦᠢᠯᠡᠴᠢᠯᠡᠬᠦ  ᠳᠡᠭᠡᠷ᠎ᠡ ᠰᠢᠯᠵᠢᠭᠦᠯᠵᠦ  ᠂  ᠣᠯᠠᠨ  ᠲᠦᠮᠡᠨ  ᠎ ᠤ  ᠵᠢᠷᠭᠠᠯ  ᠵᠣᠪᠠᠯ  ᠎ ᠢ  ᠴᠠᠭ  ᠢᠮᠠᠭᠲᠠ  ᠰᠠᠨᠠᠭᠠᠨ  ᠎ ᠳᠠᠭᠠᠨ  ᠠᠪᠴᠤ  ᠂  ᠣᠯᠠᠨ  ᠲᠦᠮᠡᠨ  ᠎ ᠤ  ᠬᠦᠴᠢᠷᠳᠡᠯ  ᠎ ᠢ  ᠣᠶᠢᠯᠠᠭᠠᠵᠤ  ᠂  ᠦᠨᠡᠨ  ᠰᠡᠳᠬᠢᠯ  ᠎ ᠠᠴᠠ  ᠎ ᠪᠠᠨ  ᠤᠯᠠᠨ  ᠲᠦᠮᠡᠨ  ᠎ ᠤ  ᠬᠦᠴᠢᠷ  ᠲᠦᠪᠡᠭᠳᠡᠯ  ᠎ ᠢ  ᠰᠢᠢᠳᠪᠦᠷᠢᠯᠡᠨ  ᠥᠭᠴᠦ  ᠂  ᠠᠷᠠᠳ ᠲᠦᠮᠡᠨ  ᠎ ᠯᠦᠭᠡ  ᠎ ᠶᠢᠨ  ᠴᠢᠰᠤ  ᠮᠢᠬᠠᠨ  ᠎ ᠤ  ᠬᠠᠷᠢᠴᠠᠭ᠎ᠠ  ᠎ ᠪᠠᠨ  ᠡᠭᠦᠷᠢᠳᠡ  ᠬᠠᠳᠠᠭᠠᠯᠠᠨ᠎ᠠ  ᠃         ᠵᠠᠰᠠᠭ  ᠎ ᠢ  ᠴᠢᠩᠭ᠎ᠠ  ᠵᠠᠰᠠᠵᠤ  ᠂  ᠠᠵᠢᠯ  ᠎ ᠤᠨ  ᠨᠠᠶᠢᠳᠠᠪᠤᠷᠢᠵᠢᠭᠤᠯᠤᠯᠲᠠ  ᠎ ᠶᠢᠨ  ᠲᠦᠪᠰᠢᠨ  ᠎ ᠢ  ᠳᠡᠭᠡᠭᠰᠢᠯᠡᠭᠦᠯᠦᠨ᠎ᠡ  ᠃  ︽ᠨᠢᠭᠡ  ᠬᠥᠯᠭᠡ ᠰᠢᠲᠠᠷ᠎ᠠ︾  ᠎ ᠶᠢᠨ  ᠦᠵᠡᠯ  ᠰᠠᠨᠠᠭ᠎ᠠ  ᠎ ᠶᠢ  ᠪᠠᠲᠤ  ᠪᠠᠬᠢ  ᠪᠣᠢ  ᠪᠣᠯᠭᠠᠵᠤ  ᠂  ᠵᠠᠰᠠᠭ ᠵᠠᠷᠯᠢᠭ  ᠎ ᠤᠨ  ᠰᠠᠭᠠᠳ  ᠦᠭᠡᠢ  ᠶᠠᠪᠤᠭᠳᠠᠯ  ᠎ ᠢ  ᠬᠠᠮᠠᠭᠠᠯᠠᠵᠤ  ᠂  ᠨᠠᠶᠢᠳᠠᠪᠤᠷᠢᠵᠢᠭᠤᠯᠤᠯᠲᠠ  ᠎ ᠶᠢ  ᠠᠳᠬᠤᠬᠤ ᠵᠣᠬᠢᠴᠠᠮᠵᠢ ᠶᠢ  ᠲᠡᠭᠦᠯᠳᠡᠷᠵᠢᠭᠦᠯᠵᠦ  ᠂  ᠱᠠᠭᠠᠷᠳᠠᠨ  ᠪᠠᠶᠢᠴᠠᠭᠠᠯᠲᠠ  ᠪᠠ  ᠱᠠᠭᠠᠷᠳᠠᠨ  ᠪᠡᠶᠡᠯᠡᠭᠦᠯᠬᠦ  ᠎ ᠶᠢ  ᠡᠷᠴᠢᠮᠵᠢᠭᠦᠯᠦᠨ᠂  ᠡᠯ᠎ᠡ  ᠱᠠᠲᠤᠨ  ᠎ ᠤ  ᠵᠠᠰᠠᠭ  ᠎ ᠤᠨ  ᠣᠷᠳᠣᠨ  ᠎ ᠠᠴᠠ  ᠦᠨᠳᠦᠰᠦᠨ  ᠱᠠᠲᠤᠨ  ᠎ ᠤ  ᠨᠢᠭᠡᠴᠡ  ᠬᠦᠷᠲᠡᠯ᠎ᠡ  ᠂  ᠤᠳᠤᠷᠢᠳᠬᠤ  ᠺᠠᠳᠠᠷ  ᠎ ᠠᠴᠠ  ᠠᠵᠢᠯᠲᠠᠨ  ᠬᠦᠷᠲᠡᠯ᠎ᠡ ᠡᠷᠬᠡᠪᠰᠢ  ᠠᠵᠢᠯ  ᠡᠭᠦᠷᠭᠡ  ᠂  ᠶᠠᠰᠤ  ᠴᠢᠨᠠᠷ  ᠎ ᠤᠨ  ᠪᠠᠷᠢᠮᠵᠢᠶ᠎ᠠ  ᠂  ᠴᠠᠭ  ᠎ ᠤᠨ  ᠬᠢᠵᠠᠭᠠᠷ  ᠎ ᠤᠨ  ᠱᠠᠭᠠᠷᠳᠠᠯᠭ᠎ᠠ  ᠎ ᠶᠢ  ᠪᠣᠳᠠᠲᠠᠢ  ᠨᠠᠶᠢᠳᠠᠪᠤᠷᠢᠵᠢᠭᠤᠯᠵᠤ  ᠂  ᠨᠢᠭᠡ  ᠱᠠᠲᠤ  ᠎ ᠨᠢ  ᠨᠢᠭᠡ  ᠱᠠᠲᠤᠨ  ᠎ ᠤ  ᠎ ᠪᠠᠨ  ᠬᠠᠷᠢᠭᠤᠴᠠᠯᠭ᠎ᠠ  ᠎ ᠪᠠᠨ  ᠡᠭᠦᠷᠭᠡᠯᠡᠵᠦ  ᠂  ᠨᠢᠭᠡ  ᠱᠠᠲᠤ  ᠎ ᠨᠢ  ᠨᠢᠭᠡ  ᠱᠠᠲᠤᠨ  ᠎ ᠳᠠᠭᠠᠨ  ᠬᠠᠷᠢᠭᠤᠴᠠᠬᠤ  ᠬᠡᠷᠡᠭᠲᠡᠢ  ᠃          ᠠᠷᠢᠭᠤᠨ  ᠴᠢᠭᠴᠢ  ᠎ ᠪᠠᠷ  ᠵᠠᠰᠠᠭ  ᠶᠠᠪᠤᠭᠤᠯᠵᠤ  ᠂  ᠠᠵᠢᠯᠴᠢ  ᠵᠠᠰᠠᠭ  ᠂  ᠴᠢᠭᠴᠢ  ᠵᠠᠰᠠᠭ  ᠎ ᠤᠨ  ᠬᠢᠷᠢ  ᠲᠦᠪᠰᠢᠨ  ᠎ ᠢᠶᠠᠨ  ᠳᠡᠭᠡᠭᠰᠢᠯᠡᠭᠦᠯᠦᠨ᠎ᠡ  ᠃  ᠨᠠᠮ  ᠎ ᠤᠨ  ᠰᠤᠷᠲᠠᠯ  ᠂  ᠴᠢᠭᠴᠢ  ᠵᠠᠰᠠᠭ  ᠎ ᠤᠨ  ᠪᠦᠲᠦᠭᠡᠨ  ᠪᠠᠶᠢᠭᠤᠯᠤᠯᠲᠠ  ᠎ ᠶᠢᠨ  ᠬᠠᠷᠢᠭᠤᠴᠠᠯᠭ᠎ᠠ  ᠎ ᠶᠢᠨ  ᠳᠦᠷᠢᠮ  ᠎ ᠢ  ᠪᠦᠬᠦ  ᠲᠠᠯ᠎ᠠ  ᠎ ᠪᠠᠷ  ᠨᠠᠶᠢᠳᠠᠪᠤᠷᠢᠵᠢᠭᠤᠯᠵᠤ  ᠂  ᠤᠳᠤᠷᠢᠳᠬᠤ  ᠺᠠᠳᠠᠷ  ᠎ ᠤᠨ  ᠠᠷᠢᠭᠤᠨ  ᠴᠢᠭᠴᠢ  ᠎ ᠪᠠᠷ  ᠥᠪᠡᠷ  ᠎ ᠢ  ᠎ ᠪᠠᠨ  ᠬᠠᠮᠢᠶᠠᠷᠬᠤ  ᠡᠯ᠎ᠡ  ᠲᠥᠷᠥᠯ  ᠎ ᠤᠨ  ᠳᠦᠷᠢᠮ  ᠲᠣᠭᠲᠠᠭᠠᠯ  ᠎ ᠢ  ᠡᠷᠡᠰ  ᠬᠡᠷᠡᠭᠵᠢᠭᠦᠯᠵᠦ  ᠂  ᠡᠷᠬᠡ  ᠲᠤᠰᠢᠶᠠᠯ  ᠎ ᠤᠨ  ᠬᠢᠵᠠᠭᠠᠷᠯᠠᠯ  ᠎ ᠢ  ᠴᠢᠩᠭᠠᠳᠬᠠᠵᠤ  ᠂  ᠳᠠᠭᠠᠭᠠᠴᠢᠯᠠᠯ  ᠵᠠᠷᠯᠠᠵᠤ  ᠲᠤᠰᠢᠶᠠᠬᠤ  ᠳᠦᠷᠢᠮ  ᠎ ᠢ  ᠴᠢᠩᠭ᠎ᠠ  ᠬᠡᠷᠡᠭᠵᠢᠭᠦᠯᠦᠨ  ᠂ ᠨᠡᠶᠢᠲᠡ  ᠎ ᠶᠢᠨ  ᠬᠡᠷᠡᠭᠯᠡᠭᠡᠨ  ᠎ ᠤ  ᠵᠠᠷᠤᠯᠭ᠎ᠠ  ᠎ ᠳᠠᠬᠢ  ᠬᠢᠨᠠᠯᠲᠠ  ᠬᠠᠮᠢᠶᠠᠷᠤᠯᠲᠠ  ᠪᠠ  ᠭᠤᠣᠯᠳᠠᠯᠭ᠎ᠠ  ᠎ ᠲᠠᠢ  ᠢᠨᠵᠧᠨᠧᠷᠢᠩ  ᠂  ᠲᠤᠰᠬᠠᠢ  ᠲᠥᠷᠥᠯ  ᠎ ᠤᠨ  ᠪᠡᠯᠡ  ᠮᠥᠩᠭᠦᠨ  ᠎ ᠳᠠᠬᠢ  ᠬᠠᠤᠯᠢ  ᠬᠡᠷᠡᠭᠵᠢᠭᠦᠯᠦᠯᠲᠡ  ᠬᠢᠨᠠᠨ  ᠪᠠᠶᠢᠴᠠᠭᠠᠯᠲᠠ  ᠎ ᠶᠢ  ᠴᠢᠩᠭᠠᠳᠬᠠᠵᠤ  ᠂  ᠵᠠᠰᠠᠭ  ᠎ ᠤᠨ  ᠣᠷᠳᠣᠨ  ᠎ ᠤ  ᠪᠡᠯᠡ  ᠣᠷᠤᠭᠤᠯᠤᠯᠲᠠ  ᠎ ᠶᠢᠨ  ᠠᠵᠢᠯᠯᠠᠭ᠎ᠠ  ᠎ ᠶᠢ  ᠳᠦᠷᠢᠮᠵᠢᠭᠦᠯᠦᠨ᠎ᠡ  ᠃  ᠣᠯᠠᠨ  ᠲᠦᠮᠡᠨ  ᠎ ᠤ  ᠲᠤᠰᠬᠠᠭᠰᠠᠨ  ᠲᠣᠪᠣᠶᠢᠮ᠎ᠠ  ᠠᠰᠠᠭᠤᠳᠠᠯ  ᠎ ᠢ  ᠰᠢᠢᠳᠪᠦᠷᠢᠯᠡᠬᠦ  ᠎ ᠪᠠᠷ  ᠭᠤᠣᠯᠳᠠᠯᠭ᠎ᠠ ᠪᠣᠯᠭᠠᠵᠤ᠂ ᠲᠤᠰᠬᠠᠢ ᠲᠥᠷᠥᠯ  ᠎ ᠤᠨ  ᠵᠠᠰᠠᠯᠲᠠ ᠬᠢᠬᠦ  ᠬᠦᠴᠦᠯᠡᠴᠡ ᠪᠠᠨ ᠶᠡᠬᠡᠰᠬᠡᠵᠦ᠂ ᠣᠯᠠᠨ ᠲᠦᠮᠡᠨ  ᠎ ᠤ  ᠠᠰᠢᠭ  ᠲᠤᠰᠠ  ᠎ ᠶᠢ  ᠬᠤᠬᠢᠷᠠᠭᠤᠯᠤᠭᠰᠠᠨ  ᠲᠥᠪ  ᠪᠤᠰᠤ  ᠰᠤᠷᠲᠠᠯ  ᠎ ᠢ  ᠡᠷᠡᠰ  ᠵᠠᠯᠠᠷᠠᠭᠤᠯᠤᠨ᠎ᠠ  ᠃          ᠲᠥᠯᠥᠭᠡᠯᠡᠭᠴᠢᠳ ᠡ  ᠂ ᠣᠳᠣ  ᠪᠢᠳᠠ  ᠶᠠᠭ  ᠲᠡᠦᠬᠡᠨ  ᠬᠥᠭᠵᠢᠯᠲᠡ ᠶᠢᠨ  ᠰᠢᠨ᠎ᠡ ᠨᠢᠭᠡ  ᠱᠠᠲᠤᠨ ᠎ ᠳᠤ  ᠪᠠᠶᠢᠨ᠎ᠠ᠃ ᠠᠶᠢᠮᠠᠭ ᠤᠨ ᠨᠠᠮ ᠤᠨ ᠬᠤᠷᠢᠶ᠎ᠠ  ᠂  ᠠᠶᠢᠮᠠᠭ ᠤᠨ ᠵᠠᠬᠢᠷᠭ᠎ᠠ ᠪᠣᠯᠣᠨ ᠬᠤᠰᠢᠭᠤ  ᠨᠠᠮ  ᠎ ᠤᠨ  ᠬᠤᠷᠢᠶᠠᠨ  ᠎ ᠤ  ᠵᠥᠪ  ᠣᠨᠣᠪᠴᠢᠲᠠᠢ  ᠤᠳᠤᠷᠢᠳᠤᠯᠭ᠎ᠠ  ᠳᠣᠣᠷ᠎ᠠ  ᠂  ᠥᠷᠭᠡᠨ  ᠣᠯᠠᠨ  ᠺᠠᠳᠠᠷ  ᠣᠯᠠᠨ  ᠲᠦᠮᠡᠨ  ᠎ ᠤ  ᠬᠥᠭᠵᠢᠯᠲᠡ  ᠎ ᠶᠢ  ᠡᠷᠡᠮᠡᠯᠵᠡᠯᠡᠵᠦ  ᠂  ᠴᠢᠨᠡᠭᠡᠯᠢᠭᠵᠢᠯ  ᠎ ᠢ  ᠬᠦᠰᠡᠭᠰᠡᠨ  ᠬᠠᠮᠲᠤ  ᠎ ᠶᠢᠨ  ᠬᠦᠰᠡᠯ  ᠵᠣᠷᠢᠭ  ᠪᠣᠯᠣᠨ  ᠤᠷᠤᠭᠰᠢᠯᠠᠨ  ᠲᠡᠮᠡᠴᠡᠵᠦ  ᠂  ᠪᠣᠳᠠᠲᠠᠢ  ᠠᠵᠢᠯᠯᠠᠬᠤ  ᠬᠡᠪ  ᠰᠤᠷᠲᠠᠯ  ᠪᠠᠶᠢᠭᠰᠠᠨ  ᠴᠠᠭ  ᠎ ᠲᠤ  ᠂  ᠪᠦᠬᠦ  ᠬᠤᠰᠢᠭᠤ  ᠎ ᠪᠠᠷ  ᠎ ᠢᠶᠠᠨ  ᠬᠥᠭᠵᠢᠯᠲᠡ  ᠎ ᠶᠢᠨ  ᠢᠲᠡᠭᠡᠯ  ᠎ ᠢᠶᠠᠨ  ᠪᠠᠲᠤᠳᠬᠠᠵᠤ  ᠂  ᠰᠢᠷᠭᠠᠭᠤ  ᠬᠠᠲᠠᠭᠤᠵᠢᠯᠲᠠᠢ  ᠎ ᠪᠠᠷ  ᠦᠢᠯᠡᠰ  ᠪᠦᠲᠦᠭᠡᠬᠦ  ᠵᠣᠷᠢᠭ  ᠰᠠᠨᠠᠭ᠎ᠠ  ᠎ ᠶᠢ  ᠪᠠᠳᠠᠷᠠᠭᠤᠯᠤᠨ  ᠂ ᠠᠷᠠᠳ  ᠤᠨ ᠠᠮᠢᠳᠤᠷᠠᠯ ᠎ ᠢ ᠬᠠᠯᠠᠮᠵᠢᠯᠠᠬᠤ  ᠤᠬᠠᠮᠰᠠᠷ  ᠎ ᠢ  ᠪᠠᠷᠢᠮᠲᠠᠯᠠᠳᠠᠭ  ᠯᠡ  ᠶᠤᠮ  ᠪᠣᠯ  ᠪᠢᠳᠠ  ᠯᠠᠪᠲᠠᠢ  ᠨᠢᠭᠡ  ᠡᠶ᠎ᠡ  ᠵᠣᠬᠢᠴᠠᠯᠲᠠᠢ  ᠂  ᠠᠮᠤᠷ  ᠲᠣᠭᠲᠠᠭᠤᠨ  ᠂  ᠴᠡᠴᠡᠭᠯᠡᠨ  ᠬᠥᠭᠵᠢᠭᠰᠡᠨ  ᠂  ᠠᠮᠢᠵᠢᠷᠠᠯ  ᠎ ᠤᠨ  ᠬᠦᠴᠦᠨ  ᠪᠢᠯᠬᠠᠮ᠎ᠠ  ᠂  ᠥᠭᠡᠳᠡᠯᠡᠨ  ᠳᠠᠪᠰᠢᠭᠰᠠᠨ  ᠲᠠᠶᠢᠹᠤᠰᠧ  ᠬᠤᠰᠢᠭᠤ  ᠎ ᠶᠢ  ᠪᠦᠲᠦᠭᠡᠨ  ᠪᠠᠶᠢᠭᠤᠯᠵᠤ  ᠳᠡᠶᠢᠯᠬᠦ  ᠶᠤᠮ  ᠃          ᠲᠥᠯᠥᠭᠡᠯᠡᠭᠴᠢᠳ ᠡ  ᠂ ᠪᠢᠳᠠ  ᠪᠦᠭᠦᠳᠡᠭᠡᠷ ᠨᠠᠮ ᠤᠨ ᠠᠷᠪᠠᠨ ᠳᠣᠯᠣᠳᠤᠭᠠᠷ  ᠶᠡᠭᠡ ᠬᠤᠷᠠᠯ  ᠎ ᠤᠨ  ᠵᠣᠷᠢᠭ  ᠰᠠᠨᠠᠭᠠᠨ  ᠎ ᠤ  ᠵᠣᠷᠢᠭᠵᠢᠭᠤᠯᠤᠯ  ᠳᠣᠣᠷ᠎ᠠ  ᠂ ᠪᠦᠬᠦ  ᠬᠤᠰᠢᠭᠤᠨ  ᠎ ᠤ ᠡᠯ᠎ᠡ  ᠦᠨᠳᠦᠰᠦᠲᠡᠨ  ᠎ ᠤ  ᠠᠷᠠᠳ  ᠲᠦᠮᠡᠨ  ᠎ ᠤ  ᠣᠶᠣᠨ  ᠤᠬᠠᠭᠠᠨ  ᠪᠣᠯᠣᠨ  ᠬᠦᠴᠦᠨ  ᠴᠢᠳᠠᠯ  ᠎ ᠢ  ᠳᠠᠶᠢᠴᠢᠯᠠᠨ ᠨᠢᠭᠲᠠᠷᠠᠭᠤᠯᠵᠤ᠂  ᠰᠢᠨ᠎ᠡ  ᠎ ᠶᠢ  ᠡᠭᠦᠳᠴᠦ᠂  ᠨᠡᠭᠡᠭᠡᠨ  ᠤᠷᠤᠭᠰᠢᠯᠠᠵᠤ  ᠂ ᠰᠢᠷᠭᠠᠭᠤ  ᠬᠠᠲᠠᠭᠤᠵᠢᠯᠲᠠᠢ  ᠠᠵᠢᠯᠯᠠᠵᠤ᠂  ᠨᠠᠶᠢᠳᠠᠪᠤᠷᠢᠵᠢᠭᠤᠯᠤᠯᠲᠠ  ᠎ ᠶᠢ  ᠬᠦᠴᠦᠲᠡᠢ  ᠠᠳᠬᠤᠨ  ᠂  ᠥᠩᠭᠡ  ᠭᠡᠷᠡᠯᠲᠡᠢ  ᠂  ᠬᠦᠨᠳᠦ  ᠪᠡᠷᠬᠡ  ᠡᠭᠦᠷᠭᠡ  ᠪᠠ  ᠭᠤᠶᠢᠳᠠ  ᠰᠠᠶᠢᠬᠠᠨ  ᠠᠤᠭ᠎ᠠ  ᠲᠥᠰᠥᠪ  ᠎ ᠢᠶᠠᠨ  ᠪᠡᠶᠡᠯᠡᠭᠦᠯᠬᠦ  ᠎ ᠶᠢᠨ  ᠲᠥᠯᠥᠭᠡ ᠴᠢᠷᠮᠠᠶᠢᠨ  ᠲᠡᠮᠡᠴᠡᠵᠡᠭᠡᠶ᠎ᠡ  ︕  
 
ᠢᠷᠡᠯᠲᠡ᠄ ᠲᠠᠶᠢᠹᠦᠰᠧ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号